ᠮᠣᠩᠭᠣᠯ ᠤᠯᠤᠰ ᠤᠨ ᠲᠥᠷᠥ ᠶᠢᠨ ᠳᠠᠯᠪᠠᠭ᠎ᠠ

ᠴᠢᠯᠦᠭᠡᠲᠦ ᠨᠡᠪᠲᠡᠷᠬᠡᠢ ᠲᠣᠯᠢ — ᠸᠢᠺᠢᠫᠧᠳᠢᠶ᠎ᠠ ᠠᠴᠠ
— «ᠮᠣᠩᠭᠣᠯ ᠤᠯᠤᠰ ᠤᠨ ᠳᠠᠯᠪᠠᠭ᠎ᠠ» ᠭᠡᠳ ᠬᠣᠯᠪᠣᠭᠳᠠᠪᠠ —
ᠬᠠᠷᠠᠶᠢᠬᠤ: ᠤᠳᠤᠷᠢᠳᠬᠤ, ᠬᠠᠶᠢᠯᠲᠠ
ᠵᠢᠵᠢᠭ ᠵᠢᠷᠤᠭ ᠢ ᠡᠭᠦᠰᠭᠡᠬᠦ ᠳ᠋ᠦ ᠠᠯᠳᠠᠭ᠎ᠠ ᠭᠠᠷᠤᠯ᠎ᠠ: Unable to save thumbnail to destination
FIAV 111000.svg ᠮᠣᠩᠭᠣᠯ ᠤᠯᠤᠰ ᠤᠨ ᠲᠥᠷᠥ ᠶᠢᠨ ᠳᠠᠯᠪᠠᠭ᠎ᠠ᠂ 1:2 (1992-ᠣᠳᠣ )
ᠵᠢᠵᠢᠭ ᠵᠢᠷᠤᠭ ᠢ ᠡᠭᠦᠰᠭᠡᠬᠦ ᠳ᠋ᠦ ᠠᠯᠳᠠᠭ᠎ᠠ ᠭᠠᠷᠤᠯ᠎ᠠ: Unable to save thumbnail to destination
ᠾᠦᠩᠨᠦ ᠶᠢᠨ ᠠᠯᠲᠠᠨ ᠨᠠᠷᠠ ᠰᠠᠷᠠ ᠲᠠᠢ ᠰᠦᠯᠳᠡ᠃ ᠬᠣᠪᠳᠣ ᠶᠢᠨ ᠲᠠᠬᠢᠯᠲᠤ ᠶᠢᠨ ᠬᠣᠲᠣᠭᠣᠷ ᠤᠨ ᠾᠦᠩᠨᠦ ᠢᠵᠠᠭᠤᠷᠲᠠᠨ ᠤ THL-64 ᠪᠤᠯᠠᠰᠢᠨ ᠠᠴᠠ ᠣᠯᠳᠠᠭᠰᠠᠨ ᠰᠦᠯᠳᠡ[1]
ᠾᠦᠩᠨᠦ ᠶᠢᠨ ᠠᠯᠲᠠᠨ ᠨᠠᠷᠠ ᠰᠠᠷᠠ ᠲᠠᠢ ᠰᠦᠯᠳᠡ᠂ ᠲᠠᠬᠢᠯ ᠤᠨ ᠬᠣᠲᠣᠭᠣᠷ

ᠮᠣᠩᠭᠣᠯ ᠤᠯᠤᠰ ᠤᠨ ᠲᠥᠷᠥ ᠶᠢᠨ ᠳᠠᠯᠪᠠᠭ᠎ᠠ  ᠶᠢ ᠤᠯᠠᠭᠠᠨ᠂ ᠬᠥᠬᠡ ᠥᠩᠭᠡ ᠶᠢᠨ ᠡᠳ᠋ ᠍ ᠢᠶᠡᠷ ᠦᠢᠯᠡᠳᠬᠦ ᠪᠥᠭᠡᠳ ᠭᠤᠷᠪᠠᠨ ᠲᠡᠩᠴᠡᠭᠦᠦ ᠬᠡᠰᠡᠭ ᠬᠣᠪᠢᠶᠠᠵᠤ ᠳᠤᠮᠳᠠ ᠬᠡᠰᠡᠭ ᠨᠢ ᠬᠥᠬᠡ ᠣᠭᠲᠠᠷᠭᠤᠢ ᠶᠢᠨ ᠥᠩᠭᠡ ᠲᠡᠢ ᠪᠠᠶᠢᠬᠤ ᠪᠠ ᠲᠡᠭᠦᠨ ᠦ ᠬᠣᠶᠠᠷ ᠬᠠᠵᠠᠭᠤ ᠨᠢ ᠤᠯᠠᠭᠠᠨ ᠥᠩᠭᠡᠲᠡᠢ ᠪᠠᠶᠢᠨ᠎ᠠ᠃ ᠳᠠᠯᠪᠠᠭᠠᠨ ᠤ ᠡᠰᠢᠨ ᠲᠠᠯ᠎ᠠ ᠶᠢᠨ ᠤᠯᠠᠭᠠᠨ ᠳᠡᠪᠢᠰᠬᠡᠷ ᠦᠨ ᠲᠥᠪ ᠬᠡᠰᠡᠭ ᠲᠦ ᠠᠯᠲᠠᠨ ᠰᠣᠶᠣᠮᠪᠣ ᠪᠠᠶᠢᠷᠢᠯᠠᠭᠤᠯᠤᠨ᠎ᠠ᠃ ᠂ ᠳᠠᠯᠪᠠᠭᠠᠨ ᠤ ᠤᠯᠠᠭᠠᠨ ᠥᠩᠭᠡ ᠨᠢ ᠮᠠᠨᠳᠤᠨ ᠪᠠᠳᠠᠷᠠᠬᠤ ᠶᠢᠨ ᠪᠡᠯᠭᠡᠳᠡᠯ ᠢ᠂ ᠬᠥᠬᠡ ᠥᠩᠭᠡ ᠨᠢ ᠮᠥᠩᠬᠡ ᠲᠩᠷᠢ ᠶᠢᠨ ᠬᠥᠬᠡ ᠶᠢ ᠢᠯᠡᠷᠬᠡᠶᠢᠯᠡᠵᠡᠢ᠃ ᠳᠠᠯᠪᠠᠭᠠᠨ ᠤ ᠥᠷᠭᠡᠨ᠂ ᠤᠷᠲᠤ ᠨᠢ 1:2 ᠍ ᠶᠢᠨ ᠬᠠᠷᠢᠴᠠᠭ᠎ᠠ ᠲᠠᠢ ᠪᠠᠶᠢᠨ᠎ᠠ᠃ ᠣᠳᠣ ᠶᠢᠨ ᠮᠣᠩᠭᠣᠯ ᠤᠯᠤᠰ ᠤᠨ ᠲᠥᠷᠥ ᠶᠢᠨ ᠳᠠᠯᠪᠠᠭ᠎ᠠ ᠨᠢ 1992 ᠣᠨ ᠤ 2 ᠰᠠᠷ᠎ᠠ ᠶᠢᠨ 12 ᠠᠴᠠ ᠬᠡᠷᠡᠭᠯᠡᠭᠳᠡᠵᠦ ᠡᠬᠢᠯᠡᠭᠰᠡᠨ᠃

