ᠮᠣᠩᠭᠣᠯ ᠤᠯᠤᠰ

ᠴᠢᠯᠦᠭᠡᠲᠦ ᠨᠡᠪᠲᠡᠷᠬᠡᠢ ᠲᠣᠯᠢ — ᠸᠢᠺᠢᠫᠧᠳᠢᠶ᠎ᠠ ᠠᠴᠠ
ᠬᠠᠷᠠᠶᠢᠬᠤ: ᠤᠳᠤᠷᠢᠳᠬᠤ, ᠬᠠᠶᠢᠯᠲᠠ
<tr> <td colspan="3" style="text-align:center; padding:0.6em 0em;">
ᠳᠡᠯᠡᠬᠡᠢ ᠶᠢᠨ ᠲᠠᠯ᠎ᠠ ᠪᠥᠮᠪᠥᠷᠴᠡᠭ ᠲᠦ ᠮᠣᠩᠭᠣᠯ ᠢ ᠤᠯᠠᠭᠠᠨ ᠢᠶᠠᠷ
ᠳᠡᠯᠡᠬᠡᠢ ᠶᠢᠨ ᠲᠠᠯ᠎ᠠ ᠪᠥᠮᠪᠥᠷᠴᠡᠭ ᠲᠦ ᠮᠣᠩᠭᠣᠯ ᠢ ᠤᠯᠠᠭᠠᠨ ᠢᠶᠠᠷ
</td>
</tr><tr class="mergedtoprow"><td colspan="2">ᠨᠡᠶᠢᠰᠯᠡᠯ</td><td>Mn coa ulaanbaatar.png ᠤᠯᠠᠭᠠᠨᠪᠠᠭᠠᠲᠤᠷ
</td></tr>
<tr class="mergedbottomrow">
<td colspan="2">ᠲᠣᠮᠣ ᠬᠣᠲᠠ</td>
<td>ᠡᠷᠳᠡᠨᠢᠲᠦᠳᠠᠷᠬᠠᠨ</td></tr><tr>
<th colspan="2" style="vertical-align:middle; white-space:nowrap;">ᠠᠯᠪᠠᠨ ᠬᠡᠯᠡ</th>
<td>ᠮᠣᠩᠭᠣᠯ ᠬᠡᠯᠡ [1]</td>
</tr><tr>
<td colspan="2">ᠠᠯᠪᠠᠨ ᠦᠰᠦᠭ</td>
<td style="vertical-align:middle;">ᠺᠢᠷᠢᠯ ᠮᠣᠩᠭᠣᠯ (1941 ᠣᠨ ᠠᠴᠠ)
ᠬᠤᠳᠤᠮ ᠮᠣᠩᠭᠣᠯ (ᠰᠡᠷᠭᠦᠭᠡᠨ)</td> </tr><tr> <td colspan="2">ᠠᠷᠠᠳ ᠲᠦᠮᠡᠨ 
(2010 ᠤᠨ)</td> <td>ᠮᠣᠩᠭᠣᠯ ᠤᠨ ᠠᠷᠠᠳ ᠲᠦᠮᠡᠨ →
95.1% – ᠮᠣᠩᠭᠣᠯ ᠦᠨᠳᠦᠰᠦᠲᠡᠨ
3.9% – ᠬᠠᠰᠠᠭ ᠦᠨᠳᠦᠰᠦᠲᠡᠨ
1.0% – ᠪᠤᠰᠤᠳ ᠠᠷᠠᠳ ᠲᠦᠮᠡᠨ</td> </tr><tr class="mergedrow"> <td style="width:0.5em; padding:0 0 0 0.6em;"> - </td> <td style="padding-left:0em;">ᠨᠤᠲᠤᠭ ᠤᠨ ᠣᠯᠠᠨ</td> <td>100% – ᠮᠣᠩᠭᠣᠯ ᠤᠨ ᠬᠢᠨ
(ᠮᠣᠩᠭᠣᠯ ᠤᠯᠤᠰ ᠤᠨ ᠬᠢᠨ)</td> </tr><tr> <th colspan="2">ᠲᠥᠷᠥ ᠵᠠᠰᠠᠭ</th> <td>ᠠᠷᠠᠳᠴᠢᠯᠠᠭᠰᠠᠨ ᠳᠢᠭᠯᠢᠮᠨᠢᠭᠡᠳᠦᠮᠡᠯ
ᠪᠠᠶᠢᠭᠤᠯᠤᠮᠵᠢ
᠂ ᠫᠠᠷᠯᠠᠮᠧᠨᠲ ᠤᠨ
ᠪᠦᠭᠦᠳᠡ ᠨᠠᠶᠢᠷᠠᠮᠳᠠᠬᠤ ᠵᠠᠰᠠᠭᠲᠠᠢ</td> </tr><tr class="mergedrow"> <td style="width:1em; padding:0 0 0 0.6em;"> - </td> <td style="padding-left:0em;">ᠶᠡᠷᠦᠩᠬᠡᠶᠢᠯᠡᠭᠴᠢ</td> <td>ᠴᠠᠬᠢᠭ᠎ᠠ ᠶᠢᠨ ᠡᠯᠪᠡᠭᠳᠣᠷᠵᠢ (ᠠᠷᠠᠳᠴᠢᠯᠠᠭᠰᠠᠨ ᠨᠠᠮ)</td> </tr><tr class="mergedrow"> <td style="width:1em; padding:0 0 0 0.6em;"> - </td> <td style="padding-left:0em;">ᠶᠡᠷᠦᠩᠬᠡᠢ ᠰᠠᠶᠢᠳ</td> <td>ᠴᠢᠮᠡᠳ ᠦᠨ ᠰᠠᠶᠢᠬᠠᠨᠪᠢᠯᠢᠭ (ᠠᠷᠠᠳᠴᠢᠯᠠᠭᠰᠠᠨ ᠨᠠᠮ)</td> </tr><tr class="mergedrow"> <td style="width:1em; padding:0 0 0 0.6em;"> - </td> <td style="padding-left:0em;">ᠤᠯᠤᠰ ᠤᠨ ᠬᠤᠷᠠᠯ</td> <td>«ᠤᠯᠤᠰ ᠤᠨ ᠶᠡᠬᠡ ᠬᠤᠷᠠᠯ» (ᠤᠯᠤᠰ ᠤᠨ ᠶᠡᠬᠡ ᠬᠤᠷᠠᠯ)</td> </tr><tr class="mergedbottomrow"> <td style="width:1em; padding:0 0 0 0.6em;"> - </td> <td style="padding-left:0em;">ᠤᠯᠤᠰ ᠤᠨ ᠶᠡᠬᠡ ᠬᠤᠷᠠᠯ ᠤᠨ ᠳᠠᠷᠤᠭ᠎ᠠ</td> <td>ᠵᠠᠩᠳᠠᠬᠦᠦ ᠶᠢᠨ ᠡᠩᠬᠡᠪᠣᠯᠤᠳ (ᠠᠷᠠᠳᠴᠢᠯᠠᠭᠰᠠᠨ ᠨᠠᠮ)</td> </tr><tr class="mergedtoprow"><th colspan="3">ᠲᠡᠦᠬᠡᠨ ᠦᠢᠯᠡ ᠶᠠᠪᠤᠳᠠᠯ</th></tr><tr class="mergedrow"> <td style="width:1em; padding:0 0 0 0.6em;"> - </td> <td style="padding-left:0em;">ᠨᠡᠶᠢᠲᠡ ᠶᠢᠨ ᠤᠨ ᠲᠣᠭᠠᠯᠠᠯ ᠠᠴᠠ ᠡᠮᠦᠨ᠎ᠡ 209 ᠣᠨ</td> <td>ᠮᠣᠩᠭᠣᠯ ᠣᠷᠣᠨ ᠤ ᠠᠩᠬᠠᠨ ᠤ ᠲᠥᠷᠥ ᠳᠦ
ᠤᠯᠤᠰ ᠾᠦᠩᠨᠦ ᠤᠯᠤᠰ ᠪᠠᠶᠢᠭᠤᠯᠤᠭᠳᠠᠪᠠ᠃ </td> </tr><tr class="mergedrow"> <td style="width:1em; padding:0 0 0 0.6em;"> - </td> <td style="padding-left:0em;">1206 ᠣᠨ</td> <td>ᠮᠣᠩᠭᠣᠯ ᠦᠨᠳᠦᠰᠦᠲᠡᠨ ᠮᠠᠨᠳᠤᠭᠰᠠᠨ ᠶᠡᠬᠡ
ᠮᠣᠩᠭᠣᠯ ᠤᠯᠤᠰ
ᠪᠠᠶᠢᠭᠤᠯᠤᠭᠳᠠᠪᠠ᠃ </td> </tr><tr class="mergedbottomrow"> <td style="width:1em; padding:0 0 0 0.6em;"> - </td> <td style="padding-left:0em;">1911-12-29</td> <td>ᠬᠠᠷᠢ ᠤᠯᠤᠰ ᠮᠥᠬᠥᠵᠦ᠂ ᠣᠷᠴᠢᠨ ᠦᠶ᠎ᠡ ᠶᠢᠨ
ᠮᠣᠩᠭᠣᠯ ᠤᠯᠤᠰ ᠲᠤᠰᠠᠭᠠᠷ ᠲᠣᠭᠲᠠᠨᠢᠪᠠ᠃ </td> </tr><tr class="mergedtoprow"> <th colspan="3">ᠨᠤᠲᠤᠭ ᠳᠡᠪᠢᠰᠬᠡᠷ</th> </tr> <tr class="mergedrow"> <td style="width:1em; padding:0 0 0 0.6em;"> - </td> <td style="padding-left:0em;">ᠪᠦᠬᠦ ᠲᠠᠯᠠᠪᠠᠢ</td> <td>1.566.600 km2 (19)<tr class="mergedrow"> <td style="width:1em; padding:0 0 0 0.6em;"> - </td> <td style="padding-left:0em;">ᠭᠠᠳᠠᠷᠭᠤ ᠶᠢᠨ ᠤᠰᠤ (%)</td> <td>0.43 ᠬᠤᠪᠢ[2]</td> </tr><tr class="mergedtoprow"> <th colspan="3">ᠬᠦᠮᠦᠨ ᠠᠮᠠ</th> </tr><tr class="mergedrow"> <td style="width:1em; padding:0 0 0 0.6em;"> - </td> <td style="padding-left:0em;">ᠲᠣᠭᠠᠴᠠᠭ᠎ᠠ (2015)</td> <td>3,000,000 ᠬᠦᠮᠦᠨ[3] </td> </tr><tr class="mergedrow"> <td style="width:1em; padding:0 0 0 0.6em;"> - </td> <td style="padding-left:0em;">ᠲᠣᠭᠠᠯᠠᠯᠭ᠎ᠠ (2010)</td> <td>2,754,685 ᠬᠦᠮᠦᠨ [4] (140)</td> </tr><tr class="mergedbottomrow"> <td style="width:1em; padding:0 0 0 0.6em;"> - </td> <td style="padding-left:0em;">ᠨᠢᠭᠲᠠᠴᠠ ᠰᠡᠶᠢᠷᠡᠭ</td> <td>1.84 ᠬᠦᠮᠦᠨ/km2 <tr class="mergedtoprow"> <td colspan="2">GDP (ХАЧТ)</td> <td>2012 ᠣᠨ ᠤ ᠲᠣᠭᠠᠴᠠᠭ᠎ᠠ</td> </tr> <tr class="mergedrow"> <td style="width:1em; padding:0 0 0 0.6em;"> - </td> <td style="padding-left:0em;">ᠨᠡᠶᠢᠲᠡ ᠳ᠋ᠦᠩ</td> <td>15.192 ᠲᠡᠷᠪᠤᠮ $[5] </td> </tr><tr class="mergedbottomrow"> <td style="width:1em; padding:0 0 0 0.6em;"> - </td> <td style="padding-left:0em;">ᠨᠢᠭᠡ ᠬᠦᠨᠳᠦ</td> <td>5,371 $[5] </td> </tr><tr class="mergedtoprow"> <td colspan="2">GDP (ᠨᠡᠷᠡᠯᠡᠭᠰᠡᠨ)</td> <td>2012 ᠣᠨ ᠤ ᠲᠣᠭᠠᠴᠠᠭ᠎ᠠ</td> </tr> <tr class="mergedrow"> <td style="width:1em; padding:0 0 0 0.6em;"> - </td> <td style="padding-left:0em;">ᠨᠡᠶᠢᠲᠡ ᠳ᠋ᠦᠩ</td> <td>10.258 ᠲᠡᠷᠪᠤᠮ $[5] </td> </tr><tr class="mergedbottomrow"> <td style="width:1em; padding:0 0 0 0.6em;"> - </td> <td style="padding-left:0em;">ᠨᠢᠭᠡ ᠬᠦᠨᠳᠦ</td> <td>3,627 $[5] </td> </tr><tr> <td colspan="2">Gini (2008)</td> <td>36.5[6] (ᠳᠤᠮᠳᠠᠴᠢ) </td> </tr><tr> <td colspan="2">ᠬᠡᠦᠬᠡᠳ ᠦᠨ ᠬᠥᠭᠵᠢᠯ ᠦᠨ ᠢᠨᠳᠧᠺᠰ (2013)</td> <td> 0.675[7] (ᠳᠤᠮᠳᠠ) (108)</td> </tr><tr> <th colspan="2" style="vertical-align:middle;">ᠮᠥᠩᠭᠥᠨ ᠦ ᠨᠢᠭᠡᠴᠡ</th> <td>ᠲᠥᠭᠥᠷᠢᠭ (₮) (MNT) </td> </tr><tr > <th colspan="2">ᠴᠠᠭ ᠤᠨ ᠪᠥᠰᠡ</th> <td>ᠮᠣᠩᠭᠣᠯ ᠤᠨ ᠴᠠᠭ (ГЧ+8, ГЧ+7) </td> </tr><tr> <th colspan="2">ᠤᠲᠠᠰᠤ᠂ ᠳᠣᠮᠡᠢ ᠶᠢᠨ</th> <td>+976 / .mn</td> </tr><tr> <th colspan="2">ᠨᠡᠷ᠎ᠡ ᠲᠣᠮᠢᠶ᠎ᠠ</th> <td>MN, MNG / ᠮᠣᠩᠭᠣᠯ ᠤᠯᠤᠰ</td> </tr><tr class="mergedtoprow">
<td colspan="3" style="text-align:center; padding:0.6em 0em;">
2005 ᠣᠨ ᠤ 5 ᠍ ᠳᠦᠭᠡᠷ ᠰᠠᠷ᠎ᠠ ᠳᠤ ᠮᠣᠩᠭᠣᠯ ᠢ ᠬᠢᠮᠡᠯ ᠳᠠᠭᠠᠭᠤᠯᠢ ᠠᠴᠠ ᠬᠠᠷᠠᠭᠰᠠᠨ ᠨᠢ
2005 ᠣᠨ ᠤ 5 ᠍ ᠳᠦᠭᠡᠷ ᠰᠠᠷ᠎ᠠ ᠳᠤ ᠮᠣᠩᠭᠣᠯ ᠢ ᠬᠢᠮᠡᠯ ᠳᠠᠭᠠᠭᠤᠯᠢ ᠠᠴᠠ ᠬᠠᠷᠠᠭᠰᠠᠨ ᠨᠢ
</td>
</tr></table>

ᠮᠣᠩᠭᠣᠯ ᠤᠯᠤᠰ ᠨᠢ ᠲᠥᠪ ᠠᠽᠢᠶ᠎ᠠ ᠳᠦ ᠤᠷᠤᠰᠢᠬᠤ ᠤᠯᠤᠰ ᠶᠤᠮ᠃ ᠬᠣᠶᠢᠳᠤ ᠲᠠᠯ᠎ᠠ ᠪᠠᠷ ᠢᠶᠠᠨ ᠣᠷᠣᠰ ᠬᠣᠯᠪᠣᠭᠠᠨ ᠤ ᠤᠯᠤᠰ᠂ ᠪᠤᠰᠤᠳ ᠲᠠᠯ᠎ᠠ ᠪᠠᠷ ᠢᠶᠠᠨ ᠪᠦᠭᠦᠳᠡ ᠨᠠᠶᠢᠷᠠᠮᠳᠠᠬᠤ ᠳᠤᠮᠳᠠᠳᠤ ᠠᠷᠠᠳ ᠤᠯᠤᠰ ᠍ ᠲᠠᠢ ᠬᠢᠯᠢᠯᠡᠳᠡᠭ ᠪᠥᠭᠡᠳ ᠮᠣᠩᠭᠣᠯ ᠤᠯᠤᠰ ᠤᠨ ᠪᠠᠷᠠᠭᠤᠨ ᠬᠢᠯᠢ ᠬᠠᠰᠠᠭᠰᠲ᠋ᠠᠨ ᠠᠴᠠ 38 ᠺᠢᠯᠣᠮᠧᠲ᠋ᠷ ᠵᠠᠶᠢᠲᠠᠢ ᠪᠠᠶᠢᠳᠠᠭ᠃ ᠨᠡᠶᠢᠰᠯᠡᠯ ᠪᠥᠭᠡᠳ ᠬᠠᠮᠤᠭ ᠤᠨ ᠲᠣᠮᠣ ᠬᠣᠲᠠ ᠨᠢ ᠨᠡᠶᠢᠲᠡ ᠬᠦᠮᠦᠨ ᠠᠮᠠ ᠶᠢᠨ 40 ᠭᠠᠷᠤᠢ ᠬᠤᠪᠢ ᠨᠢ ᠣᠷᠣᠰᠢᠨ ᠰᠠᠭᠤᠳᠠᠭ ᠤᠯᠠᠭᠠᠨᠪᠠᠭᠠᠲᠤᠷ ᠃ ᠤᠯᠤᠰ ᠲᠥᠷᠥ ᠶᠢᠨ ᠵᠠᠰᠠᠭᠯᠠᠯ ᠤᠨ ᠬᠡᠯᠪᠡᠷᠢ ᠶᠢᠨ ᠬᠤᠪᠢ ᠳᠤ ᠨᠢᠭᠡ ᠲᠠᠩᠬᠢᠮᠳᠤ ᠫᠠᠷᠯᠠᠮᠧᠨᠲ (ᠤᠯᠤᠰ ᠤᠨ ᠬᠤᠷᠠᠯ) ᠲᠠᠢ ᠪᠦᠭᠦᠳᠡ ᠨᠠᠶᠢᠷᠠᠮᠳᠠᠬᠤ ᠤᠯᠤᠰ ᠪᠣᠯᠤᠨ᠎ᠠ᠃ ᠲᠥᠷᠥ ᠶᠢᠨ ᠲᠡᠷᠢᠭᠦᠨ ᠨᠢ ᠶᠡᠷᠦᠩᠬᠡᠶᠢᠯᠡᠭᠴᠢ᠂ ᠵᠠᠰᠠᠭ ᠤᠨ ᠭᠠᠵᠠᠷ ᠤᠨ ᠲᠡᠷᠢᠭᠦᠨ ᠨᠢ ᠶᠡᠷᠦᠩᠬᠡᠢ ᠰᠠᠶᠢᠳ᠂ ᠬᠠᠤᠯᠢ ᠲᠣᠭᠲᠠᠭᠠᠬᠤ ᠡᠷᠬᠡ ᠲᠡᠢ ᠪᠤᠶᠤ ᠲᠥᠷᠥ ᠶᠢᠨ ᠳᠡᠭᠡᠳᠦ ᠪᠠᠶᠢᠭᠤᠯᠤᠯᠭ᠎ᠠ ᠨᠢ ᠤᠯᠤᠰ ᠤᠨ ᠶᠡᠬᠡ ᠬᠤᠷᠠᠯ ᠶᠤᠮ᠃

ᠮᠣᠩᠭᠣᠯ ᠤᠯᠤᠰ ᠨᠢ ᠮᠣᠩᠭᠣᠯ (95%) ᠂ ᠬᠠᠰᠠᠭ (4.9%)᠂ ᠪᠣᠯᠤᠨ ᠪᠤᠰᠤᠳ (0.1%) ᠦᠨᠳᠦᠰᠦᠲᠡᠨ ᠨᠦᠭᠦᠳ ᠡᠴᠡ ᠪᠥᠷᠢᠳᠬᠦ 3 ᠰᠠᠶ᠎ᠠ ᠬᠦᠮᠦᠨ ᠠᠮᠠ ᠲᠠᠢ᠃ ᠮᠣᠩᠭᠣᠯ ᠤᠯᠤᠰ ᠨᠢ ᠳᠠᠯᠠᠢ ᠳᠤ ᠭᠠᠷᠤᠴᠠ ᠦᠭᠡᠢ ᠪᠥᠭᠡᠳ ᠪᠤᠷᠬᠠᠨ ᠤ ᠱᠠᠰᠢᠨ ᠨᠡᠶᠢᠲᠡ ᠬᠦᠮᠦᠨ ᠠᠮᠠ ᠶᠢᠨ ᠳᠡᠶᠢᠯᠦᠩᠬᠢ ᠳᠦ ᠨᠥᠯᠥᠭᠡ ᠲᠡᠢ ᠶᠤᠮ᠃ ᠭᠠᠵᠠᠷ ᠨᠤᠲᠤᠭ ᠤᠨ ᠬᠡᠮᠵᠢᠶ᠎ᠡ ᠪᠡᠷ ᠳᠡᠯᠡᠬᠡᠢ ᠳᠦ 19 ᠍ ᠳᠦ ᠵᠢᠭ᠌ᠰᠠᠭᠠᠳᠠᠭ᠃ ᠳᠠᠯᠠᠢ ᠶᠢᠨ ᠲᠦᠪᠰᠢᠨ ᠡᠴᠡ ᠳᠡᠭᠡᠭᠰᠢ ᠳᠤᠮᠳᠠᠴᠢ ᠪᠠᠷ 1,580 ᠮᠧᠲ᠋ᠷ ᠲᠦ ᠡᠷᠭᠦᠭᠳᠡᠭᠰᠡᠨ ᠪᠠᠶᠢᠳᠠᠭ ᠪᠥᠭᠡᠳ ᠬᠦᠮᠦᠨ ᠠᠮᠠ ᠪᠣᠯᠤᠨ ᠭᠠᠵᠠᠷ ᠨᠤᠲᠤᠭ ᠤᠨ ᠬᠠᠷᠢᠴᠠᠭᠤᠯᠤᠯᠲᠠ ᠪᠠᠷ ᠳᠡᠯᠡᠬᠡᠢ ᠶᠢᠨ ᠬᠠᠮᠤᠭ ᠤᠨ ᠬᠦᠮᠦᠨ ᠠᠮᠠ ᠶᠢᠨ ᠨᠢᠭᠲᠠᠷᠠᠯ ᠪᠠᠭᠠᠲᠠᠢ ᠤᠯᠤᠰ ᠶᠤᠮ᠃ ᠨᠤᠲᠤᠭ ᠤᠨ ᠳᠡᠶᠢᠯᠦᠩᠬᠢ ᠨᠢ ᠲᠠᠯ᠎ᠠᠬᠡᠭᠡᠷ᠎ᠡ ᠪᠥᠭᠡᠳ ᠬᠣᠶᠢᠳᠤ ᠪᠣᠯᠤᠨ ᠪᠠᠷᠠᠭᠤᠨ ᠲᠠᠯ᠎ᠠ ᠪᠠᠷ ᠠᠯᠲᠠᠢᠬᠠᠩᠭᠠᠢᠬᠡᠨᠲᠡᠢ ᠨᠢᠷᠤᠭᠤᠳ᠂ ᠪᠤᠰᠤᠳ ᠰᠠᠯᠪᠤᠷᠢ ᠠᠭᠣᠯᠠᠰ ᠰᠤᠨᠤᠨ ᠲᠣᠭᠲᠠᠭᠰᠠᠨ ᠪᠠ ᠡᠮᠦᠨᠡᠲᠦ ᠬᠡᠰᠡᠭ ᠲᠦ ᠭᠣᠪᠢ ᠵᠣᠩᠬᠢᠯᠠᠨ᠎ᠠ᠃ ᠬᠥᠳᠡᠭᠡ ᠠᠵᠤ ᠠᠬᠤᠢ ᠶᠢᠨ ᠰᠠᠯᠪᠤᠷᠢ ᠳᠤ ᠪᠡᠯᠴᠢᠭᠡᠷ ᠦᠨ ᠮᠠᠯ ᠠᠵᠤ ᠠᠬᠤᠢ ᠡᠷᠬᠢᠯᠡᠳᠡᠭ᠂ ᠮᠥᠨ ᠭᠣᠣᠯ ᠮᠥᠷᠡᠨ ᠨᠦᠭᠦᠳ ᠦᠨ ᠠᠢ ᠰᠠᠪᠠ ᠭᠠᠵᠠᠷ ᠤᠳ ᠢᠶᠠᠷ ᠤᠯᠠᠭᠠᠨ ᠪᠤᠭᠤᠳᠠᠢᠬᠦᠨᠡᠰᠦᠨ ᠦ ᠨᠣᠭᠣᠭ᠎ᠠ ᠭᠣᠣᠯᠴᠢᠯᠠᠨ ᠲᠠᠷᠢᠶᠠᠯᠠᠳᠠᠭ᠃ ᠨᠡᠭᠦᠷᠡᠰᠦᠲᠡᠮᠦᠷ ᠦᠨ ᠬᠥᠳᠡᠷᠵᠡᠰ ᠵᠡᠷᠭᠡ ᠠᠰᠢᠭᠲᠤ ᠮᠠᠯᠲᠠᠮᠠᠯ ᠤᠨ ᠨᠥᠭᠡᠴᠡ ᠪᠡᠷ ᠪᠠᠶᠠᠯᠢᠭ᠃

ᠮᠣᠩᠭᠣᠯ ᠣᠷᠣᠨ ᠠᠴᠠ ᠡᠷᠲᠡᠨ ᠦ ᠰᠤᠳᠤᠯᠤᠯ ᠤᠨ ᠣᠯᠳᠠᠪᠤᠷᠢ ᠠᠷᠪᠢᠨ ᠣᠯᠳᠠᠳᠠᠭ᠃ ᠧᠦ᠋ᠷᠠᠽᠢ ᠶᠢᠨ ᠨᠡᠭᠦᠳᠡᠯᠴᠢᠳ ᠦᠨ ᠠᠩᠬᠠᠨ ᠤ ᠲᠥᠷᠥ ᠳᠦ ᠤᠯᠤᠰ ᠭᠡᠵᠦ ᠠᠯᠳᠠᠷᠰᠢᠭᠰᠠᠨ ᠾᠦᠩᠨᠦ ᠨᠡᠢᠳᠡ ᠶᠢᠨ ᠣᠨ ᠲᠣᠭᠠᠯᠠᠯ ᠠᠴᠠ ᠡᠮᠦᠨ᠎ᠡ 209 ᠣᠨ ᠳᠤ ᠥᠨᠥ ᠶᠢᠨ ᠮᠣᠩᠭᠣᠯ ᠤᠯᠤᠰ ᠤᠨ ᠨᠤᠲᠤᠭ ᠳᠡᠪᠢᠰᠬᠡᠷ ᠲᠦ ᠲᠥᠪᠯᠡᠨ ᠪᠠᠶᠢᠭᠤᠯᠤᠭᠳᠠᠵᠤ ᠪᠠᠶᠢᠪᠠ᠃ ᠲᠡᠭᠦᠨ ᠡᠴᠡ ᠬᠣᠶᠢᠰᠢ ᠮᠣᠩᠭᠣᠯ ᠤᠨ ᠲᠠᠯ᠎ᠠ ᠨᠤᠲᠤᠭ ᠲᠤ ᠲᠦᠷᠦᠭ ᠪᠣᠯᠤᠨ ᠡᠪᠦᠭᠡ ᠮᠣᠩᠭᠣᠯ ᠬᠡᠯᠡ ᠲᠡᠢ ᠣᠯᠠᠨ ᠤᠯᠤᠰ ᠡᠭᠡᠯᠵᠢᠯᠡᠨ ᠣᠷᠣᠰᠢᠨ ᠪᠠᠶᠢᠭᠰᠠᠨ ᠪᠥᠭᠡᠳ ᠠᠷᠪᠠᠨ ᠭᠤᠷᠪᠠᠳᠤᠭᠠᠷ ᠵᠠᠭᠤᠨ ᠤ ᠡᠬᠢ ᠪᠡᠷ ᠲᠠᠷᠬᠠᠢ ᠪᠤᠲᠠᠷᠬᠠᠢ ᠮᠣᠩᠭᠣᠯ ᠠᠶᠢᠮᠠᠭ ᠤᠳ ᠢ ᠴᠢᠩᠭᠢᠰ ᠬᠠᠭᠠᠨ ᠨᠢᠭᠡᠳᠬᠡᠵᠦ ᠶᠡᠬᠡ ᠮᠣᠩᠭᠣᠯ ᠤᠯᠤᠰ ᠍ ᠢ ᠪᠠᠶᠢᠭᠤᠯᠵᠠᠢ᠃ 1228 ᠣᠨ ᠳᠤ ᠥᠭᠡᠳᠡᠢ ᠬᠠᠭᠠᠨ ᠲᠡᠭᠦᠨ ᠢ ᠵᠠᠯᠭᠠᠮᠵᠢᠯᠠᠵᠤ᠂ ᠬᠣᠵᠢᠮ ᠨᠢ 1279 ᠣᠨ ᠳᠤ ᠴᠢᠩᠭᠢᠰ ᠬᠠᠭᠠᠨ ᠤ ᠠᠴᠢ ᠬᠤᠪᠢᠯᠠᠢ ᠬᠠᠭᠠᠨ ᠶᠤᠸᠠᠨ ᠤᠯᠤᠰ ᠍ ᠢ ᠣᠳᠣ ᠶᠢᠨ ᠪᠦᠭᠦᠳᠡ ᠨᠠᠶᠢᠷᠠᠮᠳᠠᠬᠤ ᠳᠤᠮᠳᠠᠳᠤ ᠠᠷᠠᠳ ᠤᠯᠤᠰ ᠤᠨ ᠨᠡᠶᠢᠰᠯᠡᠯ ᠪᠡᠭᠡᠵᠢᠩ ᠳᠦ ᠲᠥᠪᠯᠡᠨ ᠪᠠᠶᠢᠭᠤᠯᠤᠭᠰᠠᠨ ᠪᠠᠶᠢᠨ᠎ᠠ᠃ ᠶᠤᠸᠠᠨ ᠤᠯᠤᠰ ᠤᠨᠠᠭᠰᠠᠨ ᠤ ᠳᠠᠷᠠᠭ᠎ᠠ ᠠᠷᠪᠠᠨ ᠳᠥᠷᠪᠡᠳᠦᠭᠡᠷ ᠵᠠᠭᠤᠨ ᠤ ᠦᠶᠡᠰ ᠮᠣᠩᠭᠣᠯᠴᠤᠳ ᠴᠠᠭᠠᠨ ᠬᠡᠷᠡᠮ ᠡᠴᠡ ᠬᠣᠶᠢᠰᠢᠬᠢ ᠭᠠᠵᠠᠷ ᠨᠤᠲᠤᠭ ᠲᠤ ᠪᠠᠨ ᠦᠷᠭᠦᠯᠵᠢ ᠶᠢᠨ ᠳᠣᠲᠣᠭᠠᠳᠤ ᠶᠢᠨ ᠳᠠᠶᠢᠨ ᠰᠠᠮᠠᠭᠤᠨ ᠲᠠᠢ ᠪᠠᠭ᠎ᠠ ᠬᠠᠭᠠᠳ ᠤᠨ ᠦᠶ᠎ᠡ ᠶᠢ ᠲᠤᠭᠤᠯᠵᠠᠢ᠃ 1604-1634 ᠣᠨ ᠳᠤ ᠬᠠᠭᠠᠨ ᠰᠠᠭᠤᠭᠰᠠᠨ ᠯᠢᠭᠳᠡᠨ ᠬᠠᠭᠠᠨ ᠮᠠᠨᠵᠤ  ᠶᠢᠨ ᠡᠰᠡᠷᠭᠦ ᠮᠣᠩᠭᠣᠯᠴᠤᠳ ᠢ ᠳᠠᠬᠢᠨ ᠨᠢᠭᠡᠳᠬᠡᠬᠦ ᠶᠢ ᠣᠷᠣᠯᠳᠤᠭᠰᠠᠨ ᠪᠣᠯᠪᠠᠴᠤ ᠲᠡᠭᠦᠨ ᠢ ᠨᠠᠰᠤ ᠪᠠᠷᠠᠭᠰᠠᠨ ᠤ ᠳᠠᠷᠠᠭ᠎ᠠ ᠪᠠᠷ ᠮᠣᠩᠭᠣᠯᠴᠤᠳ ᠴᠢᠩ ᠤᠯᠤᠰ ᠤᠨ ᠡᠷᠬᠡᠰᠢᠶᠡᠯ ᠳᠦ ᠬᠡᠰᠡᠭ ᠬᠡᠰᠡᠭ ᠢᠶᠡᠷ ᠢᠶᠡᠨ ᠣᠷᠣᠵᠠᠢ᠃ 1636 ᠣᠨ ᠳᠤ ᠮᠠᠨᠵᠤ ᠥᠪᠦᠷ ᠮᠣᠩᠭᠣᠯ ᠢ᠂ 1691 ᠣᠨ ᠳᠤ ᠬᠠᠯᠬ᠎ᠠ ᠮᠣᠩᠭᠣᠯ ᠢ᠂ 1757 ᠣᠨ ᠳᠤ ᠣᠶᠢᠷᠠᠳ ᠮᠣᠩᠭᠣᠯ ᠢ ᠡᠵᠡᠯᠡᠨ ᠠᠪᠤᠭᠰᠠᠨ ᠢᠶᠠᠷ ᠪᠦᠬᠦ ᠮᠣᠩᠭᠣᠯ ᠢ ᠡᠵᠡᠯᠡᠵᠡᠢ᠃ 1911 ᠣᠨ ᠳᠤ ᠴᠢᠩ ᠭᠦᠷᠦᠨ ᠨᠤᠷᠠᠬᠤ ᠨᠢ ᠲᠣᠳᠣᠷᠬᠠᠢ ᠪᠣᠯᠤᠭᠰᠠᠨ ᠢᠶᠠᠷ ᠮᠣᠩᠭᠣᠯᠴᠤᠳ ᠲᠤᠰᠠᠭᠠᠷ ᠲᠣᠭᠲᠠᠨᠢᠯ ᠢᠶᠠᠨ ᠵᠠᠷᠯᠠᠨ ᠲᠤᠩᠬᠠᠭᠯᠠᠵᠤ ᠪᠣᠭᠳᠠ ᠬᠠᠭᠠᠨᠳᠦ ᠮᠣᠩᠭᠣᠯ ᠤᠯᠤᠰ ᠢ ᠪᠠᠶᠢᠭᠤᠯᠵᠠᠢ᠃ 1945 ᠣᠨ ᠳᠤ ᠵᠥᠪᠯᠡᠯᠲᠦ ᠬᠣᠯᠪᠣᠭᠠᠲᠤ ᠤᠯᠤᠰ ᠠᠴᠠ ᠪᠤᠰᠤᠳ ᠭᠠᠳᠠᠭᠠᠳᠤ ᠶᠢᠨ ᠤᠯᠤᠰ ᠤᠳ ᠢᠶᠠᠷ ᠬᠦᠯᠢᠶᠡᠨ ᠵᠥᠪᠰᠢᠶᠡᠷᠡᠭᠳᠡᠵᠦ᠂ 1961 ᠣᠨ ᠳᠤ ᠨᠢᠭᠡᠳᠦᠭᠰᠡᠨ ᠦᠨᠳᠦᠰᠦᠨ ᠦ ᠪᠠᠶᠢᠭᠤᠯᠤᠯᠭ᠎ᠠ ᠍ ᠶᠢᠨ ᠭᠡᠰᠢᠭᠦᠨ᠂ ᠪᠦᠷᠢᠨ ᠡᠷᠬᠡᠲᠦ ᠤᠯᠤᠰ ᠪᠣᠯᠤᠭᠰᠠᠨ᠃ 1924 ᠣᠨ ᠤ ᠦᠨᠳᠦᠰᠦᠨ ᠬᠠᠤᠯᠢ ᠪᠠᠷ ᠪᠦᠭᠦᠳᠡ ᠨᠠᠶᠢᠷᠠᠮᠳᠠᠬᠤ ᠮᠣᠩᠭᠣᠯ ᠠᠷᠠᠳ ᠤᠯᠤᠰ ᠨᠡᠷ᠎ᠡ ᠲᠡᠢ ᠪᠣᠯᠵᠤ᠂ ᠵᠥᠪᠯᠡᠯᠲᠦ ᠰᠣᠴᠢᠶᠠᠯᠢᠰᠲᠤ ᠪᠦᠭᠦᠳᠡ ᠨᠠᠶᠢᠷᠠᠮᠳᠠᠬᠤ ᠬᠣᠯᠪᠣᠭᠠᠲᠤ ᠤᠯᠤᠰ ᠍ ᠤᠨ ᠨᠥᠯᠥᠭᠡ ᠪᠡᠷ ᠡᠪ ᠬᠠᠮᠲᠤ ᠤᠯᠤᠰ ᠲᠥᠷᠥ ᠶᠢᠨ ᠳᠢᠭᠯᠢᠮ᠂ ᠨᠡᠶᠢᠭᠡᠮ ᠵᠢᠷᠤᠮ ᠤᠨ ᠡᠳ᠋ ᠍ ᠦᠨ ᠵᠠᠰᠠᠭ ᠢᠶᠠᠷ ᠵᠠᠮᠨᠠᠭᠰᠠᠨ᠃ 1990 ᠣᠨ ᠳᠤ ᠠᠷᠠᠳᠴᠢᠯᠠᠭᠰᠠᠨ ᠳᠢᠭᠯᠢᠮ᠂ ᠵᠠᠬ᠎ᠠ ᠵᠡᠭᠡᠯᠢ ᠶᠢᠨ ᠡᠳ᠋ ᠍ ᠦᠨ ᠵᠠᠰᠠᠭ ᠲᠤ ᠰᠢᠯᠵᠢᠭᠰᠡᠨ᠃

