ᠮᠣᠩᠭᠣᠯ ᠤᠯᠤᠰ ᠤᠨ ᠶᠡᠷᠦᠩᠬᠡᠢ ᠰᠠᠶᠢᠳ

ᠴᠢᠯᠦᠭᠡᠲᠦ ᠨᠡᠪᠲᠡᠷᠬᠡᠢ ᠲᠣᠯᠢ — ᠸᠢᠺᠢᠫᠧᠳᠢᠶ᠎ᠠ ᠠᠴᠠ
ᠬᠠᠷᠠᠶᠢᠬᠤ: ᠤᠳᠤᠷᠢᠳᠬᠤ, ᠬᠠᠶᠢᠯᠲᠠ
ᠮᠣᠩᠭᠣᠯ ᠤᠯᠤᠰ
State emblem of Mongolia.svg

ᠡᠨᠡ ᠥᠭᠦᠯᠡᠯ ᠨᠢ ᠳᠠᠷᠠᠭᠠᠬᠢ</br>ᠰᠡᠳᠦᠪ ᠦᠨ ᠬᠡᠰᠡᠭ ᠪᠣᠯᠤᠨ᠎ᠠ:
ᠮᠣᠩᠭᠣᠯ ᠤᠯᠤᠰ ᠤᠨ</br>ᠤᠯᠤᠰ ᠲᠥᠷᠥ ᠪᠠ ᠵᠠᠰᠠᠭᠯᠠᠯ



ᠭᠠᠵᠠᠷ ᠤᠨ ᠵᠢᠷᠤᠭ

ᠮᠣᠩᠭᠣᠯ ᠤᠯᠤᠰ ᠤᠨ ᠶᠡᠷᠦᠩᠬᠡᠢ ᠰᠠᠶᠢᠳ ᠨᠢ ᠮᠣᠩᠭᠣᠯ ᠤᠯᠤᠰ ᠍ ᠤᠨ ᠭᠦᠢᠴᠡᠳᠭᠡᠬᠦ ᠵᠠᠰᠠᠭᠯᠠᠯ ᠤᠨ ᠲᠡᠷᠢᠭᠦᠨ ᠪᠥᠭᠡᠳ ᠵᠠᠰᠠᠭ ᠤᠨ ᠭᠠᠵᠠᠷ ᠢ ᠲᠣᠯᠣᠭᠠᠶᠢᠯᠠᠳᠠᠭ᠃ ᠮᠣᠩᠭᠣᠯ ᠤᠯᠤᠰ ᠤᠨ ᠶᠡᠷᠦᠩᠬᠡᠢ ᠰᠠᠶᠢᠳ ᠢ ᠤᠯᠤᠰ ᠤᠨ ᠶᠡᠬᠡ ᠬᠤᠷᠠᠯ ᠲᠣᠮᠢᠯᠠᠳᠠᠭ᠃

ᠮᠣᠩᠭᠣᠯ ᠤᠯᠤᠰ ᠤᠨ ᠶᠡᠷᠦᠩᠬᠡᠢ ᠰᠠᠶᠢᠳ ᠭᠡᠳᠡᠭ ᠠᠯᠪᠠᠨ ᠲᠤᠰᠢᠶᠠᠯ ᠢ 1912 ᠣᠨ ᠳᠤ ᠪᠤᠶᠤ ᠬᠢᠲᠠᠳ ᠠᠴᠠ ᠲᠤᠰᠠᠭᠠᠷ ᠲᠣᠭᠲᠠᠨᠢᠯ ᠢᠶᠠᠨ ᠵᠠᠷᠯᠠᠭᠰᠠᠨ ᠤ ᠳᠠᠷᠠᠭᠠᠬᠠᠨ ᠪᠤᠢ ᠪᠣᠯᠭᠠᠵᠠᠢ᠃ ᠡᠨᠡ ᠲᠤᠰᠠᠭᠠᠷ ᠲᠣᠭᠲᠠᠨᠢᠯ ᠢ ᠣᠯᠠᠨ ᠣᠷᠣᠨ ᠬᠦᠯᠢᠶᠡᠨ ᠵᠥᠪᠰᠢᠶᠡᠷᠡᠭᠡ ᠦᠭᠡᠢ ᠪᠢᠯᠡ᠃ 1921 ᠣᠨ ᠤ ᠬᠤᠪᠢᠰᠬᠠᠯ ᠤᠨ ᠳᠠᠷᠠᠭ᠎ᠠ ᠳᠠᠬᠢᠨ ᠲᠤᠰᠠᠭᠠᠷᠯᠠᠭᠰᠠᠨ ᠤ ᠳᠠᠷᠠᠭ᠎ᠠ ᠪᠠᠷ ᠶᠡᠷᠦᠩᠬᠡᠢ ᠰᠠᠶᠢᠳ ᠢ ᠮᠣᠩᠭᠣᠯ ᠠᠷᠠᠳ ᠤᠨ ᠬᠤᠪᠢᠰᠬᠠᠯᠲᠤ ᠨᠠᠮ ᠲᠣᠮᠢᠯᠠᠳᠠᠭ ᠪᠠᠶᠢᠪᠠ᠃ 1924 ᠣᠨ ᠳᠤ ᠪᠠᠲᠤᠯᠠᠭᠳᠠᠭᠰᠠᠨ ᠠᠩᠬᠠᠳᠤᠭᠠᠷ ᠦᠨᠳᠦᠰᠦᠨ ᠬᠠᠤᠯᠢ ᠪᠠᠷ ᠪᠦᠭᠦᠳᠡ ᠨᠠᠶᠢᠷᠠᠮᠳᠠᠬᠤ ᠮᠣᠩᠭᠣᠯ ᠠᠷᠠᠳ ᠤᠯᠤᠰ ᠍ ᠢ ᠲᠤᠩᠬᠠᠭᠯᠠᠵᠤ᠂ ᠶᠡᠷᠦᠩᠬᠡᠢ ᠰᠠᠶᠢᠳ ᠤᠨ ᠠᠯᠪᠠᠨ ᠲᠤᠰᠢᠶᠠᠯ ᠢ 《ᠠᠷᠠᠳ ᠤᠨ ᠳ᠋ᠧᠫᠦᠶᠢᠲ᠋ᠠᠲ ᠤᠳ ᠤᠨ ᠬᠤᠷᠠᠯ ᠤᠨ ᠭᠦᠢᠴᠡᠳᠭᠡᠬᠦ ᠵᠠᠬᠢᠷᠭᠠᠨ ᠤ ᠲᠡᠷᠢᠭᠦᠯᠡᠭᠴᠢ》 ᠭᠡᠵᠦ ᠨᠡᠷᠡᠯᠡᠬᠦ ᠪᠣᠯᠵᠠᠢ᠃ ᠡᠨᠡ ᠨᠢ 1946 ᠣᠨ ᠳᠤ 《ᠰᠠᠶᠢᠳ ᠨᠠᠷ ᠤᠨ ᠵᠥᠪᠯᠡᠯ ᠦᠨ ᠳᠠᠷᠤᠭ᠎ᠠ》 ᠭᠡᠵᠦ ᠥᠭᠡᠷᠡᠴᠢᠯᠡᠭᠳᠡᠵᠡᠢ᠃ ᠮᠣᠩᠭᠣᠯ ᠣᠷᠣᠨ ᠳᠤ ᠠᠷᠠᠳᠴᠢᠯᠠᠭᠰᠠᠨ ᠬᠤᠪᠢᠰᠬᠠᠯ ᠢᠯᠠᠭᠰᠠᠨ 1990 ᠣᠨ ᠠᠴᠠ ᠳᠠᠬᠢᠨ ᠶᠡᠷᠦᠩᠬᠡᠢ ᠰᠠᠶᠢᠳ ᠭᠡᠵᠦ ᠨᠡᠷᠡᠯᠡᠵᠦ ᠪᠠᠶᠢᠨ᠎ᠠ᠃ ᠬᠠᠷᠢᠨ ᠡᠨᠡ ᠨᠡᠷᠡᠨ ᠦ ᠥᠭᠡᠷᠡᠴᠢᠯᠡᠯᠲᠡ ᠨᠦᠭᠦᠳ ᠡᠴᠡ ᠬᠠᠮᠢᠶᠠᠷᠬᠤ ᠦᠭᠡᠢ ᠪᠡᠷ ᠣᠳᠣ ᠶᠢᠨ ᠵᠠᠰᠠᠭ ᠤᠨ ᠭᠠᠵᠠᠷ ᠨᠢ ᠡᠨᠡ ᠠᠯᠪᠠᠨ ᠲᠤᠰᠢᠶᠠᠯ ᠢ 1912 ᠣᠨ ᠠᠴᠠ ᠬᠣᠶᠢᠰᠢ ᠲᠠᠰᠤᠷᠠᠯᠲᠠ ᠦᠭᠡᠢ ᠦᠷᠭᠦᠯᠵᠢᠯᠡᠵᠦ ᠪᠠᠶᠢᠨ ᠢᠶᠠᠨ ᠭᠡᠵᠦ ᠦᠵᠡᠳᠡᠭ ᠪᠥᠭᠡᠳ ᠡᠵᠡᠮᠰᠢᠭᠴᠢᠳ ᠢ ᠨᠢ ᠪᠦᠭᠦᠳᠡ ᠶᠢ ᠨᠢ ᠶᠡᠷᠦᠩᠬᠡᠢ ᠰᠠᠶᠢᠳ ᠭᠡᠵᠦ ᠲᠣᠭᠠᠴᠠᠳᠠᠭ᠃

ᠶᠡᠷᠦᠩᠬᠡᠢ ᠰᠠᠶᠢᠳ ᠠᠯᠪᠠᠨ ᠲᠤᠰᠢᠶᠠᠯ ᠢ ᠠᠩᠬ᠎ᠠ ᠬᠡᠨ ᠪᠠᠷᠢᠭᠰᠠᠨ ᠪᠤᠢ ᠭᠡᠳᠡᠭ ᠠᠰᠠᠭᠤᠳᠠᠯ ᠮᠠᠷᠭᠤᠭᠠᠨ ᠲᠠᠢ ᠪᠠᠶᠢᠳᠠᠭ᠃ ᠲᠦᠷᠢ ᠵᠠᠰᠠᠭ ᠤᠨ ᠭᠠᠵᠠᠷ ᠲᠠᠢ ᠪᠠᠶᠢᠬᠤ ᠦᠶ᠎ᠡ ᠳᠦ ᠰᠡᠷᠡᠩ᠂ ᠡᠰᠡᠪᠡᠯ ᠰᠡᠷᠡᠩᠴᠢᠮᠡᠳ ᠭᠡᠰᠡᠨ ᠨᠡᠷ᠎ᠡ ᠲᠡᠢ ᠯᠠᠮ᠎ᠠ ᠬᠦᠮᠦᠨ 《ᠶᠡᠷᠦᠩᠬᠡᠢ ᠰᠠᠶᠢᠳ》 ᠭᠡᠰᠡᠨ ᠠᠯᠪᠠᠨ ᠲᠤᠰᠢᠶᠠᠯ ᠢ ᠬᠠᠰᠢᠵᠤ ᠪᠠᠶᠢᠴᠠᠢ᠃ ᠡᠶᠢᠮᠦ ᠡᠴᠡ ᠵᠠᠷᠢᠮ ᠳᠤ ᠪᠠᠨ ᠲᠡᠭᠦᠨ ᠢ ᠠᠩᠬᠠᠨ ᠤ ᠶᠡᠷᠦᠩᠬᠡᠢ ᠰᠠᠶᠢᠳ ᠭᠡᠵᠦ ᠦᠵᠡᠳᠡᠭ᠃ ᠬᠠᠷᠢᠨ ᠣᠳᠣ ᠶᠢᠨ ᠵᠠᠰᠠᠭ ᠤᠨ ᠭᠠᠵᠠᠷ ᠨᠢ ᠲᠤᠰᠢᠶᠠᠯ ᠢ ᠠᠩᠬ᠎ᠠ ᠠᠯᠪᠠᠨ ᠶᠣᠰᠣᠭᠠᠷ ᠡᠵᠡᠮᠰᠢᠭᠰᠡᠨ ᠰᠠᠶᠢᠨ ᠨᠣᠶᠠᠨ ᠬᠠᠨ ᠲᠡᠭᠦᠰ-ᠣᠴᠢᠷ ᠤᠨ ᠨᠠᠮᠨᠠᠨᠰᠦ᠋ᠷᠦᠩ ᠶᠢ ᠠᠩᠬᠠᠨ ᠤ ᠬᠢ ᠭᠡᠵᠦ ᠦᠵᠡᠳᠡᠭ᠃ ᠮᠥᠨ ᠳᠠᠮᠪᠠ ᠶᠢᠨ ᠴᠠᠭᠳᠠᠷᠵᠠᠪ ᠍ ᠤᠨ ᠰᠲ᠋ᠠᠲ᠋ᠦ᠋ᠰ ᠮᠠᠷᠭᠤᠭᠠᠨ ᠲᠠᠢ ᠪᠠᠶᠢᠳᠠᠭ᠃ ᠵᠠᠷᠢᠮ ᠬᠦᠮᠦᠰ ᠲᠡᠭᠦᠨ ᠢ ᠵᠥᠪᠬᠡᠨ ᠡᠭᠦᠷᠭᠡ ᠭᠦᠢᠴᠡᠳᠬᠡᠭᠴᠢ ᠭᠡᠵᠦ ᠦᠵᠡᠳᠡᠭ ᠪᠣᠯ ᠵᠠᠷᠢᠮ ᠨᠢ ᠵᠢᠩᠬᠢᠨᠢ ᠶᠡᠷᠦᠩᠬᠡᠢ ᠰᠠᠶᠢᠳ ᠭᠡᠵᠦ ᠦᠵᠡᠳᠡᠭ᠃

ᠶᠡᠷᠦᠩᠬᠡᠢ ᠰᠠᠶᠢᠳ ᠨᠠᠷ[ᠵᠠᠰᠠᠪᠤᠷᠢᠯᠠᠬᠤ | ᠺᠣᠳ᠋ ᠢᠶᠠᠷ ᠵᠠᠰᠠᠬᠣ]