ᠮᠣᠩᠭᠣᠯ ᠤᠯᠤᠰ ᠤᠨ ᠲᠥᠷᠥ ᠶᠢᠨ ᠲᠤᠭ ᠳᠠᠯᠪᠠᠭ᠎ᠠ-1911 ᠣᠨ[ᠵᠠᠰᠠᠪᠤᠷᠢᠯᠠᠬᠤ | ᠺᠣᠳ᠋ ᠢᠶᠠᠷ ᠵᠠᠰᠠᠬᠣ]

ᠤᠯᠤᠰ ᠭᠦᠷᠦᠨ ᠨᠦᠭᠦᠳ ᠦᠨ ᠲᠥᠷᠥ ᠶᠢᠨ ᠳᠠᠯᠪᠠᠭ᠎ᠠ ᠭᠡᠳᠡᠭ ᠲᠤᠬᠠᠢ ᠶᠢᠨ ᠦᠨᠳᠦᠰᠦᠲᠡᠨ ᠦ ᠪᠡᠨ ᠬᠤᠪᠢ ᠳᠤ ᠠᠰᠤᠷᠤ ᠴᠢᠬᠤᠯᠠ ᠠᠴᠢ ᠬᠣᠯᠪᠣᠭᠳᠠᠯ ᠲᠠᠢ᠂ ᠭᠦᠨ ᠭᠦᠨᠵᠡᠭᠡᠢ ᠤᠳᠬ᠎ᠠ ᠰᠠᠨᠠᠭ᠎ᠠ ᠶᠢ ᠢᠯᠡᠷᠬᠡᠶᠢᠯᠡᠵᠦ ᠪᠠᠶᠢᠳᠠᠭ᠃ ᠲᠤᠬᠠᠢ ᠶᠢᠨ ᠣᠷᠣᠨ ᠤ ᠲᠡᠦᠬᠡ ᠰᠤᠶᠤᠯ ᠢ ᠠᠭᠤᠯᠵᠤ ᠣᠯᠠᠨ ᠤᠯᠤᠰ ᠲᠤ ᠨᠢᠭᠤᠷ ᠴᠢᠷᠠᠢ ᠨᠢ ᠪᠣᠯᠵᠤ ᠪᠠᠶᠢᠳᠠᠭ᠃ 1911 ᠣᠨ ᠳᠤ ᠰᠡᠷᠭᠦᠭᠡᠨ ᠲᠤᠩᠬᠠᠭᠯᠠᠭᠰᠠᠨ ᠮᠣᠩᠭᠣᠯ ᠤᠯᠤᠰ ᠤᠨ ᠲᠥᠷᠥ ᠶᠢᠨ ᠳᠠᠯᠪᠠᠭ᠎ᠠ ᠶᠢ ᠪᠦᠲᠦᠭᠡᠬᠦ ᠲᠤᠬᠠᠢ ᠪᠠᠷᠢᠮᠲᠠ ᠪᠢᠴᠢᠭ ᠲᠦ ᠥᠭᠦᠯᠡᠬᠦ ᠳᠦ ᠪᠡᠨ: 《ᠣᠯᠠᠨ ᠤᠯᠤᠰ ᠤᠨ ᠳᠣᠣᠷ᠎ᠠ ᠴᠥᠮ ᠥᠪᠡᠷ ᠥᠪᠡᠷ ᠦᠨ ᠳᠠᠯᠪᠠᠭ᠎ᠠ ᠪᠤᠢ᠂ ᠪᠢᠳᠡᠨ ᠦ ᠮᠣᠩᠭᠣᠯ ᠪᠣᠯᠪᠠᠰᠤ ᠥᠪᠡᠷ ᠢᠶᠡᠨ ᠡᠵᠡᠷᠬᠡᠭ ᠡᠷᠬᠡ ᠬᠡᠮᠵᠢᠶ᠎ᠡ ᠪᠦᠬᠦᠢ ᠶᠢ ᠢᠯᠡᠷᠬᠡᠶᠢᠯᠡᠪᠡᠯ ᠵᠣᠬᠢᠮᠠᠢ》 ᠬᠡᠮᠡᠨ ᠰᠢᠨ᠎ᠡ ᠲᠤᠲᠤᠮ ᠪᠠᠶᠢᠭᠤᠯᠤᠭᠳᠠᠭᠰᠠᠨ ᠮᠣᠩᠭᠣᠯ ᠤᠨ ᠲᠥᠷᠥ ᠶᠢᠨ ᠳᠠᠯᠪᠠᠭᠠᠨ ᠳᠤ ᠶᠡᠬᠡᠬᠡᠨ ᠠᠴᠢ ᠬᠣᠯᠪᠣᠭᠳᠠᠯ ᠥᠭᠴᠦ ᠪᠠᠶᠢᠪᠠ᠃ ᠡᠶᠢᠨᠬᠦᠦ ᠡᠨᠡ ᠦᠶ᠎ᠡ ᠶᠢᠨ ᠮᠣᠩᠭᠣᠯ ᠤᠯᠤᠰ ᠤᠨ ᠳᠠᠯᠪᠠᠭ᠎ᠠ ᠨᠢ ᠬᠡᠮᠵᠢᠶᠡᠨ ᠦ ᠬᠤᠪᠢ ᠳᠤ ᠭᠤᠷᠪᠠᠨ ᠠᠮᠠ ᠪᠤᠶᠤ ᠭᠤᠷᠪᠠ ᠨᠢᠭᠡ ᠶᠢᠨ ᠬᠠᠷᠢᠴᠠᠭ᠎ᠠ ᠲᠠᠢ (ᠲᠥᠷᠥ ᠶᠢᠨ ᠣᠷᠳᠣᠨ ᠳᠤ ᠪᠤᠶᠤ ᠠᠯᠪᠠᠨ ᠤ ᠶᠡᠬᠡ ᠭᠠᠵᠠᠷ ᠮᠠᠨᠳᠤᠭᠤᠯᠬᠤ ᠳᠠᠯᠪᠠᠭ᠎ᠠ ᠨᠢ ᠬᠦᠷᠢᠶ᠎ᠡ ᠲᠡᠢ ᠪᠡᠨ 105 x 280 ᠰᠠᠨᠲ᠋ᠢᠮᠧᠲ᠋ᠷ᠂ ᠳᠡᠪᠢᠰᠬᠡᠷ ᠨᠢ 70 x 210 ᠰᠠᠨᠲ᠋ᠢᠮᠧᠲ᠋ᠷ᠂ ᠪᠠᠭ᠎ᠠ ᠠᠯᠪᠠᠨ ᠭᠠᠵᠠᠷ᠂ ᠡᠩ ᠦᠨ ᠠᠶᠢᠯ ᠳᠤ ᠮᠠᠨᠳᠤᠭᠤᠯᠬᠤ ᠨᠢ ᠬᠦᠷᠢᠶ᠎ᠡ ᠲᠡᠢ ᠪᠡᠨ 50 x 60 ᠰᠠᠨᠲ᠋ᠢᠮᠧᠲ᠋ᠷ᠂ ᠳᠡᠪᠢᠰᠬᠡᠷ ᠨᠢ 30 x 30 ᠰᠠᠨᠲ᠋ᠢᠮᠧᠲ᠋ᠷ ᠬᠡᠮᠵᠢᠶ᠎ᠡ ᠲᠡᠢ ᠪᠠᠶᠢᠬᠤ ᠪᠠᠷ ᠵᠢᠭᠠᠵᠠᠢ) ᠬᠡᠯᠪᠡᠷᠢ ᠨᠢ ᠪᠣᠰᠤᠭ᠎ᠠ ᠭᠣᠨᠵᠣᠭᠣᠢ ᠳᠥᠷᠪᠡᠯᠵᠢᠨ᠂ ᠭᠣᠣᠯ ᠳᠡᠪᠢᠰᠬᠡᠷ ᠨᠢ ᠰᠢᠷ᠎ᠠ᠂ ᠡᠰᠢᠨ ᠦ ᠡᠰᠡᠷᠬᠦ ᠲᠠᠯ᠎ᠠ ᠳᠤ ᠭᠤᠷᠪᠠᠨ ᠤᠯᠠᠭᠠᠨ ᠬᠡᠯᠡ ᠲᠡᠢ᠂ ᠬᠡᠯᠡᠨ ᠦ ᠡᠲᠡᠭᠡᠳ ᠡᠴᠡ ᠪᠤᠰᠤᠳ ᠭᠤᠷᠪᠠᠨ ᠲᠠᠯ᠎ᠠ ᠳᠤ ᠤᠯᠠᠭᠠᠨ ᠬᠥᠪᠡᠭᠡ ᠲᠡᠢ ᠪᠠᠶᠢᠬᠤ ᠪᠠ ᠬᠥᠪᠡᠭᠡ ᠨᠢ ᠠᠮᠠ ᠬᠠᠭᠠᠰ ᠥᠷᠭᠡᠨ ᠳᠠᠯᠪᠠᠭᠠᠨ ᠤ ᠲᠥᠪ ᠳᠤᠮᠳᠠ ᠬᠦᠷᠢᠶ᠎ᠡ ᠲᠡᠢ ᠪᠠᠳᠮᠠᠯᠢᠩᠬᠤ᠎ᠠ ᠴᠡᠴᠡᠭ ᠪᠦᠬᠦᠢ ᠰᠣᠶᠣᠮᠪᠣ ᠰᠦᠯᠳᠡ᠂ 《Э》, 《БАМ》 ᠦᠰᠦᠭ ᠢ ᠲᠤᠰᠬᠠᠢ ᠮᠥᠷᠭᠥᠯ ᠦᠨ ᠨᠣᠮ (ᠯᠠᠮᠤᠭᠠᠳᠠᠩᠭᠣᠮᠪᠣ᠂ ᠰᠠᠨᠵᠢᠳᠠᠩᠰᠦ᠋ᠷᠦᠩ᠂ ᠯᠠᠶᠢᠮᠦᠳᠠᠨᠽᠠᠨ) ᠪᠢᠴᠢᠭᠰᠡᠨ ᠳᠡᠪᠢᠰᠬᠡᠷ ᠳᠡᠭᠡᠷ᠎ᠡ ᠤᠷᠠᠯᠠᠨ᠂ ᠳᠠᠯᠪᠠᠭᠠᠨ ᠤ ᠲᠡᠭᠦᠰᠬᠡᠯ ᠦᠨ ᠭᠤᠷᠪᠠᠨ ᠤᠯᠠᠭᠠᠨ ᠬᠡᠯᠡᠨ ᠦ ᠳᠡᠭᠡᠳᠦ ᠳᠦ 《ᠤᠮ ︵Ум︶》, ᠳᠤᠮᠳᠠᠳᠤ 《ᠠ ︵Аа︶》, ᠳᠣᠤᠷᠠᠳᠤ ᠨᠢ 《ᠬᠤᠮᠠ ︵Хум︶》 ᠬᠡᠮᠡᠬᠦ ᠮᠠᠨᠢ ᠶᠢᠨ ᠦᠰᠦᠭ ᠪᠠᠶᠢᠬᠤ ᠪᠠᠷ ᠲᠣᠭᠲᠠᠭᠠᠴᠠᠢ᠃