ᠮᠣᠩᠭᠣᠯ ᠤᠯᠤᠰ
Mongolia name in Mongolian Script
ᠲᠥᠷᠥ ᠶᠢᠨ ᠳᠠᠯᠪᠠᠭ᠎ᠠ ᠲᠥᠷᠥ ᠶᠢᠨ ᠰᠦᠯᠳᠡ
ᠲᠥᠷᠥ ᠶᠢᠨ ᠳᠠᠭᠤᠯᠠᠯ ᠤᠨ ᠨᠡᠷ᠎ᠡ:
«ᠮᠣᠩᠭᠣᠯ ᠤᠯᠤᠰ ᠤᠨ ᠲᠥᠷᠥ ᠶᠢᠨ ᠳᠠᠭᠤᠯᠠᠯ»

</center>

ᠭᠠᠷᠴᠠᠭ

ᠨᠡᠷ᠎ᠡ[ᠵᠠᠰᠠᠪᠤᠷᠢᠯᠠᠬᠤ | ᠺᠣᠳ᠋ ᠢᠶᠠᠷ ᠵᠠᠰᠠᠬᠣ]

ᠦᠨᠳᠦᠰᠦᠨ ᠬᠦᠮᠦᠨ ᠠᠮᠠ ᠨᠢ ᠮᠣᠩᠭᠣᠯᠴᠤᠳ ᠪᠣᠯᠬᠣᠷ ᠲᠤᠰ ᠤᠯᠤᠰ «ᠮᠣᠩᠭᠣᠯ» ᠭᠡᠳᠡᠭ ᠣᠨᠣᠭᠠᠭᠰᠠᠨ ᠨᠡᠷ᠎ᠡ ᠲᠡᠢ ᠪᠣᠯᠤᠭᠰᠠᠨ ᠠᠵᠢ᠃ ᠦᠭᠡ ᠶᠢᠨ ᠭᠠᠷᠤᠯ ᠤᠨ ᠣᠯᠠᠨ ᠲᠠᠭᠠᠮᠠᠭ ᠪᠠᠶᠢᠭ᠎ᠠ ᠴᠤ ᠪᠠᠲᠤᠲᠠᠢ ᠪᠢᠰᠢ᠃

ᠲᠡᠦᠬᠡ[ᠵᠠᠰᠠᠪᠤᠷᠢᠯᠠᠬᠤ | ᠺᠣᠳ᠋ ᠢᠶᠠᠷ ᠵᠠᠰᠠᠬᠣ]

ᠭᠣᠣᠯ ᠥᠭᠦᠯᠡᠯ: ᠮᠣᠩᠭᠣᠯ ᠤᠨ ᠲᠡᠦᠬᠡ

ᠡᠷᠲᠡ ᠦᠶ᠎ᠡ[ᠵᠠᠰᠠᠪᠤᠷᠢᠯᠠᠬᠤ | ᠺᠣᠳ᠋ ᠢᠶᠠᠷ ᠵᠠᠰᠠᠬᠣ]

ᠾᠦᠩᠨᠦ

ᠡᠷᠲᠡ ᠳᠡᠭᠡᠷ᠎ᠡ ᠦᠶᠡᠰ ᠮᠣᠩᠭᠣᠯ ᠳᠤ ᠨᠡᠭᠦᠳᠡᠯᠴᠢᠨ ᠣᠪᠤᠭ ᠠᠶᠢᠮᠠᠭ ᠤᠳ ᠪᠠᠶᠢᠭᠰᠠᠨ ᠪᠥᠭᠡᠳ ᠬᠠᠮᠤᠭ ᠤᠨ ᠠᠩᠬᠠᠨ ᠤ ᠤᠯᠤᠰ ᠨᠢ ᠵᠦᠩ᠂ ᠬᠤ᠂ ᠳ᠋ᠢ ᠭᠡᠬᠦ ᠵᠡᠷᠭᠡ ᠨᠡᠷᠡᠰᠢᠯ ᠢᠶᠡᠷ ᠨᠡᠷᠡᠯᠡᠭᠳᠡᠵᠦ ᠪᠠᠶᠢᠭᠰᠠᠨ ᠠᠶᠢᠮᠠᠭ ᠤᠨ ᠬᠣᠯᠪᠣᠭᠠᠨ ᠤ ᠬᠡᠯᠪᠡᠷᠢ ᠪᠡᠷ ᠣᠷᠣᠰᠢᠨ ᠲᠣᠭᠲᠠᠨᠢᠵᠤ ᠪᠠᠶᠢᠭᠰᠠᠨ ᠪᠠ ᠬᠢᠲᠠᠳ ᠤᠨ ᠱᠠᠩ ᠤᠯᠤᠰ ᠲᠠᠢ ᠨᠢᠭᠡᠨ ᠵᠡᠷᠭᠡ ᠡᠭᠦᠰᠦᠨ ᠪᠤᠢ ᠪᠣᠯᠤᠭᠰᠠᠨ ᠤᠯᠤᠰ ᠨᠢ ᠾᠦᠩᠨᠦ ᠶᠤᠮ᠃ ᠨᠡᠢᠳᠡ ᠶᠢᠨ ᠣᠨ ᠲᠣᠭᠠᠯᠠᠯ ᠠᠴᠠ ᠡᠮᠦᠨ᠎ᠡ 2000 ᠵᠢᠯ ᠦᠨ ᠲᠡᠷᠲᠡᠭᠡ ᠠᠶᠢᠮᠠᠭ ᠤᠨ ᠬᠣᠯᠪᠣᠭᠠᠨ ᠤ ᠬᠡᠯᠪᠡᠷᠢ ᠪᠡᠷ ᠪᠠᠶᠢᠭᠤᠯᠤᠭᠳᠠᠭᠰᠠᠨ ᠪᠥᠭᠡᠳ ᠳᠡᠯᠡᠬᠡᠢ ᠶᠢᠨ ᠲᠡᠦᠬᠡᠨ ᠳᠦ ᠬᠠᠮᠤᠭ ᠤᠨ ᠠᠩᠬᠠᠨ ᠤ ᠭᠡᠷ᠎ᠡ ᠶᠢ ᠱᠠᠩ ᠤᠯᠤᠰ ᠲᠠᠢ ᠨᠡᠢᠳᠡ ᠶᠢᠨ ᠣᠨ ᠲᠣᠭᠠᠯᠠᠯ ᠠᠴᠠ ᠡᠮᠦᠨ᠎ᠡ 1158 ᠣᠨ ᠳᠤ ᠪᠠᠶᠢᠭᠤᠯᠵᠠᠢ᠃ ᠡᠨᠡᠬᠦ ᠭᠡᠷ᠎ᠡ ᠶᠢᠨ ᠵᠣᠷᠢᠯᠭ᠎ᠠ ᠵᠸᠣ ᠶᠢᠨ ᠡᠰᠡᠷᠭᠦ ᠴᠢᠭᠯᠡᠭᠰᠡᠨ ᠴᠡᠷᠢᠭ ᠵᠡᠪᠰᠡᠭ ᠦᠨ ᠲᠤᠰᠠᠯᠠᠯᠴᠠᠭ᠎ᠠ ᠦᠵᠡᠭᠦᠯᠬᠦ ᠬᠠᠷᠢᠯᠴᠠᠨ ᠬᠠᠮᠲᠤ ᠶᠢᠨ ᠠᠵᠢᠯᠯᠠᠭ᠎ᠠ ᠪᠠᠨ ᠦᠵᠡᠭᠦᠯᠬᠦ ᠪᠠᠶᠢᠭᠰᠠᠨ ᠪᠥᠭᠡᠳ ᠨᠡᠢᠳᠡ ᠶᠢᠨ ᠣᠨ ᠲᠣᠭᠠᠯᠠᠯ ᠠᠴᠠ ᠡᠮᠦᠨ᠎ᠡ 1122 ᠣᠨ ᠤ ᠦᠶ᠎ᠡ ᠳᠦ ᠱᠠᠩ ᠤᠯᠤᠰ ᠶᠢ ᠵᠸᠣ ᠤᠯᠤᠰ ᠳᠠᠭᠠᠷᠢᠬᠤ ᠳᠤ ᠬᠣᠯᠪᠣᠭᠠᠲᠠᠨ ᠤ ᠪᠠᠨ ᠡᠭᠦᠷᠭᠡ ᠶᠢ ᠪᠡᠶᠡᠯᠡᠭᠦᠯᠵᠦ ᠪᠠᠶᠢᠭᠰᠠᠨ ᠪᠠ 1118 ᠣᠨ ᠳᠤ ᠱᠠᠩ ᠤᠯᠤᠰ ᠤᠨᠠᠭᠰᠠᠨ ᠤ ᠳᠠᠷᠠᠭ᠎ᠠ ᠵᠡᠭᠦᠨ ᠬᠣᠶᠢᠳᠤ ᠠᠽᠢᠶ᠎ᠠ ᠶᠢᠨ ᠴᠡᠷᠢᠭ ᠤᠯᠤᠰ ᠲᠥᠷᠥ ᠶᠢᠨ ᠲᠡᠷᠢᠭᠦᠯᠡᠬᠦ ᠲᠠᠪᠴᠠᠩ ᠤᠨ ᠲᠥᠯᠥᠭᠡ ᠵᠸᠣ ᠤᠯᠤᠰ ᠲᠠᠢ ᠡᠩ ᠲᠡᠩᠴᠡᠭᠦᠦ ᠬᠠᠷᠢᠯᠴᠠᠵᠤ ᠪᠠᠶᠢᠭᠰᠠᠨ ᠪᠠᠶᠢᠨ᠎ᠠ᠃ ᠾᠦᠩᠨᠦ ᠭᠦᠷᠦᠨ ᠢ ᠮᠠᠨ ᠤ ᠡᠷᠡᠨ ᠦ ᠡᠮᠦᠨ᠎ᠡ 209 ᠣᠨ ᠳᠤ ᠮᠣᠳᠣᠨ ᠱᠠᠨᠦᠢ ᠨᠢᠭᠡᠳᠬᠡᠨ ᠪᠠᠶᠢᠭᠤᠯᠤᠭᠰᠠᠨ᠃ ᠾᠦᠩᠨᠦ ᠭᠦᠷᠦᠨ ᠨᠢ ᠪᠣᠭᠣᠨᠢ ᠬᠤᠭᠤᠴᠠᠭᠠᠨ ᠤ ᠳᠣᠲᠣᠷ᠎ᠠ ᠴᠢᠨ ᠤᠯᠤᠰ ᠲᠤ ᠠᠶᠤᠯ ᠤᠴᠠᠷᠠᠭᠤᠯᠤᠭᠰᠠᠨ ᠬᠠᠮᠤᠭ ᠤᠨ ᠭᠣᠣᠯ ᠬᠦᠴᠦᠨ ᠪᠣᠯᠤᠭᠰᠠᠨ ᠲᠤᠯᠠ ᠴᠢᠨ ᠤᠯᠤᠰ ᠴᠠᠭᠠᠨ ᠬᠡᠷᠡᠮ ᠢ ᠪᠠᠷᠢᠨ ᠥᠪᠡᠷᠰᠡᠳ ᠢ ᠪᠡᠨ ᠬᠠᠮᠠᠭᠠᠯᠠᠬᠤ ᠳᠤ ᠬᠦᠷᠴᠡᠢ᠃ ᠴᠠᠭᠠᠨ ᠬᠡᠷᠡᠮ ᠨᠢ 300,000 ᠴᠡᠷᠢᠭ ᠢᠶᠡᠷ ᠬᠠᠮᠠᠭᠠᠯᠠᠭᠳᠠᠵᠤ ᠪᠠᠶᠢᠪᠠ᠃ ᠾᠦᠩᠨᠦ ᠶᠢᠨ ᠳᠠᠷᠠᠭ᠎ᠠ ᠰᠢᠶᠠᠨᠪᠢᠷᠡᠦᠷᠠᠨ ᠤᠯᠤᠰ ᠵᠡᠷᠭᠡ ᠡᠷᠲᠡᠨ ᠦ ᠨᠡᠭᠦᠳᠡᠯᠴᠢᠳ ᠦᠨ ᠪᠠᠶᠢᠭᠤᠯᠤᠭᠰᠠᠨ ᠲᠥᠷᠥᠳᠦ ᠤᠯᠤᠰ ᠤᠳ ᠣᠷᠣᠰᠢᠵᠤ ᠶᠠᠪᠤᠭᠰᠠᠭᠠᠷ 6 ᠳᠤᠭᠠᠷ ᠵᠠᠭᠤᠨ ᠳᠤ ᠲᠦᠷᠦᠭ ᠦᠳ ᠲᠦ ᠳᠠᠷᠤᠭᠳᠠᠵᠤ᠂ 8 ᠳᠤᠭᠠᠷ ᠵᠠᠭᠤᠨ ᠤ ᠦᠶ᠎ᠡ ᠳᠦ ᠤᠶᠢᠭᠤᠷ ᠤᠳ ᠵᠠᠯᠭᠠᠮᠵᠢᠯᠠᠨ ᠲᠥᠷᠥ ᠤᠯᠤᠰ ᠢᠶᠠᠨ ᠪᠠᠶᠢᠭᠤᠯᠵᠤ᠂ ᠲᠡᠭᠦᠨ ᠦ ᠳᠠᠷᠠᠭ᠎ᠠ ᠬᠢᠳᠠᠨ ᠨᠤᠭᠤᠳ ᠵᠠᠯᠭᠠᠮᠵᠢᠯᠠᠭᠰᠠᠨ ᠪᠠᠶᠢᠨ᠎ᠠ᠃12 ᠳᠤᠭᠠᠷ ᠵᠠᠭᠤᠨ ᠠᠴᠠ ᠡᠬᠢᠯᠡᠨ ᠮᠣᠩᠭᠣᠯ ᠠᠶᠢᠮᠠᠭ ᠤᠳ ᠬᠦᠴᠦᠷᠬᠡᠭᠵᠢᠵᠦ᠂ ᠤᠯᠠᠮ ᠢᠶᠠᠷ 1182-1206 ᠣᠨ ᠨᠤᠭᠤᠳ ᠲᠤ ᠴᠢᠩᠭᠢᠰ ᠬᠠᠭᠠᠨ ᠤ ᠬᠠᠮᠤᠭ ᠮᠣᠩᠭᠣᠯ ᠍ ᠤᠨ ᠬᠠᠨᠯᠢᠭ ᠲᠤ ᠪᠦᠭᠦᠳᠡ ᠨᠢᠭᠡᠳᠬᠡᠭᠳᠡᠵᠦ᠂ ᠶᠡᠬᠡ ᠮᠣᠩᠭᠣᠯ ᠤᠯᠤᠰ ᠪᠠᠶᠢᠭᠤᠯᠤᠭᠳᠠᠭᠰᠠᠨ᠃ ᠴᠢᠩᠭᠢᠰ ᠬᠠᠭᠠᠨ ᠤ ᠪᠠᠶᠢᠭᠤᠯᠤᠭᠰᠠᠨ ᠡᠨᠡᠬᠦ ᠶᠡᠬᠡ ᠮᠣᠩᠭᠣᠯ ᠤᠯᠤᠰ ᠨᠢ ᠳᠡᠯᠡᠬᠡᠢ ᠶᠢᠨ ᠬᠠᠮᠤᠭ ᠤᠨ ᠲᠣᠮᠣ ᠭᠠᠵᠠᠷ ᠨᠤᠲᠤᠭ ᠢ ᠡᠵᠡᠯᠡᠨ ᠨᠢᠭᠡᠳᠬᠡᠭᠰᠡᠨ ᠬᠦᠴᠦᠷᠬᠡᠭ ᠭᠦᠷᠦᠨ ᠪᠠᠶᠢᠭᠰᠠᠨ ᠶᠤᠮ᠃ ᠶᠡᠬᠡ ᠮᠣᠩᠭᠣᠯ ᠤᠯᠤᠰ ᠤᠨ ᠭᠠᠵᠠᠷ ᠨᠤᠲᠤᠭ ᠨᠠᠫᠣᠯᠶᠣᠨᠮᠠᠺᠧᠳᠣᠨ ᠤ ᠠᠯᠧᠺᠰᠠᠨᠳᠠᠷ ᠨᠠᠷ ᠤᠨ ᠡᠵᠡᠯᠡᠭᠰᠡᠨ ᠭᠠᠵᠠᠷ ᠨᠤᠲᠤᠭ ᠠᠴᠠ 7770 ᠺᠤᠸᠠᠲ km ᠠᠮᠠ ᠳᠥᠷᠪᠡᠯᠵᠢᠨ ᠭᠠᠵᠠᠷ ᠢᠶᠠᠷ ᠢᠯᠡᠭᠦᠦ ᠪᠠᠶᠢᠭᠰᠠᠨ ᠪᠠᠶᠢᠨ᠎ᠠ᠃

ᠶᠡᠬᠡ ᠮᠣᠩᠭᠣᠯ ᠤᠯᠤᠰ[ᠵᠠᠰᠠᠪᠤᠷᠢᠯᠠᠬᠤ | ᠺᠣᠳ᠋ ᠢᠶᠠᠷ ᠵᠠᠰᠠᠬᠣ]

ᠭᠣᠣᠯ ᠥᠭᠦᠯᠡᠯ: ᠶᠡᠬᠡ ᠮᠣᠩᠭᠣᠯ ᠤᠯᠤᠰ
ᠮᠣᠩᠭᠣᠯ ᠤᠨ ᠡᠵᠡᠨᠲᠦ ᠭᠦᠷᠦᠨ

ᠮᠣᠩᠭᠣᠯ ᠤᠯᠤᠰ ᠲᠡᠦᠬᠡᠨ ᠳᠦ ᠪᠡᠨ ᠬᠠᠮᠤᠭ ᠤᠨ ᠬᠦᠴᠦᠷᠬᠡᠭ ᠪᠠᠶᠢᠭᠰᠠᠨ ᠦᠶ᠎ᠡ ᠪᠣᠯ ᠴᠢᠩᠭᠢᠰ ᠬᠠᠭᠠᠨ 1206 ᠣᠨ ᠳᠤ ᠮᠣᠩᠭᠣᠯ ᠤᠨ ᠣᠪᠤᠭ᠂ ᠠᠶᠢᠮᠠᠭ ᠤᠳ ᠢ ᠨᠢᠭᠡᠳᠬᠡᠨ ᠶᠡᠬᠡ ᠮᠣᠩᠭᠣᠯ ᠤᠯᠤᠰ ᠍ ᠢ ᠪᠠᠶᠢᠭᠤᠯᠵᠤ᠂ ᠠᠽᠢᠶ᠎ᠠᠧᠦ᠋ᠷᠣᠫᠠ ᠍ ᠤᠨ ᠣᠷᠣᠨ ᠨᠤᠭᠤᠳ ᠢ ᠪᠠᠶᠢᠯᠳᠤᠨ ᠳᠠᠭᠠᠭᠤᠯᠤᠭᠰᠠᠨ ᠠᠷᠪᠠᠨ ᠭᠤᠷᠪᠠᠳᠤᠭᠠᠷ ᠵᠠᠭᠤᠨ ᠶᠤᠮ᠃ ᠴᠢᠩᠭᠢᠰ ᠬᠠᠭᠠᠨ ᠢ ᠵᠠᠯᠭᠠᠮᠵᠢᠯᠠᠭᠴᠢ ᠬᠠᠭᠠᠳ ᠦᠷᠭᠦᠯᠵᠢᠯᠡᠭᠦᠯᠦᠨ ᠠᠶᠠᠨ ᠳᠠᠶᠢᠨ ᠶᠠᠪᠤᠭᠤᠯᠵᠤ᠂ ᠭᠠᠵᠠᠷ ᠨᠤᠲᠤᠭ ᠢᠶᠠᠨ ᠲᠡᠯᠡᠭᠰᠡᠨ ᠢᠶᠡᠷ ᠳᠡᠯᠡᠬᠡᠢ ᠶᠢᠨ ᠲᠡᠦᠬᠡᠨ ᠳᠦ ᠬᠠᠮᠤᠭ ᠤᠨ ᠥᠷᠭᠡᠨ ᠠᠭᠤᠳᠠᠮ ᠭᠠᠵᠠᠷ ᠨᠤᠲᠤᠭ ᠲᠤ (24,000,000 ᠠᠮᠠ ᠳᠥᠷᠪᠡᠯᠵᠢᠨ ᠺᠢᠯᠣᠮᠧᠲ᠋ᠷ) ᠮᠣᠩᠭᠣᠯ ᠤᠨ ᠡᠵᠡᠨᠲᠦ ᠭᠦᠷᠦᠨ  ᠤ ᠬᠠᠭᠠᠨᠴᠢᠯᠠᠯ ᠲᠣᠭᠲᠠᠵᠤ ᠪᠠᠶᠢᠪᠠ᠃ ᠮᠣᠩᠭᠣᠯᠴᠤᠳ ᠤᠨ ᠠᠶᠠᠨ ᠳᠠᠶᠢᠨ ᠥᠷᠥᠨ᠎ᠡ ᠵᠦᠭ ᠲᠤ ᠠᠳᠠᠷᠢᠶᠠᠲᠤ ᠶᠢᠨ ᠲᠡᠩᠭᠢᠰ᠂ ᠶᠸᠵᠢᠫᠲ᠂ ᠳᠣᠷᠣᠨ᠎ᠠ ᠵᠦᠭ ᠲᠤ ᠶᠠᠫᠣᠨ᠂ ᠡᠮᠦᠨ᠎ᠡ ᠵᠦᠭ ᠲᠤ ᠢᠨᠳᠦ᠋ᠨᠢᠱᠢᠶ ᠠ ᠶᠢᠨ ᠵᠢᠪᠠ (ᠵᠠᠸᠠ) ᠠᠷᠠᠯ ᠬᠦᠷᠴᠡᠢ᠃[8] ᠮᠣᠩᠭᠣᠯ ᠤᠨ ᠡᠵᠡᠨᠲᠦ ᠭᠦᠷᠦᠨ ᠦ ᠴᠠᠭᠠᠳᠠᠢ ᠶᠢᠨ ᠪᠣᠯᠤᠨ ᠠᠯᠲᠠᠨ ᠣᠷᠳᠣᠨ ᠤ ᠤᠯᠤᠰ ᠤᠳ ᠨᠢ ᠲᠣᠷᠭᠠᠨ ᠵᠠᠮ ᠳᠠᠭᠠᠤ ᠣᠷᠣᠰᠢᠵᠤ ᠪᠠᠶᠢᠭᠰᠠᠨ ᠲᠤᠯᠠ ᠳᠡᠯᠡᠬᠡᠢ ᠶᠢᠨ ᠬᠤᠳᠠᠯᠳᠤᠭᠠᠨ ᠤ ᠭᠣᠣᠯ ᠲᠥᠪ ᠪᠣᠯᠵᠤ᠂ ᠲᠤᠬᠠᠢ ᠶᠢᠨ ᠦᠶ᠎ᠡ ᠳᠦ ᠣᠷᠣᠰᠢᠨ ᠲᠣᠭᠲᠠᠨᠢᠵᠤ ᠪᠠᠶᠢᠭᠰᠠᠨ ᠭᠠᠵᠠᠷ ᠨᠤᠲᠤᠭ ᠲᠤ ᠪᠠᠨ ᠣᠯᠠᠨ ᠬᠣᠲᠠ ᠰᠠᠭᠤᠷᠢᠨ ᠪᠤᠢ ᠪᠣᠯᠭᠠᠵᠠᠢ᠃ ᠲᠡᠷᠡ ᠦᠶ᠎ᠡ ᠳᠦ ᠬᠢᠲᠠᠳ ᠲᠤ ᠯᠤᠤᠵᠢᠩ᠂ ᠱᠠᠭᠠᠵᠠᠩ ᠵᠡᠷᠭᠡ ᠲᠣᠮᠣᠬᠠᠨ ᠨᠡᠭᠡᠭᠡᠯᠲᠡ ᠨᠦᠭᠦᠳ ᠬᠢᠭᠳᠡᠭᠰᠡᠨ ᠪᠠᠶᠢᠨ᠎ᠠ᠃ ᠡᠨᠡ ᠮᠡᠲᠦᠴᠢᠯᠠᠨ ᠮᠣᠩᠭᠣᠯᠴᠤᠳ ᠳᠡᠯᠡᠬᠡᠢ ᠶᠢᠨ ᠬᠥᠭᠵᠢᠯ ᠳᠦ ᠮᠠᠰᠢ ᠲᠣᠮᠣ ᠬᠤᠪᠢ ᠨᠡᠮᠡᠷᠢ ᠣᠷᠣᠭᠤᠯᠤᠭᠰᠠᠨ ᠭᠡᠵᠦ ᠦᠨᠡᠯᠡᠭᠳᠡᠳᠡᠭ᠃

ᠤᠯᠤᠰ ᠲᠥᠷᠥ ᠶᠢᠨ ᠪᠤᠲᠠᠷᠠᠯ ᠤᠨ ᠦᠶ᠎ᠡ ᠶᠢᠨ ᠮᠣᠩᠭᠣᠯ ᠤᠯᠤᠰ[ᠵᠠᠰᠠᠪᠤᠷᠢᠯᠠᠬᠤ | ᠺᠣᠳ᠋ ᠢᠶᠠᠷ ᠵᠠᠰᠠᠬᠣ]

ᠠᠷᠪᠠᠨ ᠳᠥᠷᠪᠡᠳᠦᠭᠡᠷ ᠵᠠᠭᠤᠨ ᠤ ᠳᠤᠮᠳᠠ ᠦᠶᠡᠰ ᠳᠣᠲᠣᠭᠠᠳᠤ ᠶᠢᠨ ᠵᠥᠷᠢᠴᠡᠯ ᠲᠡᠮᠡᠴᠡᠯ᠂ ᠡᠵᠡᠯᠡᠭᠳᠡᠭᠰᠡᠨ ᠤᠯᠤᠰ ᠦᠨᠳᠦᠰᠦᠲᠡᠨ ᠨᠦᠭᠦᠳ ᠦᠨ ᠡᠰᠡᠷᠭᠦᠴᠡᠯ ᠲᠡᠮᠡᠴᠡᠯ ᠦᠨ ᠦᠷ᠎ᠡ ᠳ᠋ᠦᠩ ᠳᠦ ᠮᠣᠩᠭᠣᠯ ᠤᠨ ᠡᠵᠡᠨᠲᠦ ᠭᠦᠷᠦᠨ᠂ ᠶᠤᠸᠠᠨ ᠤᠯᠤᠰ ᠵᠠᠳᠠᠷᠠᠨ ᠪᠤᠲᠠᠷᠠᠭᠰᠠᠨ ᠢᠶᠠᠷ ᠶᠤᠸᠠᠨ ᠤᠯᠤᠰ ᠤᠨ ᠮᠣᠩᠭᠣᠯ ᠬᠠᠭᠠᠳ ᠨᠣᠶᠠᠳ ᠮᠣᠩᠭᠣᠯ ᠨᠤᠲᠤᠭ ᠲᠤ ᠪᠠᠨ ᠡᠷᠭᠢᠨ ᠢᠷᠡᠵᠦ᠂ ᠬᠠᠷᠠᠬᠣᠷᠣᠮ ᠳᠤ ᠲᠥᠪᠯᠡᠨ ᠮᠣᠩᠭᠣᠯ ᠤᠯᠤᠰ ᠢᠶᠠᠨ ᠵᠠᠬᠢᠷᠬᠤ ᠪᠣᠯᠵᠠᠢ᠃ 14~17 ᠵᠠᠭᠤᠨ ᠤ ᠦᠶ᠎ᠡ ᠶᠢᠨ ᠮᠣᠩᠭᠣᠯ ᠣᠷᠣᠨ ᠢ ᠤᠮᠠᠷᠠᠳᠤ ᠶᠤᠸᠠᠨ᠂ ᠲᠠᠲ᠋ᠠᠷ ᠭᠡᠬᠦ ᠵᠡᠷᠭᠡ ᠪᠡᠷ ᠨᠡᠷᠡᠯᠡᠵᠦ ᠪᠠᠶᠢᠭᠰᠠᠨ ᠴᠤ ᠰᠤᠷᠪᠤᠯᠵᠢ ᠪᠢᠴᠢᠭ ᠲᠦ ᠲᠡᠮᠳᠡᠭᠯᠡᠭᠳᠡᠨ ᠦᠯᠡᠳᠡᠭᠰᠡᠨ ᠠᠯᠪᠠᠨ ᠶᠣᠰᠣᠨ ᠤ ᠵᠢᠩᠬᠢᠨᠢ ᠨᠡᠷ᠎ᠡ ᠨᠢ "ᠮᠣᠩᠭᠣᠯ ᠤᠯᠤᠰ" ᠪᠣᠯᠤᠨ᠎ᠠ᠃

ᠮᠠᠨᠵᠤ ᠶᠢᠨ ᠵᠠᠬᠢᠷᠭᠠᠨ ᠤ ᠦᠶ᠎ᠡ[ᠵᠠᠰᠠᠪᠤᠷᠢᠯᠠᠬᠤ | ᠺᠣᠳ᠋ ᠢᠶᠠᠷ ᠵᠠᠰᠠᠬᠣ]

ᠭᠣᠣᠯ ᠥᠭᠦᠯᠡᠯ: ᠮᠠᠨᠵᠤ ᠶᠢᠨ ᠦᠶ᠎ᠡ

17 ᠵᠠᠭᠤᠨ ᠤ ᠦᠶᠡᠰ ᠮᠠᠨᠵᠢ ᠨᠤᠭᠤᠳ ᠲᠥᠪ ᠠᠽᠢᠶ᠎ᠠ ᠳᠤ ᠬᠦᠴᠦᠷᠬᠡᠭᠵᠢᠵᠦ ᠡᠬᠢᠯᠡᠭᠰᠡᠨ ᠪᠠᠶᠢᠨ᠎ᠠ᠃ 1634 ᠣᠨ ᠳᠤ ᠠᠯᠲᠠᠨ ᠤᠷᠤᠭ ᠤᠨ ᠰᠡᠭᠦᠯᠴᠢ ᠶᠢᠨ ᠬᠠᠭᠠᠨ ᠯᠢᠭᠳᠡᠨ ᠥᠭᠡᠳᠡ ᠪᠣᠯᠤᠭᠰᠠᠨ ᠢᠶᠠᠷ ᠮᠠᠨᠵᠤ ᠨᠤᠭᠤᠳ ᠥᠪᠥᠷ ᠮᠣᠩᠭᠣᠯ ᠍ ᠢ ᠡᠷᠬᠡᠨ ᠳᠦ ᠪᠡᠨ ᠣᠷᠣᠭᠤᠯᠵᠤ᠂ ᠤᠯᠠᠮ ᠢᠶᠠᠷ 1691 ᠣᠨ ᠳᠤ ᠬᠠᠯᠬ᠎ᠠ ᠨᠤᠭᠤᠳ ᠮᠠᠨᠵᠤ ᠳᠤ ᠳᠠᠭᠠᠷ᠎ᠠ ᠣᠷᠣᠵᠠᠢ᠃ ᠢᠩᠭᠢᠭᠰᠡᠨ ᠢᠶᠡᠷ ᠣᠶᠢᠷᠠᠳ ᠠᠴᠠ ᠪᠤᠰᠤᠳ ᠮᠣᠩᠭᠣᠯᠴᠤᠳ ᠮᠠᠨᠵᠤ ᠴᠢᠩ ᠤᠯᠤᠰ ᠤᠨ ᠪᠦᠷᠢᠯᠳᠦᠬᠦᠨ ᠳᠦ ᠣᠷᠣᠵᠠᠢ᠃

ᠲᠤᠰᠠᠭᠠᠷ ᠲᠣᠭᠲᠠᠨᠢᠯ[ᠵᠠᠰᠠᠪᠤᠷᠢᠯᠠᠬᠤ | ᠺᠣᠳ᠋ ᠢᠶᠠᠷ ᠵᠠᠰᠠᠬᠣ]