ᠳ᠃ᠳ᠃ ᠨᠡᠷ᠎ᠡ ᠠᠵᠢᠯᠯᠠᠭᠰᠠᠨ ᠬᠤᠭᠤᠴᠠᠭ᠎ᠠ ᠠᠯᠪᠠ ᠬᠠᠰᠢᠵᠤ ᠪᠠᠶᠢᠬᠤ ᠦᠶᠡᠳᠡᠭᠡ
ᠬᠠᠷᠢᠶᠠᠯᠠᠭᠳᠠᠵᠤ ᠪᠠᠶᠢᠭᠰᠠᠨ ᠨᠠᠮ
1 ᠲᠡᠭᠦᠰ-ᠣᠴᠢᠷ ᠤᠨ ᠨᠠᠮᠨᠠᠨᠰᠦ᠋ᠷᠦᠩ 1912/11 - 1919/4 ᠪᠠᠶᠢᠬᠤ ᠦᠭᠡᠢ
2 ᠭᠣᠨᠴᠣᠭᠵᠠᠯᠼᠠᠨᠠᠭ ᠤᠨ ᠪᠠᠳᠮᠠᠳᠣᠷᠵᠢ 1919-1920 ᠪᠠᠶᠢᠬᠤ ᠦᠭᠡᠢ
3 ᠰᠣᠳᠨᠠᠮ ᠤᠨ ᠳᠠᠮᠳᠢᠨᠪᠠᠽᠠᠷ 1921/2 - 1921/5 ᠪᠠᠶᠢᠬᠤ ᠦᠭᠡᠢ
4 ᠮᠠᠩᠵᠤᠰᠢᠷᠢ ᠬᠤᠲᠤᠭᠲᠤ ᠰᠡᠷᠡᠩᠳᠣᠷᠵᠢ 1921/5-1921/7/10 ᠪᠠᠶᠢᠬᠤ ᠦᠭᠡᠢ
5 ᠳᠠᠮᠪᠠ ᠶᠢᠨ ᠴᠠᠭᠳᠠᠷᠵᠠᠪ 1921/3/13 - 1921/4/16 ᠮᠣᠩᠭᠣᠯ ᠠᠷᠠᠳ ᠤᠨ ᠬᠤᠪᠢᠰᠬᠠᠯᠲᠤ ᠨᠠᠮ
6 ᠳᠣᠭᠰᠣᠮ ᠤᠨ ᠪᠣᠳᠣ 1921/4/16 - 1922/1/7 ᠮᠣᠩᠭᠣᠯ ᠠᠷᠠᠳ ᠤᠨ ᠬᠤᠪᠢᠰᠬᠠᠯᠲᠤ ᠨᠠᠮ
7 ᠰᠣᠳᠨᠠᠮ ᠤᠨ ᠳᠠᠮᠳᠢᠨᠪᠠᠽᠠᠷ 1922/3/3 - 1923/6/23 ᠮᠣᠩᠭᠣᠯ ᠠᠷᠠᠳ ᠤᠨ ᠬᠤᠪᠢᠰᠬᠠᠯᠲᠤ ᠨᠠᠮ
8 ᠪᠠᠯᠢᠩ ᠤᠨ ᠰᠡᠷᠡᠩᠳᠣᠷᠵᠢ 1923/9/28 - 1928/2/13 ᠮᠣᠩᠭᠣᠯ ᠠᠷᠠᠳ ᠤᠨ ᠬᠤᠪᠢᠰᠬᠠᠯᠲᠤ ᠨᠠᠮ
9 ᠠᠨᠠᠨᠳ ᠤᠨ ᠠᠮᠤᠷ 1928/2/21 - 1930/4/27 ᠮᠣᠩᠭᠣᠯ ᠠᠷᠠᠳ ᠤᠨ ᠬᠤᠪᠢᠰᠬᠠᠯᠲᠤ ᠨᠠᠮ