ᠡᠨᠡᠬᠦ ᠲᠥᠷᠥ ᠶᠢᠨ ᠳᠠᠯᠪᠠᠭ᠎ᠠ ᠶᠢ ᠮᠠᠨᠳᠤᠭᠤᠯᠬᠤ ᠡᠳᠦᠷ ᠢ ᠲᠣᠭᠲᠠᠭᠠᠨ᠂ ᠵᠢᠯ ᠴᠠᠭᠠᠨ ᠰᠠᠷ᠎ᠠ ᠶᠢᠨ ᠰᠢᠨ᠎ᠡ ᠶᠢᠨ ᠨᠢᠭᠡᠨ ᠡᠴᠡ ᠨᠠᠶᠢᠮᠠᠨ ᠬᠦᠷᠲᠡᠯ᠎ᠡ ᠬᠡᠶᠢᠰᠬᠡᠬᠦ᠂ ᠮᠥᠨ ᠮᠠᠶᠢᠳᠠᠷᠵᠠᠯᠠᠬᠤ᠂ ᠡᠪᠦᠯ ᠦᠨ ᠪᠠᠲᠤ ᠣᠷᠣᠰᠢᠯ ᠡᠷᠭᠦᠬᠦ ᠵᠡᠷᠭᠡ ᠲᠥᠷᠥ ᠶᠢᠨ ᠶᠡᠬᠡ ᠪᠠᠶᠠᠷ ᠶᠣᠰᠣᠯᠠᠯ ᠤᠨ ᠡᠳᠦᠷ ᠣᠷᠳᠣᠨ᠂ ᠰᠦᠮ᠎ᠡ ᠬᠡᠶᠢᠳ᠂ ᠲᠥᠷᠥ ᠶᠢᠨ ᠶᠠᠮᠤᠨ ᠳᠤ᠂ ᠠᠶᠢᠮᠠᠭ ᠤᠨ ᠴᠢᠭᠤᠯᠭ᠎ᠠ ᠳᠤ᠂ ᠴᠡᠷᠢᠭ ᠦᠨ ᠵᠠᠩᠵᠤᠨ ᠤ ᠭᠠᠵᠠᠷ᠂ ᠵᠠᠰᠠᠭ ᠪᠠ ᠵᠠᠰᠠᠭ ᠪᠤᠰᠤ ᠸᠠᠩ᠂ ᠭᠦᠩ᠂ ᠬᠠᠩᠪᠤ ᠴᠣᠷᠵᠢ᠂ ᠡᠷᠳᠡᠨᠢ ᠱᠠᠨᠵᠢᠳᠪᠠ᠂ ᠬᠤᠲᠤᠭᠲᠤ ᠬᠤᠪᠢᠯᠭᠠᠳ᠂ ᠲᠤᠰᠢᠶᠠᠯᠲᠠᠨ ᠯᠠᠮᠠ ᠲᠦᠰᠢᠮᠡᠳ ᠦᠨ ᠭᠠᠵᠠᠷ ᠬᠡᠶᠢᠰᠬᠡᠬᠦ ᠪᠡᠷ ᠪᠣᠯᠭᠠᠭᠰᠠᠨ ᠪᠠᠶᠢᠨ᠎ᠠ᠃ ᠪᠠᠰᠠ ᠪᠣᠭᠳᠠ ᠶᠢᠨ ᠵᠠᠰᠠᠭ ᠤᠨ ᠭᠠᠵᠠᠷ ᠠᠴᠠ ᠤᠤᠯ ᠲᠤᠭ ᠢ ᠠᠯᠪᠠᠨ ᠭᠠᠵᠠᠷ ᠠᠴᠠ ᠭᠠᠳᠠᠨ᠎ᠠ ᠠᠶᠢᠯ ᠪᠦᠷᠢ ᠬᠡᠶᠢᠰᠬᠡᠵᠦ ᠪᠣᠯᠬᠤ ᠶᠢ ᠵᠥᠪᠰᠢᠶᠡᠷᠡᠨ᠂ ᠳᠠᠯᠪᠠᠭᠠᠨ ᠤ ᠦᠰᠦᠭ᠂ ᠨᠣᠮ ᠵᠡᠷᠭᠡ ᠶᠢᠨ ᠪᠠᠷᠰ ᠰᠡᠶᠢᠯᠦᠭᠦᠯᠵᠦ ᠳᠠᠷᠤᠵᠤ ᠥᠭᠴᠦ ᠪᠠᠶᠢᠬᠤ ᠶᠢ ᠲᠤᠰᠬᠠᠶᠢᠯᠠᠨ ᠵᠢᠭᠠᠭᠰᠠᠨ ᠨᠢ ᠪᠤᠢ᠃ ᠴᠢᠩᠭᠢᠭᠰᠡᠨ ᠢᠶᠡᠷ ᠲᠤᠬᠠᠢ ᠶᠢᠨ ᠦᠶ᠎ᠡ ᠳᠦ ᠡᠨᠡ ᠳᠠᠯᠪᠠᠭ᠎ᠠ ᠶᠢ ᠲᠥᠷᠥ᠂ ᠱᠠᠰᠢᠨ ᠢ ᠮᠠᠨᠳᠤᠭᠤᠯᠬᠤ ᠶᠢᠨ ᠪᠡᠯᠭᠡᠳᠡᠯ ᠬᠡᠮᠡᠨ ᠰᠢᠲᠦᠨ ᠪᠢᠰᠢᠷᠡᠵᠦ ᠪᠠᠶᠢᠪᠠ᠃