ᠨᠠᠶᠢᠮᠠᠳᠤᠭᠠᠷ ᠵᠢᠪᠵᠤᠩᠳᠠᠮᠪᠠ ᠬᠤᠲᠤᠭᠲᠤ

20 ᠵᠠᠭᠤᠨ ᠤ ᠡᠬᠢ ᠪᠡᠷ ᠮᠠᠨᠵᠤ ᠴᠢᠩ ᠤᠯᠤᠰ ᠍ ᠤᠨ ᠬᠦᠴᠦ ᠪᠠᠭᠤᠷᠠᠨ ᠬᠡᠵᠢᠶ᠎ᠡ ᠮᠥᠳᠳᠥ ᠤᠨᠠᠬᠤ ᠨᠢ ᠢᠯᠡᠷᠬᠡᠢ ᠪᠣᠯᠤᠭᠰᠠᠨ ᠲᠤᠯᠠ ᠪᠣᠭᠳᠠ ᠭᠡᠭᠡᠨ ᠪᠣᠯᠤᠨ ᠮᠣᠩᠭᠣᠯ ᠤᠨ ᠨᠣᠶᠠᠳ ᠮᠠᠨᠵᠤ ᠶᠢᠨ ᠵᠠᠰᠠᠭᠯᠠᠯ ᠢ ᠬᠠᠯᠬᠤ ᠪᠠᠷ ᠪᠡᠯᠡᠳᠴᠦ ᠡᠬᠢᠯᠡᠭᠰᠡᠨ ᠪᠥᠭᠡᠳ 1911 ᠣᠨ ᠤ 12 ᠰᠠᠷ᠎ᠠ ᠶᠢᠨ 29 ᠍ ᠳᠦ ᠪᠣᠭᠳᠠ ᠬᠠᠭᠠᠨᠲᠤ ᠮᠣᠩᠭᠣᠯ ᠤᠯᠤᠰ ᠍ ᠢ ᠪᠠᠶᠢᠭᠤᠯᠤᠨ ᠮᠠᠨᠵᠤ ᠠᠴᠠ ᠪᠦᠷᠢᠨ ᠲᠤᠰᠠᠭᠠᠷᠯᠠᠵᠠᠢ᠃

ᠪᠣᠭᠳᠠ ᠬᠠᠭᠠᠨᠲᠤ ᠮᠣᠩᠭᠣᠯ ᠤᠯᠤᠰ ᠤᠨ ᠠᠯᠪᠠᠨ ᠶᠣᠰᠣᠨ ᠤ ᠨᠡᠷ᠎ᠡ ᠨᠢ "ᠣᠯᠠᠨ᠎ᠠ ᠡᠷᠭᠦᠭᠳᠡᠭᠰᠡᠨ ᠮᠣᠩᠭᠣᠯ ᠤᠯᠤᠰ"᠂ "ᠮᠣᠩᠭᠣᠯ ᠤᠯᠤᠰ" ᠶᠤᠮ᠃ ᠣᠯᠠᠨ᠎ᠠ ᠡᠷᠭᠦᠭᠳᠡᠭᠰᠡᠨ ᠮᠣᠩᠭᠣᠯ ᠤᠯᠤᠰ ᠭᠡᠰᠡᠨ ᠨᠡᠷ᠎ᠡ ᠨᠢ ᠪᠦᠬᠦ ᠮᠣᠩᠭᠣᠯᠴᠤᠳ ᠤᠨ ᠬᠠᠮᠲᠤ ᠶᠢᠨ ᠳᠡᠮᠵᠢᠯᠭᠡ ᠪᠡᠷ ᠪᠠᠶᠢᠭᠤᠯᠤᠭᠳᠠᠭᠰᠠᠨ᠂ ᠪᠦᠬᠦ ᠮᠣᠩᠭᠣᠯᠴᠤᠳ ᠢ ᠵᠠᠬᠢᠷᠬᠤ ᠤᠯᠤᠰ ᠭᠡᠰᠡᠨ ᠤᠳᠬ᠎ᠠ ᠲᠠᠢ ᠲᠤᠯᠠ ᠣᠷᠣᠰ ᠤᠯᠤᠰ ᠡᠨᠡ ᠨᠡᠷ᠎ᠡ ᠶᠢ ᠡᠷᠡᠰ ᠡᠰᠡᠷᠭᠦᠴᠡᠵᠦ ᠪᠠᠶᠢᠴᠠᠢ᠃

1915 ᠣᠨ ᠤ ᠬᠢᠶᠠᠭᠲᠤ ᠶᠢᠨ ᠭᠡᠷ᠎ᠡ ᠪᠡᠷ ᠮᠣᠩᠭᠣᠯ ᠤᠯᠤᠰ ᠢ ᠲᠣᠮᠳᠠᠳᠣ ᠢᠷᠭᠡᠨ ᠣᠯᠣᠰ ᠤᠨ ᠪᠦᠷᠢᠯᠳᠦᠬᠦᠨ ᠳ᠋ᠡᠬᠢ ᠥᠪᠡᠷᠲᠡᠭᠡᠨ ᠵᠠᠰᠠᠬᠤ ᠡᠷᠬᠡᠲᠦ ᠤᠯᠤᠰ ᠪᠣᠯᠭᠠᠯ᠎ᠠ᠃ 1919 ᠣᠨ ᠳᠤ ᠥᠪᠡᠷᠲᠡᠭᠡᠨ ᠵᠠᠰᠠᠬᠤ ᠡᠷᠬᠡ ᠶᠢ ᠤᠰᠠᠳᠬᠠᠪᠠ᠃ ᠮᠣᠩᠭᠣᠯ ᠨᠢ ᠣᠷᠣᠰ ᠤᠨ ᠤᠯᠠᠭᠠᠨ ᠠᠷᠮᠢ ᠍ ᠶᠢᠨ ᠳᠡᠮᠵᠢᠯᠭᠡ ᠲᠡᠢ ᠪᠡᠷ 1921 ᠣᠨ ᠳᠤ ᠲᠤᠰᠠᠭᠠᠷ ᠲᠣᠭᠲᠠᠨᠢᠯ ᠢᠶᠠᠨ ᠰᠡᠷᠭᠦᠭᠡᠨ ᠵᠠᠷᠯᠠᠵᠠᠢ᠃ ᠡᠭᠦᠨ ᠦ ᠳᠠᠷᠠᠭ᠎ᠠ 1924 ᠣᠨ ᠤ 11 ᠰᠠᠷ᠎ᠠ ᠶᠢᠨ 26 ᠍ ᠳᠦ ᠠᠩᠬᠠᠨ ᠤ ᠦᠨᠳᠦᠰᠦᠨ ᠬᠠᠤᠯᠢ ᠪᠠᠨ ᠪᠠᠲᠤᠯᠠᠵᠤ ᠬᠠᠭᠠᠨᠲᠤ ᠵᠠᠰᠠᠭ ᠢ ᠬᠠᠯᠤᠨ ᠪᠦᠭᠦᠳᠡ ᠨᠠᠶᠢᠷᠠᠮᠳᠠᠬᠤ ᠤᠯᠤᠰ ᠪᠣᠯᠵᠠᠢ᠃ ᠮᠣᠩᠭᠣᠯ ᠤᠨ ᠲᠤᠰᠠᠭᠠᠷ ᠲᠣᠭᠲᠠᠨᠢᠯ ᠬᠡᠳᠦ ᠬᠡᠳᠦᠨ ᠤᠳᠠᠭ᠎ᠠ ᠶᠢᠨ ᠰᠢᠯᠭᠠᠭᠤᠷ ᠢ ᠲᠤᠭᠤᠯᠤᠭᠰᠠᠨ ᠶᠤᠮ᠃ 1939 ᠣᠨ ᠳᠤ ᠶᠠᠫᠣᠨ ᠲᠦᠷᠢᠮᠡᠭᠡᠶᠢᠯᠡᠭᠴᠢᠳ ᠬᠠᠯᠬ᠎ᠠ ᠶᠢᠨ ᠭᠣᠣᠯ ᠢᠶᠠᠷ ᠨᠡᠪᠲᠡᠷᠡᠨ ᠣᠷᠣᠵᠤ ᠢᠷᠡᠵᠦ ᠳᠠᠶᠢᠨ ᠥᠳᠥᠭᠡᠭᠰᠡᠨ ᠪᠥᠭᠡᠳ ᠵᠥᠪᠯᠡᠯᠲᠦ ᠬᠣᠯᠪᠣᠭᠠᠲᠤ ᠤᠯᠤᠰ ᠍ ᠤᠨ ᠰᠢᠪᠢᠷᠢ᠂ ᠥᠪᠥᠷ ᠪᠠᠶᠢᠭᠠᠯ᠂ ᠤᠷᠠᠯ ᠤᠨ ᠴᠡᠷᠢᠭ ᠦᠨ ᠲᠣᠭᠣᠷᠢᠭ ᠤᠨ ᠳ᠋ᠢᠸᠢᠽ ᠪᠣᠯᠤᠨ ᠮᠣᠩᠭᠣᠯ ᠤᠨ ᠠᠷᠮᠢ ᠶᠢᠨ ᠬᠠᠮᠲᠤᠷᠠᠭᠰᠠᠨ ᠬᠦᠴᠦ ᠶᠠᠫᠣᠨ ᠤ ᠴᠡᠷᠢᠭ ᠢ ᠬᠠᠯᠬ᠎ᠠ ᠶᠢᠨ ᠭᠣᠣᠯ ᠳᠤ ᠪᠤᠲᠠ ᠴᠣᠬᠢᠭᠰᠠᠨ ᠢᠶᠠᠷ ᠬᠠᠯᠬ᠎ᠠ ᠶᠢᠨ ᠭᠣᠣᠯ ᠤᠨ ᠳᠠᠶᠢᠨ ᠳᠤ ᠢᠯᠠᠵᠠᠢ᠃ (ᠨᠦᠬᠦᠭᠡ ᠨᠡᠷᠡᠢᠳᠦᠯ ᠨᠢ ᠪᠠᠰᠠ ᠨᠣᠮᠣᠨ ᠬᠠᠨ ᠤ ᠲᠠᠢᠨ ᠭᠡᠳᠡᠭ ᠃)

ᠳᠡᠯᠡᠬᠡᠢ ᠶᠢᠨ ᠬᠣᠶᠠᠳᠤᠭᠠᠷ ᠳᠠᠶᠢᠨ ᠤ ᠳᠠᠷᠠᠭ᠎ᠠ 1945 ᠣᠨ ᠳᠤ ᠪᠣᠯᠤᠭᠰᠠᠨ ᠶᠠᠯᠠᠲ ᠶᠢᠨ ᠪᠠᠭ᠎ᠠ ᠬᠤᠷᠠᠯ ᠤᠨ ᠦᠷ᠎ᠡ ᠳ᠋ᠦᠩ ᠳᠦ ᠮᠣᠩᠭᠣᠯ ᠤᠯᠤᠰ ᠤᠨ ᠲᠤᠰᠠᠭᠠᠷ ᠲᠣᠭᠲᠠᠨᠢᠯ ᠢ ᠵᠥᠪᠯᠡᠯᠲᠦ ᠬᠣᠯᠪᠣᠭᠠᠲᠤ ᠤᠯᠤᠰ᠂ ᠳᠤᠮᠳᠠᠳᠤ ᠤᠯᠤᠰ ᠠᠯᠪᠠᠨ ᠶᠣᠰᠣᠭᠠᠷ ᠬᠦᠯᠢᠶᠡᠨ ᠵᠥᠪᠰᠢᠶᠡᠷᠡᠵᠦ ᠮᠣᠩᠭᠣᠯ ᠤᠯᠤᠰ ᠤᠨ ᠲᠤᠰᠠᠭᠠᠷ ᠲᠣᠭᠲᠠᠨᠢᠯ ᠣᠯᠠᠨ ᠤᠯᠤᠰ ᠤᠨ ᠬᠡᠮᠵᠢᠶᠡᠨ ᠳᠦ ᠪᠦᠷᠢᠨ ᠪᠠᠲᠤᠯᠠᠭᠠᠵᠢᠵᠠᠢ᠃

ᠰᠣᠴᠢᠶᠠᠯᠢᠮ ᠤᠨ ᠦᠶ᠎ᠡ[ᠵᠠᠰᠠᠪᠤᠷᠢᠯᠠᠬᠤ | ᠺᠣᠳ᠋ ᠢᠶᠠᠷ ᠵᠠᠰᠠᠬᠣ]

ᠮᠣᠩᠭᠣᠯ ᠤᠯᠤᠰ ᠬᠡᠳᠦᠶᠢᠪᠡᠷ ᠪᠦᠷᠢᠨ ᠲᠤᠰᠠᠭᠠᠷ ᠲᠣᠭᠲᠠᠨᠢᠭᠰᠠᠨ ᠪᠣᠯᠪᠠᠴᠤ 1921 ᠣᠨ ᠤ ᠬᠤᠪᠢᠰᠬᠠᠯ ᠠᠴᠠ ᠬᠣᠶᠢᠰᠢ 68 ᠵᠢᠯ ᠦᠨ ᠲᠤᠷᠰᠢ ᠵᠥᠪᠯᠡᠯᠲᠦ ᠬᠣᠯᠪᠣᠭᠠᠲᠤ ᠤᠯᠤᠰ ᠍ ᠤᠨ ᠨᠥᠯᠦᠭᠡᠨ ᠳᠦ᠂ ᠤᠯᠤᠰ ᠲᠥᠷᠥ᠂ ᠡᠳ᠋ ᠍ ᠦᠨ ᠵᠠᠰᠠᠭ ᠤᠨ ᠬᠤᠪᠢ ᠳᠤ ᠵᠥᠪᠯᠡᠯᠲᠦ ᠶᠢᠨ ᠵᠠᠭᠪᠤᠷ ᠢ ᠪᠠᠷᠢᠮᠲᠠᠯᠠᠨ ᠬᠥᠭᠵᠢᠵᠦ ᠢᠷᠡᠭᠰᠡᠨ᠃ ᠭᠡᠪᠡᠴᠦ ᠲᠡᠦᠬᠡ ᠶᠢᠨ ᠡᠨᠡ ᠦᠶ᠎ᠡ ᠳᠦ ᠮᠣᠩᠭᠣᠯ ᠳᠤ ᠰᠤᠶᠤᠯ᠂ ᠰᠢᠨᠵᠢᠯᠡᠬᠦ ᠤᠬᠠᠭᠠᠨ᠂ ᠲᠧᠭᠨᠢᠭ ᠲᠧᠭᠨᠣᠯᠣᠭᠢ ᠶᠢᠨ ᠲᠣᠮᠣᠬᠠᠨ ᠥᠭᠡᠷᠡᠴᠢᠯᠡᠯᠲᠡ ᠨᠦᠭᠦᠳ ᠬᠢᠭᠳᠡᠭᠰᠡᠨ ᠪᠠᠶᠢᠨ᠎ᠠ᠃ 1924 ᠣᠨ ᠳᠤ ᠮᠣᠩᠭᠣᠯ ᠤᠨ ᠰᠡᠭᠦᠯᠴᠢ ᠶᠢᠨ ᠬᠠᠭᠠᠨ 8 ᠍ ᠳᠦᠭᠡᠷ ᠪᠣᠭᠳᠠ ᠵᠢᠪᠽᠣᠨᠳᠠᠮᠪᠠ ᠬᠤᠲᠤᠭᠲᠤ ᠨᠠᠰᠤ ᠪᠠᠷᠠᠭᠰᠠᠨ ᠪᠥᠭᠡᠳ ᠮᠥᠨ ᠪᠣᠭᠳᠠ ᠶᠢᠨ ᠳᠦᠷᠢ ᠲᠣᠳᠣᠷᠠᠭᠤᠯᠬᠤ ᠶᠢ ᠬᠣᠷᠢᠭᠯᠠᠵᠠᠢ᠃ 1924 ᠣᠨ 11 ᠍ ᠳᠦᠭᠡᠷ ᠰᠠᠷ᠎ᠠ ᠶᠢᠨ 26 ᠍ ᠤ ᠡᠳᠦᠷ ᠠᠩᠬᠠᠳᠤᠭᠠᠷ ᠦᠨᠳᠦᠰᠦᠨ ᠬᠠᠤᠯᠢ ᠪᠠᠨ ᠪᠠᠲᠤᠯᠠᠵᠤ ᠪᠦᠭᠦᠳᠡ ᠨᠠᠶᠢᠷᠠᠮᠳᠠᠬᠤ ᠤᠯᠤᠰ ᠪᠣᠯᠤᠭᠰᠠᠨ ᠢᠶᠠᠷ ᠬᠠᠭᠠᠨᠲᠤ ᠵᠠᠰᠠᠭ ᠠᠴᠠ ᠲᠠᠲᠠᠭᠠᠯᠵᠠᠭᠰᠠᠨ ᠶᠤᠮ᠃ ᠲᠡᠭᠦᠨᠴᠢᠯᠡᠨ 1940᠂ 1960 ᠣᠨ ᠳᠤ ᠦᠨᠳᠦᠰᠦᠨ ᠬᠠᠤᠯᠢ ᠶᠢ ᠳᠠᠬᠢᠨ ᠰᠢᠨᠡᠴᠢᠯᠡᠨ ᠪᠠᠲᠤᠯᠠᠵᠤ ᠪᠠᠶᠢᠴᠠᠢ᠃ ᠡᠨᠡ ᠨᠢ ᠤᠯᠤᠰ ᠣᠷᠣᠨ ᠤ ᠲᠤᠬᠠᠢ ᠶᠢᠨ ᠦᠶ᠎ᠡ ᠶᠢᠨ ᠬᠥᠭᠵᠢᠯ᠂ ᠤᠯᠤᠰ ᠲᠥᠷᠥ ᠶᠢᠨ ᠬᠦᠷᠢᠶᠡᠨ ᠳᠦ ᠳᠡᠪᠰᠢᠭᠦᠯᠦᠭᠰᠡᠨ ᠵᠣᠷᠢᠯᠲᠠ ᠠᠴᠠ ᠬᠠᠮᠢᠶᠠᠷᠴᠣ ᠪᠠᠶᠢᠴᠠᠢ᠃ ᠰᠣᠴᠢᠶᠠᠯᠢᠮ ᠤᠨ ᠦᠶ᠎ᠡ ᠳᠦ ᠰᠤᠶᠤᠯ ᠤᠨ ᠳᠣᠪᠲᠣᠯᠭ᠎ᠠᠨᠢᠭᠡᠳᠦᠯᠵᠢᠬᠦ ᠬᠥᠳᠡᠯᠭᠡᠭᠡᠨᠠᠲᠠᠷ ᠤᠨ ᠠᠶᠠᠨ ᠵᠡᠷᠭᠡ ᠲᠣᠮᠣᠬᠠᠨ ᠬᠥᠳᠡᠯᠭᠡᠭᠡᠨ᠂ ᠠᠶᠠᠨ ᠨᠤᠭᠤᠳ ᠤᠯᠤᠰ ᠣᠷᠣᠨ ᠳᠠᠶᠠᠭᠠᠷ ᠥᠷᠨᠢᠵᠦ ᠪᠠᠶᠢᠪᠠ᠃ ᠡᠨᠡ ᠨᠢ ᠮᠠᠨ ᠤ ᠣᠷᠣᠨ ᠤ ᠬᠦᠮᠦᠨ ᠠᠮᠠ᠂ ᠰᠤᠶᠤᠯ᠂ ᠠᠮᠢᠳᠤᠷᠠᠬᠤ ᠬᠡᠪ ᠮᠠᠶ᠋ᠢᠭ᠂ ᠡᠳ᠋ ᠍ ᠦᠨ ᠵᠠᠰᠠᠭ ᠤᠨ ᠪᠦᠲᠦᠴᠡ᠂ ᠲᠣᠭᠲᠠᠯᠴᠠᠭᠠᠨ ᠤ ᠬᠤᠪᠢ ᠳᠤ ᠡᠷᠡᠰ ᠥᠭᠡᠷᠡᠴᠢᠯᠡᠯᠲᠡ ᠨᠦᠭᠦᠳ ᠢ ᠠᠪᠴᠤ ᠢᠷᠡᠭᠰᠡᠨ ᠪᠢᠯᠡ᠃

ᠠᠷᠠᠳᠴᠢᠯᠠᠭᠰᠠᠨ ᠳᠢᠭᠯᠢᠮ[ᠵᠠᠰᠠᠪᠤᠷᠢᠯᠠᠬᠤ | ᠺᠣᠳ᠋ ᠢᠶᠠᠷ ᠵᠠᠰᠠᠬᠣ]

1989-1990 ᠣᠨ ᠳᠤ ᠵᠥᠪᠯᠡᠯᠲᠦ ᠬᠣᠯᠪᠣᠭᠠᠲᠤ ᠤᠯᠤᠰ ᠪᠣᠯᠤᠨ ᠳᠣᠷᠣᠨᠠᠲᠤ ᠧᠦ᠋ᠷᠣᠫᠠ ᠶᠢᠨ ᠣᠷᠣᠨ ᠨᠤᠭᠤᠳ ᠲᠤ ᠥᠷᠨᠢᠭᠰᠡᠨ ᠠᠷᠠᠳᠴᠢᠯᠠᠯ ᠤᠨ ᠲᠥᠯᠦᠭᠡᠬᠢ ᠲᠡᠮᠡᠴᠡᠯ ᠮᠣᠩᠭᠣᠯ ᠤᠯᠤᠰ ᠲᠤ ᠴᠤ ᠨᠥᠯᠦᠭᠡᠯᠡᠵᠦ 1989 ᠣᠨ ᠤ 12 ᠰᠠᠷ᠎ᠠ ᠶᠢᠨ 10 ᠍ ᠳᠦ ᠠᠷᠠᠳᠴᠢᠯᠠᠯ ᠤᠨ ᠲᠥᠯᠦᠭᠡᠬᠢ ᠠᠩᠬᠠᠨ ᠤ ᠴᠤᠭᠯᠠᠭᠠᠨ ᠪᠣᠯᠵᠤ ᠮᠣᠩᠭᠣᠯ ᠤᠨ ᠠᠷᠠᠳᠴᠢᠯᠠᠭᠰᠠᠨ ᠬᠣᠯᠪᠣᠭ᠎ᠠ ᠪᠠᠶᠢᠭᠤᠯᠤᠭᠳᠠᠭᠰᠠᠨ ᠢᠶᠠᠨ ᠵᠠᠷᠯᠠᠵᠠᠢ᠃ ᠡᠭᠦᠨ ᠦ ᠳᠠᠷᠠᠭ᠎ᠠ ᠰᠢᠯᠢ ᠰᠢᠯᠢ ᠪᠡᠨ ᠳᠠᠷᠤᠨ ᠣᠯᠠᠨ ᠵᠢᠭ᠌ᠰᠠᠭᠠᠯ ᠴᠤᠭᠯᠠᠭᠠᠨ ᠵᠣᠬᠢᠶᠠᠭᠳᠠᠬᠤ ᠪᠣᠯᠵᠤ᠂ ᠣᠯᠠᠨ ᠬᠥᠳᠡᠯᠭᠡᠭᠡᠨ ᠬᠣᠯᠪᠣᠭᠠᠳ ᠪᠠᠶᠢᠭᠤᠯᠤᠭᠳᠠᠵᠠᠢ᠃

1990 ᠣᠨ ᠤ 3 ᠰᠠᠷ᠎ᠠ ᠶᠢᠨ 7 ᠍ ᠳᠦ ᠮᠣᠩᠭᠣᠯ ᠤᠨ ᠠᠷᠠᠳᠴᠢᠯᠠᠭᠰᠠᠨ ᠬᠣᠯᠪᠣᠭᠠᠨ ᠍ ᠤ ᠵᠠᠷᠢᠮ ᠭᠡᠰᠢᠭᠦᠳ ᠮᠣᠩᠭᠣᠯ ᠳᠤ ᠠᠩᠬ᠎ᠠ ᠤᠳᠠᠭ᠎ᠠ ᠤᠯᠤᠰ ᠲᠥᠷᠥ ᠶᠢᠨ ᠥᠯᠥᠰᠬᠦᠯᠡᠩ ᠵᠠᠷᠯᠠᠵᠤ᠂ ᠲᠤᠬᠠᠢ ᠶᠢᠨ ᠦᠶ᠎ᠡ ᠳᠦ ᠲᠥᠷᠥ ᠶᠢᠨ ᠡᠷᠬᠡ ᠪᠠᠷᠢᠵᠤ ᠪᠠᠶᠢᠭᠰᠠᠨ ᠮᠣᠩᠭᠣᠯ ᠠᠷᠠᠳ ᠤᠨ ᠬᠤᠪᠢᠰᠬᠠᠯᠲᠤ ᠨᠠᠮ ᠍ ᠤᠨ ᠲᠥᠪ ᠬᠣᠷᠢᠶᠠᠨ ᠤ ᠤᠯᠤᠰ ᠲᠥᠷᠥ ᠶᠢᠨ ᠲᠣᠪᠴᠢᠶ᠎ᠠ ᠶᠢ ᠣᠭᠴᠠᠷᠠᠬᠤ ᠶᠢ ᠱᠠᠭᠠᠷᠳᠠᠭᠰᠠᠨ ᠪᠠᠶᠢᠨ᠎ᠠ᠃ ᠲᠡᠳᠡᠨ ᠦ ᠱᠠᠭᠠᠷᠳᠠᠯᠭ᠎ᠠ ᠶᠢ ᠡᠷᠬᠡ ᠪᠠᠷᠢᠭᠴᠢᠳ ᠬᠦᠯᠢᠶᠡᠨ ᠠᠪᠴᠤ 3 ᠰᠠᠷ᠎ᠠ ᠶᠢᠨ 9 ᠍ ᠦ ᠣᠷᠣᠢ ᠤᠯᠤᠰ ᠲᠥᠷᠥ ᠶᠢᠨ ᠲᠣᠪᠴᠢᠶ᠎ᠠ ᠪᠦᠷᠢᠨ ᠪᠦᠷᠢᠯᠳᠦᠬᠦᠨ ᠢᠶᠡᠷ ᠢᠶᠡᠨ ᠣᠭᠴᠠᠷᠴᠥ᠂ ᠮᠣᠩᠭᠣᠯ ᠤᠯᠤᠰ ᠲᠤ ᠣᠯᠠᠨ ᠨᠠᠮ ᠤᠨ ᠣᠷᠣᠯᠴᠠᠭ᠎ᠠ ᠪᠦᠬᠦᠢ ᠴᠢᠯᠦᠭᠡᠲᠦ ᠰᠣᠩᠭᠣᠭᠤᠯᠢ ᠶᠠᠪᠤᠭᠤᠯᠬᠤ ᠪᠣᠯᠵᠠᠢ᠃

ᠠᠩᠬᠠᠨ ᠤ ᠴᠢᠯᠦᠭᠡᠲᠦ ᠠᠷᠠᠳᠴᠢᠯᠠᠭᠰᠠᠨ ᠰᠣᠩᠭᠣᠭᠤᠯᠢ ᠪᠠᠷ ᠪᠠᠶᠢᠭᠤᠯᠤᠭᠳᠠᠭᠰᠠᠨ ᠠᠷᠠᠳ ᠤᠨ ᠶᠡᠬᠡ ᠬᠤᠷᠠᠯ 76 ᠬᠣᠨᠣᠭ ᠬᠤᠷᠠᠯᠳᠤᠵᠤ 1992 ᠣᠨ ᠤ 1 ᠰᠠᠷ᠎ᠠ ᠶᠢᠨ 13 ᠍ ᠳᠦ ᠬᠦᠮᠦᠨ ᠦ ᠡᠷᠬᠡ᠂ ᠡᠷᠬᠡ ᠴᠢᠯᠦᠭᠡ᠂ ᠬᠤᠪᠢ ᠤᠨ ᠥᠮᠴᠢ ᠡᠵᠡᠮᠰᠢᠬᠦ ᠡᠷᠬᠡ ᠶᠢ ᠪᠠᠲᠤᠯᠠᠭᠠᠵᠢᠭᠤᠯᠤᠭᠰᠠᠨ ᠰᠢᠨ᠎ᠡ ᠦᠨᠳᠦᠰᠦᠨ ᠬᠠᠤᠯᠢ ᠶᠢ ᠪᠠᠲᠤᠯᠠᠭᠰᠠᠨ ᠢᠶᠠᠷ ᠮᠣᠩᠭᠣᠯ ᠤᠯᠤᠰ ᠠᠷᠠᠳᠴᠢᠯᠠᠯ ᠤᠨ ᠵᠠᠮ ᠢ ᠡᠷᠭᠢᠯᠲᠡ ᠪᠤᠴᠠᠯᠲᠠ ᠦᠭᠡᠢ ᠰᠣᠩᠭᠣᠭᠰᠠᠨ ᠶᠤᠮ᠃

ᠲᠥᠷᠥ ᠶᠢᠨ ᠪᠠᠶᠢᠭᠤᠯᠤᠯᠲᠠ[ᠵᠠᠰᠠᠪᠤᠷᠢᠯᠠᠬᠤ | ᠺᠣᠳ᠋ ᠢᠶᠠᠷ ᠵᠠᠰᠠᠬᠣ]

ᠮᠣᠩᠭᠣᠯ ᠤᠨ ᠤᠯᠤᠰ ᠲᠥᠷᠥ ᠶᠢᠨ ᠰᠢᠰᠲ᠋ᠧᠮ ᠢ ᠫᠠᠷᠯᠠᠮᠧᠨᠲ(ᠣᠯᠣᠰ ᠤᠨ ᠬᠣᠷᠠᠯ) ᠤᠨ ᠵᠠᠰᠠᠭᠯᠠᠯ ᠲᠠᠢ ᠠᠷᠠᠳᠴᠢᠯᠠᠯ ᠭᠡᠵᠦ ᠲᠣᠳᠣᠷᠬᠠᠶᠢᠯᠠᠬᠤ ᠪᠥᠭᠡᠳ ᠡᠨᠡ ᠨᠢ ᠮᠣᠩᠭᠣᠯ ᠤᠯᠤᠰ ᠤᠨ ᠦᠨᠳᠦᠰᠦᠨ ᠬᠠᠤᠯᠢ ᠳᠤ ᠲᠣᠳᠣᠷᠬᠠᠢ ᠲᠤᠰᠬᠠᠭᠳᠠᠭᠰᠠᠨ ᠪᠠᠶᠢᠳᠠᠭ᠃ ᠮᠣᠩᠭᠣᠯ ᠤᠯᠤᠰ ᠤᠨ ᠦᠨᠳᠦᠰᠦᠨ ᠬᠠᠤᠯᠢ ᠨᠢ ᠮᠣᠩᠭᠣᠯ ᠤᠯᠤᠰ ᠤᠨ ᠢᠷᠭᠡᠳ ᠦᠨ ᠦᠵᠡᠯ ᠪᠣᠳᠣᠯ ᠢᠶᠠᠨ ᠴᠢᠯᠦᠭᠡᠲᠡᠢ ᠢᠯᠡᠷᠬᠡᠶᠢᠯᠡᠬᠦ ᠡᠷᠬᠡ᠂ ᠬᠦᠮᠦᠨ ᠦ ᠦᠨᠳᠦᠰᠦᠨ ᠡᠷᠬᠡ᠂ ᠱᠠᠰᠢᠨ ᠰᠢᠲᠦᠬᠦ ᠡᠷᠬᠡ ᠵᠡᠷᠭᠡ ᠶᠢ ᠬᠠᠤᠯᠢᠴᠢᠯᠠᠨ ᠪᠠᠲᠤᠯᠠᠭᠠᠵᠢᠭᠤᠯᠳᠠᠭ᠃ ᠮᠣᠩᠭᠣᠯ ᠤᠨ ᠮᠡᠳᠡᠭᠡᠯᠡᠯ ᠦᠨ ᠰᠠᠯᠪᠤᠷᠢ ᠨᠢ ᠬᠤᠪᠢ  ᠶᠢᠨ ᠪᠣᠯᠤᠨ ᠨᠡᠶᠢᠲᠡ ᠶᠢᠨ ᠡᠵᠡᠮᠰᠢᠯ ᠦᠨ ᠲᠧᠯᠧᠢᠰ ᠦᠨ ᠰᠤᠪᠠᠭ ᠤᠳ᠂ ᠰᠣᠨᠢᠨ ᠰᠡᠳᠬᠦᠯ ᠦᠳ ᠡᠴᠡ ᠪᠦᠷᠢᠳᠦᠳᠡᠭ᠃ ᠮᠣᠩᠭᠣᠯ ᠤᠨ ᠣᠯᠠᠨ ᠤᠯᠤᠰ ᠲᠥᠷᠥ ᠶᠢᠨ ᠨᠠᠮ ᠤᠳ ᠠᠴᠠ ᠬᠣᠶᠠᠷ ᠨᠢ (МАН (ᠬᠠᠭᠤᠴᠢᠨ ᠤ ᠮᠣᠩᠭᠣᠯ ᠠᠷᠠᠳ ᠤᠨ ᠬᠤᠪᠢᠰᠬᠠᠯᠲᠤ ᠨᠠᠮ) ᠪᠠ ᠠᠷᠠᠳᠴᠢᠯᠠᠭᠰᠠᠨ ᠨᠠᠮ) ᠤᠯᠤᠰ ᠲᠥᠷᠥ ᠶᠢᠨ ᠬᠤᠪᠢ ᠳᠤ ᠬᠦᠴᠦᠨ ᠴᠢᠳᠠᠯ᠂ ᠨᠥᠯᠥᠭᠡ ᠶᠡᠬᠡ ᠲᠡᠢ᠃ 1996 ᠣᠨ ᠤ ᠰᠣᠩᠭᠣᠭᠤᠯᠢ ᠬᠦᠷᠲᠡᠯ᠎ᠡ ᠬᠠᠭᠤᠴᠢᠨ ᠡᠪ ᠬᠠᠮᠳᠣ ᠮᠣᠩᠭᠣᠯ ᠠᠷᠠᠳ ᠤᠨ ᠬᠤᠪᠢᠰᠬᠠᠯᠲᠤ ᠨᠠᠮ ᠵᠣᠩᠬᠢᠯᠠᠬᠤ ᠨᠠᠮ ᠪᠠᠶᠢᠵᠠᠢ᠃ ᠮᠣᠩᠭᠣᠯ ᠠᠷᠠᠳ ᠤᠨ ᠬᠤᠪᠢᠰᠬᠠᠯᠲᠤ ᠨᠠᠮ ᠲᠥᠷᠥ ᠶᠢᠨ ᠡᠷᠬᠡ ᠶᠢ ᠪᠠᠷᠢᠵᠤ ᠢᠷᠡᠭᠰᠡᠨ 2000~2008 ᠣᠨ ᠨᠤᠭᠤᠳ ᠲᠤ ᠭᠣᠣᠯ ᠰᠥᠷᠭᠦ ᠬᠦᠴᠦᠨ ᠨᠢ 1996 ᠣᠨ ᠠᠴᠠ 2000 ᠣᠨ ᠬᠦᠷᠲᠡᠯ᠎ᠡ ᠲᠥᠷᠥ ᠶᠢᠨ ᠡᠷᠬᠡ ᠶᠢ ᠪᠠᠷᠢᠭᠰᠠᠨ ᠠᠷᠠᠳᠴᠢᠯᠠᠭᠰᠠᠨ ᠨᠠᠮ ᠪᠠᠶᠢᠪᠠ᠃

1992 ᠣᠨ ᠳᠤ ᠰᠢᠨ᠎ᠡ ᠦᠨᠳᠦᠰᠦᠨ ᠬᠠᠤᠯᠢ ᠶᠢ ᠪᠠᠲᠤᠯᠠᠭᠰᠠᠨ ᠢᠶᠠᠷ᠂ ᠤᠯᠤᠰ ᠤᠨ ᠶᠡᠬᠡ ᠬᠤᠷᠠᠯ ᠤᠨ ᠰᠣᠩᠭᠣᠭᠤᠯᠢ ᠶᠢ ᠠᠷᠠᠳᠴᠢᠯᠠᠭᠰᠠᠨ ᠵᠠᠷᠴᠢᠮ ᠢᠶᠠᠷ ᠶᠠᠪᠤᠭᠤᠯᠵᠤ ᠡᠬᠢᠯᠡᠵᠡᠢ᠃