10 ᠴᠡᠩᠭᠡᠯᠲᠦ ᠶᠢᠨ ᠵᠢᠭᠵᠢᠳᠠᠵᠠᠪ 1930/4/27 - 1932/7/2 ᠮᠣᠩᠭᠣᠯ ᠠᠷᠠᠳ ᠤᠨ ᠬᠤᠪᠢᠰᠬᠠᠯᠲᠤ ᠨᠠᠮ
11 ᠫᠧᠯᠵᠢᠳ ᠦᠨ ᠭᠡᠨᠳᠡᠩ 1932/7/2 - 1936/3/2 ᠮᠣᠩᠭᠣᠯ ᠠᠷᠠᠳ ᠤᠨ ᠬᠤᠪᠢᠰᠬᠠᠯᠲᠤ ᠨᠠᠮ
12 ᠠᠨᠠᠨᠳ ᠤᠨ ᠠᠮᠤᠷ 1936/3/22 - 1939/3/7 ᠮᠣᠩᠭᠣᠯ ᠠᠷᠠᠳ ᠤᠨ ᠬᠤᠪᠢᠰᠬᠠᠯᠲᠤ ᠨᠠᠮ
13 ᠬᠣᠷᠯᠤ᠎ᠠ ᠶᠢᠨ ᠴᠣᠶᠢᠪᠠᠯᠰᠠᠩ 1939/3/24 - 1952/1/26 ᠮᠣᠩᠭᠣᠯ ᠠᠷᠠᠳ ᠤᠨ ᠬᠤᠪᠢᠰᠬᠠᠯᠲᠤ ᠨᠠᠮ
14 ᠶᠠᠭᠤᠮᠠᠵᠢᠭ᠎ᠠ ᠶᠢᠨ ᠼᠡᠳᠡᠨᠪᠠᠯ 1952/1/26 - 1974/6/11 ᠮᠣᠩᠭᠣᠯ ᠠᠷᠠᠳ ᠤᠨ ᠬᠤᠪᠢᠰᠬᠠᠯᠲᠤ ᠨᠠᠮ
15 ᠵᠠᠩᠪᠠ ᠶᠢᠨ ᠪᠠᠲᠤᠮᠦ᠋ᠩᠬᠡ 1974/6/11 - 1984/12/12 ᠮᠣᠩᠭᠣᠯ ᠠᠷᠠᠳ ᠤᠨ ᠬᠤᠪᠢᠰᠬᠠᠯᠲᠤ ᠨᠠᠮ
16 ᠳᠤᠮ᠎ᠠ ᠶᠢᠨ ᠰᠣᠳᠨᠠᠮ 1984/12/12 - 1990/3/21 ᠮᠣᠩᠭᠣᠯ ᠠᠷᠠᠳ ᠤᠨ ᠬᠤᠪᠢᠰᠬᠠᠯᠲᠤ ᠨᠠᠮ
17 ᠰᠢᠷᠠᠪ ᠤᠨ ᠭᠦᠩᠭᠠᠳᠣᠷᠵᠢ 1990/3/21 - 1990/9/11 ᠮᠣᠩᠭᠣᠯ ᠠᠷᠠᠳ ᠤᠨ ᠬᠤᠪᠢᠰᠬᠠᠯᠲᠤ ᠨᠠᠮ
18 ᠳᠠᠰᠢ ᠶᠢᠨ ᠪᠢᠮᠪᠠᠰᠦ᠋ᠷᠦᠩ 1990/9/11 - 1992/7/21 ᠮᠣᠩᠭᠣᠯ ᠠᠷᠠᠳ ᠤᠨ ᠬᠤᠪᠢᠰᠬᠠᠯᠲᠤ ᠨᠠᠮ
19 ᠫᠦᠨᠴᠠᠭ ᠤᠨ ᠵᠠᠰᠠᠷᠠᠢ 1992/7/21 - 1996/7/19 ᠮᠣᠩᠭᠣᠯ ᠠᠷᠠᠳ ᠤᠨ ᠬᠤᠪᠢᠰᠬᠠᠯᠲᠤ ᠨᠠᠮ