1924 ᠣᠨ ᠤ ᠦᠨᠳᠦᠰᠦᠨ ᠬᠠᠤᠯᠢ ᠳᠤ ᠵᠢᠭᠠᠭᠰᠠᠨ ᠪᠠᠶᠢᠳᠠᠯ[ᠵᠠᠰᠠᠪᠤᠷᠢᠯᠠᠬᠤ | ᠺᠣᠳ᠋ ᠢᠶᠠᠷ ᠵᠠᠰᠠᠬᠣ]

1924 ᠣᠨ ᠳᠤ ᠪᠠᠲᠤᠯᠠᠭᠳᠠᠭᠰᠠᠨ ᠤᠯᠤᠰ ᠤᠨ ᠠᠩᠬᠠᠳᠤᠭᠠᠷ ᠦᠨᠳᠦᠰᠦᠨ ᠬᠠᠤᠯᠢ ᠶᠢᠨ 49 ᠳᠦᠭᠡᠷ ᠵᠦᠢᠯ ᠳᠦ ᠪᠦᠭᠦᠳᠡ ᠨᠠᠶᠢᠷᠠᠮᠳᠠᠬᠤ ᠮᠣᠩᠭᠣᠯ ᠠᠷᠠᠳ ᠤᠯᠤᠰ ᠤᠨ ᠲᠥᠷᠥ ᠶᠢᠨ ᠳᠠᠯᠪᠠᠭ᠎ᠠ ᠶᠢ ᠲᠣᠳᠣᠷᠬᠠᠶᠢᠯᠠᠵᠤ ᠪᠢᠴᠢᠬᠦ ᠳᠦ ᠪᠡᠨ: 《ᠤᠯᠤᠰ ᠤᠨ ᠲᠤᠭ ᠳᠠᠯᠪᠠᠭ᠎ᠠ ᠶᠢ ᠤᠯᠠᠭᠠᠨ ᠥᠩᠭᠡ ᠲᠡᠢ ᠪᠥᠭᠡᠳ ᠳᠤᠮᠳᠠ ᠨᠢ ᠤᠯᠤᠰ ᠤᠨ ᠰᠦᠯᠳᠡ ᠲᠡᠮᠳᠡᠭ ᠢ ᠣᠷᠣᠭᠤᠯᠤᠨ ᠦᠢᠯᠡᠳᠦᠭᠦᠯᠵᠦ ᠭᠦᠢᠴᠡᠳᠬᠡᠭᠦᠯᠪᠡᠯ ᠵᠣᠬᠢᠨ᠎ᠠ》 ᠬᠡᠮᠡᠵᠡᠢ᠃

1940 ᠣᠨ ᠤ ᠦᠨᠳᠦᠰᠦᠨ ᠬᠠᠤᠯᠢ ᠳᠤ ᠵᠢᠭᠠᠭᠰᠠᠨ ᠪᠠᠶᠢᠳᠠᠯ[ᠵᠠᠰᠠᠪᠤᠷᠢᠯᠠᠬᠤ | ᠺᠣᠳ᠋ ᠢᠶᠠᠷ ᠵᠠᠰᠠᠬᠣ]