1992 ᠣᠨ ᠤ ᠰᠣᠩᠭᠣᠭᠤᠯᠢ ᠳᠤ ᠮᠣᠩᠭᠣᠯ ᠠᠷᠠᠳ ᠤᠨ ᠬᠤᠪᠢᠰᠬᠠᠯᠲᠤ ᠨᠠᠮ ᠢᠯᠠᠯᠲᠠ ᠪᠠᠶᠢᠭᠤᠯᠵᠤ᠂ ᠤᠯᠤᠰ ᠤᠨ ᠶᠡᠬᠡ ᠬᠤᠷᠠᠯ ᠳᠦ 70 ᠰᠠᠭᠤᠳᠠᠯ ᠢ ᠠᠪᠴᠠᠢ᠃ 1996 ᠣᠨ ᠳᠤ ᠮᠣᠩᠭᠣᠯ ᠤᠨ ᠠᠷᠠᠳᠴᠢᠯᠠᠭᠰᠠᠨ ᠬᠣᠯᠪᠣᠭ᠎ᠠ᠂ ᠠᠷᠠᠳᠴᠢᠯᠠᠭᠰᠠᠨ ᠨᠠᠮ ᠤᠳ ᠤᠨ ᠡᠪᠰᠡᠯ ᠲᠤᠰ ᠤᠯᠤᠰ ᠤᠨ ᠡᠳ᠋ ᠍ ᠦᠨ ᠵᠠᠰᠠᠭ ᠪᠠ ᠤᠯᠤᠰ ᠲᠥᠷᠥ ᠳᠦ ᠰᠢᠨᠡᠴᠢᠯᠡᠯᠲᠡ᠂ ᠥᠭᠡᠷᠡᠴᠢᠯᠡᠯᠲᠡ ᠶᠢ ᠭᠦᠢᠴᠡᠳᠭᠡᠬᠦ ᠰᠢᠨ᠎ᠡ ᠬᠥᠲᠥᠯᠪᠦᠷᠢ ᠪᠣᠯᠪᠠᠰᠤᠷᠠᠭᠤᠯᠵᠤ ᠣᠷᠣᠯᠴᠠᠭᠰᠠᠨ ᠤ ᠳ᠋ᠦᠩ ᠳᠦ ᠰᠣᠩᠭᠣᠭᠤᠯᠢ ᠳᠤ ᠣᠨᠴᠠᠭᠠᠢ ᠢᠯᠠᠯᠲᠠ ᠪᠠᠶᠢᠭᠤᠯᠤᠭᠰᠠᠨ᠃ ᠡᠨᠡ ᠰᠠᠨᠠᠯ ᠬᠤᠷᠢᠶᠠᠯᠲᠠ ᠪᠠᠷ ᠤᠯᠤᠰ ᠤᠨ ᠶᠡᠬᠡ ᠬᠤᠷᠠᠯ ᠤᠨ 76 ᠰᠠᠭᠤᠳᠠᠯ ᠤᠨ 50 ᠍ ᠶᠢ ᠨᠢ ᠠᠷᠠᠳᠴᠢᠯᠠᠭᠰᠠᠨ ᠬᠣᠯᠪᠣᠭ᠎ᠠ ᠡᠪᠰᠡᠯ᠂ 25 ᠰᠠᠭᠤᠳᠠᠯ ᠢ ᠮᠣᠩᠭᠣᠯ ᠠᠷᠠᠳ ᠤᠨ ᠬᠤᠪᠢᠰᠬᠠᠯᠲᠤ ᠨᠠᠮ ᠠᠪᠤᠭᠰᠠᠨ ᠪᠠᠶᠢᠨ᠎ᠠ᠃ 2000 ᠣᠨ ᠤ ᠰᠣᠩᠭᠣᠭᠤᠯᠢ ᠪᠠᠷ ᠮᠣᠩᠭᠣᠯ ᠠᠷᠠᠳ ᠤᠨ ᠬᠤᠪᠢᠰᠬᠠᠯᠲᠤ ᠨᠠᠮ 72᠂ ᠪᠤᠰᠤᠳ ᠨᠠᠮ ᠡᠪᠰᠡᠯ (ᠠᠷᠠᠳᠴᠢᠯᠠᠭᠰᠠᠨ ᠨᠠᠮᠮᠣᠩᠭᠣᠯ ᠠᠷᠠᠳᠴᠢᠯᠠᠭᠰᠠᠨ ᠰᠢᠨ᠎ᠡ ᠰᠣᠴᠢᠶᠠᠯᠢᠰᠲᠤ ᠨᠠᠮᠮᠣᠩᠭᠣᠯ ᠤᠨ ᠢᠷᠭᠡᠨ ᠦ ᠵᠣᠷᠢᠭ ᠤᠨ ᠨᠠᠮ) 4 ᠰᠠᠭᠤᠳᠠᠯ ᠠᠪᠤᠭᠰᠠᠨ ᠶᠤᠮ᠃ ᠬᠠᠷᠢᠨ 2004 ᠣᠨ ᠤ ᠰᠣᠩᠭᠣᠭᠤᠯᠢ ᠪᠠᠷ ᠮᠣᠩᠭᠣᠯ ᠠᠷᠠᠳ ᠤᠨ ᠬᠤᠪᠢᠰᠬᠠᠯᠲᠤ ᠨᠠᠮ 38᠂ ᠡᠬᠡ ᠣᠷᠣᠨ-ᠠᠷᠠᠳᠴᠢᠯᠠᠯ ᠡᠪᠰᠡᠯ 34᠂ МБНН 1(?)᠂ ᠪᠡᠶ᠎ᠡ ᠳᠠᠭᠠᠭᠠᠭᠴᠢ ᠳᠤ 3 ᠰᠠᠭᠤᠳᠠᠯ ᠠᠪᠤᠭᠰᠠᠨ ᠪᠠᠶᠢᠨ᠎ᠠ᠃ 2008 ᠣᠨ ᠤ ᠤᠯᠤᠰ ᠤᠨ ᠶᠡᠬᠡ ᠬᠤᠷᠠᠯ ᠤᠨ ᠰᠣᠩᠭᠣᠭᠤᠯᠢ  ᠳᠤ ᠮᠣᠩᠭᠣᠯ ᠠᠷᠠᠳ ᠤᠨ ᠬᠤᠪᠢᠰᠬᠠᠯᠲᠤ ᠨᠠᠮ ᠢᠯᠠᠯᠲᠠ ᠪᠠᠶᠢᠭᠤᠯᠤᠭᠰᠠᠨ ᠴᠤ ᠠᠷᠠᠳ ᠲᠦᠮᠡᠨ ᠰᠣᠩᠭᠣᠭᠤᠯᠢ ᠶᠢ ᠰᠢᠳᠤᠷᠭᠤ ᠪᠤᠰᠤ ᠶᠠᠪᠤᠭᠳᠠᠭᠰᠠᠨ ᠬᠡᠮᠡᠨ ᠦᠵᠡᠵᠦ᠂ ᠡᠰᠡᠷᠭᠦᠴᠡᠯ ᠦᠨ ᠵᠢᠭ᠌ᠰᠠᠭᠠᠯ ᠬᠢᠭᠰᠡᠨ ᠨᠢ ᠰᠡᠭᠦᠯ ᠳᠦ ᠪᠡᠨ ᠦᠢᠮᠡᠭᠡᠨ ᠰᠠᠮᠠᠭᠤᠨ ᠪᠣᠯᠵᠤ ᠬᠤᠪᠢᠷᠠᠭᠰᠠᠨ᠃ ᠤᠯᠤᠰ ᠣᠷᠣᠨ ᠳᠤ ᠡᠭᠦᠰᠦᠭᠰᠡᠨ ᠨᠥᠬᠥᠴᠡᠯ ᠪᠠᠶᠢᠳᠠᠯ ᠤᠨ ᠤᠯᠠᠮ ᠠᠴᠠ ᠮᠣᠩᠭᠣᠯ ᠠᠷᠠᠳ ᠤᠨ ᠬᠤᠪᠢᠰᠬᠠᠯᠲᠤ ᠨᠠᠮ ᠪᠠ ᠠᠷᠠᠳᠴᠢᠯᠠᠭᠰᠠᠨ ᠨᠠᠮ ᠡᠪᠰᠡᠬᠦ ᠪᠡᠷ ᠰᠢᠢᠳᠪᠦᠷᠢᠯᠡᠵᠦ ᠬᠠᠮᠲᠤᠷᠠᠭᠰᠠᠨ ᠵᠠᠰᠠᠭ ᠤᠨ ᠭᠠᠵᠠᠷ ᠪᠠᠶᠢᠭᠤᠯᠵᠠᠢ᠃ 2010 ᠣᠨ ᠤ 10 ᠰᠠᠷ᠎ᠠ ᠳᠤ ᠮᠣᠩᠭᠣᠯ ᠠᠷᠠᠳ ᠤᠨ ᠬᠤᠪᠢᠰᠬᠠᠯᠲᠤ ᠨᠠᠮ ᠨᠢ ᠨᠡᠷ᠎ᠡ ᠪᠡᠨ ᠰᠤᠯᠢᠵᠤ МАН(?) /ᠮᠣᠩᠭᠣᠯ ᠠᠷᠠᠳ ᠤᠨ ᠨᠠᠮ/ ᠪᠣᠯᠤᠭᠰᠠᠨ ᠪᠥᠭᠡᠳ ᠮᠣᠩᠭᠣᠯ ᠤᠯᠤᠰ ᠤᠨ 3 ᠳᠠᠬᠢ ᠶᠡᠷᠦᠩᠬᠡᠶᠢᠯᠡᠭᠴᠢ ᠠᠰᠠᠨ ᠨ ᠡᠩᠬᠡᠪᠠᠶᠠᠷ ᠰᠢᠨ᠎ᠡ ᠪᠡᠷ ᠨᠠᠮ ᠪᠠᠶᠢᠭᠤᠯᠵᠤ ᠲᠡᠭᠦᠨ ᠢ ᠪᠡᠨ ᠮᠣᠩᠭᠣᠯ ᠠᠷᠠᠳ ᠤᠨ ᠬᠤᠪᠢᠰᠬᠠᠯᠲᠤ ᠨᠠᠮ ᠬᠡᠮᠡᠨ ᠨᠡᠷᠡᠯᠡᠵᠡᠢ᠃ 2012 ᠣᠨ ᠤ ᠤᠯᠤᠰ ᠤᠨ ᠶᠡᠬᠡ ᠬᠤᠷᠠᠯ ᠤᠨ ᠰᠣᠩᠭᠣᠭᠤᠯᠢ ᠠᠩᠬ᠎ᠠ ᠤᠳᠠᠭ᠎ᠠ ᠬᠣᠯᠢᠮᠠᠭ ᠲᠣᠭᠲᠠᠯᠴᠠᠭ᠎ᠠ ᠪᠠᠷ ᠶᠠᠪᠤᠭᠳᠠᠵᠤ᠂ ᠠᠯᠢ ᠴᠤ ᠨᠠᠮ ᠣᠯᠠᠩᠬᠢ ᠪᠣᠯᠵᠤ ᠴᠢᠳᠠᠭ᠎ᠠ ᠦᠭᠡᠢ ᠪᠥᠭᠡᠳ ᠬᠠᠮᠤᠭ ᠤᠨ ᠣᠯᠠᠨ ᠰᠠᠭᠤᠳᠠᠯ ᠠᠪᠤᠭᠰᠠᠨ ᠠᠷᠠᠳᠴᠢᠯᠠᠭᠰᠠᠨ ᠨᠠᠮ ᠰᠢᠳᠤᠷᠭᠤ ᠶᠣᠰᠣ ᠡᠪᠰᠡᠯИЗНН(?) ᠍ ᠲᠠᠢ ᠬᠠᠮᠲᠤᠷᠠᠨ ᠡᠪᠰᠡᠯ ᠦᠨ ᠵᠠᠰᠠᠭ ᠤᠨ ᠭᠠᠵᠠᠷ ᠪᠠᠶᠢᠭᠤᠯᠤᠨ ᠠᠵᠢᠯᠯᠠᠵᠤ ᠪᠠᠶᠢᠨ᠎ᠠ᠃

ᠶᠡᠷᠦᠩᠬᠡᠶᠢᠯᠡᠭᠴᠢ[ᠵᠠᠰᠠᠪᠤᠷᠢᠯᠠᠬᠤ | ᠺᠣᠳ᠋ ᠢᠶᠠᠷ ᠵᠠᠰᠠᠬᠣ]

ᠴᠠᠬᠢᠭ᠎ᠠ ᠶᠢᠨ ᠡᠯᠪᠡᠭᠳᠣᠷᠵᠢ

ᠦᠨᠳᠦᠰᠦᠨ ᠬᠠᠤᠯᠢ ᠳᠤ ᠵᠢᠭᠠᠭᠰᠠᠨ ᠢᠶᠠᠷ ᠶᠡᠷᠦᠩᠬᠡᠶᠢᠯᠡᠭᠴᠢ ᠨᠢ ᠮᠣᠩᠭᠣᠯ ᠤᠯᠤᠰ ᠤᠨ ᠲᠥᠷᠥ ᠶᠢᠨ ᠲᠡᠷᠢᠭᠦᠨ ᠪᠥᠭᠡᠳ ᠠᠷᠠᠳ ᠲᠦᠮᠡᠨ ᠦ ᠡᠪ ᠨᠢᠭᠡᠳᠦᠯ ᠦᠨ ᠢᠯᠡᠷᠬᠡᠶᠢᠯᠡᠯ ᠪᠣᠯᠤᠨ᠎ᠠ᠃ ᠶᠡᠷᠦᠩᠬᠡᠶᠢᠯᠡᠭᠴᠢ ᠶᠢ 4 ᠵᠢᠯ ᠲᠤᠲᠤᠮ ᠳᠤ ᠠᠷᠠᠳ ᠲᠦᠮᠡᠨ ᠦ ᠰᠢᠭᠤᠳ ᠰᠣᠩᠭᠣᠭᠤᠯᠢ ᠪᠠᠷ ᠰᠣᠩᠭᠣᠳᠠᠭ᠃

ᠶᠡᠷᠦᠩᠬᠡᠶᠢᠯᠡᠭᠴᠢ ᠨᠢ ᠶᠡᠬᠡ ᠬᠤᠷᠠᠯ ᠤᠨ ᠰᠢᠢᠳᠪᠦᠷᠢ ᠨᠦᠭᠦᠳ ᠦᠨ ᠬᠡᠷᠡᠭᠵᠢᠯᠲᠡ ᠳᠦ ᠬᠣᠷᠢᠭ ᠲᠠᠯᠪᠢᠵᠤ ᠴᠢᠳᠠᠨ᠎ᠠ᠃ ᠡᠨᠡ ᠰᠢᠢᠳᠪᠦᠷᠢ ᠶᠢ ᠤᠯᠤᠰ ᠤᠨ ᠶᠡᠬᠡ ᠬᠤᠷᠠᠯ 2/3 ᠠᠴᠠ ᠳᠡᠭᠡᠭᠰᠢ ᠬᠤᠪᠢ ᠤᠨ ᠰᠠᠨᠠᠯ ᠢᠶᠠᠷ ᠡᠰᠡᠷᠭᠦᠴᠡᠪᠡᠯ ᠶᠡᠷᠦᠩᠬᠡᠶᠢᠯᠡᠭᠴᠢ ᠶᠢᠨ ᠬᠣᠷᠢᠭ ᠮᠥᠨ ᠬᠦᠴᠦᠨ ᠦᠭᠡᠢ ᠪᠣᠯᠳᠠᠭ᠃ ᠮᠣᠩᠭᠣᠯ ᠤᠯᠤᠰ ᠤᠨ ᠦᠨᠳᠦᠰᠦᠨ ᠬᠠᠤᠯᠢ ᠪᠠᠷ ᠶᠡᠷᠦᠩᠬᠡᠶᠢᠯᠡᠭᠴᠢ ᠶᠢᠨ ᠠᠯᠪᠠ ᠶᠢ ᠬᠠᠰᠢᠬᠤ ᠬᠦᠨᠳᠦ ᠭᠤᠷᠪᠠᠨ ᠱᠠᠭᠠᠷᠳᠠᠯᠭ᠎ᠠ ᠲᠠᠯᠪᠢᠭᠳᠠᠳᠠᠭ᠃ ᠡᠭᠦᠨ ᠳᠦ:

  • ᠮᠣᠩᠭᠣᠯ ᠤᠯᠤᠰ ᠤᠨ ᠢᠷᠭᠡᠨ ᠪᠠ ᠮᠣᠩᠭᠣᠯ ᠳᠤ ᠲᠦᠷᠦᠭᠰᠡᠨ ᠪᠠᠶᠢᠬᠤ
  • 45 ᠨᠠᠰᠤ ᠪᠣᠶᠣ ᠲᠡᠭᠡᠭᠰᠢ ᠪᠠᠶᠢᠬᠤ
  • ᠶᠡᠷᠦᠩᠬᠡᠶᠢᠯᠡᠭᠴᠢ ᠪᠣᠯᠬᠤ ᠠᠴᠠ ᠡᠮᠦᠨ᠎ᠡ ᠮᠣᠩᠭᠣᠯ ᠳᠤ ᠲᠠᠪᠤᠨ ᠵᠢᠯ ᠠᠮᠢᠳᠤᠷᠠᠭᠰᠠᠨ ᠪᠠᠶᠢᠬᠤ ᠶᠣᠰᠣᠲᠠᠢ

ᠣᠳᠣ ᠶᠢᠨ ᠶᠡᠷᠦᠩᠬᠡᠶᠢᠯᠡᠭᠴᠢ ᠪᠣᠯ ᠴᠠᠬᠢᠭ᠎ᠠ ᠶᠢᠨ ᠡᠯᠪᠡᠭᠳᠣᠷᠵᠢ ᠶᠤᠮ᠃

ᠮᠣᠩᠭᠣᠯ ᠤᠯᠤᠰ ᠤᠨ ᠶᠡᠷᠦᠩᠬᠡᠶᠢᠯᠡᠭᠴᠢ ᠨᠠᠷ: 1.ᠫᠦᠩᠰᠠᠯᠮ᠎ᠠ ᠶᠢᠨ ᠸᠴᠢᠷᠪᠠᠲᠤ 2.ᠨᠠᠴᠤᠭ ᠤᠨ ᠪᠠᠭᠠᠪᠠᠨᠳᠢ 3.ᠨᠠᠮᠪᠠᠷ ᠤᠨ ᠡᠩᠬᠡᠪᠠᠶᠠᠷ 4.ᠴᠠᠬᠢᠭ᠎ᠠ ᠶᠢᠨ ᠡᠯᠪᠡᠭᠳᠣᠷᠵᠢ

ᠤᠯᠤᠰ ᠤᠨ ᠶᠡᠬᠡ ᠬᠤᠷᠠᠯ[ᠵᠠᠰᠠᠪᠤᠷᠢᠯᠠᠬᠤ | ᠺᠣᠳ᠋ ᠢᠶᠠᠷ ᠵᠠᠰᠠᠬᠣ]

ᠤᠯᠤᠰ ᠤᠨ ᠶᠡᠬᠡ ᠬᠤᠷᠠᠯ ᠤᠨ ᠲᠠᠩᠬᠢᠮ

ᠤᠯᠤᠰ ᠤᠨ ᠶᠡᠬᠡ ᠬᠤᠷᠠᠯ ᠨᠢ 76 ᠰᠠᠭᠤᠳᠠᠯ ᠲᠠᠢ ᠪᠠ ᠤᠯᠤᠰ ᠤᠨ ᠶᠡᠬᠡ ᠬᠤᠷᠠᠯ ᠤᠨ ᠳᠠᠷᠤᠭ᠎ᠠ ᠬᠤᠷᠠᠯ ᠢ ᠤᠳᠤᠷᠢᠳᠤᠨ᠎ᠠ᠃ ᠣᠳᠣ ᠮᠥᠷᠳᠡᠭᠳᠡᠵᠦ ᠪᠤᠢ ᠰᠣᠩᠭᠣᠭᠤᠯᠢ ᠶᠢᠨ ᠬᠠᠤᠯᠢ ᠪᠠᠷ 21 ᠠᠶᠢᠮᠠᠭ ᠪᠠ ᠨᠡᠶᠢᠰᠯᠡᠯ ᠦᠨ 9 ᠳᠡᠭᠦᠷᠭᠡ ᠨᠢ ᠨᠢᠭᠡ ᠪᠤᠶᠤ ᠣᠯᠠᠨ ᠮᠠᠨᠳᠠᠲ ᠲᠠᠢ 26 ᠲᠣᠭᠣᠷᠢᠭ ᠲᠤ ᠬᠤᠪᠢᠶᠠᠭᠳᠠᠬᠤ ᠠᠴᠠ ᠭᠠᠳᠠᠨ᠎ᠠ ᠨᠠᠮ ᠤᠨ ᠵᠢᠭ᠌ᠰᠠᠭᠠᠯᠳᠤ ᠪᠡᠷ 28 ᠭᠡᠰᠢᠭᠦᠨ ᠰᠣᠩᠭᠣᠭᠳᠠᠳᠠᠭ᠃ ᠤᠯᠤᠰ ᠤᠨ ᠶᠡᠬᠡ ᠬᠤᠷᠠᠯ ᠤᠨ ᠳᠠᠷᠤᠭ᠎ᠠ ᠶᠢ ᠤᠯᠤᠰ ᠤᠨ ᠶᠡᠬᠡ ᠬᠤᠷᠠᠯ ᠤᠨ ᠭᠡᠰᠢᠭᠦᠳ ᠳᠤᠮᠳᠠ ᠠᠴᠠ ᠪᠠᠨ ᠰᠣᠩᠭᠣᠨ᠎ᠠ᠃ ᠣᠳᠣ ᠶᠢᠨ ᠤᠯᠤᠰ ᠤᠨ ᠶᠡᠬᠡ ᠬᠤᠷᠠᠯ ᠤᠨ ᠳᠠᠷᠤᠭ᠎ᠠ ᠪᠣᠯ ᠵᠠᠩᠳᠠᠬᠦᠦ ᠶᠢᠨ ᠡᠩᠬᠡᠪᠣᠯᠤᠳ ᠶᠤᠮ᠃

ᠮᠣᠩᠭᠣᠯ ᠤᠯᠤᠰ ᠤᠨ ᠶᠡᠷᠦᠩᠬᠡᠢ ᠰᠠᠶᠢᠳ[ᠵᠠᠰᠠᠪᠤᠷᠢᠯᠠᠬᠤ | ᠺᠣᠳ᠋ ᠢᠶᠠᠷ ᠵᠠᠰᠠᠬᠣ]

ᠶᠡᠷᠦᠩᠬᠡᠢ ᠰᠠᠶᠢᠳ ᠨᠢᠤᠯᠤᠰ ᠤᠨ ᠶᠡᠬᠡ ᠬᠤᠷᠠᠯ ᠳᠤ ᠬᠠᠮᠤᠭ ᠤᠨ ᠣᠯᠠᠨ ᠰᠠᠭᠤᠳᠠᠯ ᠪᠦᠬᠦᠢ ᠨᠠᠮ ᠡᠪᠰᠡᠯ ᠡᠴᠡ ᠶᠡᠷᠦᠩᠬᠡᠶᠢᠯᠡᠭᠴᠢ ᠲᠡᠢ ᠵᠥᠪᠰᠢᠯᠴᠡᠨ ᠰᠠᠨᠠᠯ ᠪᠣᠯᠭᠠᠭᠰᠠᠨ ᠤ ᠳᠠᠭᠠᠤ ᠤᠯᠤᠰ ᠤᠨ ᠶᠡᠬᠡ ᠬᠤᠷᠠᠯ ᠠᠴᠠ ᠲᠣᠮᠢᠯᠠᠭᠳᠠᠳᠠᠭ᠃ ᠣᠳᠣ ᠶᠢᠨ ᠶᠡᠷᠦᠩᠬᠡᠢ ᠰᠠᠶᠢᠳ ᠪᠣᠯ ᠴᠢᠮᠡᠳ ᠦᠨ ᠰᠠᠶᠢᠬᠠᠨᠪᠢᠯᠢᠭ ᠶᠤᠮ᠃

ᠵᠠᠰᠠᠭ ᠤᠨ ᠭᠠᠵᠠᠷ[ᠵᠠᠰᠠᠪᠤᠷᠢᠯᠠᠬᠤ | ᠺᠣᠳ᠋ ᠢᠶᠠᠷ ᠵᠠᠰᠠᠬᠣ]

ᠵᠠᠰᠠᠭ ᠤᠨ ᠭᠠᠵᠠᠷ ᠨᠢ 15 ᠶᠠᠮᠤ᠂ 19 ᠰᠠᠶᠢᠳ ᠠᠴᠠ (ᠶᠡᠷᠦᠩᠬᠡᠢ ᠰᠠᠶᠢᠳ ᠢ ᠣᠷᠤᠯᠴᠠᠭᠤᠯᠤᠭᠠᠳ) ᠪᠥᠷᠢᠳᠦᠨ᠎ᠡ᠃

ᠰᠢᠭᠦᠬᠦ ᠡᠷᠬᠡ ᠮᠡᠳᠡᠯ[ᠵᠠᠰᠠᠪᠤᠷᠢᠯᠠᠬᠤ | ᠺᠣᠳ᠋ ᠢᠶᠠᠷ ᠵᠠᠰᠠᠬᠣ]

ᠰᠢᠭᠦᠬᠦ ᠡᠷᠬᠡ ᠮᠡᠳᠡᠯ ᠢ ᠭᠠᠭᠴᠠᠬᠦ ᠰᠢᠭᠦᠬᠦ ᠬᠡᠷᠡᠭᠵᠢᠭᠦᠯᠦᠨ᠎ᠡ᠃ ᠮᠣᠩᠭᠣᠯ ᠤᠯᠤᠰ ᠤᠨ ᠰᠢᠭᠦᠬᠦ ᠶᠢᠨ ᠳᠡᠭᠡᠳᠦ ᠪᠠᠶᠢᠭᠤᠯᠤᠯᠭ᠎ᠠ ᠨᠢ ᠤᠯᠤᠰ ᠤᠨ ᠳᠡᠭᠡᠳᠦ ᠰᠢᠭᠦᠬᠦ ᠶᠤᠮ᠃ ᠣᠳᠣ ᠶᠢᠨ ᠤᠯᠤᠰ ᠤᠨ ᠳᠡᠭᠡᠳᠦ ᠰᠢᠭᠦᠬᠦ ᠶᠢᠨ ᠶᠡᠷᠦᠩᠬᠡᠢ ᠰᠢᠭᠦᠭᠴᠢ ᠨᠢ ᠴᠡᠪᠡᠭᠮᠢᠳ ᠦᠨ ᠵᠣᠷᠢᠭ ᠶᠤᠮ᠃

ᠭᠠᠳᠠᠭᠠᠳᠤ ᠬᠠᠷᠢᠯᠴᠠᠭ᠎ᠠ[ᠵᠠᠰᠠᠪᠤᠷᠢᠯᠠᠬᠤ | ᠺᠣᠳ᠋ ᠢᠶᠠᠷ ᠵᠠᠰᠠᠬᠣ]

ᠮᠣᠩᠭᠣᠯ ᠨᠢ ᠠᠮᠧᠷᠢᠺᠠ ᠶᠢᠨ ᠨᠢᠭᠡᠳᠦᠭᠰᠡᠨ ᠤᠯᠤᠰᠣᠷᠣᠰ ᠬᠣᠯᠪᠣᠭᠠᠨ ᠤ ᠤᠯᠤᠰᠪᠦᠭᠦᠳᠡ ᠨᠠᠶᠢᠷᠠᠮᠳᠠᠬᠤ ᠳᠤᠮᠳᠠᠳᠤ ᠠᠷᠠᠳ ᠤᠯᠤᠰᠬᠣᠶᠢᠳᠤ ᠪᠠ ᠡᠮᠦᠨᠡᠲᠦ ᠰᠣᠯᠣᠩᠭᠣᠰᠶᠠᠫᠣᠨ ᠵᠡᠷᠭᠡ ᠣᠯᠠᠨ ᠣᠷᠣᠨ ᠨᠤᠭᠤᠳ ᠲᠠᠢ ᠨᠠᠶᠢᠷᠰᠠᠭ ᠭᠠᠳᠠᠭᠠᠳᠤ ᠬᠠᠷᠢᠯᠴᠠᠭ᠎ᠠ ᠲᠠᠢ ᠪᠥᠭᠡᠳ ᠵᠠᠰᠠᠭ ᠤᠨ ᠭᠠᠵᠠᠷ ᠭᠠᠳᠠᠭᠠᠳᠤ ᠬᠤᠳᠠᠯᠳᠤᠭ᠎ᠠ᠂ ᠬᠥᠷᠥᠩᠭᠡ ᠣᠷᠣᠭᠤᠯᠤᠯᠲᠠ ᠶᠢ ᠶᠡᠬᠡᠳᠡ ᠳᠡᠮᠵᠢᠳᠡᠭ᠃

ᠮᠣᠩᠭᠣᠯ ᠤᠯᠤᠰ ᠠᠰᠲᠠᠨ᠎ᠠᠠᠨᠺᠠᠷᠠᠪᠠᠩᠺᠦᠪᠪᠧᠷᠯᠢᠨᠪᠷᠠᠽᠢᠯᠢ ᠪᠠᠨᠪᠷᠣᠰᠸᠸᠯᠪᠤᠲᠠᠫᠧᠱᠲᠪᠡᠭᠡᠵᠢᠩᠸᠠᠷᠰᠢᠪᠸᠠᠰᠢᠩᠲ᠋ᠣᠨᠸᠸᠨᠠᠸᠢᠶᠧᠨ᠋ᠲ᠋ᠠᠶᠠᠩᠬᠠᠪᠤᠨ᠎ᠠᠳᠧᠯᠵᠠᠺᠠᠷᠲ᠋ᠠᠺᠠᠢᠷᠺᠠᠨᠪᠧᠷᠷᠠᠺᠦᠪᠠᠶᠢᠲᠯᠣᠨᠳᠣᠨᠮᠣᠰᠺᠸᠠᠷᠤᠮᠠᠣᠲ ᠲᠪᠠᠫᠠᠷᠢᠰᠫᠬᠡᠨᠢᠶᠠᠨᠫᠠᠷᠭ᠎ᠠᠰᠣᠹᠢᠰᠤᠤᠯᠰᠢᠩᠭᠠᠫᠦᠷᠲᠣᠤᠺᠢᠣ᠋ᠬᠠᠨᠨᠠᠢᠰᠲ᠋ᠣᠺ ᠬᠢᠯᠮ ᠳᠤ ᠡᠯᠴᠢᠨ ᠰᠠᠶᠢᠳ ᠤᠨ ᠶᠠᠮᠤ ᠲᠠᠢ ᠪᠥᠭᠡᠳ ᠠᠯᠮᠠᠲ ᠤᠡᠷᠡᠬᠦᠦᠤᠯᠠᠭᠠᠨ-ᠦᠳᠡᠬᠦᠬᠡᠬᠤᠲᠠᠡᠷᠢᠶᠡᠨ ᠬᠣᠲᠠᠺᠤᠰᠤᠯᠰᠢᠶᠠᠩᠭᠠᠩᠣᠤᠰᠠᠺᠠᠰᠠᠨ-ᠹᠷᠠᠨᠼᠢᠰᠺᠣ ᠳᠦ ᠠᠯᠪᠠᠨ ᠶᠣᠰᠣᠨ ᠤ ᠺᠣᠨᠰᠤᠶᠢᠯ ᠤᠨ ᠭᠠᠵᠠᠷ ᠲᠠᠢ ᠶᠤᠮ᠃ ᠨᠶᠤ-ᠢᠣᠷᠺ ᠪᠠ ᠵᠧᠨᠧᠸ ᠬᠣᠲᠠ ᠨᠤᠭᠤᠳ ᠲᠤ ᠨᠢᠭᠡᠳᠦᠭᠰᠡᠨ ᠦᠨᠳᠦᠰᠦᠨ ᠦ ᠪᠠᠶᠢᠭᠤᠯᠤᠯᠭ᠎ᠠ ᠍ ᠤᠨ ᠳᠡᠷᠭᠡᠳᠡᠬᠢ ᠲᠥᠯᠥᠭᠡᠯᠡᠭᠴᠢᠳ ᠰᠠᠭᠤᠳᠠᠭ᠃

2005 ᠣᠨ ᠤ 11 ᠰᠠᠷ᠎ᠠ ᠶᠢᠨ 21 ᠍ ᠳᠦ ᠵᠣᠷᠵᠢ ᠪᠤᠱ ᠮᠣᠩᠭᠣᠯ ᠳᠤ ᠠᠶᠢᠯᠴᠢᠯᠠᠭᠰᠠᠨ ᠠᠮᠧᠷᠢᠺᠠ ᠶᠢᠨ ᠨᠢᠭᠡᠳᠦᠭᠰᠡᠨ ᠤᠯᠤᠰ ᠍ ᠶᠢᠨ ᠠᠩᠬᠠᠨ ᠤ ᠶᠡᠷᠦᠩᠬᠡᠶᠢᠯᠡᠭᠴᠢ ᠪᠣᠯᠤᠭᠰᠠᠨ[9]᠃ 2004 ᠣᠨ ᠳᠤ ᠧᠦ᠋ᠷᠣᠫᠠ ᠶᠢᠨ ᠠᠶᠤᠯ ᠦᠭᠡᠢ ᠪᠠᠶᠢᠳᠠᠯ᠂ ᠬᠠᠮᠲᠤ ᠶᠢᠨ ᠠᠵᠢᠯᠯᠠᠭᠠᠨ ᠤ ᠪᠠᠶᠢᠭᠤᠯᠤᠯᠭ᠎ᠠ ᠶᠢ ᠪᠣᠯᠭᠠᠷᠢᠶ᠎ᠠ ᠤᠯᠤᠰ ᠲᠣᠯᠣᠭᠠᠶᠢᠯᠠᠵᠤ ᠪᠠᠶᠢᠬᠤ ᠦᠶ᠎ᠡ ᠳᠦ ᠮᠣᠩᠭᠣᠯ ᠲᠤᠰ ᠪᠠᠶᠢᠭᠤᠯᠤᠯᠭ᠎ᠠ ᠶᠢᠨ ᠠᠽᠢᠶ᠎ᠠ ᠍ ᠶᠢᠨ ᠨᠢᠭᠡᠨ ᠬᠠᠮᠲᠤᠷᠠᠨ ᠠᠵᠢᠯᠯᠠᠭᠴᠢ ᠪᠣᠯᠤᠭᠰᠠᠨ᠃

ᠵᠡᠪᠰᠡᠭᠲᠦ ᠬᠦᠴᠦᠨ[ᠵᠠᠰᠠᠪᠤᠷᠢᠯᠠᠬᠤ | ᠺᠣᠳ᠋ ᠢᠶᠠᠷ ᠵᠠᠰᠠᠬᠣ]