20 ᠮᠡᠨᠳᠦᠰᠠᠶᠢᠬᠠᠨ ᠤ ᠡᠩᠬᠡᠰᠠᠶᠢᠬᠠᠨ 1996/7/19 - 1998/4/23 ᠮᠣᠩᠭᠣᠯ ᠤᠨ ᠦᠨᠳᠦᠰᠦᠨ ᠦ ᠠᠷᠠᠳᠴᠢᠯᠠᠭᠰᠠᠨ ᠨᠠᠮ-ᠮᠣᠩᠭᠣᠯ ᠤᠨ ᠰᠣᠴᠢᠶᠠᠯ ᠳᠧᠮᠣᠺᠷᠠᠲ ᠨᠠᠮ ᠤᠨ ᠠᠷᠠᠳᠴᠢᠯᠠᠭᠰᠠᠨ ᠬᠣᠯᠪᠣᠭ᠎ᠠ ᠡᠪᠰᠡᠯ
21 ᠴᠠᠬᠢᠭ᠎ᠠ ᠶᠢᠨ ᠡᠯᠪᠡᠭᠳᠣᠷᠵᠢ 1998/4/23 - 1998/12/9 ᠮᠣᠩᠭᠣᠯ ᠤᠨ ᠦᠨᠳᠦᠰᠦᠨ ᠦ ᠠᠷᠠᠳᠴᠢᠯᠠᠭᠰᠠᠨ ᠨᠠᠮ-ᠮᠣᠩᠭᠣᠯ ᠤᠨ ᠰᠣᠴᠢᠶᠠᠯ ᠳᠧᠮᠣᠺᠷᠠᠲ ᠨᠠᠮ ᠤᠨ ᠠᠷᠠᠳᠴᠢᠯᠠᠭᠰᠠᠨ ᠬᠣᠯᠪᠣᠭ᠎ᠠ ᠡᠪᠰᠡᠯ
22 ᠵᠠᠨᠯᠠᠪ ᠤᠨ ᠨᠠᠷᠠᠨᠴᠠᠴᠤᠷᠠᠯᠲᠤ 1998/12/9 - 1999/7/22 ᠮᠣᠩᠭᠣᠯ ᠤᠨ ᠦᠨᠳᠦᠰᠦᠨ ᠦ ᠠᠷᠠᠳᠴᠢᠯᠠᠭᠰᠠᠨ ᠨᠠᠮ-ᠮᠣᠩᠭᠣᠯ ᠤᠨ ᠰᠣᠴᠢᠶᠠᠯ ᠳᠧᠮᠣᠺᠷᠠᠲ ᠨᠠᠮ ᠤᠨ ᠠᠷᠠᠳᠴᠢᠯᠠᠭᠰᠠᠨ ᠬᠣᠯᠪᠣᠭ᠎ᠠ ᠡᠪᠰᠡᠯ
ᠨᠢᠮ᠎ᠠ-ᠣᠰᠣᠷ ᠤᠨ ᠲᠤᠶᠠᠭ᠎ᠠ[1] 1999/7/22 - 1999/7/30 ᠮᠣᠩᠭᠣᠯ ᠤᠨ ᠦᠨᠳᠦᠰᠦᠨ ᠦ ᠠᠷᠠᠳᠴᠢᠯᠠᠭᠰᠠᠨ ᠨᠠᠮ-ᠮᠣᠩᠭᠣᠯ ᠤᠨ ᠰᠣᠴᠢᠶᠠᠯ ᠳᠧᠮᠣᠺᠷᠠᠲ ᠨᠠᠮ ᠤᠨ ᠠᠷᠠᠳᠴᠢᠯᠠᠭᠰᠠᠨ ᠬᠣᠯᠪᠣᠭ᠎ᠠ ᠡᠪᠰᠡᠯ
23 ᠷᠢᠨᠴᠢᠨᠨᠢᠮ᠎ᠠ ᠶᠢᠨ ᠠᠮᠤᠷᠵᠢᠷᠭᠠᠯ 1999/7/30 - 2000/7/26 ᠮᠣᠩᠭᠣᠯ ᠤᠨ ᠦᠨᠳᠦᠰᠦᠨ ᠦ ᠠᠷᠠᠳᠴᠢᠯᠠᠭᠰᠠᠨ ᠨᠠᠮ-ᠮᠣᠩᠭᠣᠯ ᠤᠨ ᠰᠣᠴᠢᠶᠠᠯ ᠳᠧᠮᠣᠺᠷᠠᠲ ᠨᠠᠮ ᠤᠨ ᠠᠷᠠᠳᠴᠢᠯᠠᠭᠰᠠᠨ ᠬᠣᠯᠪᠣᠭ᠎ᠠ ᠡᠪᠰᠡᠯ