1940 ᠣᠨ ᠳᠤ ᠪᠦᠭᠦᠳᠡ ᠨᠠᠶᠢᠷᠠᠮᠳᠠᠬᠤ ᠮᠣᠩᠭᠣᠯ ᠠᠷᠠᠳ ᠤᠯᠤᠰ ᠶᠢᠨ 8 ᠳ᠋ᠤᠭᠠᠷ ᠶᠡᠬᠡ ᠬᠤᠷᠠᠯ ᠢᠶᠠᠷ ᠪᠠᠲᠤᠯᠠᠭᠰᠠᠨ ᠰᠢᠨ᠎ᠡ ᠦᠨᠳᠦᠰᠦᠨ ᠬᠠᠤᠯᠢ ᠶᠢᠨ 93 ᠳ᠋ᠤᠭᠠᠷ ᠵᠦᠢᠯ ᠳᠦ 《ᠪᠦᠭᠦᠳᠡ ᠨᠠᠶᠢᠷᠠᠮᠳᠠᠬᠤ ᠮᠣᠩᠭᠣᠯ ᠠᠷᠠᠳ ᠤᠯᠤᠰ ᠤᠨ ᠲᠤᠭ ᠨᠢ 1:2 ᠬᠡᠮᠵᠢᠶᠡᠨ ᠦ ᠤᠯᠠᠭᠠᠨ ᠥᠩᠭᠡ ᠶᠢᠨ ᠡᠳ᠋ ᠍ ᠢᠶᠡᠷ ᠦᠢᠯᠡᠳᠦᠭᠳᠡᠬᠦ ᠪᠥᠭᠡᠳ ᠠᠭᠤᠯᠠ ᠲᠤᠭ ᠤᠨ ᠲᠥᠪᠡᠳ ᠶᠢᠨ ᠰᠦᠯᠳᠡ ᠲᠡᠮᠳᠡᠭ ᠪᠠᠶᠢᠬᠤ ᠪᠠ ᠲᠡᠭᠦᠨ ᠦ ᠬᠣᠶᠠᠷ ᠲᠠᠯ᠎ᠠ ᠪᠠᠷ ᠪᠦᠭᠦᠳᠡ ᠨᠠᠶᠢᠷᠠᠮᠳᠠᠬᠤ ᠮᠣᠩᠭᠣᠯ ᠠᠷᠠᠳ ᠤᠯᠤᠰ ᠭᠡᠰᠡᠨ ᠦᠰᠦᠭ ᠲᠡᠢ ᠪᠠᠶᠢᠨ᠎ᠠ》 ᠭᠡᠵᠦ ᠵᠢᠭᠠᠭᠰᠠᠨ ᠪᠠᠶᠢᠨ᠎ᠠ᠃ ᠦᠨᠳᠦᠰᠦᠨ ᠬᠠᠤᠯᠢ ᠶᠢᠨ ᠵᠢᠭᠠᠯᠲᠠ ᠪᠠᠷ ᠤᠷᠢᠳᠤᠬᠢ ᠤᠯᠤᠰ ᠤᠨ ᠲᠤᠭ ᠤᠨ ᠬᠡᠮᠵᠢᠶ᠎ᠡ ᠨᠢ ᠳᠥᠪ ᠳᠥᠷᠪᠡᠯᠵᠢᠨ ᠪᠠᠶᠢᠭᠰᠠᠨ ᠢ ᠥᠭᠡᠷᠡᠴᠢᠯᠡᠵᠦ᠂ ᠲᠡᠭᠰᠢ ᠥᠨᠴᠥᠭᠲᠦ ᠭᠣᠨᠵᠣᠭᠣᠢ ᠪᠣᠯᠭᠠᠭᠰᠠᠨ ᠨᠢ ᠰᠢᠨ᠎ᠡ ᠵᠦᠢᠯ ᠶᠠᠭᠤᠮ᠎ᠠ᠃ ᠮᠥᠨ ᠦᠨᠳᠦᠰᠦᠨ ᠬᠠᠤᠯᠢ ᠶᠢᠨ ᠡᠨᠡ ᠵᠢᠭᠠᠯᠲᠠ ᠳᠤ ᠤᠯᠤᠰ ᠤᠨ ᠨᠡᠷ᠎ᠡ ᠶᠢ ᠨᠡᠮᠡᠨ ᠬᠢᠬᠦ ᠪᠣᠯᠤᠭᠰᠠᠨ ᠨᠢ ᠰᠢᠨ᠎ᠡ ᠪᠡᠷ ᠨᠡᠮᠡᠭᠳᠡᠭᠰᠡᠨ ᠪᠣᠯᠤᠨ᠎ᠠ᠃ ᠭᠡᠬᠦ ᠳᠦ ᠪᠡᠨ 1924-1940 ᠣᠨ ᠤ ᠬᠣᠭᠣᠷᠣᠨᠳᠣ ᠪᠠᠶᠢᠭᠰᠠᠨ ᠪᠦᠭᠦᠳᠡ ᠨᠠᠶᠢᠷᠠᠮᠳᠠᠬᠤ ᠮᠣᠩᠭᠣᠯ ᠠᠷᠠᠳ ᠤᠯᠤᠰ ᠤᠨ ᠲᠥᠷᠥ ᠶᠢᠨ ᠲᠤᠭ ᠳᠠᠯᠪᠠᠭᠠᠨ ᠳᠤ ᠤᠯᠤᠰ ᠤᠨ ᠨᠡᠷ᠎ᠡ ᠪᠠᠶᠢᠭᠰᠠᠨ ᠪᠠᠶᠢᠵᠤ ᠮᠠᠭᠠᠳ ᠦᠭᠡᠢ ᠪᠠᠶᠢᠨ᠎ᠠ᠃ ᠬᠠᠷᠢᠨ ᠤᠯᠤᠰ ᠤᠨ ᠲᠤᠭ ᠳᠠᠯᠪᠠᠭᠠᠨ ᠳᠤ ᠬᠡᠷᠡᠭᠯᠡᠬᠦ ᠰᠦᠯᠳᠡ ᠶᠢ ᠤᠯᠠᠮᠵᠢᠯᠠᠯᠲᠤ ᠰᠣᠶᠣᠮᠪᠣ ᠶᠢ ᠬᠡᠷᠡᠭᠯᠡᠬᠦ ᠪᠣᠯᠤᠭᠰᠠᠨ ᠪᠠᠶᠢᠨ᠎ᠠ᠃

ᠪᠦᠭᠦᠳᠡ ᠨᠠᠶᠢᠷᠠᠮᠳᠠᠬᠤ ᠮᠣᠩᠭᠣᠯ ᠠᠷᠠᠳ ᠤᠯᠤᠰ ᠤᠨ ᠲᠥᠷᠥ ᠶᠢᠨ ᠳᠠᠯᠪᠠᠭᠠᠨ ᠤ ᠵᠢᠷᠤᠭ-1960 ᠣᠨ[ᠵᠠᠰᠠᠪᠤᠷᠢᠯᠠᠬᠤ | ᠺᠣᠳ᠋ ᠢᠶᠠᠷ ᠵᠠᠰᠠᠬᠣ]