ᠮᠣᠩᠭᠣᠯ ᠤᠯᠤᠰ ᠨᠢ ᠨᠢᠭᠡᠳᠦᠭᠰᠡᠨ ᠦᠨᠳᠦᠰᠦᠨ ᠦ ᠪᠠᠶᠢᠭᠤᠯᠤᠯᠭ᠎ᠠ  ᠶᠢᠨ ᠡᠩᠬᠡ ᠶᠢ ᠳᠡᠮᠵᠢᠬᠦ ᠠᠵᠢᠯᠯᠠᠭᠠᠨ ᠳᠤ ᠢᠳᠡᠪᠬᠢᠲᠡᠢ ᠣᠷᠣᠯᠴᠠᠳᠠᠭ᠃ ᠡᠭᠦᠨ ᠦ ᠬᠦᠷᠢᠶᠡᠨ ᠳᠦ ᠮᠣᠩᠭᠣᠯ ᠤᠨ ᠴᠡᠷᠢᠭ ᠦᠨ ᠪᠠᠭ ᠰᠦᠶ ᠡᠷᠷᠠ-ᠯᠧᠣᠨᠡᠳ᠋ ᠨᠢᠭᠡᠳᠦᠭᠰᠡᠨ ᠦᠨᠳᠦᠰᠦᠨ ᠦ ᠪᠠᠶᠢᠭᠤᠯᠤᠯᠭ᠎ᠠ ᠍ ᠶᠢᠨ ᠲᠤᠰᠬᠠᠢ ᠰᠢᠭᠦᠬᠦ ᠶᠢ ᠬᠠᠮᠠᠭᠠᠯᠠᠬᠤ ᠡᠭᠦᠷᠭᠡ ᠭᠦᠢᠴᠡᠳᠭᠡᠵᠦ ᠪᠠᠶᠢᠭᠰᠠᠨ᠃ 2005 ᠍ ᠠᠴᠠ 2006 ᠣᠨ ᠨᠤᠭᠤᠳ ᠲᠤ ᠪᠧᠯᠬᠢ ᠪᠠ ᠯᠶᠤᠶᠢᠺᠰᠧᠮᠪᠦᠦᠭ ᠦᠨ ᠴᠡᠷᠢᠭ ᠦᠳ ᠲᠡᠢ ᠬᠠᠮᠲᠤ ᠺᠣᠰᠪᠣ ᠴᠡᠷᠢᠭ ᠦᠨ ᠪᠠᠭ ᠢᠯᠡᠭᠡᠵᠢ᠃ ᠮᠥᠨ ᠠᠹᠷᠢᠺᠠ ᠶᠢᠨ ᠴᠢᠳᠠ ᠤᠯᠤᠰ ᠤᠷᠤᠭᠤ ᠵᠡᠪᠰᠡᠭᠲᠦ ᠬᠦᠴᠦᠨ ᠦ 800 ᠭᠠᠷᠤᠢ ᠠᠯᠪᠠᠨ ᠬᠠᠭᠠᠭᠴᠢ ᠪᠦᠬᠦᠢ ᠪᠡᠶ᠎ᠡ ᠪᠦᠷᠢᠯᠳᠦᠬᠦᠨ ᠲᠡᠢ ᠪᠠᠭ ᠢ ᠢᠯᠡᠭᠡᠬᠦ ᠪᠡᠷ ᠵᠡᠬᠢᠵᠦ ᠪᠠᠶᠢᠨ᠎ᠠ᠃ ᠮᠣᠩᠭᠣᠯ ᠤᠯᠤᠰ 2003 ᠣᠨ ᠳᠤ ᠢᠷᠠᠺ ᠤᠨ ᠡᠷᠬᠡ ᠴᠢᠯᠦᠭᠡ ᠠᠵᠢᠯᠯᠠᠭ᠎ᠠ ᠶᠢ ᠳᠡᠮᠵᠢᠵᠦ ᠢᠷᠠᠺ ᠤᠷᠤᠭᠤ᠂ ᠲᠠᠯᠢᠪᠠᠨ ᠳᠢᠭᠯᠢᠮ ᠦᠨ ᠡᠰᠡᠷᠬᠦᠥ ᠠᠵᠢᠯᠯᠠᠭ᠎ᠠ ᠶᠢ ᠳᠡᠮᠵᠢᠵᠦ ᠠᠹᠬᠠᠨᠨᠢᠰᠲᠠᠨ ᠴᠡᠷᠢᠭ ᠦᠨ ᠪᠠᠭ ᠤᠳ ᠢᠶᠠᠨ ᠢᠯᠡᠭᠡᠭᠰᠡᠨ᠃ 2012 ᠣᠨ ᠠᠴᠠ ᠡᠮᠦᠨ᠎ᠡ ᠳᠦ ᠰᠤᠳᠠᠨ ᠤᠯᠤᠰ ᠤᠷᠤᠭᠤ ᠨᠢᠭᠡ ᠡᠭᠡᠯᠵᠢᠨ ᠳᠦ ᠪᠡᠨ 850 ᠭᠠᠷᠤᠢ ᠬᠦᠮᠦᠨ ᠦ ᠪᠦᠷᠢᠯᠳᠦᠬᠦᠨ ᠲᠡᠢ ᠴᠡᠷᠢᠭ ᠦᠨ ᠪᠠᠭ ᠤᠳ ᠢ ᠤᠳᠠᠭ᠎ᠠ ᠳᠠᠷᠠᠭᠠᠯᠠᠨ ᠢᠯᠡᠭᠡᠭᠡᠳ ᠪᠠᠶᠢᠨ᠎ᠠ᠃

ᠮᠣᠩᠭᠣᠯ ᠤᠯᠤᠰ ᠨᠢ ᠴᠥᠮ᠎ᠡ ᠶᠢᠨ ᠵᠡᠪᠰᠡᠭ ᠡᠴᠡ ᠠᠩᠭᠢᠳᠠ ᠪᠥᠰᠡ ᠨᠤᠲᠤᠭ ᠬᠡᠮᠡᠨ ᠨᠢᠭᠡᠳᠦᠭᠰᠡᠨ ᠦᠨᠳᠦᠰᠦᠨ ᠦ ᠪᠠᠶᠢᠭᠤᠯᠤᠯᠭ᠎ᠠ ᠍ ᠪᠡᠷ ᠪᠠᠲᠤᠯᠠᠭᠠᠵᠢᠭ᠌ᠰᠠᠨ᠃

ᠭᠠᠵᠠᠷ ᠵᠦᠢ᠂ ᠠᠭᠤᠷ ᠠᠮᠢᠰᠬᠤᠯ[ᠵᠠᠰᠠᠪᠤᠷᠢᠯᠠᠬᠤ | ᠺᠣᠳ᠋ ᠢᠶᠠᠷ ᠵᠠᠰᠠᠬᠣ]

Mongolia Landscape.jpg

1.564.116 ᠺᠦᠸᠠᠳ᠋ ᠺᠢᠯᠣᠮᠧᠲ᠋ᠷ[10] ᠭᠠᠵᠠᠷ ᠨᠤᠲᠤᠭ ᠲᠠᠢ ᠪᠠᠷ ᠮᠣᠩᠭᠣᠯ ᠤᠯᠤᠰ ᠨᠢ ᠢᠷᠡᠨ ᠤᠯᠤᠰ ᠤᠨ ᠳᠠᠷᠠᠭ᠎ᠠ ᠳᠡᠯᠡᠬᠡᠢ ᠳᠦ 19 ᠍ ᠳᠦ ᠣᠷᠣᠨ᠎ᠠ᠃ 1990 ᠍ ᠊ᠭᠡᠳ ᠣᠨ ᠬᠦᠷᠲᠡᠯ᠎ᠡ ᠪᠤᠶᠤ ᠰᠣᠴᠢᠶᠠᠯᠢᠰᠲᠤ ᠰᠢᠰᠲ᠋ᠧᠮ ᠦᠨ ᠦᠶ᠎ᠡ ᠳᠦ ᠮᠣᠩᠭᠣᠯ ᠤᠨ ᠵᠠᠰᠠᠭ ᠤᠨ ᠭᠠᠵᠠᠷ ᠥᠪᠡᠷ ᠦᠨ ᠣᠷᠣᠨ ᠢ ᠲᠥᠪ ᠠᠽᠢᠶ᠎ᠠ ᠍ ᠶᠢᠨ ᠪᠥᠰᠡ ᠳᠦ ᠬᠠᠮᠤᠷᠤᠭᠤᠯᠳᠠᠭ ᠪᠠᠶᠢᠭᠰᠠᠨ ᠪᠣᠯ ᠠᠷᠠᠳᠴᠢᠯᠠᠭᠰᠠᠨ ᠨᠡᠶᠢᠭᠡᠮ ᠤᠨ ᠲᠣᠭᠲᠠᠯᠴᠠᠭᠠᠨ ᠳᠤ ᠰᠢᠯᠵᠢᠭᠰᠡᠨ ᠡᠴᠡ ᠬᠣᠶᠢᠰᠢ ᠵᠠᠰᠠᠭ ᠤᠨ ᠭᠠᠵᠠᠷ ᠦᠨ ᠪᠣᠳᠣᠯᠭ᠎ᠠ ᠥᠭᠡᠷᠡᠴᠢᠯᠡᠭᠳᠡᠵᠦ ᠮᠣᠩᠭᠣᠯ ᠢ ᠵᠡᠭᠦᠨ ᠠᠽᠢᠶ᠎ᠠ ᠍ ᠶᠢᠨ ᠪᠦᠰᠡᠲᠡᠢ ᠤᠯᠤᠰ ᠲᠥᠷᠥ᠂ ᠡᠳ᠋ ᠍ ᠦᠨ ᠵᠠᠰᠠᠭ ᠤᠨ ᠨᠢᠭᠲᠠᠴᠠ ᠬᠣᠯᠪᠣᠭ᠎ᠠ ᠲᠠᠢ ᠬᠥᠭᠵᠢᠭᠦᠯᠬᠦ ᠴᠢᠭᠯᠡᠯ ᠪᠠᠷᠢᠮᠲᠠᠯᠠᠬᠤ ᠪᠣᠯᠤᠭᠰᠠᠨ ᠪᠠᠶᠢᠨ᠎ᠠ᠃ ᠵᠥᠪᠯᠡᠯᠲᠦ ᠬᠣᠯᠪᠣᠭᠠᠲᠤ ᠤᠯᠤᠰ ᠢ ᠵᠠᠳᠠᠷᠠᠬᠤ ᠬᠦᠷᠲᠡᠯ᠎ᠡ ᠮᠣᠩᠭᠣᠯ ᠤᠯᠤᠰ ᠲᠥᠪ ᠠᠽᠢᠶ᠎ᠠ ᠶᠢᠨ ᠴᠣᠷ ᠤᠨ ᠭᠠᠭᠴᠠ ᠲᠤᠰᠠᠭᠠᠷ ᠲᠣᠭᠲᠠᠨᠢᠭᠰᠠᠨ ᠣᠷᠣᠨ ᠪᠠᠶᠢᠪᠠ᠃ ᠮᠥᠨ ᠵᠡᠭᠦᠨ ᠠᠽᠢᠶ᠎ᠠ ᠠᠴᠠ ᠭᠠᠳᠠᠨ᠎ᠠ ᠵᠡᠭᠦᠨ ᠬᠣᠶᠢᠳᠤ ᠠᠽᠢᠶ᠎ᠠ ᠬᠡᠮᠡᠬᠦ ᠰᠢᠨ᠎ᠡ ᠨᠡᠷ᠎ᠡ ᠲᠣᠮᠢᠶ᠎ᠠ 1990 ᠍ ᠊ᠭᠡᠳ ᠣᠨ ᠠᠴᠠ ᠬᠣᠶᠢᠰᠢ ᠭᠠᠷᠴᠤ ᠢᠷᠡᠭᠰᠡᠨ ᠪᠠ ᠡᠨᠡ ᠨᠢ ᠭᠠᠵᠠᠷ ᠵᠦᠢ ᠶᠢᠨ ᠭᠡᠬᠦ ᠡᠴᠡ ᠪᠡᠨ ᠤᠯᠤᠰ ᠲᠥᠷᠥ᠂ ᠡᠳ᠋ ᠍ ᠦᠨ ᠵᠠᠰᠠᠭ ᠤᠨ ᠰᠢᠨᠵᠢᠲᠡᠢ ᠪᠡᠷ ᠬᠡᠷᠡᠭᠯᠡᠭᠳᠡᠵᠦ ᠪᠠᠶᠢᠨ᠎ᠠ᠃ ᠬᠡᠳᠦᠢ ᠪᠡᠷ ᠨᠢᠭᠡᠳᠦᠭᠰᠡᠨ ᠦᠨᠳᠦᠰᠦᠨ ᠦ ᠪᠠᠶᠢᠭᠤᠯᠤᠯᠭ᠎ᠠ ᠮᠣᠩᠭᠣᠯ ᠢ ᠵᠡᠭᠦᠨ ᠠᠽᠢᠶ᠎ᠠ ᠳᠤ ᠬᠠᠮᠤᠷᠤᠭᠤᠯᠵᠤ ᠪᠠᠶᠢᠭ᠎ᠠ ᠴᠤ United Nations Educational Scientific and Cultural Organization ᠮᠣᠩᠭᠣᠯ ᠢ ᠲᠥᠪᠡᠳᠰᠢᠨᠵᠢᠶᠠᠩᠥᠪᠥᠷ ᠮᠣᠩᠭᠣᠯᠡᠮᠦᠨᠡᠲᠦ ᠰᠢᠪᠸᠷᠢᠶ ᠠ ᠲᠡᠢ (ᠪᠤᠷᠢᠶᠠᠳᠲᠤᠸᠠᠠᠯᠲᠠᠢ ᠶᠢᠨ ᠪᠦᠭᠦᠳᠡ ᠨᠠᠶᠢᠷᠠᠮᠳᠠᠬᠤ ᠤᠯᠤᠰᠥᠪᠥᠷ ᠪᠠᠶᠢᠭᠠᠯᠢ ᠶᠢᠨ ᠬᠢᠵᠠᠭᠠᠷᠡᠷᠡᠬᠦᠦ ᠮᠤᠵᠢ) ᠬᠠᠮᠲᠤ ᠲᠥᠪ ᠠᠽᠢᠶ᠎ᠠ ᠳᠤ ᠬᠠᠮᠤᠷᠤᠭᠤᠯᠳᠠᠭ ᠪᠥᠭᠡᠳ ᠮᠣᠩᠭᠣᠯ ᠣᠷᠣᠨ ᠨᠢ ᠣᠳᠣ ᠪᠠᠷ ᠵᠡᠭᠦᠨ ᠠᠽᠢᠶ᠎ᠠ ᠶᠢᠨ ᠪᠥᠰᠡ ᠳᠦ ᠳᠠᠪᠬᠤᠷ ᠬᠠᠮᠢᠶᠠᠷᠤᠭᠳᠠᠵᠤ ᠪᠠᠶᠢᠭ᠎ᠠ ᠴᠤ ᠲᠡᠦᠬᠡ ᠰᠤᠶᠤᠯ ᠤᠨ ᠬᠤᠪᠢ ᠳᠤ ᠲᠥᠪ ᠠᠽᠢᠶ᠎ᠠ ᠶᠢᠨ ᠪᠥᠰᠡ ᠶᠢᠨ ᠣᠷᠣᠨ ᠶᠤᠮ᠃ ᠰᠤᠳᠤᠯᠤᠭᠠᠴᠢᠳ ᠮᠣᠩᠭᠣᠯ ᠳᠤ ᠣᠷᠣᠰᠢᠨ ᠲᠣᠭᠲᠠᠨᠢᠵᠤ ᠪᠠᠶᠢᠭᠰᠠᠨ ᠾᠢᠦᠩᠨᠦ᠂ ᠰᠢᠶᠠᠨᠪᠢ᠂ ᠶᠡᠬᠡ ᠮᠣᠩᠭᠣᠯ ᠤᠯᠤᠰ ᠵᠡᠷᠭᠡ ᠡᠷᠲᠡᠨ ᠦ ᠤᠯᠤᠰ ᠤᠳ ᠢ ᠲᠥᠪ ᠠᠽᠢᠶ᠎ᠠ ᠶᠢᠨ ᠤᠯᠤᠰ ᠤᠳ ᠭᠡᠵᠦ ᠦᠵᠡᠳᠡᠭ ᠪᠥᠭᠡᠳ ᠵᠡᠭᠦᠨ ᠠᠽᠢᠶ᠎ᠠ ᠶᠢᠨ ᠤᠯᠤᠰ ᠤᠳ ᠭᠡᠵᠦ ᠦᠵᠡᠳᠡᠭ ᠦᠭᠡᠢ᠃

ᠮᠣᠩᠭᠣᠯ ᠤᠯᠤᠰ ᠨᠢ ᠡᠮᠦᠨᠡᠲᠦ ᠬᠡᠰᠡᠭ ᠲᠦ ᠪᠡᠨ ᠭᠣᠪᠢ ᠴᠥᠯ᠂ ᠬᠣᠶᠢᠳᠤ ᠪᠠ ᠪᠠᠷᠠᠭᠤᠨ ᠲᠠᠯ᠎ᠠ ᠪᠠᠷ ᠢᠶᠠᠨ ᠠᠭᠤᠯᠠᠷᠬᠠᠭ ᠭᠠᠵᠠᠷ ᠲᠠᠢ᠃ ᠮᠣᠩᠭᠣᠯ ᠤᠨ ᠨᠡᠯᠢᠶᠡᠳ ᠬᠡᠰᠡᠭ ᠢ ᠬᠠᠷᠢᠴᠠᠩᠭᠤᠢ ᠲᠡᠭᠰᠢ ᠲᠠᠯ᠎ᠠ ᠭᠠᠵᠠᠷ ᠡᠵᠡᠯᠡᠳᠡᠭ᠃ ᠮᠣᠩᠭᠣᠯ ᠤᠨ ᠬᠠᠮᠤᠭ ᠤᠨ ᠥᠨᠳᠥᠷ ᠴᠡᠭ ᠨᠢ ᠠᠯᠲᠠᠢ ᠲᠠᠪᠤᠨ ᠪᠣᠭᠳᠠ ᠍ ᠤᠨ ᠬᠦᠢᠲᠡᠨ ᠣᠷᠭᠢᠯ ᠪᠥᠭᠡᠳ ᠳᠠᠯᠠᠢ ᠶᠢᠨ ᠲᠦᠪᠰᠢᠨ ᠡᠴᠡ 4,848 ᠮᠧᠲ᠋ᠷ ᠳᠦ ᠣᠷᠣᠰᠢᠳᠠᠭ᠃ᠬᠠᠷᠢᠨ ᠬᠠᠮᠤᠭ ᠤᠨ ᠨᠠᠮ ᠴᠡᠭ ᠨᠢ ᠬᠥᠬᠡ ᠨᠠᠭᠤᠷ (ᠲᠠᠯᠠᠢ ᠶᠢᠨ ᠲᠦᠪᠰᠢᠨ ᠡᠴᠡ ᠲᠡᠭᠡᠭᠰᠢ560m ) ᠶᠤᠮ᠃ ᠣᠷᠣᠰ ᠬᠣᠯᠪᠣᠭᠠᠨ ᠤ ᠤᠯᠤᠰ ᠍ ᠤᠨ ᠲᠤᠸᠠ ᠤᠯᠤᠰ ᠲᠤ ᠬᠡᠰᠡᠭ ᠨᠢ ᠤᠷᠤᠰᠢᠬᠤ ᠤᠪᠰᠤ ᠨᠠᠭᠤᠷ ᠤᠨ ᠬᠣᠲᠣᠭᠣᠷ ᠨᠢ ᠪᠠᠶᠢᠭᠠᠯᠢ ᠶᠢᠨ ᠳᠡᠯᠡᠬᠡᠢ ᠶᠢᠨ ᠥᠪ ᠶᠤᠮ᠃ ᠮᠥᠨ ᠮᠣᠩᠭᠣᠯ ᠳᠤ ᠣᠳᠬᠣᠨᠲᠩᠷᠢ-4021ᠮᠧᠲ᠋ᠷ ᠴᠡᠩᠭᠡᠯ ᠬᠠᠶᠢᠷᠬᠠᠨ-4362ᠮᠧᠲ᠋ᠷ ᠮᠥᠩᠬᠡ ᠬᠠᠶᠢᠷᠬᠠᠨ-4231ᠮᠧᠲ᠋ᠷ ᠮᠥᠰᠥᠲᠤ ᠬᠠᠶᠢᠷᠬᠠᠨ-3934 ᠮᠧᠲ᠋ᠷ ᠴᠠᠰᠤᠲᠤ -4208 ᠮᠧᠲ᠋ᠷ ᠵᠡᠷᠭᠡ ᠣᠯᠠᠨ ᠮᠥᠩᠬᠡ ᠴᠠᠰᠤᠲᠤ ᠣᠷᠭᠢᠯ ᠪᠠᠶᠢᠳᠠᠭ᠃ ᠮᠣᠩᠭᠣᠯ ᠤᠨ ᠬᠠᠮᠤᠭ ᠤᠨ ᠤᠷᠲᠤ ᠮᠥᠰᠦᠨ ᠭᠣᠣᠯ ᠨᠢ 20 ᠺᠢᠯᠣᠮᠧᠲ᠋ᠷ ᠤᠷᠲᠤ ᠫᠣᠲ᠋ᠠᠨᠢᠨ ᠦ ᠮᠥᠰᠦᠨ ᠭᠣᠣᠯ ᠬᠠᠮᠤᠭ ᠤᠨ ᠤᠷᠲᠤ ᠭᠣᠣᠯ 1124 ᠺᠢᠯᠣᠮᠧᠲ᠋ᠷ ᠤᠷᠲᠤ ᠣᠷᠬᠣᠨ ᠭᠣᠣᠯ ᠬᠠᠮᠤᠭ ᠤᠨ ᠲᠣᠮᠣ ᠨᠠᠭᠤᠷ ᠤᠪᠰᠤ ᠨᠠᠭᠤᠷ ᠪᠥᠭᠡᠳ ᠪᠠᠷᠠᠭᠤᠨ ᠵᠠᠬ᠎ᠠ ᠶᠢᠨ ᠴᠡᠭ ᠮᠠᠨᠢ ᠳᠤ ᠠᠭᠤᠯᠠ ᠵᠡᠭᠦᠨ ᠵᠠᠬ᠎ᠠ ᠶᠢᠨ ᠴᠡᠭ ᠰᠤᠶᠤᠯᠵᠠ ᠠᠭᠤᠯᠠ ᠶᠢᠨ ᠮᠣᠳᠣᠳ ᠬᠠᠮᠠᠷ ᠬᠣᠶᠢᠳᠤ ᠵᠠᠬ᠎ᠠ ᠶᠢᠨ ᠴᠡᠭ ᠮᠣᠩᠭᠣᠯ ᠰᠢᠷ᠎ᠠ ᠶᠢᠨ ᠳᠠᠪᠠᠭ᠎ᠠ ᠤᠷᠢᠳᠤ ᠵᠠᠬ᠎ᠠ ᠶᠢᠨ ᠴᠡᠭ ᠣᠷᠪᠣᠭ ᠭᠠᠰᠢᠭᠤᠨ ᠤ ᠪᠣᠷᠣ ᠲᠣᠯᠣᠭᠠᠢ ᠶᠤᠮ᠃ ᠮᠣᠩᠭᠣᠯ ᠤᠯᠤᠰ ᠨᠢ ᠡᠷᠡᠰ ᠲᠡᠰᠦ ᠠᠭᠤᠷ ᠠᠮᠢᠰᠬᠤᠯ ᠲᠠᠢ᠃ ᠤᠯᠤᠰ ᠤᠨ ᠶᠡᠬᠡᠩᠬᠢ ᠭᠠᠵᠠᠷ ᠲᠤ ᠵᠤᠨ ᠬᠠᠯᠠᠭᠤᠨ ᠪᠥᠭᠡᠳ ᠡᠪᠦᠯ ᠮᠠᠰᠢ ᠬᠦᠢᠲᠡᠨ᠃ 1 ᠰᠠᠷ᠎ᠠ ᠶᠢᠨ ᠳᠤᠮᠳᠠᠵᠢ ᠨᠤᠭᠤᠳ -30 °C ᠍ ᠳᠦ[11] ᠬᠦᠷᠡᠳᠡᠭ᠃ ᠵᠠᠷᠢᠮ ᠵᠢᠯ ᠳᠤ ᠵᠤᠳ ᠪᠣᠯᠬᠤ ᠵᠡᠷᠭᠡ ᠪᠠᠶᠢᠭᠠᠯᠢ ᠶᠢᠨ ᠭᠠᠮᠰᠢᠭ ᠲᠤ ᠦᠵᠡᠭᠳᠡᠯ  ᠲᠣᠬᠢᠶᠠᠯᠳᠤᠳᠠᠭ᠃ ᠤᠯᠠᠭᠠᠨᠪᠠᠭᠠᠲᠤᠷ ᠬᠣᠲᠠ ᠨᠢ ᠳᠤᠮᠳᠠᠴᠢ ᠲᠣᠯᠠᠭᠠᠨ ᠤ ᠬᠡᠮᠵᠢᠶ᠎ᠡ ᠢᠶᠠᠷ ᠢᠶᠠᠨ ᠳᠡᠯᠡᠬᠡᠢ ᠳᠦ ᠬᠠᠮᠤᠭ ᠤᠨ ᠬᠦᠢᠲᠡᠨ ᠨᠡᠶᠢᠰᠯᠡᠯ ᠳᠦ ᠲᠣᠭᠠᠴᠠᠭᠳᠠᠳᠠᠭ ᠃ ᠤᠯᠠᠭᠠᠨᠪᠠᠭᠠᠲᠤᠷ ᠤᠨ ᠳᠠᠷᠠᠭ᠎ᠠ ᠺᠠᠨᠠᠳᠠ ᠤᠨ ᠨᠡᠶᠢᠰᠯᠡᠯ ᠣᠲᠲᠪᠠ ᠬᠣᠲᠠ ᠬᠦᠢᠲᠡᠨ ᠢᠶᠡᠷ ᠢᠶᠡᠨ 2 ᠍ ᠳᠦ ᠣᠷᠣᠨ᠎ᠠ᠃

ᠮᠣᠩᠭᠣᠯ ᠣᠷᠣᠨ ᠥᠨᠳᠥᠷᠯᠢᠭ ᠭᠠᠵᠠᠷ ᠲᠤ ᠣᠷᠣᠰᠢᠳᠠᠭ ᠪᠠ ᠬᠦᠢᠲᠡᠨ᠂ ᠰᠠᠯᠬᠢ ᠶᠡᠬᠡ ᠲᠡᠢ ᠪᠠᠶᠢᠳᠠᠭ᠃ ᠡᠪᠦᠯ ᠨᠢ ᠤᠳᠠᠭᠠᠨ᠂ ᠮᠠᠰᠢ ᠬᠦᠢᠲᠡᠨ᠂ ᠵᠤᠨ ᠨᠢ ᠪᠣᠭᠣᠨᠢᠬᠠᠨ ᠪᠠ ᠵᠤᠨ ᠴᠠᠭ ᠲᠤ ᠶᠡᠬᠡᠩᠬᠢ ᠬᠤᠷ᠎ᠠ ᠲᠤᠨᠤᠳᠠᠰᠤ ᠤᠨᠠᠳᠠᠭ᠃ ᠵᠢᠯ ᠳᠤ ᠳᠤᠮᠳᠠᠴᠢ ᠪᠠᠷ 257 ᠨᠠᠷᠠ ᠲᠠᠢ ᠡᠳᠦᠷ ᠲᠣᠬᠢᠶᠠᠳᠠᠭ ᠪᠠ ᠭᠣᠣᠯᠳᠠᠭᠤ ᠥᠨᠳᠥᠷ ᠳᠠᠷᠤᠯᠲᠠ ᠲᠠᠢ ᠣᠷᠴᠢᠨ ᠤ ᠳᠤᠮᠳᠠ ᠣᠷᠣᠰᠢᠳᠠᠭ᠃ ᠬᠤᠷ᠎ᠠ ᠲᠤᠨᠤᠳᠠᠰᠤ ᠨᠢ ᠬᠣᠶᠢᠳᠤ ᠲᠠᠯ᠎ᠠ ᠪᠠᠷ ᠢᠶᠠᠨ ᠬᠠᠮᠤᠭ ᠤᠨ ᠶᠡᠬᠡ (ᠵᠢᠯ ᠳᠤ ᠳᠤᠮᠳᠠᠴᠢ ᠪᠠᠷ 20-35 ᠰᠠᠨᠲ᠋ᠢᠮᠧᠲ᠋ᠷ)ᠵᠠᠷᠢᠮ ᠬᠤᠷ᠎ᠠ ᠲᠤᠨᠤᠳᠠᠰᠤ ᠶᠡᠬᠡ ᠲᠡᠢ ᠵᠢᠯ ᠳᠤ ᠪᠡᠨ 600 ᠮᠢᠯᠯᠢᠮᠧᠲ᠋ᠷ ᠪᠤᠶᠤ 60 ᠰᠠᠨᠲ᠋ᠢᠮᠧᠲ᠋ᠷ ᠬᠦᠷᠲᠡᠯ᠎ᠡ᠂ ᠡᠮᠦᠨᠡᠲᠦ ᠬᠡᠰᠡᠭ ᠲᠦ ᠪᠡᠨ ᠬᠠᠮᠤᠭ ᠤᠨ ᠪᠠᠭ᠎ᠠ (ᠵᠢᠯ ᠳᠤ ᠳᠤᠮᠳᠠᠴᠢ ᠪᠠᠷ 10-20 ᠰᠠᠨᠲ᠋ᠢᠮᠧᠲ᠋ᠷ) ᠂ ᠬᠠᠮᠤᠭ ᠤᠨ ᠡᠮᠦᠨᠡᠲᠦ ᠬᠡᠰᠡᠭ ᠲᠦ ᠭᠣᠪᠢ ᠴᠥᠯ ᠤᠷᠤᠰᠢᠬᠤ ᠪᠥᠭᠡᠳ ᠡᠨᠡ ᠭᠠᠵᠠᠷ ᠲᠤ ᠵᠢᠯ ᠳᠤ ᠶᠠᠮᠠᠷ ᠴᠤ ᠬᠤᠷ᠎ᠠ ᠲᠤᠨᠤᠳᠠᠰᠤ ᠤᠨᠠᠬᠤ ᠦᠭᠡᠢ ᠲᠣᠬᠢᠶᠠᠯᠳᠤᠯ ᠡᠯᠪᠡᠭ᠃

ᠭᠣᠪᠢ ᠪᠣᠯ ᠶᠡᠷᠦᠳᠡ ᠶᠢᠨ ᠴᠥᠯ ᠪᠢᠰᠢ᠂ ᠬᠠᠷᠢᠨ ᠬᠡᠭᠡᠷ᠎ᠡ ᠴᠥᠯ ᠶᠤᠮ᠃ ᠡᠨᠳᠡ ᠲᠠᠷᠪᠠᠭ᠎ᠠ ᠠᠮᠢᠳᠤᠷᠠᠬᠤ ᠬᠡᠮᠵᠢᠶᠡᠨ ᠦ ᠤᠷᠭᠤᠮᠠᠯ ᠪᠠᠶᠢᠬᠤ ᠦᠭᠡᠢ ᠴᠤ ᠲᠡᠮᠡᠭᠡ ᠠᠮᠢᠳᠤᠷᠠᠬᠤ ᠪᠣᠯᠤᠮᠵᠢ ᠲᠠᠢ᠃ ᠭᠣᠪᠢ ᠶᠢᠨ ᠪᠡᠯᠴᠢᠭᠡᠷ ᠨᠢ ᠮᠠᠰᠢ ᠬᠡᠪᠢᠷᠡᠭ ᠪᠥᠭᠡᠳ ᠲᠠᠯᠬᠠᠯᠠᠯᠲᠠ ᠶᠢᠨ ᠤᠯᠠᠮ ᠠᠴᠠ ᠠᠮᠠᠷᠬᠠᠨ ᠤᠰᠠᠳᠳᠠᠭ᠃ ᠡᠭᠦᠨ ᠡᠴᠡ ᠪᠣᠯᠵᠤ ᠵᠢᠩᠬᠢᠨᠢ ᠴᠥᠯ ᠦᠨ ᠬᠡᠮᠵᠢᠶ᠎ᠡ ᠶᠡᠬᠡᠰᠬᠦ ᠠᠶᠤᠯ ᠲᠠᠢ ᠪᠣᠯᠬᠤ ᠪᠠ ᠡᠨᠡ ᠨᠢ ᠴᠢᠯᠠᠭᠤᠯᠢᠭ ᠪᠥᠭᠡᠳ᠂ ᠲᠡᠮᠡᠭᠡ ᠴᠤ ᠠᠮᠢᠳᠤᠷᠠᠵᠤ ᠴᠢᠳᠠᠬᠤ ᠦᠭᠡᠢ ᠭᠠᠵᠠᠷ ᠪᠠᠶᠢᠳᠠᠭ᠃

ᠪᠠᠶᠢᠭᠠᠯᠢ ᠶᠢᠨ ᠪᠥᠰᠡ᠂ ᠪᠦᠰᠡᠯᠡᠭᠦᠷ[ᠵᠠᠰᠠᠪᠤᠷᠢᠯᠠᠬᠤ | ᠺᠣᠳ᠋ ᠢᠶᠠᠷ ᠵᠠᠰᠠᠬᠣ]

ᠮᠣᠩᠭᠣᠯ ᠤᠯᠤᠰ ᠤᠨ ᠬᠣᠶᠢᠳᠤ ᠲᠠᠯ᠎ᠠ ᠠᠴᠠ ᠤᠷᠤᠭᠰᠢ ᠶᠠᠪᠤᠬᠤ ᠳᠤ ᠣᠢ ᠳᠤ ᠬᠡᠭᠡᠷ᠎ᠡ᠂ ᠬᠡᠭᠡᠷ᠎ᠡ᠂ ᠭᠣᠪᠢ᠂ ᠴᠥᠯ ᠦᠨ ᠭᠡᠰᠡᠨ ᠥᠷᠭᠡᠷᠢᠭ ᠦᠨ 4 ᠪᠥᠰᠡ᠂ ᠥᠨᠳᠥᠷ ᠠᠭᠣᠯᠠᠰ᠂ ᠢᠯᠠᠩᠭᠤᠶ᠎ᠠ ᠣᠶᠢᠲᠤ ᠬᠡᠭᠡᠷ᠎ᠡ ᠶᠢᠨ ᠪᠥᠰᠡ ᠶᠢᠨ ᠠᠤᠯᠠᠯᠠᠰ ᠠᠪᠠᠷᠢᠬᠤ ᠳᠤ ᠲᠠᠶᠢᠭ᠎ᠠ ᠶᠢᠨ ᠪᠠ ᠲᠠᠭ ᠤᠨ ᠪᠦᠰᠡᠯᠡᠭᠦᠷ ᠠᠵᠢᠭᠯᠠᠭᠳᠠᠳᠠᠭ᠃ ᠮᠣᠩᠭᠣᠯ ᠤᠨ ᠪᠠᠶᠢᠭᠠᠯᠢ ᠶᠢᠨ ᠪᠥᠰᠡ᠂ ᠪᠦᠰᠡᠯᠡᠭᠦᠷ᠂ ᠭᠠᠳᠠᠷᠭᠤ ᠶᠢᠨ ᠪᠠᠶᠢᠳᠠᠯ ᠢ ᠬᠠᠷᠠᠭᠠᠯᠵᠠᠨ ᠬᠠᠩᠭᠠᠢ᠂ ᠬᠡᠨᠲᠡᠢ ᠶᠢᠨ᠂ ᠠᠯᠲᠠᠢ ᠶᠢᠨ ᠠᠭᠤᠯᠠᠷᠬᠠᠭ᠂ ᠳᠣᠷᠣᠨᠠᠲᠤ ᠶᠢᠨ ᠲᠠᠯᠠᠷᠬᠠᠭ᠂ ᠭᠣᠪᠢ ᠶᠢᠨ ᠭᠡᠵᠦ ᠳᠥᠷᠪᠡᠨ ᠶᠡᠬᠡ ᠮᠤᠵᠢ ᠳᠤ ᠬᠤᠪᠢᠶᠠᠳᠠᠭ᠃ᠣᠢ ᠳᠤ ᠪᠦᠰᠡᠯᠡᠭᠦᠷ ᠨᠢ ᠲᠣᠭᠲᠠᠮᠠᠯ ᠳᠤᠯᠠᠭᠠᠨ᠂ ᠲᠠᠭᠠᠯᠠᠮᠵᠢᠲᠠᠢ ᠠᠭᠤᠷ ᠠᠮᠢᠰᠬᠤᠯ ᠲᠠᠢ᠂ ᠦᠷᠡᠵᠢᠯ ᠰᠢᠮ᠎ᠡ ᠰᠠᠶᠢᠲᠠᠢ᠂ ᠢᠯᠵᠠᠮᠠᠭ ᠶᠡᠬᠡ ᠲᠡᠢ᠃