24 ᠨᠠᠮᠪᠠᠷ ᠤᠨ ᠡᠩᠬᠡᠪᠠᠶᠠᠷ 2000/7/26 - 2004/8/20 ᠮᠣᠩᠭᠣᠯ ᠠᠷᠠᠳ ᠤᠨ ᠬᠤᠪᠢᠰᠬᠠᠯᠲᠤ ᠨᠠᠮ
25 ᠴᠠᠬᠢᠭ᠎ᠠ ᠶᠢᠨ ᠡᠯᠪᠡᠭᠳᠣᠷᠵᠢ 2004/8/20 - 2006/1/13 ᠡᠬᠡ ᠣᠷᠣᠨ ᠠᠷᠠᠳᠴᠢᠯᠠᠯ ᠡᠪᠰᠡᠯ
26 ᠮᠡᠶ ᠡᠣᠮᠪᠣ ᠶᠢᠨ ᠡᠩᠬᠡᠪᠣᠯᠤᠳ 2006/1/25 - 2007/11/22 ᠮᠣᠩᠭᠣᠯ ᠠᠷᠠᠳ ᠤᠨ ᠬᠤᠪᠢᠰᠬᠠᠯᠲᠤ ᠨᠠᠮ
27 ᠰᠠᠩᠵᠠ ᠶᠢᠨ ᠪᠠᠶᠠᠷ 2007/11/22 - 2009/10/28 ᠮᠣᠩᠭᠣᠯ ᠠᠷᠠᠳ ᠤᠨ ᠬᠤᠪᠢᠰᠬᠠᠯᠲᠤ ᠨᠠᠮ
28 ᠰᠦᠬᠡᠪᠠᠭᠠᠲᠤᠷ ᠤᠨ ᠪᠠᠲᠤᠪᠠᠯ ᠳᠤ 2009/10/29 - 2012/8/9 ᠮᠣᠩᠭᠣᠯ ᠠᠷᠠᠳ ᠤᠨ ᠨᠠᠮ
29 ᠨᠣᠷᠪᠤ ᠶᠢᠨ ᠠᠯᠲᠠᠨᠬᠤᠶᠠᠭ 2012/8/9 - 2014/11/5 ᠠᠷᠠᠳᠴᠢᠯᠠᠭᠰᠠᠨ ᠨᠠᠮ
30 ᠴᠢᠮᠡᠳ ᠦᠨ ᠰᠠᠶᠢᠬᠠᠨᠪᠢᠯᠢᠭ 2014/11/21 - ᠠᠷᠠᠳᠴᠢᠯᠠᠭᠰᠠᠨ ᠨᠠᠮ

^  - ᠶᠡᠷᠦᠩᠬᠡᠢ ᠰᠠᠶᠢᠳ ᠤᠨ ᠡᠭᠦᠷᠭᠡ ᠭᠦᠢᠴᠡᠳᠬᠡᠭᠴᠢ

ᠭᠠᠳᠠᠭᠠᠳᠤ ᠬᠣᠯᠪᠣᠭᠠᠰᠤ[ᠵᠠᠰᠠᠪᠤᠷᠢᠯᠠᠬᠤ | ᠺᠣᠳ᠋ ᠢᠶᠠᠷ ᠵᠠᠰᠠᠬᠣ]

ᠮᠥᠨ ᠦᠵᠡᠬᠦ[ᠵᠠᠰᠠᠪᠤᠷᠢᠯᠠᠬᠤ | ᠺᠣᠳ᠋ ᠢᠶᠠᠷ ᠵᠠᠰᠠᠬᠣ]

ᠪᠢᠴᠢᠭᠡᠰᠦ