1960 ᠣᠨ ᠤ ᠦᠨᠳᠦᠰᠦᠨ ᠬᠠᠤᠯᠢ ᠶᠢᠨ ᠶᠡᠷᠡᠨ ᠨᠢᠭᠡᠳᠦᠭᠡᠷ ᠵᠦᠢᠯ ᠳᠦ ᠤᠯᠤᠰ ᠤᠨ ᠳᠠᠯᠪᠠᠭᠠᠨ ᠤ ᠲᠠᠯ᠎ᠠ ᠪᠠᠷ ᠵᠢᠭᠠᠬᠤ ᠳᠤ ᠪᠠᠨ: 《ᠪᠦᠭᠦᠳᠡ ᠨᠠᠶᠢᠷᠠᠮᠳᠠᠬᠤ ᠮᠣᠩᠭᠣᠯ ᠠᠷᠠᠳ ᠤᠯᠤᠰ ᠤᠨ ᠲᠥᠷᠥ ᠶᠢᠨ ᠳᠠᠯᠪᠠᠭ᠎ᠠ ᠶᠢ ᠤᠯᠤᠰ ᠤᠨ ᠰᠦᠯᠳᠡ ᠶᠢ ᠦᠨᠳᠦᠰᠦᠯᠡᠨ ᠬᠢᠨ᠎ᠡ᠃ ᠪᠦᠭᠦᠳᠡ ᠨᠠᠶᠢᠷᠠᠮᠳᠠᠬᠤ ᠮᠣᠩᠭᠣᠯ ᠠᠷᠠᠳ ᠤᠯᠤᠰ ᠤᠨ ᠲᠥᠷᠥ ᠶᠢᠨ ᠳᠠᠯᠪᠠᠭ᠎ᠠ ᠶᠢ ᠤᠯᠠᠭᠠᠨ᠂ ᠬᠥᠬᠡ ᠥᠩᠭᠡ ᠶᠢᠨ ᠡᠳ᠋ ᠍ ᠢᠶᠡᠷ ᠦᠢᠯᠡᠳᠬᠦ ᠪᠥᠭᠡᠳ ᠲᠡᠭᠡᠬᠦ ᠳᠦ ᠪᠡᠨ ᠭᠤᠷᠪᠠ ᠬᠤᠪᠢᠶᠠᠭᠰᠠᠨ ᠤ ᠨᠢᠭᠡ ᠶᠢᠨ ᠬᠡᠮᠵᠢᠶ᠎ᠡ ᠲᠡᠢ᠂ ᠳᠤᠮᠳᠠ ᠲᠠᠯ᠎ᠠ ᠨᠢ ᠥᠬᠡᠣᠭᠲᠠᠷᠭᠤᠢ ᠶᠢᠨ ᠥᠩᠭᠡ ᠲᠡᠢ ᠪᠠᠶᠢᠬᠤ ᠪᠠ ᠲᠡᠭᠦᠨ ᠦ ᠬᠣᠶᠠᠷ ᠬᠠᠵᠠᠭᠤ ᠲᠠᠯ᠎ᠠ ᠨᠢ ᠤᠯᠠᠭᠠᠨ ᠥᠩᠭᠡᠲᠡᠢ ᠪᠠᠶᠢᠨ᠎ᠠ᠃ ᠡᠰᠢᠨ ᠳᠦ ᠤᠶᠠᠬᠤ ᠲᠠᠯ᠎ᠠ ᠶᠢᠨ ᠤᠯᠠᠭᠠᠨ ᠳᠡᠪᠢᠰᠬᠡᠷ ᠦᠨ ᠳᠡᠭᠡᠳᠦ ᠬᠡᠰᠡᠭ ᠲᠦ ᠠᠯᠲᠠᠨ ᠲᠠᠪᠤᠨ ᠬᠤᠰᠢᠭᠤ᠂ ᠲᠡᠭᠦᠨ ᠦ ᠳᠣᠣᠷ᠎ᠠ ᠮᠥᠨ ᠠᠯᠲᠠᠨ ᠰᠣᠶᠣᠮᠪᠣ ᠦᠰᠦᠭ ᠪᠠᠶᠢᠨ᠎ᠠ᠃ ᠳᠠᠯᠪᠠᠭᠠᠨ ᠤ ᠥᠷᠭᠡᠨ ᠤᠷᠲᠤ ᠬᠣᠶᠠᠷ ᠨᠢᠭᠡ ᠶᠢᠨ ᠬᠠᠷᠢᠴᠠᠬᠤ ᠬᠣᠶᠠᠷ ᠤᠨ ᠬᠠᠷᠢᠴᠠᠭ᠎ᠠ ᠲᠠᠢ ᠪᠠᠶᠢᠨ᠎ᠠ》 ᠬᠡᠮᠡᠵᠡᠢ᠃