ᠭᠠᠵᠠᠷ ᠤᠨ ᠬᠥᠷᠥᠰᠥ[ᠵᠠᠰᠠᠪᠤᠷᠢᠯᠠᠬᠤ | ᠺᠣᠳ᠋ ᠢᠶᠠᠷ ᠵᠠᠰᠠᠬᠣ]

ᠮᠣᠩᠭᠣᠯ ᠳᠤ ᠬᠦᠷᠡᠩ᠂ ᠬᠠᠷ᠎ᠠ ᠬᠦᠷᠢᠨ᠂ ᠴᠠᠶᠢᠪᠤᠷ ᠬᠦᠷᠡᠩ᠂ ᠬᠠᠷ᠎ᠠ ᠰᠢᠷᠤᠢ᠂ ᠨᠤᠭᠤ ᠶᠢᠨ ᠬᠦᠷᠡᠩ᠂ ᠭᠣᠪᠢ ᠶᠢᠨ ᠪᠣᠷᠣ᠂ ᠴᠥᠯ ᠦᠨ ᠪᠣᠷᠣ ᠰᠠᠷᠠᠯ᠂ ᠨᠤᠭᠤ ᠨᠠᠮᠤᠭ ᠤᠨ ᠪᠣᠯᠤᠨ ᠮᠠᠷᠠᠯᠢᠭ᠂ ᠳᠠᠪᠤᠰᠤᠷᠬᠠᠭ ᠵᠡᠷᠭᠡ ᠣᠯᠠᠨ ᠲᠥᠷᠥᠯ ᠦᠨ ᠬᠥᠷᠥᠰᠥ ᠪᠠᠶᠢᠳᠠᠭ᠃ ᠡᠭᠦᠨ ᠦ ᠳᠣᠲᠣᠷ᠎ᠠ ᠦᠷᠡᠵᠢᠯ ᠰᠢᠮᠡᠲᠦ ᠬᠦᠷᠢᠨ ᠬᠥᠷᠥᠰᠥ ᠲᠠᠪᠢ ᠣᠷᠴᠢᠮ ᠬᠤᠪᠢ ᠶᠢ ᠡᠵᠡᠯᠡᠳᠡᠭ᠃ ᠭᠠᠵᠠᠷ ᠲᠠᠷᠢᠶᠠᠯᠠᠩ ᠡᠷᠬᠢᠯᠡᠵᠦ ᠪᠣᠯᠬᠤ ᠭᠠᠵᠠᠷ ᠨᠢ ᠭᠠᠵᠠᠷ ᠨᠤᠲᠤᠭ ᠤᠨ 0.76% ᠍ ᠶᠢ ᠡᠵᠡᠯᠡᠳᠡᠭ᠃ ᠤᠰᠤᠵᠢᠭᠤᠯᠤᠯᠲᠠ ᠲᠠᠢ ᠭᠠᠵᠠᠷ 840 ᠺᠦᠸᠠᠳ᠋ ᠺᠢᠯᠣᠮᠧᠲ᠋ᠷ ᠪᠠᠶᠢᠨ᠎ᠠ᠃

ᠤᠰᠤ ᠠᠭᠠᠷ[ᠵᠠᠰᠠᠪᠤᠷᠢᠯᠠᠬᠤ | ᠺᠣᠳ᠋ ᠢᠶᠠᠷ ᠵᠠᠰᠠᠬᠣ]

ᠮᠣᠩᠭᠣᠯ ᠤᠯᠤᠰ ᠲᠤ 67000 ᠺᠢᠯᠣᠮᠧᠲ᠋ᠷ ᠤᠷᠲᠤ ᠲᠠᠢ 3811 ᠭᠣᠣᠯ ᠭᠣᠷᠣᠬ᠎ᠠ᠂ 500 ᠺᠦᠪ ᠮᠧᠲ᠋ᠷ ᠡᠵᠡᠯᠡᠬᠦᠨ ᠲᠡᠢ 3500 ᠭᠠᠷᠤᠢ ᠨᠠᠭᠤᠷ 7000 ᠣᠷᠴᠢᠮ ᠪᠤᠯᠠᠭ ᠱᠠᠩᠳᠠ᠂ 540 ᠺᠦᠸᠠᠳ᠋ ᠮᠧᠲ᠋ᠷ ᠲᠠᠯᠠᠪᠠᠢ ᠪᠦᠬᠦᠢ 190 ᠭᠠᠷᠤᠢ ᠮᠥᠰᠦᠨ ᠭᠣᠣᠯ 250 ᠭᠠᠷᠤᠢ ᠷᠠᠰᠢᠶᠠᠨ ᠲᠠᠢ ᠭᠠᠵᠠᠷ ᠤᠨ ᠳᠣᠣᠷᠠᠬᠢ ᠤᠰᠤᠨ ᠤ 139 ᠣᠷᠳᠣ ᠭᠠᠵᠠᠷ ᠪᠠᠶᠢᠨ᠎ᠠ᠃ ᠤᠯᠠᠭᠠᠨᠪᠠᠭᠠᠲᠤᠷ ᠬᠣᠲᠠ ᠪᠣᠯ ᠬᠣᠲᠠ ᠳᠣᠲᠣᠷ᠎ᠠ ᠪᠠᠨ ᠷᠠᠰᠢᠶᠠᠨ ᠲᠠᠢ ᠪᠠᠶᠢᠳᠠᠭ ᠳᠡᠯᠡᠬᠡᠢ ᠶᠢᠨ ᠬᠣᠶᠠᠷᠬᠠᠨ ᠨᠡᠶᠢᠰᠯᠡᠯ ᠦᠨ ᠨᠢᠭᠡ ᠶᠤᠮ᠃ ᠮᠣᠩᠭᠣᠯ ᠤᠯᠤᠰ ᠤᠨ ᠬᠠᠮᠤᠭ ᠤᠨ ᠲᠣᠮᠣ ᠮᠥᠰᠦᠨ ᠭᠣᠣᠯ ᠪᠣᠯ ᠠᠯᠲᠠᠢ ᠲᠠᠪᠤᠨ ᠪᠣᠭᠳᠠ ᠳᠠᠬᠢ ᠫᠣᠲ᠋ᠠᠨᠢᠨ ᠦ ᠨᠡᠷᠡᠮᠵᠢᠲᠦ ᠮᠥᠰᠦᠨ ᠭᠣᠣᠯ ᠪᠥᠭᠡᠳ 20 ᠺᠢᠯᠣᠮᠧᠲ᠋ᠷ ᠣᠷᠴᠢᠮ ᠤᠷᠲᠤ ᠲᠠᠢ᠃ ᠮᠣᠩᠭᠣᠯ ᠤᠯᠤᠰ ᠤᠨ ᠭᠣᠣᠯ ᠮᠥᠷᠡᠨ ᠢ ᠬᠣᠶᠢᠳᠤ ᠮᠥᠰᠦᠨ ᠳᠠᠯᠠᠢ ᠶᠢᠨ᠂ ᠨᠣᠮᠣᠬᠠᠨ ᠳᠠᠯᠠᠢ ᠶᠢᠨ ᠪᠣᠯᠤᠨ ᠲᠥᠪ ᠠᠽᠢᠶ᠎ᠠ ᠶᠢᠨ ᠭᠠᠳᠠᠭᠰᠢ ᠪᠠᠨ ᠤᠷᠤᠰᠬᠠᠯ ᠦᠭᠡᠢ ᠰᠠᠪᠠ ᠭᠠᠵᠠᠷ ᠤᠨ ᠭᠡᠵᠦ ᠭᠤᠷᠪᠠ ᠬᠤᠪᠢᠶᠠᠨ᠎ᠠ᠃ ᠣᠷᠬᠣᠨ ᠪᠣᠯ ᠮᠣᠩᠭᠣᠯ ᠤᠨ ᠬᠠᠮᠤᠭ ᠤᠨ ᠤᠷᠲᠤ ᠭᠣᠣᠯ ᠶᠤᠮ (ᠤᠷᠲᠤ ᠨᠢ 1124 ᠺᠢᠯᠣᠮᠧᠲ᠋ᠷ᠂ ᠤᠰᠤ ᠪᠠᠨ ᠴᠤᠭᠯᠠᠭᠤᠯᠬᠤ ᠲᠠᠯᠠᠪᠠᠢ 133000 ᠺᠦᠸᠠᠳ᠋ ᠺᠢᠯᠣᠮᠧᠲ᠋ᠷ)᠂ ᠬᠠᠷᠢᠨ ᠪᠦᠭᠦᠳᠡ ᠨᠠᠶᠢᠷᠠᠮᠳᠠᠬᠤ ᠳᠤᠮᠳᠠᠳᠤ ᠠᠷᠠᠳ ᠤᠯᠤᠰ ᠳᠦ ᠤᠷᠤᠰᠳᠠᠭ ᠤᠷᠲᠤ ᠶᠢ ᠨᠢ ᠣᠷᠣᠭᠤᠯᠵᠤ ᠲᠣᠭᠠᠴᠠᠪᠠᠯ ᠬᠡᠷᠡᠯᠣᠨ ᠭᠣᠣᠯ ᠮᠣᠩᠭᠣᠯ ᠤᠨ ᠬᠠᠮᠤᠭ ᠤᠨ ᠤᠷᠲᠤ ᠭᠣᠣᠯ (1200 ᠺᠢᠯᠣᠮᠧᠲ᠋ᠷ᠎) ᠶᠤᠮ᠃ ᠡᠭᠦᠨ ᠡᠴᠡ 1090 ᠣᠷᠴᠢᠮ ᠺᠢᠯᠣᠮᠧᠲ᠋ᠷ᠎ ᠨᠢ ᠮᠣᠩᠭᠣᠯ ᠤᠨ ᠨᠤᠲᠤᠭ ᠢᠶᠠᠷ ᠤᠷᠤᠰᠳᠠᠭ᠃ ᠬᠠᠮᠤᠭ ᠤᠨ ᠤᠰᠤ ᠶᠡᠬᠡ ᠲᠡᠢ ᠭᠣᠣᠯ ᠨᠢ ᠰᠡᠯᠡᠩᠭᠡ ᠮᠥᠷᠡᠨ ᠶᠤᠮ᠃ ᠵᠢᠯ ᠦᠨ ᠳᠤᠮᠳᠠᠴᠢ ᠤᠷᠤᠰᠠᠴᠠ ᠨᠢ 300 ᠺᠦᠪ ᠮᠧᠲ᠋ᠷ/ᠰᠧᠺᠦᠶᠨᠳ᠋᠃ ᠬᠠᠮᠤᠭ ᠤᠨ ᠲᠣᠮᠣ ᠨᠠᠭᠤᠷ ᠨᠢ ᠤᠪᠰᠤ ᠨᠠᠭᠤᠷ (3350 ᠺᠦᠸᠠᠳ᠋ ᠺᠢᠯᠣᠮᠧᠲ᠋ᠷ).

ᠤᠷᠭᠤᠮᠠᠯ᠂ ᠠᠮᠢᠲᠠᠨ[ᠵᠠᠰᠠᠪᠤᠷᠢᠯᠠᠬᠤ | ᠺᠣᠳ᠋ ᠢᠶᠠᠷ ᠵᠠᠰᠠᠬᠣ]

ᠮᠣᠩᠭᠣᠯ ᠤᠯᠤᠰ ᠲᠤ ᠨᠢᠭᠡ ᠪᠠ ᠣᠯᠠᠨ ᠨᠠᠰᠤᠲᠤ᠂ ᠮᠣᠳᠣᠯᠢᠭ᠂ ᠪᠤᠲᠠᠯᠢᠭ᠂ ᠬᠠᠭᠠᠰ ᠪᠤᠲᠠᠯᠢᠭ ᠵᠡᠷᠭᠡ 4000 ᠍ ᠊ᠭᠠᠳ ᠵᠦᠢᠯ ᠦᠨ ᠤᠷᠭᠤᠮᠠᠯ᠂ ᠨᠣᠭᠣᠭ᠎ᠠ ᠤᠷᠭᠤᠳᠠᠭ ᠪᠥᠭᠡᠳ 7 ᠪᠠᠭ᠂ 24 ᠣᠪᠤᠭ᠂ 70 ᠭᠠᠷᠤᠢ ᠲᠥᠷᠥᠯ ᠳᠦ ᠬᠠᠮᠢᠶᠠᠷᠤᠭᠳᠠᠬᠤ 140 ᠭᠠᠷᠤᠢ ᠵᠦᠢᠯ ᠦᠨ ᠬᠥᠬᠥᠲᠡᠨ᠂ 390 ᠍ ᠊ᠭᠡᠳ ᠵᠦᠢᠯ ᠦᠨ ᠵᠢᠭᠦᠷᠲᠡᠨ ᠣᠷᠣᠰᠢᠨ᠎ᠠ᠃ ᠲᠡᠭᠦᠨ ᠦ ᠳᠣᠲᠣᠷ᠎ᠠ ᠲᠠᠬᠢᠬᠠᠪᠲᠠᠭᠠᠢᠮᠠᠵᠠᠭᠠᠯᠠᠢ ᠵᠡᠷᠭᠡ ᠠᠮᠢᠲᠠᠨᠮᠣᠩᠭᠣᠯ ᠠᠯᠲᠠᠨ ᠬᠤᠨᠳᠠᠭ᠎ᠠᠲᠠᠷᠪᠠᠭᠠᠨ ᠰᠢᠭᠢᠷ᠎ᠠᠳᠣᠷᠣᠭᠠᠰᠤᠲᠠᠢ ᠶᠢᠨ ᠸᠠᠩᠰᠡᠮᠪᠡᠷᠦ ᠵᠡᠷᠭᠡ ᠳᠡᠯᠡᠬᠡᠢ ᠳᠦ ᠥᠭᠡᠷ᠎ᠡ ᠠᠯᠢ ᠴᠤ ᠭᠠᠵᠠᠷ ᠲᠤ ᠪᠠᠶᠢᠬᠤ ᠦᠭᠡᠢ ᠤᠷᠭᠤᠮᠠᠯ ᠪᠤᠢ᠃

ᠣᠷᠣᠨ ᠨᠤᠲᠤᠭ[ᠵᠠᠰᠠᠪᠤᠷᠢᠯᠠᠬᠤ | ᠺᠣᠳ᠋ ᠢᠶᠠᠷ ᠵᠠᠰᠠᠬᠣ]

ᠵᠠᠰᠠᠭ ᠵᠠᠬᠢᠷᠭᠠᠨ ᠤ ᠬᠤᠪᠢᠶᠠᠷᠢ[ᠵᠠᠰᠠᠪᠤᠷᠢᠯᠠᠬᠤ | ᠺᠣᠳ᠋ ᠢᠶᠠᠷ ᠵᠠᠰᠠᠬᠣ]

ᠵᠡᠷᠭᠡ ᠵᠠᠰᠠᠭ ᠵᠠᠬᠢᠷᠭᠠᠨ ᠤ ᠨᠢᠭᠡᠴᠡ ᠲᠣᠭᠠᠨ
ᠨᠡᠶᠢᠯᠡᠪᠦᠷᠢ
ᠨᠤᠲᠤᠭ ᠤᠨ ᠲᠣᠭ᠎ᠠ
ᠨᠢᠭᠡᠳᠦᠭᠡᠷ ᠠᠶᠢᠮᠠᠭ — 21 ᠨᠡᠶᠢᠰᠯᠡᠯ — 1 22
ᠬᠣᠶᠠᠳᠤᠭᠠᠷ ᠰᠤᠮᠤ — 330 ᠳᠡᠭᠦᠷᠭᠡ — 9 339
ᠭᠤᠷᠪᠠᠳᠤᠭᠠᠷ ᠪᠠᠭ — 1568 ᠬᠣᠷᠢᠶ᠎ᠠ — 152 1720
ᠨᠡᠶᠢᠯᠡᠪᠦᠷᠢ ᠭᠤᠷᠪᠠᠨ ᠲᠦᠪᠰᠢᠨ ᠦ ᠵᠢᠷᠭᠤᠭᠠᠨ ᠵᠦᠢᠯ ᠦᠨ 2081 ᠨᠤᠲᠤᠭ

ᠮᠣᠩᠭᠣᠯ ᠤᠯᠤᠰ ᠤᠨ ᠨᠤᠲᠤᠭ ᠳᠡᠪᠢᠰᠬᠡᠷ ᠢ 1992 ᠣᠨ ᠤ ᠦᠨᠳᠦᠰᠦᠨ ᠬᠠᠤᠯᠢ ᠶᠢᠨ 4 ᠪᠦᠯᠦᠭ ᠲᠦ ᠵᠢᠭᠠᠭᠰᠠᠨ ᠢᠶᠠᠷ ᠭᠤᠷᠪᠠᠨ ᠲᠦᠪᠰᠢᠨ ᠦ ᠵᠢᠷᠭᠤᠭᠠᠨ ᠨᠢᠭᠡᠴᠡ ᠪᠣᠯᠭᠠᠨ ᠬᠤᠪᠢᠶᠠᠭᠰᠠᠨ᠃ 1994 ᠣᠨ ᠳᠤ ᠭᠤᠷᠪᠠᠨ ᠠᠶᠢᠮᠠᠭ ᠨᠡᠮᠡᠭᠳᠡᠵᠦ 21 ᠠᠶᠢᠮᠠᠭ᠂ 1 ᠨᠡᠶᠢᠰᠯᠡᠯ ᠪᠠᠶᠢᠳᠠᠭ ᠪᠣᠯᠵᠠᠢ᠃ ᠠᠶᠢᠮᠠᠭ ᠨᠢ ᠰᠤᠮᠤᠠᠨᠳᠠ᠂ ᠰᠤᠮᠤ ᠨᠢ ᠪᠠᠭᠳᠦ ᠬᠤᠪᠢᠶᠠᠭᠳᠠᠨ᠎ᠠ᠃ 2013 ᠣᠨ ᠤ ᠪᠠᠶᠢᠳᠠᠯ ᠢᠶᠠᠷ ᠮᠣᠩᠭᠣᠯ ᠤᠯᠤᠰ ᠲᠤ 330 ᠰᠤᠮᠤ᠂ 1568 ᠪᠠᠭ ᠪᠠᠶᠢᠨ᠎ᠠ᠃ ᠨᠡᠶᠢᠰᠯᠡᠯ ᠨᠢ 9 ᠳᠡᠭᠦᠷᠭᠡ ᠪᠣᠯᠵᠤ ᠵᠠᠳᠠᠷᠠᠳᠠᠭ ᠪᠣᠯ ᠳᠡᠭᠦᠷᠭᠡ ᠶᠢᠨ ᠳᠣᠲᠣᠷᠠᠬᠢ ᠬᠣᠷᠢᠶ᠎ᠠ ᠵᠢᠯ ᠢᠷᠡᠬᠦ ᠲᠤᠰᠤᠮ ᠣᠯᠠᠰᠢᠷᠠᠭᠰᠠᠭᠠᠷ ᠪᠠᠶᠢᠭ᠎ᠠ᠃ 2011 ᠣᠨ ᠤ ᠪᠠᠶᠢᠳᠠᠯ ᠢᠶᠠᠷ 152 ᠬᠣᠷᠢᠶ᠎ᠠ ᠲᠡᠮᠳᠡᠭᠯᠡᠭᠳᠡᠵᠡᠢ᠃[12][13]

ᠠᠶᠢᠮᠠᠭ᠂ ᠨᠡᠶᠢᠰᠯᠡᠯ[ᠵᠠᠰᠠᠪᠤᠷᠢᠯᠠᠬᠤ | ᠺᠣᠳ᠋ ᠢᠶᠠᠷ ᠵᠠᠰᠠᠬᠣ]

ᠮᠣᠩᠭᠣᠯ ᠤᠯᠤᠰ ᠤᠨ ᠠᠶᠢᠮᠠᠭ᠂ ᠨᠡᠶᠢᠰᠯᠡᠯ ᠢ ᠬᠠᠷᠠᠭᠤᠯᠤᠭᠰᠠᠨ ᠭᠠᠵᠠᠷ ᠤᠨ ᠵᠢᠷᠤᠭ

ᠨᠡᠷ᠎ᠡ ᠪᠦᠬᠦᠢ ᠬᠣᠷᠢᠨ ᠨᠢᠭᠡᠨ ᠠᠶᠢᠮᠠᠭᠨᠢᠭᠡ ᠨᠡᠶᠢᠰᠯᠡᠯ (ᠤᠯᠠᠭᠠᠨᠪᠠᠭᠠᠲᠤᠷ) ᠍ ᠦᠨ ᠲᠣᠪᠴᠢ ᠬᠦᠰᠦᠨᠦᠭᠲᠦ:

ᠳ/ᠳ ᠨᠤᠲᠤᠭ ᠤᠨ ᠨᠡᠷ᠎ᠡ ᠬᠦᠮᠦᠨ ᠠᠮᠠ
(2010 ᠣᠨ)[4]
1 Arhangai.gif ᠠᠷᠤᠬᠠᠩᠭᠠᠢ ᠠᠷᠤᠬᠠᠩᠭ᠋᠋ᠠᠢ 84,583
2 Bayanulgii logo.jpg ᠪᠠᠶᠠᠨ-ᠥᠯᠥᠭᠡᠢ ᠪᠠᠶᠠᠨ ᠥᠯᠦᠭᠡᠢ 88,056
3 Mn coa bayankhongor aymag.png ᠪᠠᠶᠠᠨᠬᠣᠩᠭᠣᠷ ᠪᠠᠶ᠋ᠠᠩᠬᠣᠩᠭ᠋᠋ᠤᠷ 76,085
4 Bulgan.png ᠪᠤᠯᠠᠭᠠᠨ ᠪᠣᠯᠠᠭᠠᠨ 53,653
5 Govi-Altai COA 2011.png ᠭᠣᠪᠢ-ᠠᠯᠲᠠᠢ ᠭᠤᠪᠢ ᠠᠯᠲᠠᠢ 53,591
6  Govsumber.gif ᠭᠣᠪᠢᠰᠦᠮᠪᠦᠷ ᠭᠤᠪᠢᠰᠦᠢᠮᠪᠦᠷ 13,239
7 ᠹᠠᠢᠢᠯ:Mn coa of darkhan aymag.svg ᠳᠠᠷᠬᠠᠨ-ᠠᠭᠤᠯᠠ ᠳᠠᠷᠬᠠᠨ ᠠᠭᠤᠯᠠ 94,620
8 Dornogovi COA.jpg ᠳᠣᠷᠣᠨᠠᠭᠣᠪᠢ ᠳᠣᠷᠤᠨᠠᠭᠣᠪᠢ 58,612
9 Dornod.png ᠳᠣᠷᠣᠨᠠᠲᠤ ᠳᠣᠷᠤᠨᠠᠳᠤ 69,552
10 Dundgov.png ᠳᠤᠮᠳᠠᠭᠤᠪᠢ ᠳᠤᠮᠳᠠᠭᠣᠪᠢ 38,820
11 Zavchan.gif ᠵᠠᠪᠬᠠᠨ ᠵᠠᠪᠬᠠᠨ 65,481
ᠳ/ᠳ ᠨᠤᠲᠤᠭ ᠤᠨ ᠨᠡᠷ᠎ᠡ ᠬᠦᠮᠦᠨ ᠠᠮᠠ
(2010 ᠣᠨ)[4]
12 Mn coa erdenet.png ᠣᠷᠬᠣᠨ ᠣᠷᠬᠣᠨ 90,699
13 Mn coa uvurkhangay aymag.png ᠥᠪᠦᠷᠬᠠᠩᠭᠠᠢ ᠥᠪᠦᠷᠬᠠᠩᠭ᠋᠋ᠠᠢ 101,314
14       ᠡᠮᠦᠨᠡᠭᠣᠪᠢ ᠡᠮᠦᠨᠡᠭᠣᠪᠢ 61,314
15 Mn coa sukhbaatar aymag.png ᠰᠦᠬᠡᠪᠠᠭᠠᠲᠤᠷ ᠰᠦᠬᠡᠪᠠᠭᠠᠲᠤᠷ 51,334
16 Selenge.gif ᠰᠡᠯᠡᠩᠭᠡ ᠰᠡᠯᠡᠩᠭᠡ 97,584
17 Tov.gif ᠲᠥᠪ ᠲᠥᠪ 85,168
18 Uvs.gif ᠤᠪᠰᠤ ᠤᠪᠰᠤ 73,328
19 Mn coa ulaanbaatar.png ᠤᠯᠠᠭᠠᠨᠪᠠᠭᠠᠲᠤᠷ ᠤᠯᠠᠭᠠᠨᠪᠠᠭᠠᠲᠤᠷ 1,240,048
20 Mn coa khovd aymag.png ᠬᠣᠪᠳᠣ ᠬᠣᠪᠳᠤ 76,869
21 Mn coa khuvsgul aymag.png ᠬᠥᠪᠰᠥᠭᠥᠯ ᠬᠥᠪᠰᠦᠭᠦᠯ 114,924
22 Hentiy.gif ᠬᠡᠨᠲᠡᠢ ᠬᠡᠨᠲᠡᠢ 65,811

ᠨᠤᠲᠤᠭ ᠤᠨ ᠤᠳᠤᠷᠢᠳᠤᠯᠭ᠎ᠠ[ᠵᠠᠰᠠᠪᠤᠷᠢᠯᠠᠬᠤ | ᠺᠣᠳ᠋ ᠢᠶᠠᠷ ᠵᠠᠰᠠᠬᠣ]

ᠪᠦᠬᠦ ᠲᠦᠪᠰᠢᠨ ᠦ ᠵᠠᠰᠠᠭ ᠵᠠᠬᠢᠷᠭ᠎ᠠ ᠳᠤ ᠨᠤᠲᠤᠭ ᠥᠪᠡᠷ ᠦᠨ ᠭᠡᠰᠡᠨ ᠬᠢᠯᠢᠲᠡᠢ ᠪᠥᠭᠡᠳ ᠨᠤᠲᠤᠭ ᠤᠨ ᠥᠪᠡᠷ ᠢᠶᠡᠨ ᠤᠳᠤᠷᠢᠳᠬᠤ ᠶᠣᠰᠣ ᠍ ᠢ ᠲᠥᠷᠥ ᠶᠢᠨ ᠤᠳᠤᠷᠢᠳᠤᠯᠭ᠎ᠠ ᠲᠠᠢ ᠬᠣᠣᠰᠯᠠᠭᠤᠯᠤᠨ᠎ᠠ᠃ ᠡᠬᠢᠨ ᠦ ᠬᠣᠶᠠᠷ ᠲᠦᠪᠰᠢᠨ ᠦ ᠨᠤᠲᠤᠭ ᠤᠨ ᠥᠪᠡᠷ ᠢᠶᠡᠨ ᠤᠳᠤᠷᠢᠳᠬᠤ ᠪᠠᠶᠢᠭᠤᠯᠤᠯᠭ᠎ᠠ ᠶᠢ ᠢᠷᠭᠡᠳ ᠦᠨ ᠲᠥᠯᠥᠭᠡᠯᠡᠭᠴᠢᠳ ᠦᠨ ᠬᠤᠷᠠᠯ (ᠢᠷᠭᠡᠨ ᠦ ᠲᠥᠯᠥᠭᠡᠯᠡᠭᠴᠢᠳ ᠦᠨ ᠬᠤᠷᠠᠯ)᠂ ᠪᠠᠭ᠂ ᠬᠣᠷᠢᠶᠠᠨ ᠤ ᠬᠢ ᠶᠢ ᠢᠷᠭᠡᠳ ᠦᠨ ᠨᠡᠶᠢᠲᠡ ᠶᠢᠨ ᠬᠤᠷᠠᠯ ᠭᠡᠨ᠎ᠡ᠃ᠬᠠᠷᠢᠨ ᠲᠥᠷᠥ ᠶᠢᠨ ᠤᠳᠤᠷᠢᠳᠤᠯᠭ᠎ᠠ ᠶᠢ ᠲᠤᠬᠠᠢ ᠶᠢᠨ ᠨᠤᠲᠤᠭ ᠤᠨ ᠵᠠᠰᠠᠭ ᠳᠠᠷᠤᠭ᠎ᠠ ᠬᠡᠷᠡᠭᠵᠢᠭᠦᠯᠦᠨ᠎ᠡ᠃[12]

ᠪᠥᠰᠡ᠂ ᠮᠤᠵᠢ᠂ ᠣᠷᠣᠨ[ᠵᠠᠰᠠᠪᠤᠷᠢᠯᠠᠬᠤ | ᠺᠣᠳ᠋ ᠢᠶᠠᠷ ᠵᠠᠰᠠᠬᠣ]

ᠮᠣᠩᠭᠣᠯ ᠤᠯᠤᠰ ᠤᠨ ᠭᠠᠵᠠᠷ ᠨᠤᠲᠤᠭ ᠠᠭᠤᠳᠠᠮ ᠪᠣᠯᠬᠣᠷ ᠪᠥᠰᠡᠴᠢᠯᠡᠬᠦ᠂ ᠮᠤᠵᠢᠯᠠᠬᠤ ᠪᠣᠯᠤᠭᠰᠠᠨ᠃ ᠨᠢᠭᠡᠳᠦᠭᠰᠡᠨ ᠪᠦᠰᠡᠴᠢᠯᠡᠯ ᠪᠠᠶᠢᠬᠤ ᠦᠭᠡᠢ᠃ ᠲᠣᠭ᠎ᠠ ᠪᠦᠷᠢᠳᠬᠡᠯ ᠦᠨ ᠭᠠᠵᠠᠷ ᠤᠨ ᠬᠡᠷᠡᠭᠯᠡᠳᠡᠭ ᠪᠦᠰᠡᠴᠢᠯᠡᠯ ᠢ ᠵᠢᠱᠢᠶᠡᠯᠡᠪᠡᠯ:

  1. ᠪᠠᠷᠠᠭᠤᠨ ᠪᠥᠰᠡ (ᠪᠠᠶᠠᠨ-ᠥᠯᠥᠭᠡᠢ᠂ ᠭᠣᠪᠢ-ᠠᠯᠲᠠᠢ᠂ ᠵᠠᠪᠬᠠᠨ᠂ ᠤᠪᠰᠣ᠂ ᠬᠣᠪᠳᠣ)
  2. ᠵᠡᠭᠦᠨ ᠪᠥᠰᠡ (ᠳᠣᠷᠣᠨᠠᠲᠤ᠂ ᠰᠦᠬᠡᠪᠠᠭᠠᠲᠤᠷ᠂ ᠬᠡᠨᠲᠡᠢ)
  3. ᠲᠥᠪ ᠦᠨ ᠪᠥᠰᠡ (ᠭᠣᠪᠢᠰᠦᠮᠪᠦᠷ᠂ ᠳᠠᠷᠬᠠᠨ-ᠠᠭᠤᠯᠠ᠂ ᠳᠣᠷᠣᠨᠠᠭᠣᠪᠢ᠂ ᠳᠤᠮᠳᠠᠭᠤᠪᠢ᠂ ᠡᠮᠦᠨᠡᠭᠣᠪᠢ᠂ ᠰᠡᠯᠡᠩᠭᠡ᠂ ᠲᠥᠪ)
  4. ᠬᠠᠩᠭᠠᠢ ᠶᠢᠨ ᠪᠥᠰᠡ (ᠠᠷᠤᠬᠠᠩᠭᠠᠢ᠂ ᠪᠠᠶᠠᠨᠬᠣᠩᠭᠣᠷ᠂ ᠪᠤᠯᠠᠭᠠᠨ᠂ ᠣᠷᠬᠣᠨ᠂ ᠥᠪᠦᠷᠬᠠᠩᠭᠠᠢ᠂ ᠬᠥᠪᠰᠥᠭᠥᠯ)
  5. ᠤᠯᠠᠭᠠᠨᠪᠠᠭᠠᠲᠤᠷ (ᠤᠯᠠᠭᠠᠨᠪᠠᠭᠠᠲᠤᠷ) ᠭᠡᠵᠦ ᠲᠠᠪᠤ ᠬᠤᠪᠢᠶᠠᠭᠰᠠᠨ ᠪᠠᠶᠢᠨ᠎ᠠ᠃[14]

ᠮᠣᠩᠭᠣᠯ ᠤᠯᠤᠰ ᠢ ᠪᠥᠰᠡᠴᠢᠯᠡᠨ ᠬᠥᠭᠵᠢᠭᠦᠯᠬᠦ ᠦᠵᠡᠯ ᠪᠠᠷᠢᠮᠲᠠᠯᠠᠯ᠂ ᠱᠤᠤᠳᠠᠩ ᠤᠨ ᠨᠢᠭᠡᠳᠦᠭᠰᠡᠨ ᠲᠣᠮᠢᠶᠠᠯᠠᠪᠤᠷᠢ ᠳᠤ ᠳᠡᠭᠡᠷᠡᠬᠢ ᠪᠦᠰᠡᠴᠢᠯᠡᠯ ᠢ ᠠᠰᠢᠭᠯᠠᠭᠰᠠᠨ ᠪᠠᠶᠢᠳᠠᠭ᠃[15]

ᠡᠳ᠋ ᠍ ᠦᠨ ᠵᠠᠰᠠᠭ[ᠵᠠᠰᠠᠪᠤᠷᠢᠯᠠᠬᠤ | ᠺᠣᠳ᠋ ᠢᠶᠠᠷ ᠵᠠᠰᠠᠬᠣ]

ᠮᠣᠩᠭᠣᠯ ᠤᠨ ᠡᠳ᠋ ᠍ ᠦᠨ ᠵᠠᠰᠠᠭ ᠨᠢ ᠬᠥᠳᠡᠭᠡ ᠠᠵᠤ ᠠᠬᠤᠢ ᠪᠠ ᠠᠭᠤᠯᠠ ᠠᠭᠤᠷᠬᠠᠢ ᠳᠤ ᠲᠤᠯᠭᠠᠭᠤᠷᠢᠯᠠᠳᠠᠭ᠂ ᠮᠣᠩᠭᠣᠯ ᠳᠤ ᠠᠰᠢᠭᠲᠤ ᠮᠠᠯᠲᠠᠮᠠᠯ ᠡᠯᠪᠡᠭ ᠪᠠᠶᠢᠳᠠᠭ ᠪᠥᠭᠡᠳ ᠮᠣᠩᠭᠣᠯ ᠤᠨ ᠡᠳ᠋ ᠍ ᠦᠨ ᠵᠠᠰᠠᠭ ᠲᠤ ᠵᠡᠰᠨᠡᠭᠦᠷᠡᠰᠦᠮᠣᠯᠢᠪᠳᠧᠨᠴᠠᠭᠠᠨ ᠲᠤᠭᠤᠯᠭ᠎ᠠᠸᠣᠯᠹᠷᠠᠮᠠᠯᠲᠠᠨ ᠤ ᠣᠯᠪᠤᠷᠢᠯᠠᠯᠲᠠ ᠶᠡᠬᠡᠳᠡ ᠠᠴᠢ ᠬᠣᠯᠪᠣᠭᠳᠠᠯ ᠲᠠᠢ᠃

ᠣᠳᠣ ᠶᠢᠨ ᠪᠠᠶᠢᠳᠠᠯ ᠢᠶᠠᠷ ᠤᠯᠠᠭᠠᠨᠪᠠᠭᠠᠲᠤᠷ ᠬᠣᠳᠠ ᠳᠤ ᠲᠥᠪᠯᠡᠷᠡᠵᠦ 30,000 ᠭᠠᠷᠤᠢ ᠬᠤᠪᠢ ᠤᠨ ᠪᠢᠽᠢᠨ᠋ᠧᠰ ᠦᠢᠯᠡ ᠠᠵᠢᠯᠯᠠᠭ᠎ᠠ ᠡᠷᠬᠢᠯᠡᠳᠡᠭ᠃ ᠬᠠᠷᠢᠨ ᠬᠣᠲᠠ ᠠᠴᠠ ᠭᠠᠳᠠᠭᠤᠷᠬᠢ ᠬᠦᠮᠦᠨ ᠠᠮᠠ ᠨᠢ ᠮᠠᠯ ᠠᠵᠤ ᠠᠬᠤᠢ ᠶᠢ (ᠬᠣᠨᠢᠨ ᠤᠢᠮᠠᠭᠠᠨ ᠤᠦᠬᠡᠷ ᠦᠨᠮᠣᠷᠢᠨ ᠤᠲᠡᠮᠡᠭᠡᠨ ᠦ ᠠᠵᠤ ᠠᠬᠤᠢ) ᠭᠣᠣᠯᠴᠢᠯᠠᠨ ᠡᠷᠬᠢᠯᠡᠳᠡᠭ᠃ ᠭᠠᠵᠠᠷ ᠲᠠᠷᠢᠶᠠᠯᠠᠩ ᠳᠤ ᠭᠣᠣᠯᠳᠠᠭᠤ ᠤᠯᠠᠭᠠᠨ ᠪᠤᠭᠤᠳᠠᠢᠠᠷᠪᠠᠢᠬᠦᠨᠡᠰᠦᠨ ᠦ ᠨᠣᠭᠣᠭ᠎ᠠᠤᠯᠠᠭᠠᠨ ᠯᠣᠣᠯᠢᠲᠠᠷᠪᠤᠰᠴᠢᠴᠠᠷᠭᠠᠨ᠎ᠠ᠂ ᠮᠠᠯ ᠤᠨ ᠲᠡᠵᠢᠭᠡᠯ ᠤᠷᠭᠤᠮᠠᠯ ᠲᠠᠷᠢᠶᠠᠯᠠᠳᠠᠭ᠃ 2006 ᠣᠨ ᠳᠤ 1 ᠬᠦᠮᠦᠨ ᠳᠦ ᠣᠨᠣᠭᠳᠠᠬᠣ ДНБ ᠨᠢ $2,100 ᠪᠠᠶᠢᠪᠠ[16]᠃ ДНБ ᠨᠢ 2002 ᠣᠨ ᠠᠴᠠ ᠬᠣᠶᠢᠰᠢ ᠲᠣᠭᠲᠠᠪᠤᠷᠢᠲᠠᠢ ᠥᠰᠴᠦ (2006 ᠣᠨ ᠤ ᠠᠯᠪᠠᠨ ᠶᠣᠰᠣᠨ ᠤ ᠲᠣᠭᠠᠴᠠᠭ᠎ᠠ ᠪᠠᠷ ᠵᠢᠯ ᠳᠤ 7.5% ᠍ ᠳᠦᠭᠡᠷ) ᠪᠠᠶᠢᠭ᠎ᠠ ᠴᠤ ᠭᠡᠰᠡᠨ ᠲᠣᠮᠣ ᠬᠡᠮᠵᠢᠶᠡᠨ ᠦ ᠢᠮᠫᠣᠷᠲ᠂ ᠡᠺᠰᠫᠣᠷᠲ ᠤᠨ ᠲᠡᠩᠴᠡᠪᠦᠷᠢ ᠦᠭᠡᠢ ᠪᠠᠶᠢᠳᠠᠯ ᠢ ᠨᠥᠬᠥᠵᠦ ᠠᠮᠵᠢᠭ᠎ᠠ ᠦᠭᠡᠢ ᠯᠠ ᠪᠠᠶᠢᠨ᠎ᠠ᠃ ᠣᠷᠣᠰ ᠬᠣᠯᠪᠣᠭᠠᠨ ᠤ ᠤᠯᠤᠰ ᠳᠦ ᠥᠭᠬᠦ $11 ᠲᠡᠷᠪᠤᠮ ᠳ᠋ᠣᠯᠯᠠᠷ ᠤᠨ ᠦᠷᠢ ᠵᠢ 2004 ᠣᠨ ᠳᠤ $250 ᠰᠠᠶ᠎ᠠ ᠳ᠋ᠣᠯᠯᠠᠷ ᠢᠶᠠᠷ ᠮᠣᠩᠭᠣᠯ ᠤᠨ ᠵᠠᠰᠠᠭ ᠤᠨ ᠭᠠᠵᠠᠷ ᠬᠡᠯᠡᠯᠴᠡᠭᠡᠷ ᠢᠶᠡᠷ ᠲᠦᠯᠦᠵᠥ ᠪᠠᠢᠭ᠎ᠠ᠃

ᠮᠣᠩᠭᠣᠯ ᠤᠨ ᠡᠳ᠋ ᠍ ᠦᠨ ᠵᠠᠰᠠᠭ ᠬᠡᠳᠦᠢ ᠪᠡᠷ ᠥᠰᠴᠦ ᠪᠠᠶᠢᠭ᠎ᠠ ᠴᠤ ᠭᠡᠰᠡᠨ 2006 ᠣᠨ ᠤ ᠪᠠᠶᠢᠳᠠᠯ ᠢᠶᠠᠷ ᠬᠦᠮᠦᠨ ᠠᠮᠠ ᠶᠢᠨ ᠶᠠᠳᠠᠭᠤᠷᠠᠯ ᠤᠨ ᠬᠡᠮᠵᠢᠶ᠎ᠡ ᠨᠢ 32.2%[17], ᠠᠵᠢᠯ ᠦᠭᠡᠢᠳᠡᠯ ᠪᠠ ᠢᠨᠹᠯᠢᠶᠠᠼ ᠤᠨ ᠲᠦᠪᠰᠢᠨ ᠨᠢ ᠲᠤᠰ ᠲᠤᠰ 3.3% ᠪᠠ 9.5% ᠪᠠᠶᠢᠨ᠎ᠠ᠃ ᠮᠣᠩᠭᠣᠯ ᠤᠨ ᠬᠠᠮᠤᠭ ᠤᠨ ᠭᠣᠣᠯ ᠬᠤᠳᠠᠯᠳᠤᠭᠠᠨ ᠤ ᠲᠦᠩᠰᠢ ᠨᠢ ᠬᠢᠲᠠᠳ ᠣᠷᠣᠨ᠃ 2006 ᠣᠨ ᠤ ᠪᠠᠶᠢᠳᠠᠯ ᠢᠶᠠᠷ ᠮᠣᠩᠭᠣᠯ ᠤᠨ ᠨᠡᠶᠢᠲᠡ ᠡᠺᠰᠫᠣᠷᠲ ᠤᠨ 68.4% ᠨᠢ᠂ ᠢᠮᠫᠣᠷᠲ ᠤᠨ 29.8% ᠨᠢ ᠬᠢᠲᠠᠳ ᠲᠤ ᠨᠣᠭᠳᠠᠵᠠᠢ᠃[18]

1991 ᠣᠨ ᠳᠤ ᠤᠯᠠᠭᠠᠨᠪᠠᠭᠠᠲᠤᠷ ᠬᠣᠲᠠ ᠳᠤ ᠪᠠᠶᠢᠭᠤᠯᠤᠭᠳᠠᠭᠰᠠᠨ ᠮᠣᠩᠭᠣᠯ ᠤᠨ ᠬᠥᠷᠥᠩᠭᠡ ᠶᠢᠨ ᠪᠢᠷᠵᠢ ᠨᠢ ᠨᠡᠶᠢᠲᠡ ᠬᠤᠪᠢᠴᠠᠭᠠᠨ ᠤ ᠬᠡᠮᠵᠢᠶ᠎ᠡ ᠪᠡᠷ ᠢᠶᠡᠨ ᠳᠡᠯᠡᠬᠡᠢ ᠳᠦ ᠬᠠᠮᠤᠭ ᠤᠨ ᠵᠢᠵᠢᠭ ᠲᠤ ᠲᠣᠭᠠᠴᠠᠭᠳᠠᠳᠠᠭ ᠪᠠᠶᠢᠨ᠎ᠠ᠃[19][20]

ᠠᠵᠤ ᠦᠢᠯᠡᠳᠪᠦᠷᠢ[ᠵᠠᠰᠠᠪᠤᠷᠢᠯᠠᠬᠤ | ᠺᠣᠳ᠋ ᠢᠶᠠᠷ ᠵᠠᠰᠠᠬᠣ]

GDP ᠍ ᠶᠢᠨ 21.4% ᠍ ᠶᠢ ᠠᠵᠤ ᠦᠢᠯᠡᠳᠪᠦᠷᠢ ᠬᠠᠩᠭᠠᠳᠠᠭ ᠪᠠ ᠬᠥᠳᠡᠭᠡ ᠠᠵᠤ ᠠᠬᠤᠢ ᠶᠢᠨ ᠰᠠᠯᠪᠤᠷᠢ ᠲᠠᠢ ᠲᠡᠩᠴᠡᠭᠦᠬᠡᠨ ᠪᠠᠶᠢᠨ᠎ᠠ (20.4%)᠂ ᠠᠵᠤ ᠦᠢᠯᠡᠳᠪᠦᠷᠢᠯᠡᠯ ᠳᠦ ᠪᠠᠷᠢᠯᠭ᠎ᠠ ᠶᠢᠨ ᠮᠠᠲ᠋ᠧᠷᠢᠶᠠᠯᠠᠭᠤᠯᠠ ᠠᠭᠤᠷᠬᠠᠢ (ᠨᠡᠭᠦᠷᠡᠰᠦᠵᠡᠰᠮᠣᠯᠢᠪᠳᠧᠨᠬᠠᠶᠢᠯᠤᠭᠤᠷ ᠵᠣᠩᠰᠢᠴᠠᠭᠠᠨ ᠲᠤᠭᠤᠯᠭ᠎ᠠᠸᠣᠯᠹᠷᠠᠮᠠᠯᠲᠠ)᠂ ᠴᠢᠯᠠᠭᠣᠨ ᠲᠣᠰᠣ᠂ ᠬᠦᠨᠡᠰᠦ ᠪᠠ ᠤᠮᠳᠠᠭᠠᠨ ᠤ ᠪᠦᠲᠦᠭᠡᠭᠳᠡᠬᠦᠨ᠂ ᠮᠠᠯ ᠤᠨ ᠭᠠᠷᠤᠯᠲᠠᠢ ᠪᠦᠲᠦᠭᠡᠭᠳᠡᠬᠦᠨ ᠪᠣᠯᠪᠠᠰᠤᠷᠠᠭᠤᠯᠤᠯᠲᠠ᠂ ᠨᠣᠣᠯᠣᠭᠤᠷ᠂ ᠪᠠᠶᠢᠭᠠᠯᠢ ᠶᠢᠨ ᠨᠡᠬᠡᠮᠡᠯ ᠦᠢᠯᠡᠳᠪᠦᠷᠢᠯᠡᠯ ᠵᠡᠷᠭᠡ ᠣᠷᠣᠨ᠎ᠠ᠃ ᠠᠵᠤ ᠦᠢᠯᠡᠳᠪᠦᠷᠢᠯᠡᠯ ᠦᠨ ᠥᠰᠦᠯᠲᠡ ᠨᠢ 2002 ᠣᠨ ᠳᠤ ᠵᠢᠯ ᠳᠤ 4.1% ᠪᠠᠶᠢᠪᠠ᠃ ᠠᠭᠤᠯᠠ ᠠᠭᠤᠷᠬᠠᠢ ᠶᠢᠨ ᠰᠠᠯᠪᠤᠷᠢ ᠨᠢ ᠮᠣᠩᠭᠣᠯ ᠤᠨ ᠬᠠᠮᠤᠭ ᠤᠨ ᠭᠣᠣᠯ ᠴᠢᠬᠤᠯᠠ ᠠᠵᠤ ᠦᠢᠯᠡᠳᠪᠦᠷᠢᠯᠡᠯ ᠦᠨ ᠰᠠᠯᠪᠣᠷᠢ ᠤᠨ ᠨᠢᠭᠡ ᠪᠣᠯᠵᠤ ᠬᠥᠭᠵᠢᠭᠰᠡᠭᠡᠷ ᠪᠠᠶᠢᠨ᠎ᠠ᠃ ᠡᠨᠡ ᠨᠢ ᠬᠢᠲᠠᠳ᠂ ᠣᠷᠣᠰ᠂ ᠺᠠᠨᠠᠳᠠ ᠤᠨ ᠠᠭᠤᠯᠠ ᠠᠭᠤᠷᠬᠠᠢ ᠶᠢᠨ ᠺᠣᠮᠫᠠᠨᠢ ᠨᠤᠭᠤᠳ ᠮᠣᠩᠭᠣᠯ ᠳᠤ ᠦᠢᠯᠡ ᠠᠵᠢᠯᠯᠠᠭ᠎ᠠ ᠶᠢ ᠪᠠᠨ ᠡᠷᠬᠢᠯᠡᠬᠦ ᠪᠣᠯᠤᠭᠰᠠᠨ ᠲᠠᠢ ᠪᠠᠷ ᠬᠠᠷᠠᠭᠳᠠᠵᠤ ᠪᠠᠶᠢᠨ᠎ᠠ᠃ ᠳᠣᠲᠣᠭᠠᠳᠤ ᠶᠢᠨ ᠬᠣᠭᠣᠯᠠ ᠬᠦᠨᠡᠰᠦᠨ ᠦ ᠦᠢᠯᠡᠳᠪᠦᠷᠢᠯᠡᠯ ᠭᠠᠳᠠᠭᠠᠳᠤ ᠶᠢᠨ ᠬᠥᠷᠥᠩᠭᠡ ᠣᠷᠣᠭᠤᠯᠤᠯᠲᠠ ᠶᠢᠨ ᠲᠤᠰᠠᠯᠠᠮᠵᠢ ᠲᠠᠢ ᠪᠠᠷ ᠬᠤᠷᠳᠤᠴᠠ ᠲᠠᠢ ᠪᠠᠷ ᠥᠰᠴᠦ ᠪᠠᠶᠢᠨ᠎ᠠ᠃

ᠰᠢᠨᠵᠢᠯᠡᠬᠦ ᠤᠬᠠᠭᠠᠨ᠂ ᠲᠧᠭᠨᠣᠯᠣᠭᠢ[ᠵᠠᠰᠠᠪᠤᠷᠢᠯᠠᠬᠤ | ᠺᠣᠳ᠋ ᠢᠶᠠᠷ ᠵᠠᠰᠠᠬᠣ]

1990 ᠍ ᠊ᠭᠡᠳ ᠣᠨ ᠠᠴᠠ ᠠᠷᠠᠳᠴᠢᠯᠠᠯ ᠬᠥᠭᠵᠢᠭᠰᠡᠨ ᠢᠶᠡᠷ ᠮᠣᠩᠭᠣᠯ ᠤᠯᠤᠰ ᠨᠢ ᠲᠧᠭᠨᠣᠯᠣᠭᠢ ᠶᠢᠨ ᠰᠠᠯᠪᠤᠷᠢ ᠪᠠᠨ ᠬᠥᠭᠵᠢᠭᠦᠯᠵᠦ ᠡᠬᠢᠯᠡᠵᠡᠢ᠃ ᠡᠭᠦᠨ ᠦ ᠦᠷ᠎ᠡ ᠳ᠋ᠦᠩ ᠳᠦ ᠨᠡᠯᠢᠶᠡᠳ ᠣᠯᠠᠨ ᠲᠣᠭᠠᠨ ᠤ ᠲᠧᠭᠨᠣᠯᠣᠭᠢ ᠶᠢᠨ ᠺᠣᠮᠫᠠᠨᠢ ᠨᠤᠭᠤᠳ ᠡᠭᠦᠰᠬᠡᠭᠳᠡᠵᠡᠢ᠃ ᠮᠥᠨ ᠡᠮᠦᠨᠡᠲᠦ ᠰᠣᠯᠣᠩᠭᠣᠰᠬᠢᠲᠠᠳ ᠵᠡᠷᠭᠡ ᠣᠶᠢᠷ᠎ᠠ ᠣᠷᠴᠢᠮ ᠤᠨ ᠣᠷᠣᠨ ᠨᠤᠭᠤᠳ ᠤᠨ ᠲᠧᠭᠨᠣᠯᠣᠭᠢ ᠶᠢᠨ ᠺᠣᠮᠫᠠᠨᠢ ᠨᠤᠭᠤᠳ ᠮᠣᠩᠭᠣᠯ ᠳᠤ ᠰᠠᠯᠪᠤᠷᠢ ᠪᠠᠨ ᠨᠡᠭᠡᠭᠡᠵᠦ ᠡᠬᠢᠯᠡᠵᠦ ᠪᠠᠶᠢᠨ᠎ᠠ᠃ ᠮᠡᠳᠡᠭᠡᠯᠡᠯ ᠬᠠᠷᠢᠯᠴᠠᠭᠠᠨ ᠤ ᠪᠠ ᠢᠨᠲ᠋ᠧᠷᠨᠡᠲ ᠦᠨ ᠦᠢᠯᠡᠴᠢᠯᠡᠭᠡ ᠣᠯᠭᠤᠭᠴᠢ ᠺᠣᠮᠫᠠᠨᠢ ᠨᠤᠭᠤᠳ ᠶᠡᠬᠡᠰᠦᠭᠰᠡᠨ ᠢᠶᠡᠷ ᠢᠨᠲ᠋ᠧᠷᠨᠡᠲ ᠪᠠ ᠤᠲᠠᠰᠤᠨ ᠤ ᠰᠠᠯᠪᠤᠷᠢ ᠶᠢ ᠥᠷᠢᠰᠦᠯᠳᠦᠭᠡᠨ ᠲᠡᠢ ᠪᠣᠯᠭᠠᠵᠠᠢ᠃ ᠡᠭᠦᠨ ᠡᠴᠡ ᠬᠠᠮᠤᠭ ᠤᠨ ᠥᠷᠢᠰᠦᠯᠳᠦᠭᠡᠨ ᠲᠡᠢ ᠨᠢ ᠡᠭᠦᠷ ᠦᠨ ᠲᠧᠯᠧᠹᠣᠨ ᠤᠲᠠᠰᠤᠨ ᠤ ᠰᠠᠯᠪᠤᠷᠢ ᠪᠥᠭᠡᠳ ᠣᠳᠣ ᠮᠣᠩᠭᠣᠯ ᠤᠨ ᠶᠡᠬᠡᠩᠬᠢ ᠨᠤᠲᠤᠭ ᠢ ᠬᠠᠮᠤᠷᠠᠵᠦ ᠪᠠᠶᠢᠨ᠎ᠠ᠃ ᠡᠯᠧᠺᠲ᠋ᠷᠣᠨᠢᠺ ᠪᠠ ᠮᠧᠬᠠᠨᠢᠭ ᠠᠵᠤ ᠦᠢᠯᠡᠳᠪᠦᠷᠢᠯᠡᠯᠲᠡᠢ ᠬᠠᠷᠢᠴᠠᠭᠤᠯᠬᠤ ᠳᠤ ᠫᠷᠣᠭᠷᠠᠮ ᠬᠠᠩᠭᠠᠮᠵᠢ ᠨᠢ ᠮᠣᠩᠭᠣᠯ ᠳᠤ ᠦᠢᠯᠡ ᠠᠵᠢᠯᠯᠠᠭ᠎ᠠ ᠶᠢ ᠪᠠᠨ ᠡᠷᠬᠢᠯᠡᠳᠡᠭ ᠮᠣᠩᠭᠣᠯ ᠤᠨ ᠪᠠ ᠭᠠᠳᠠᠭᠠᠳᠤ ᠶᠢᠨ ᠺᠣᠮᠫᠠᠨᠢ ᠨᠤᠭᠤᠳ ᠲᠤ ᠲᠦᠯᠬᠢᠭᠦᠦ ᠬᠥᠭᠵᠢᠵᠦ ᠪᠠᠶᠢᠨ᠎ᠠ᠃

Enfant de Mongolie.jpg

ᠬᠦᠮᠦᠨ ᠠᠮᠠ[ᠵᠠᠰᠠᠪᠤᠷᠢᠯᠠᠬᠤ | ᠺᠣᠳ᠋ ᠢᠶᠠᠷ ᠵᠠᠰᠠᠬᠣ]

ᠮᠣᠩᠭᠣᠯ ᠤᠨ ᠬᠦᠮᠦᠨ ᠠᠮᠠ ᠵᠦᠢ᠃ ᠬᠦᠮᠦᠨ ᠠᠮᠠ ᠨᠢ ᠮᠢᠩᠭ᠎ᠠ ᠪᠠᠷ᠃

2007 ᠣᠨ ᠤ 7 ᠰᠠᠷ᠎ᠠ ᠶᠢᠨ ᠪᠠᠶᠢᠳᠠᠯᠠᠭᠠᠷᠬ᠎ᠠ ᠮᠣᠩᠭᠣᠯ ᠤᠯᠤᠰ ᠤᠨ ᠨᠡᠶᠢᠲᠡ ᠬᠦᠮᠦᠨ ᠠᠮᠠ ᠶᠢ ᠠᠮᠧᠷᠢᠺᠠ ᠶᠢᠨ ᠨᠢᠭᠡᠳᠦᠭᠰᠡᠨ ᠤᠯᠤᠰ ᠍ ᠤᠨ ᠬᠦᠮᠦᠨ ᠠᠮᠠ ᠲᠣᠭᠠᠯᠠᠯᠭ᠎ᠠ ᠶᠢᠨ ᠲᠣᠪᠴᠢᠶ᠎ᠠ 2,951,786 [21] ᠭᠡᠵᠦ ᠦᠵᠡᠵᠦ ᠪᠠᠶᠢᠭ᠎ᠠ ᠪᠥᠭᠡᠳ ᠡᠨᠡ ᠨᠢ ᠳᠡᠯᠡᠬᠡᠢ ᠳᠦ 138 ᠍ ᠳᠦ ᠲᠣᠭᠠᠴᠠᠭᠳᠠᠳᠠᠭ᠃ ᠬᠠᠷᠢᠨ ᠨᠢᠭᠡᠳᠦᠭᠰᠡᠨ ᠦᠨᠳᠦᠰᠦᠨ ᠦ ᠪᠠᠶᠢᠭᠤᠯᠤᠯᠭ᠎ᠠ ᠨᠢ ᠬᠦᠮᠦᠨ ᠠᠮᠠ ᠶᠢ 2,629,000[22] ᠬᠡᠮᠡᠨ ᠲᠣᠭᠠᠴᠠᠵᠤ ᠪᠠᠶᠢᠭ᠎ᠠ (ᠠᠮᠧᠷᠢᠺᠠ ᠶᠢᠨ ᠨᠢᠭᠡᠳᠦᠭᠰᠡᠨ ᠤᠯᠤᠰ ᠍ ᠤᠨ ᠬᠦᠮᠦᠨ ᠠᠮᠠ ᠲᠣᠭᠠᠯᠠᠯᠭ᠎ᠠ ᠶᠢᠨ ᠲᠣᠪᠴᠢᠶᠠᠨ ᠤ ᠲᠣᠭᠠᠴᠠᠨ ᠠᠴᠠ 11% ᠍ ᠳᠦᠭᠡᠷ ᠪᠠᠭ᠎ᠠ). ᠮᠣᠩᠭᠣᠯ ᠤᠨ ᠦᠨᠳᠦᠰᠦᠨ ᠦ ᠪᠦᠷᠢᠳᠭᠡᠯ ᠤᠨ ᠬᠣᠷᠢᠶ᠎ᠠ ᠬᠦᠮᠦᠨ ᠠᠮᠠ ᠶᠢ 2,612,900 ᠭᠡᠵᠦ ᠲᠣᠭᠠᠴᠠᠨ᠎ᠠ᠃

ᠬᠣᠶᠠᠷ ᠬᠥᠷᠰᠢ ᠣᠷᠣᠨ ᠪᠣᠯᠬᠤ ᠬᠢᠲᠠᠳ ᠪᠠ ᠣᠷᠣᠰ ᠬᠣᠯᠪᠣᠭᠠᠨ ᠤ ᠤᠯᠤᠰ ᠍ ᠤᠨ ᠬᠦᠮᠦᠨ ᠠᠮᠠ ᠲᠠᠢ ᠬᠠᠷᠢᠴᠠᠭᠤᠯᠬᠤ ᠳᠤ ᠬᠠᠷᠢᠴᠠᠩᠭᠤᠢ ᠪᠠᠭ᠎ᠠ ᠶᠤᠮ᠃ ᠮᠣᠩᠭᠣᠯ ᠤᠨ ᠬᠦᠮᠦᠨ ᠠᠮᠠ ᠶᠢᠨ ᠶᠡᠬᠡᠩᠬᠢ ᠬᠤᠪᠢ ᠶᠢ ᠮᠣᠩᠭᠣᠯᠴᠤᠳ ᠡᠵᠡᠯᠡᠬᠦ ᠪᠠ ᠬᠠᠰᠠᠭ ᠦᠨᠳᠦᠰᠦᠲᠡᠨ ᠴᠥᠭᠡᠩᠬᠢ ᠲᠣᠭ᠎ᠠ ᠲᠠᠢ ᠪᠤᠢ᠃ 2000 ᠣᠨ ᠤ ᠲᠣᠭᠠᠯᠠᠯᠭ᠎ᠠ ᠪᠠᠷ ᠮᠣᠩᠭᠣᠯ ᠤᠨ ᠬᠦᠮᠦᠨ ᠠᠮᠠ ᠶᠢᠨ ᠥᠰᠦᠯᠲᠡ ᠶᠢ ᠵᠢᠯ ᠳᠤ 1.2% ᠭᠡᠵᠦ ᠲᠣᠭᠠᠴᠠᠵᠤ ᠪᠠᠶᠢᠨ᠎ᠠ[23]᠃ ᠨᠡᠶᠢᠲᠡ ᠬᠦᠮᠦᠨ ᠠᠮᠠ ᠶᠢᠨ 59% ᠨᠢ 30 ᠍ ᠠᠴᠠ ᠳᠣᠭᠣᠭᠰᠢ ᠨᠠᠰᠤᠨ ᠤ᠂ ᠡᠭᠦᠨ ᠡᠴᠡ 27% ᠨᠢ 14 ᠍ ᠡᠴᠡ ᠳᠣᠭᠣᠭᠰᠢ ᠨᠠᠰᠤᠨ ᠤ ᠬᠢᠨ ᠪᠠᠶᠢᠨ᠎ᠠ᠃ ᠡᠨᠡ ᠬᠠᠷᠢᠴᠠᠩᠭᠤᠢ ᠵᠠᠯᠠᠭᠤ ᠪᠠ ᠬᠤᠷᠳᠤᠴᠠ ᠲᠠᠢ ᠥᠰᠴᠦ ᠪᠠᠶᠢᠭ᠎ᠠ ᠬᠦᠮᠦᠨ ᠠᠮᠠ ᠨᠢ ᠪᠤᠰᠤᠳ ᠬᠥᠭᠵᠢᠵᠦ ᠪᠠᠶᠢᠭ᠎ᠠ ᠣᠷᠣᠨ ᠨᠤᠭᠤᠳ ᠲᠠᠢ ᠠᠳᠠᠯᠢ ᠡᠳ᠋ ᠍ ᠦᠨ ᠵᠠᠰᠠᠭ ᠲᠤ ᠨᠢ ᠬᠦᠨᠳᠦᠷᠡᠯ ᠤᠴᠠᠷᠠᠭᠤᠯᠬᠤ ᠪᠣᠯᠵᠠᠢ᠃

ᠬᠦᠮᠦᠨ ᠠᠮᠠ ᠶᠢᠨ 40% ᠨᠢ ᠲᠥᠪᠡᠳ ᠦᠨ ᠪᠤᠳ᠋ᠳ᠋ᠾᠠ ᠶᠢᠨ ᠱᠠᠰᠢᠨ ᠤ ᠤᠷᠤᠰᠬᠠᠯ ᠪᠣᠯᠬᠤ ᠰᠢᠷ᠎ᠠ ᠶᠢᠨ ᠱᠠᠰᠢᠨ ᠢ ᠰᠢᠲᠦᠳᠡᠭ᠂ 30% ᠨᠢ ᠱᠠᠰᠢᠨ ᠦᠭᠡᠢ᠂ 20% ᠨᠢ ᠪᠥᠭᠡ ᠶᠢᠨ ᠱᠠᠰᠢᠨ ᠲᠠᠢ᠂ 6% ᠾᠷᠢᠰᠲ ᠲᠦ ᠢᠲᠡᠭᠡᠭᠴᠢ᠂ 4% ᠨᠢ ᠢᠰᠯᠠᠮ ᠤᠨ ᠱᠠᠰᠢᠨᠲᠠᠨ.