1992 ᠣᠨ ᠤ ᠦᠨᠳᠦᠰᠦᠨ ᠬᠠᠤᠯᠢ ᠳᠤ ᠤᠯᠤᠰ ᠤᠨ ᠳᠠᠯᠪᠠᠭᠠᠨ ᠤ ᠲᠠᠯ᠎ᠠ ᠪᠠᠷ ᠵᠢᠭᠠᠬᠤ ᠳᠤ ᠪᠠᠨ: 《1. ᠮᠣᠩᠭᠣᠯ ᠤᠯᠤᠰ ᠤᠨ ᠲᠤᠰᠠᠭᠠᠷ ᠲᠣᠭᠲᠠᠨᠢᠯ᠂ ᠪᠦᠷᠢᠨ ᠡᠷᠬᠡᠲᠦ ᠪᠠᠶᠢᠳᠠᠯ ᠤᠨ ᠪᠡᠯᠭᠡ ᠲᠡᠮᠳᠡᠭ ᠨᠢ ᠲᠥᠷᠥ ᠶᠢᠨ ᠰᠦᠯᠳᠡ᠂ ᠲᠤᠭ᠂ ᠳᠠᠯᠪᠠᠭ᠎ᠠ᠂ ᠲᠠᠮᠠᠭ᠎ᠠ᠂ ᠳᠠᠭᠤᠯᠠᠯ ᠮᠥᠨ᠃ 2. ᠲᠥᠷᠥ ᠶᠢᠨ ᠰᠦᠯᠳᠡ᠂ ᠲᠤᠭ᠂ ᠳᠠᠯᠪᠠᠭ᠎ᠠ᠂ ᠳᠠᠭᠤᠯᠠᠯ ᠨᠢ ᠮᠣᠩᠭᠣᠯ ᠤᠨ ᠠᠷᠠᠳ ᠲᠦᠮᠡᠨ ᠦ ᠲᠡᠦᠬᠡᠨ ᠤᠯᠠᠮᠵᠢᠯᠠᠯ᠂ ᠬᠦᠰᠡᠯ ᠲᠡᠮᠡᠦᠯᠡᠯ᠂ ᠡᠪ ᠨᠢᠭᠡᠳᠦᠯ᠂ ᠰᠢᠳᠤᠷᠭᠤ ᠶᠣᠰᠣ᠂ ᠴᠣᠭ ᠬᠡᠶᠢᠮᠣᠷᠢ ᠶᠢ ᠢᠯᠡᠷᠬᠡᠶᠢᠯᠡᠨ᠎ᠡ᠃ 5. ᠮᠣᠩᠭᠣᠯ ᠤᠯᠤᠰ ᠤᠨ ᠲᠥᠷᠥ ᠶᠢᠨ ᠳᠠᠯᠪᠠᠭ᠎ᠠ ᠨᠢ ᠤᠯᠠᠭᠠᠨ᠂ ᠬᠥᠬᠡ᠂ ᠤᠯᠠᠭᠠᠨ ᠬᠣᠣᠰᠯᠠᠭᠰᠠᠨ ᠥᠩᠭᠡᠲᠡᠢ ᠪᠠᠶᠢᠨ᠎ᠠ᠃ ᠳᠠᠯᠪᠠᠭᠠᠨ ᠤ ᠭᠤᠷᠪᠠ ᠬᠤᠪᠢᠶᠠᠭᠰᠠᠨ ᠤ ᠨᠢᠭᠡ ᠶᠢᠨ ᠬᠡᠮᠵᠢᠶ᠎ᠡ ᠲᠡᠢ ᠳᠤᠮᠳᠠᠬᠢ ᠬᠡᠰᠡᠭ ᠨᠢ ᠮᠥᠩᠬᠡ ᠲᠩᠷᠢ ᠶᠢᠨ ᠬᠥᠬᠡ᠂ ᠲᠡᠭᠦᠨ ᠦ ᠬᠣᠶᠠᠷ ᠲᠠᠯ᠎ᠠ ᠨᠢ ᠮᠠᠨᠳᠤᠨ ᠪᠠᠳᠠᠷᠠᠬᠤ ᠶᠢᠨ ᠪᠡᠯᠭᠡᠳᠡᠯ ᠤᠯᠠᠭᠠᠨ ᠥᠩᠭᠡᠲᠡᠢ ᠪᠠᠶᠢᠨ᠎ᠠ᠃ ᠳᠠᠯᠪᠠᠭᠠᠨ ᠤ ᠡᠰᠢᠨ ᠲᠠᠯ᠎ᠠ ᠶᠢᠨ ᠤᠯᠠᠭᠠᠨ ᠳᠡᠪᠢᠰᠬᠡᠷ ᠦᠨ ᠲᠥᠪ ᠬᠡᠰᠡᠭ ᠲᠦ ᠠᠯᠲᠠᠨ ᠰᠣᠶᠣᠮᠪᠣ ᠪᠠᠶᠢᠷᠢᠯᠠᠭᠤᠯᠤᠨ᠎ᠠ᠃ ᠳᠠᠯᠪᠠᠭᠠᠨ ᠤ ᠥᠷᠭᠡᠨ᠂ ᠤᠷᠲᠤ ᠨᠢ 1:2 ᠍ ᠶᠢᠨ ᠬᠠᠷᠢᠴᠠᠭ᠎ᠠ ᠲᠠᠢ ᠪᠠᠶᠢᠨ᠎ᠠ》 ᠬᠡᠮᠡ ᠵᠠᠭᠠᠴᠠᠢ᠃

ᠲᠡᠦᠬᠡᠨ ᠳᠠᠯᠪᠠᠭ᠎ᠠ ᠨᠤᠭᠤᠳ[ᠵᠠᠰᠠᠪᠤᠷᠢᠯᠠᠬᠤ | ᠺᠣᠳ᠋ ᠢᠶᠠᠷ ᠵᠠᠰᠠᠬᠣ]

1992 ᠣᠨ ᠠᠴᠠ ᠡᠮᠦᠨ᠎ᠡ ᠪᠦᠭᠦᠳᠡ ᠨᠠᠶᠢᠷᠠᠮᠳᠠᠬᠤ ᠮᠣᠩᠭᠣᠯ ᠠᠷᠠᠳ ᠤᠯᠤᠰ ᠤᠨ ᠲᠥᠷᠥ ᠶᠢᠨ ᠳᠠᠯᠪᠠᠭᠠᠨ ᠤ ᠡᠰᠢᠨ ᠲᠠᠯ᠎ᠠ ᠶᠢᠨ ᠳᠡᠭᠡᠷ᠎ᠡ ᠰᠣᠼᠢᠶᠠᠯᠢᠰᠮ ᠢ ᠪᠡᠯᠭᠡᠳᠡᠬᠦ ᠰᠢᠷ᠎ᠠ ᠲᠠᠪᠤᠨ ᠬᠣᠰᠢᠭᠤ ᠪᠠᠶᠢᠷᠢᠯᠠᠳᠠᠭ ᠪᠠᠶᠢᠪᠠ᠃ ᠬᠥᠬᠡ ᠲᠤᠤᠵᠠ ᠨᠢ ᠪᠠᠰᠠ ᠢᠯᠡᠭᠦᠦ ᠪᠠᠷᠠᠭᠠᠨ ᠪᠠᠶᠢᠭᠰᠠᠨ᠃

ᠯᠠᠪᠠᠯᠠᠬᠤ ᠪᠢᠴᠢᠭ[ᠵᠠᠰᠠᠪᠤᠷᠢᠯᠠᠬᠤ | ᠺᠣᠳ᠋ ᠢᠶᠠᠷ ᠵᠠᠰᠠᠬᠣ]

ᠪᠢᠴᠢᠭᠡᠰᠦ