ᠨᠢᠭᠲᠠᠰᠢᠯ ᠪᠠᠭᠠᠲᠠᠢ ᠮᠣᠩᠭᠣᠯ ᠤᠯᠤᠰ ᠤᠨ ᠬᠦᠮᠦᠨ ᠠᠮᠠ ᠶᠢᠨ ᠨᠡᠯᠢᠶᠡᠳ ᠬᠤᠪᠢ ᠨᠢ ᠰᠡᠭᠦᠯ ᠦᠨ ᠦᠶᠡᠰ ᠬᠣᠲᠠ ᠳᠤ ᠠᠮᠢᠳᠤᠷᠠᠬᠤ ᠪᠣᠯᠵᠠᠢ᠃ ᠲᠠᠯ᠎ᠠ ᠬᠤᠪᠢ ᠨᠢ ᠤᠯᠠᠭᠠᠨᠪᠠᠭᠠᠲᠤᠷ ᠪᠠ ᠠᠶᠢᠮᠠᠭ ᠤᠨ ᠲᠥᠪ ᠦᠳ ᠲᠦ ᠠᠮᠢᠳᠤᠷᠠᠵᠤ ᠪᠠᠶᠢᠨ᠎ᠠ᠃ ᠡᠷᠦᠬᠡ ᠨᠦᠭᠦᠳ ᠡᠪᠦᠯ ᠲᠣᠰᠬᠣᠨ ᠨᠤᠭᠤᠳ ᠲᠤ᠂ ᠵᠤᠨ ᠨᠢ ᠭᠡᠷ ᠲᠦ ᠠᠮᠢᠳᠤᠷᠠᠬᠤ ᠬᠠᠭᠠᠰ ᠨᠡᠭᠦᠳᠡᠯᠴᠢᠨ ᠪᠠᠶᠢᠳᠠᠯ ᠨᠢ ᠬᠥᠳᠡᠭᠡ ᠳᠠᠪᠠᠮᠠᠭᠠᠶᠢᠯᠠᠵᠤ ᠪᠠᠶᠢᠨ᠎ᠠ᠂ ᠭᠡᠬᠦ ᠳᠦ ᠪᠡᠨ ᠪᠦᠲᠦᠨ ᠵᠢᠯ ᠦᠨ ᠲᠤᠷᠰᠢ ᠨᠢᠭᠡ ᠭᠠᠵᠠᠷ ᠲᠤ ᠪᠠᠨ ᠪᠠᠶᠢᠬᠤ ᠭᠠᠵᠠᠷ ᠲᠠᠷᠢᠶᠠᠯᠠᠩ ᠡᠷᠬᠢᠯᠡᠳᠡᠭ ᠡᠷᠦᠬᠡ ᠨᠦᠭᠦᠳ ᠶᠡᠬᠡᠰᠴᠦ ᠪᠠᠶᠢᠭ᠎ᠠ᠃ ᠬᠦᠮᠦᠨ ᠠᠮᠠ ᠶᠢᠨ 40% ᠣᠷᠴᠢᠮ ᠨᠢ ᠨᠡᠭᠦᠳᠡᠯᠴᠢᠨ᠂ ᠬᠠᠭᠠᠰ ᠨᠡᠭᠦᠳᠡᠯᠴᠢᠨ ᠠᠮᠢᠳᠤᠷᠠᠯ ᠲᠠᠢ᠃

ᠬᠦᠮᠦᠨ ᠠᠮᠠ ᠶᠢᠨ 85% ᠨᠢ ᠮᠣᠩᠭᠣᠯ ᠦᠨᠳᠦᠰᠦᠲᠡᠨ ᠪᠥᠭᠡᠳ ᠡᠭᠦᠨ ᠳᠣᠲᠣᠷ᠎ᠠ ᠠᠴᠠ ᠬᠠᠯᠬ᠎ᠠ ᠶᠠᠰᠤᠲᠠᠨ ᠳᠠᠪᠠᠮᠠᠭᠠᠶᠢᠯᠠᠨ᠎ᠠ᠃ ᠡᠳᠡᠭᠡᠷ ᠶᠠᠰᠤᠲᠠᠨ ᠨᠤᠭᠤᠳ ᠨᠢ ᠭᠣᠣᠯᠳᠠᠭᠤ ᠬᠡᠯᠡᠨ ᠦ ᠣᠨᠴᠠᠯᠢᠭ ᠢᠶᠠᠷ ᠢᠶᠠᠨ ᠯᠠ ᠢᠯᠭᠠᠭᠳᠠᠳᠠᠭ᠃ ᠮᠣᠩᠭᠣᠯ ᠤᠭᠰᠠᠭᠠᠲᠠᠨ ᠨᠤᠭᠤᠳ ᠤᠨ 90% ᠍ ᠶᠢ ᠬᠠᠯᠬ᠎ᠠ ᠡᠵᠡᠯᠡᠳᠡᠭ᠃ ᠦᠯᠡᠳᠡᠬᠦ 10% ᠍ ᠶᠢ ᠪᠤᠷᠢᠶᠠᠳᠳᠥᠷᠪᠡᠳᠳᠠᠷᠢᠭᠠᠩᠭ᠎ᠠ ᠵᠡᠷᠭᠡ ᠶᠠᠰᠤᠲᠠᠨ ᠡᠵᠡᠯᠡᠳᠡᠭ᠃ ᠲᠦᠷᠦᠭ ᠤᠭᠰᠠᠭᠠᠲᠠᠨ ᠨᠤᠭᠤᠳ (ᠬᠠᠰᠠᠭᠲᠤᠸᠠᠴᠢᠩᠲᠤᠤ) ᠮᠣᠩᠭᠣᠯ ᠤᠨ ᠬᠦᠮᠦᠨ ᠠᠮᠠ ᠶᠢᠨ 7% ᠍ ᠶᠢ ᠡᠵᠡᠯᠡᠬᠦ ᠪᠥᠭᠡᠳ ᠦᠯᠡᠳᠡᠬᠦ ᠬᠦᠮᠦᠨ ᠠᠮᠠ ᠳᠤ ᠬᠢᠲᠠᠳ ᠤᠳ᠂ ᠣᠷᠣᠰ ᠤᠳ ᠪᠠᠭᠠᠳᠤᠨ᠎ᠠ᠃ 1991 ᠣᠨ ᠳᠤ ᠵᠥᠪᠯᠡᠯᠲᠦ ᠬᠣᠯᠪᠣᠭᠠᠲᠤ ᠤᠯᠤᠰ ᠪᠤᠲᠠᠷᠠᠵᠦ ᠮᠣᠩᠭᠣᠯ ᠳᠤ ᠦᠵᠡᠭᠦᠯᠵᠦ ᠪᠠᠶᠢᠭᠰᠠᠨ ᠲᠤᠰᠠᠯᠠᠮᠵᠢ ᠳᠠᠭᠤᠰᠤᠭᠰᠠᠨ ᠢᠶᠠᠷ ᠶᠡᠬᠡᠩᠬᠢ ᠣᠷᠣᠰ ᠤᠳ ᠮᠣᠩᠭᠣᠯ ᠠᠴᠠ ᠭᠠᠷᠤᠵᠠᠢ᠃

· · ᠮᠣᠩᠭᠣᠯ ᠤᠯᠤᠰ ᠤᠨ 20 ᠲᠣᠮᠣ ᠬᠣᠲᠠ
2008 ᠣᠨ ᠤ ᠲᠣᠭᠠᠴᠠᠭ᠎ᠠ
 ᠳᠡᠰ  ᠬᠣᠲᠠ ᠨᠤᠲᠤᠭ ᠬᠦᠮᠦᠨ ᠠᠮᠠ  ᠳᠡᠰ  ᠬᠣᠲᠠ ᠨᠤᠲᠤᠭ ᠬᠦᠮᠦᠨ ᠠᠮᠠ
ᠤᠯᠠᠭᠠᠨᠪᠠᠭᠠᠲᠤᠷ
ᠤᠯᠠᠭᠠᠨᠪᠠᠭᠠᠲᠤᠷ

ᠳᠠᠷᠬᠠᠨ
ᠳᠠᠷᠬᠠᠨ

1 ᠤᠯᠠᠭᠠᠨᠪᠠᠭᠠᠲᠤᠷ ᠤᠯᠠᠭᠠᠨᠪᠠᠭᠠᠲᠤᠷ 1,340,000 11 ᠰᠦᠬᠡᠪᠠᠭᠠᠲᠤᠷ ᠰᠡᠯᠡᠩᠭᠡ 19,626
2 ᠳᠠᠷᠬᠠᠨ ᠳᠠᠷᠬᠠᠨ-ᠠᠭᠤᠯᠠ 120,000 12 ᠰᠠᠶᠢᠨᠱᠠᠩᠳᠠ ᠳᠣᠷᠣᠨᠠᠭᠣᠪᠢ 25,210
3 ᠡᠷᠳᠡᠨᠢ ᠳᠦ ᠣᠷᠬᠣᠨ 91,000 13 ᠳᠠᠯᠠᠨᠵᠠᠳᠠᠭᠠᠲᠤ ᠡᠮᠦᠨᠡᠭᠣᠪᠢ 16,856
4 ᠴᠣᠶᠢᠪᠠᠯᠰᠠᠩ ᠳᠣᠷᠣᠨᠠᠲᠤ 38,150 14 ᠴᠡᠴᠡᠷᠯᠢᠭ ᠠᠷᠤᠬᠠᠩᠭᠠᠢ 16,300
5 ᠮᠥᠷᠡᠨ ᠬᠥᠪᠰᠥᠭᠥᠯ 36,082 15 ᠤᠯᠢᠶᠠᠰᠤᠲᠠᠢ ᠵᠠᠪᠬᠠᠨ 16,240
6 ᠬᠣᠪᠳᠣ ᠬᠣᠪᠳᠣ 28,601 16 ᠠᠯᠲᠠᠢ ᠭᠣᠪᠢ-ᠠᠯᠲᠠᠢ 15,800
7 ᠥᠯᠥᠭᠡᠢ ᠪᠠᠶᠠᠨ-ᠥᠯᠥᠭᠡᠢ 27,855 17 ᠵᠡᠭᠦᠨ ᠢᠶᠠᠷ ᠢᠶᠠᠨ ᠰᠡᠯᠡᠩᠭᠡ 15,000
8 ᠪᠠᠶᠠᠨᠬᠣᠩᠭᠣᠷ ᠪᠠᠶᠠᠨᠬᠣᠩᠭᠣᠷ 26,252 18 ᠥᠨᠳᠥᠷ ᠬᠠᠨ ᠬᠡᠨᠲᠡᠢ 14,800
9 ᠠᠷᠪᠠᠶᠢᠬᠦ ᠪᠡᠷ ᠥᠪᠦᠷᠬᠠᠩᠭᠠᠢ 25,622 19 ᠵᠠᠭᠤᠨᠠᠮ᠎ᠠ ᠳᠤ ᠲᠥᠪ 14,568
10 ᠤᠯᠠᠭᠠᠨᠠᠭᠠᠮ ᠤᠪᠰᠤ 21,406 20 ᠪᠠᠷᠠᠭᠤᠨ-ᠤᠷᠲᠤ ᠰᠦᠬᠡᠪᠠᠭᠠᠲᠤᠷ 12,994

ᠬᠡᠯᠡ[ᠵᠠᠰᠠᠪᠤᠷᠢᠯᠠᠬᠤ | ᠺᠣᠳ᠋ ᠢᠶᠠᠷ ᠵᠠᠰᠠᠬᠣ]

ᠮᠣᠩᠭᠣᠯ ᠤᠯᠤᠰ ᠤᠨ ᠠᠯᠪᠠᠨ ᠶᠣᠰᠣᠨ ᠤ ᠬᠡᠯᠡ ᠨᠢ ᠠᠯᠲᠠᠢ ᠢᠵᠠᠭᠤᠷ ᠤᠨ ᠮᠣᠩᠭᠣᠯ ᠬᠡᠯᠡᠨ ᠦ ᠪᠦᠯᠦᠭ ᠦᠨ ᠮᠣᠩᠭᠣᠯ ᠬᠡᠯᠡ ᠪᠥᠭᠡᠳ ᠪᠢᠴᠢᠭ ᠦᠨ ᠰᠢᠰᠲ᠋ᠧᠮ ᠨᠢ ᠬᠠᠯᠬ᠎ᠠ ᠠᠶᠠᠯᠭᠤᠨ ᠳᠤ ᠲᠣᠬᠢᠷᠠᠭᠤᠯᠤᠭᠰᠠᠨ ᠺᠢᠷᠢᠯ ᠴᠠᠭᠠᠨ ᠲᠣᠯᠣᠭᠠᠢ ᠶᠤᠮ᠃ ᠮᠥᠨ ᠤᠯᠠᠮᠵᠢᠯᠠᠯᠲᠤ ᠪᠢᠴᠢᠭ ᠪᠣᠯᠬᠤ ᠮᠣᠩᠭᠣᠯ ᠪᠢᠴᠢᠭ ᠢ ᠬᠡᠷᠡᠭᠯᠡᠵᠦ ᠪᠤᠢ᠃ ᠨᠡᠶᠢᠲᠡ ᠬᠦᠮᠦᠨ ᠠᠮᠠ ᠶᠢᠨ 95% ᠨᠢ ᠬᠠᠯᠬ᠎ᠠ ᠠᠶᠠᠯᠭ᠎ᠠ ᠪᠠᠷ ᠶᠠᠷᠢᠳᠠᠭ ᠪᠠ ᠮᠣᠩᠭᠣᠯ ᠬᠡᠯᠡᠨ ᠦ ᠪᠤᠰᠤᠳ ᠠᠶᠠᠯᠭᠤᠨ ᠳᠤ ᠪᠤᠷᠢᠶᠠᠳ᠂ ᠣᠶᠢᠷᠠᠳ ᠵᠡᠷᠭᠡ ᠠᠶᠠᠯᠭ᠎ᠠ ᠣᠷᠣᠳᠠᠭ᠃ ᠪᠠᠶᠠᠨ-ᠥᠯᠥᠭᠡᠢ ᠠᠶᠢᠮᠠᠭ ᠤᠨ ᠬᠠᠰᠠᠭ ᠪᠠ ᠲᠤᠸᠠ ᠨᠠᠷ ᠬᠠᠰᠠᠭ᠂ ᠲᠤᠸᠠ ᠪᠠᠷ ᠶᠠᠷᠢᠳᠠᠭ᠃ ᠠᠩᠭᠯᠢ ᠬᠡᠯᠡ ᠨᠢ ᠮᠣᠩᠭᠣᠯ ᠳᠤ ᠬᠠᠮᠤᠭ ᠤᠨ ᠶᠡᠬᠡ ᠶᠠᠷᠢᠭᠳᠠᠳᠠᠭ ᠭᠠᠳᠠᠭᠠᠳᠤ ᠬᠡᠯᠡ᠂ ᠡᠭᠦᠨ ᠦ ᠳᠠᠷᠠᠭ᠎ᠠ ᠣᠷᠣᠰ ᠬᠡᠯᠡ ᠣᠷᠣᠨ᠎ᠠ᠃ ᠮᠥᠨ ᠬᠠᠭᠤᠴᠢᠨ ᠡᠪ ᠬᠠᠮᠳᠣ ᠯᠠᠭᠧᠷ ᠤᠨ ᠣᠷᠣᠨ ᠨᠤᠭᠤᠳ ᠤᠨ ᠬᠡᠯᠡ ᠶᠢ ᠨᠡᠯᠢᠶᠡᠳ ᠭᠦᠢ ᠬᠤᠪᠢ ᠡᠵᠡᠮᠰᠢᠭᠰᠡᠨ ᠪᠠᠶᠢᠳᠠᠭ᠃ᠡᠭᠦᠨ ᠦ ᠳᠣᠲᠣᠷ᠎ᠠ ᠭᠧᠷᠮᠠᠨ ᠬᠡᠯᠡ ᠶᠢ ᠬᠦᠮᠦᠨ ᠠᠮᠠ ᠶᠢᠨ 2,3% ᠬᠤᠪᠢ ᠡᠵᠡᠮᠰᠢᠭᠰᠡᠨ ᠪᠠᠶᠢᠳᠠᠭ ᠪᠥᠭᠡᠳ ᠭᠧᠷᠮᠠᠨ ᠬᠡᠯᠡ ᠪᠡᠷ ᠶᠠᠷᠢᠳᠠᠭ ᠦᠭᠡᠢ ᠤᠯᠤᠰ ᠣᠷᠣᠨ ᠨᠤᠭᠤᠳ ᠤᠨ ᠬᠤᠪᠢ ᠳᠤ ᠥᠨᠳᠥᠷ ᠦᠵᠡᠭᠦᠯᠦᠯᠲᠡ ᠶᠤᠮ᠃ᠡᠨᠡ ᠨᠢ ᠰᠣᠴᠢᠶᠠᠯᠢᠮ ᠤᠨ ᠦᠶ᠎ᠡ ᠳᠦ ᠮᠣᠩᠭᠣᠯᠴᠤᠳ ᠣᠷᠣᠰ ᠲᠠᠢ ᠬᠠᠷᠢᠯᠴᠠᠭ᠎ᠠ ᠬᠣᠯᠪᠣᠭ᠎ᠠ ᠮᠠᠰᠢ ᠶᠡᠬᠡ ᠪᠠᠶᠢᠭᠰᠠᠨ ᠲᠠᠢ ᠬᠣᠯᠪᠣᠭ᠎ᠠ ᠲᠠᠢ ᠪᠠ ᠬᠠᠷᠢᠨ 1990 ᠍ ᠊ᠭᠡᠳ ᠣᠨ ᠠᠴᠠ ᠬᠣᠶᠢᠰᠢ ᠠᠩᠭᠯᠢ ᠬᠡᠯᠡ ᠨᠢ ᠬᠠᠮᠤᠭ ᠤᠨ ᠶᠡᠬᠡ ᠶᠠᠷᠢᠭᠳᠠᠳᠠᠭ ᠭᠠᠳᠠᠭᠠᠳᠤ ᠬᠡᠯᠡ ᠪᠣᠯᠵᠤ ᠪᠠᠶᠢᠨ᠎ᠠ᠃ ᠠᠯᠪᠠᠨ ᠶᠣᠰᠣᠭᠠᠷ 18835᠂ ᠬᠠᠷ᠎ᠠ ᠪᠠᠷ 11081 ᠮᠣᠩᠭᠣᠯ ᠢᠷᠭᠡᠨ ᠡᠮᠦᠨᠡᠲᠦ ᠰᠣᠯᠣᠩᠭᠣᠰᠳᠦ ᠠᠵᠢᠯᠯᠠᠵᠤ ᠪᠠᠶᠢᠭ᠎ᠠ (2010 ᠣᠨ ᠤ 9 ᠰᠠᠷ᠎ᠠ ᠶᠢᠨ 30 ᠍ ᠤ ᠪᠠᠶᠢᠳᠠᠯ ᠢᠶᠠᠷ) ᠲᠤᠯᠠ ᠰᠣᠯᠣᠩᠭᠣᠰ ᠬᠡᠯᠡ[24] ᠨᠢ ᠪᠠᠰᠠ ᠭᠠᠵᠠᠷ ᠠᠪᠴᠤ ᠪᠠᠶᠢᠨ᠎ᠠ᠃ ᠤᠷᠳᠤ ᠬᠥᠷᠰᠢ ᠶᠢᠨ ᠬᠡᠯᠡ ᠪᠣᠯᠬᠤ ᠬᠢᠲᠠᠳ ᠬᠡᠯᠡ ᠶᠢ ᠬᠦᠮᠦᠰ ᠰᠡᠭᠦᠯ ᠦᠨ ᠦᠶ᠎ᠡ ᠳᠦ ᠰᠣᠨᠢᠷᠬᠠᠬᠤ ᠪᠣᠯᠵᠤ᠂ ᠵᠠᠯᠠᠭᠤᠴᠤᠳ ᠤᠨ ᠳᠤᠮᠳᠠ ᠶᠠᠫᠣᠨ ᠬᠡᠯᠡ ᠴᠤ ᠪᠠᠰᠠ ᠲᠦᠭᠡᠮᠡᠯ ᠪᠣᠯᠵᠤ ᠪᠠᠶᠢᠨ᠎ᠠ᠃

ᠱᠠᠰᠢᠨ[ᠵᠠᠰᠠᠪᠤᠷᠢᠯᠠᠬᠤ | ᠺᠣᠳ᠋ ᠢᠶᠠᠷ ᠵᠠᠰᠠᠬᠣ]

ᠮᠣᠩᠭᠣᠯᠴᠤᠳ ᠲᠥᠪ ᠠᠽᠢᠶ᠎ᠠ ᠶᠢᠨ ᠨᠡᠭᠦᠳᠡᠯᠴᠢᠳ ᠦᠨ ᠠᠳᠠᠯᠢ ᠪᠥᠭᠡ ᠶᠢᠨ ᠰᠢᠲᠦᠯᠭᠡ ᠲᠡᠢ ᠪᠠᠶᠢᠭᠰᠠᠨ ᠴᠤ 16 ᠍ ᠳᠦᠭᠡᠷ ᠵᠠᠭᠤᠨ ᠳᠤ ᠪᠤᠳ᠋ᠳ᠋ᠾᠠ ᠶᠢᠨ ᠱᠠᠰᠢᠨ ᠳᠤ ᠣᠷᠣᠵᠠᠢ᠃ᠭᠡᠪᠡᠴᠦ ᠪᠥᠭᠡ ᠶᠢᠨ ᠮᠥᠷᠭᠥᠯ ᠣᠳᠣ ᠴᠤ ᠨᠥᠯᠥᠭᠡ ᠪᠡᠨ ᠠᠯᠳᠠᠭ᠎ᠠ ᠦᠭᠡᠢ ᠬᠡᠪ ᠢᠶᠡᠷ ᠪᠠᠶᠢᠳᠠᠭ ᠪᠥᠭᠡᠳ ᠮᠣᠩᠭᠣᠯ ᠤᠨ ᠰᠢᠷ᠎ᠠ ᠶᠢᠨ ᠱᠠᠰᠢᠨ ᠨᠢ ᠪᠥᠭᠡ ᠶᠢᠨ ᠰᠢᠲᠦᠯᠭᠡ ᠶᠢᠨ ᠵᠠᠩ ᠦᠢᠯᠡ ᠡᠴᠡ ᠨᠡᠯᠢᠶᠡᠳ ᠵᠦᠢᠯ ᠢ ᠠᠪᠴᠤ ᠬᠡᠷᠡᠭᠯᠡᠵᠡᠢ᠃ ᠣᠷᠴᠢᠨ ᠦᠶ᠎ᠡ ᠳᠦ ᠬᠠᠳᠠᠭᠠᠯᠠᠭᠳᠠᠨ ᠦᠯᠡᠳᠡᠭᠰᠡᠨ ᠪᠥᠭᠡ ᠮᠥᠷᠭᠥᠯ ᠦᠨ ᠤᠯᠠᠮᠵᠢᠯᠠᠯ ᠤᠳ ᠤᠨ ᠨᠢᠭᠡ ᠪᠣᠯ ᠣᠪᠣᠭ᠎ᠠ ᠲᠠᠬᠢᠬᠤ ᠶᠣᠰᠣᠯᠠᠯ ᠶᠤᠮ᠃

20 ᠍ ᠳᠦᠭᠡᠷ ᠵᠠᠭᠤᠨ ᠤ ᠦᠶ᠎ᠡ ᠳᠦ ᠺᠣᠮᠮᠤᠨᠢᠰ ᠲᠤ ᠵᠠᠰᠠᠭ ᠤᠨ ᠭᠠᠵᠠᠷ ᠱᠠᠰᠢᠨ ᠰᠢᠲᠦᠬᠦ ᠶᠢ ᠬᠣᠷᠢᠭᠯᠠᠵᠤ ᠪᠠᠶᠢᠴᠠᠢ᠃ ᠶᠡᠬᠡ ᠬᠡᠯᠮᠡᠭᠳᠡᠭᠦᠯᠦᠯᠲᠡ ᠶᠢᠨ ᠦᠶ᠎ᠡ ᠪᠡᠷ ᠬᠣᠷᠯᠤ᠎ᠠ ᠶᠢᠨ ᠴᠣᠶᠢᠪᠠᠯᠰᠠᠩ ᠤᠨ ᠤᠳᠤᠷᠢᠳᠤᠯᠭ᠎ᠠ ᠳᠣᠣᠷ᠎ᠠ ᠮᠣᠩᠭᠣᠯ ᠤᠨ ᠶᠡᠬᠡᠩᠬᠢ ᠰᠦᠮ᠎ᠡ ᠬᠡᠶᠢᠳ ᠢ ᠤᠰᠠᠳᠬᠠᠵᠤ ᠯᠠᠮᠠ ᠨᠠᠷ ᠢ ᠬᠡᠳᠦᠨ ᠮᠢᠩᠭ᠎ᠠ ᠪᠠᠷ ᠨᠢ ᠬᠣᠷᠢᠶᠠᠭᠰᠠᠨ ᠪᠠᠶᠢᠳᠠᠭ᠃

1991 ᠣᠨ ᠳᠤ ᠺᠣᠮᠮᠤᠨᠢᠰ ᠲᠤ ᠵᠠᠰᠠᠭᠯᠠᠯ ᠤᠨᠠᠭᠰᠠᠨ ᠢᠶᠠᠷ ᠱᠠᠰᠢᠨ ᠤ ᠡᠷᠬᠡ ᠴᠢᠯᠦᠭᠡ ᠲᠡᠢ ᠪᠣᠯᠵᠤ᠂ ᠭᠣᠣᠯ ᠱᠠᠰᠢᠨ ᠪᠠᠶᠢᠭᠰᠠᠨ ᠲᠥᠪᠡᠳ ᠦᠨ ᠪᠤᠳ᠋ᠳ᠋ᠾᠠᠶᠢᠰᠮ ᠳᠠᠬᠢᠨ ᠰᠡᠷᠭᠦᠵᠦ ᠬᠠᠮᠤᠭ ᠤᠨ ᠲᠦᠭᠡᠮᠡᠯ ᠱᠠᠰᠢᠨ ᠪᠣᠯᠵᠠᠢ᠃ ᠾᠷᠢᠰᠲ᠋ᠣᠰ ᠤᠨ ᠱᠠᠰᠢᠨᠢᠰᠯᠠᠮ ᠍ ᠤᠨ ᠱᠠᠰᠢᠨ ᠴᠤ ᠭᠡᠰᠡᠨ ᠳᠡᠯᠭᠡᠷᠴᠢ ᠡᠬᠢᠯᠡᠵᠡᠢ᠃ 21 ᠍ ᠳᠦᠭᠡᠷ ᠵᠠᠭᠤᠨ ᠳᠤ ᠵᠠᠷᠢᠮ ᠰᠤᠳᠤᠯᠤᠭᠠᠴᠢ᠂ ᠲᠥᠷᠥ ᠶᠢᠨ ᠵᠢᠳᠬᠦᠯᠲᠡᠨ ᠨᠠᠷ ᠮᠥᠩᠬᠡ ᠲᠩᠷᠢ ᠶᠢᠨ ᠰᠢᠲᠦᠯᠭᠡ ᠶᠢ ᠰᠡᠷᠭᠦᠬᠦ ᠠᠰᠠᠭᠤᠳᠠᠯ ᠢ ᠬᠦᠴᠦᠲᠡᠢ ᠲᠠᠯᠪᠢᠬᠤ ᠪᠣᠯᠵᠠᠢ᠃ 2006 ᠣᠨ ᠳᠤ ᠮᠥᠩᠬᠡ ᠲᠩᠷᠢ ᠰᠤᠳᠤᠯᠤᠯ ᠤᠨ ᠣᠯᠠᠨ ᠤᠯᠤᠰ ᠤᠨ ᠬᠤᠷᠠᠯ ᠢ ᠤᠯᠠᠭᠠᠨᠪᠠᠭᠠᠲᠤᠷ ᠲᠤ ᠵᠣᠬᠢᠶᠠᠨ ᠪᠠᠶᠢᠭᠤᠯᠤᠭᠰᠠᠨ ᠶᠤᠮ᠃

ᠪᠣᠯᠪᠠᠰᠤᠷᠠᠯ[ᠵᠠᠰᠠᠪᠤᠷᠢᠯᠠᠬᠤ | ᠺᠣᠳ᠋ ᠢᠶᠠᠷ ᠵᠠᠰᠠᠬᠣ]

ᠰᠣᠴᠢᠶᠠᠯᠢᠮ ᠤᠨ ᠦᠶ᠎ᠡ ᠳᠦ ᠪᠣᠯᠪᠠᠰᠤᠷᠠᠯ ᠤᠨ ᠰᠠᠯᠪᠤᠷᠢ ᠨᠢ ᠬᠠᠮᠤᠭ ᠤᠨ ᠠᠮᠵᠢᠯᠲᠠ ᠲᠠᠢ ᠬᠥᠭᠵᠢᠵᠡᠢ᠃ ᠪᠢᠴᠢᠭ ᠦᠰᠦᠭ ᠦᠯᠦ ᠮᠡᠳᠡᠬᠦ ᠶᠠᠪᠤᠳᠠᠯ ᠨᠢ ᠨᠡᠭᠦᠳᠡᠯᠴᠢᠨ ᠡᠷᠦᠬᠡ ᠨᠦᠭᠦᠳ ᠦᠨ ᠬᠡᠦᠬᠡᠳ ᠦᠳ ᠲᠦ ᠵᠣᠷᠢᠭᠤᠯᠤᠭᠳᠠᠭᠰᠠᠨ ᠳᠣᠲᠣᠭᠤᠷ ᠪᠠᠶᠢᠷᠢ ᠲᠠᠢ ᠰᠤᠷᠭᠠᠭᠤᠯᠢ ᠨᠤᠭᠤᠳ ᠤᠨ ᠲᠤᠰᠠᠯᠠᠮᠵᠢ ᠲᠠᠢ ᠪᠠᠷ ᠪᠠᠷᠤᠭ ᠪᠦᠲᠦᠨ ᠢᠶᠡᠷ ᠢᠶᠡᠨ ᠠᠷᠢᠯᠭᠠᠭᠳᠠᠵᠠᠢ᠃

1911 ᠣᠨ ᠤ ᠦᠨᠳᠦᠰᠦᠨ ᠦ ᠡᠷᠬᠡ ᠴᠢᠯᠦᠭᠡᠨ ᠦ ᠬᠤᠪᠢᠰᠬᠠᠯ ᠤᠨ ᠳᠠᠷᠠᠭ᠎ᠠ ᠬᠣᠶᠢᠴᠢ ᠵᠠᠯᠠᠭᠤ ᠦᠶ᠎ᠡ ᠪᠡᠨ ᠳᠡᠯᠡᠬᠡᠢ ᠶᠢᠨ ᠣᠯᠠᠨ ᠤᠯᠤᠰ ᠲᠦᠮᠡᠨ ᠦ ᠠᠳᠠᠯᠢ ᠡᠷᠳᠡᠮ ᠪᠣᠯᠪᠠᠰᠤᠷᠠᠯ ᠳᠤ ᠰᠤᠷᠭᠠᠬᠤ ᠲᠠᠯ᠎ᠠ ᠪᠠᠷ ᠰᠢᠨ᠎ᠡ ᠳᠡᠪᠰᠢᠯᠲᠡᠲᠦ ᠦᠵᠡᠯ ᠰᠠᠨᠠᠭ᠎ᠠ ᠰᠡᠷᠭᠦᠭᠰᠡᠨ ᠶᠤᠮ᠃ ᠤᠯᠠᠮ ᠢᠶᠠᠷ 1921 ᠣᠨ ᠤ ᠠᠷᠠᠳ ᠤᠨ ᠬᠤᠪᠢᠰᠬᠠᠯ ᠤᠨ ᠢᠯᠠᠯᠲᠠ ᠶᠢᠨ ᠦᠷ᠎ᠡ ᠳ᠋ᠦᠩ ᠳᠦ ᠠᠩᠬᠠᠨ ᠤ ᠪᠠᠭ᠎ᠠ ᠰᠤᠷᠭᠠᠭᠤᠯᠢ (ᠣᠳᠣ ᠶᠢᠨ 3 ᠳ᠋ᠤᠭᠠᠷ ᠰᠤᠷᠭᠠᠭᠤᠯᠢ) ᠪᠠᠶᠢᠭᠤᠯᠤᠭᠳᠠᠭᠰᠠᠨ ᠪᠣᠯ 1923 ᠣᠨ ᠤ 2 ᠰᠠᠷ᠎ᠠ ᠶᠢᠨ 16 ᠍ ᠤ ᠡᠳᠦᠷ ᠰᠢᠨ᠎ᠡ ᠮᠣᠩᠭᠣᠯ ᠤᠯᠤᠰ ᠤᠨ ᠠᠩᠬᠠᠨ ᠤ ᠳᠤᠮᠳᠠ ᠰᠤᠷᠭᠠᠭᠤᠯᠢ ᠪᠣᠯᠬᠤ 1 ᠳᠦᠭᠡᠷ ᠰᠤᠷᠭᠠᠭᠤᠯᠢ ᠡᠭᠦᠰᠦᠨ ᠪᠠᠶᠢᠭᠤᠯᠤᠭᠳᠠᠵᠠᠢ᠃ ᠡᠨᠡ ᠰᠤᠷᠭᠠᠭᠤᠯᠢ ᠳᠤ ᠮᠣᠩᠭᠣᠯ ᠬᠡᠯᠡ ᠪᠢᠴᠢᠭᠣᠷᠣᠰᠠᠩᠭᠯᠢᠹᠷᠠᠨᠼᠢᠭᠧᠷᠮᠠᠨᠬᠢᠲᠠᠳ ᠬᠡᠯᠡᠨ ᠨᠦᠭᠦᠳ ᠪᠣᠯᠤᠨ ᠲᠣᠭᠠᠨ ᠤ ᠤᠬᠠᠭᠠᠨᠪᠣᠳᠠᠰ ᠤᠨ ᠵᠦᠢᠬᠤᠪᠢᠯᠬᠤᠢ ᠤᠬᠠᠭᠠᠨᠣᠳᠣᠨ ᠣᠷᠣᠨ ᠢ ᠰᠤᠳᠤᠯᠬᠤᠢ ᠶᠢᠨ ᠤᠬᠠᠭᠠᠨᠳᠡᠯᠡᠬᠡᠢ ᠶᠢᠨ ᠪᠠᠶᠢᠳᠠᠯᠲᠡᠦᠬᠡᠪᠡᠶ᠎ᠡ ᠶᠢᠨ ᠬᠥᠭᠵᠢᠯᠳᠠᠭᠤᠤ ᠬᠥᠭᠵᠢᠮᠤᠳᠬ᠎ᠠ ᠵᠣᠬᠢᠶᠠᠯ᠂ ᠵᠡᠷᠭᠡ ᠰᠢᠨᠵᠢᠯᠡᠬᠦ ᠤᠬᠠᠭᠠᠨ ᠤ ᠬᠢᠴᠢᠶᠡᠯ ᠦᠳ ᠢ ᠲᠣᠳᠣᠷᠬᠠᠢ ᠬᠤᠪᠢᠶᠠᠷᠢ᠂ ᠰᠣᠩᠭᠣᠯᠲᠠ ᠲᠠᠢ ᠪᠠᠷ ᠵᠢᠭᠠᠭᠠᠳᠠᠭ ᠪᠠᠶᠢᠴᠠᠢ᠃ 1 ᠳᠦᠭᠡᠷ ᠳᠤᠮᠳᠠ ᠰᠤᠷᠭᠠᠭᠤᠯᠢ ᠶᠢᠨ ᠠᠩᠬᠠᠨ ᠤ ᠲᠡᠭᠦᠰᠦᠭᠴᠢᠳ ᠪᠣᠯᠬᠤ 57 ᠬᠥᠪᠡᠭᠦᠳ ᠥᠬᠢᠳ 1926 ᠣᠨ ᠳᠤ ᠹᠷᠠᠨᠼᠢᠭᠧᠷᠮᠠᠨᠣᠷᠣᠰ ᠤᠯᠤᠰ ᠲᠤ ᠪᠣᠯᠪᠠᠰᠤᠷᠠᠯ ᠡᠵᠡᠮᠰᠢᠬᠦ ᠪᠡᠷ 30 ᠬᠡᠦᠬᠡᠳ ᠶᠠᠪᠤᠭᠰᠠᠨ ᠠᠴᠠ 6 ᠬᠡᠦᠬᠡᠳ ᠨᠢ ᠡᠮᠡᠭᠲᠡᠢ ᠪᠠᠶᠢᠭᠰᠠᠨ᠃ ᠲᠡᠳᠡ ᠪᠣᠯ ᠰᠢᠨ᠎ᠡ ᠮᠣᠩᠭᠣᠯ ᠤᠨ ᠠᠩᠬᠠᠨ ᠤ ᠥᠨᠳᠥᠷ ᠪᠣᠯᠪᠠᠰᠤᠷᠠᠯ ᠲᠠᠢ ᠰᠡᠬᠡᠭᠡᠲᠡᠨ ᠨᠦᠭᠦᠳ ᠪᠣᠯᠤᠭᠰᠠᠨ ᠲᠡᠦᠬᠡ ᠲᠡᠢ᠃ 1929 ᠣᠨ ᠬᠦᠷᠲᠡᠯ᠎ᠡ ᠭᠠᠭᠴᠠᠬᠠᠨ 1 ᠳ᠋ᠦᠭᠡᠷ ᠳᠤᠮᠳᠠ ᠰᠤᠷᠭᠠᠭᠤᠯᠢ ᠪᠠᠶᠢᠭᠰᠠᠨ ᠪᠥᠭᠡᠳ ᠲᠡᠭᠦᠨ ᠡᠴᠡ ᠬᠣᠶᠢᠰᠢ ᠬᠣᠲᠠ᠂ ᠬᠥᠳᠡᠭᠡ ᠳᠦ ᠣᠯᠠᠨ ᠳᠤᠮᠳᠠ ᠰᠤᠷᠭᠠᠭᠤᠯᠢ ᠨᠤᠭᠤᠳ ᠪᠠᠶᠢᠭᠤᠯᠤᠭᠳᠠᠭᠰᠠᠨ᠃ 1 ᠳ᠋ᠦᠭᠡᠷ ᠰᠤᠷᠭᠠᠭᠤᠯᠢ 1938 ᠣᠨ ᠳᠤ ᠠᠩᠬᠠᠨ ᠤ ᠪᠦᠷᠢᠨ ᠳᠤᠮᠳᠠ ᠰᠤᠷᠭᠠᠭᠤᠯᠢ ᠪᠤᠶᠤ 10 ᠵᠢᠯ ᠦᠨ ᠰᠤᠷᠭᠠᠭᠤᠯᠢ ᠪᠣᠯᠵᠤ ᠥᠷᠭᠡᠵᠢᠭᠰᠡᠨ ᠶᠤᠮ᠃

1990 ᠍ ᠊ᠭᠡᠳ ᠣᠨ ᠠᠴᠠ ᠳᠣᠲᠣᠭᠤᠷ ᠪᠠᠶᠢᠷᠢ ᠲᠠᠢ ᠰᠤᠷᠭᠠᠭᠤᠯᠢ ᠨᠤᠭᠤᠳ ᠲᠤ ᠬᠢᠬᠦ ᠬᠥᠷᠥᠩᠭᠡ ᠣᠷᠣᠭᠤᠯᠤᠯᠲᠠ ᠪᠠᠭᠠᠰᠠᠭᠰᠠᠨ ᠢᠶᠠᠷ ᠪᠢᠴᠢᠭ ᠦᠰᠦᠭ ᠦᠯᠦ ᠮᠡᠳᠡᠬᠦ ᠶᠠᠪᠤᠳᠠᠯ ᠠᠷᠠᠢ ᠶᠡᠬᠡᠰᠦᠵᠡᠢ᠃

ᠪᠠᠭ᠎ᠠ ᠳᠤᠮᠳᠠ ᠪᠣᠯᠪᠠᠰᠤᠷᠠᠯ ᠨᠢ ᠨᠡᠶᠢᠲᠡ ᠳᠦ ᠪᠡᠨ ᠠᠩᠬ᠎ᠠ ᠠᠷᠪᠠᠨ ᠵᠢᠯ ᠦᠷᠭᠦᠯᠵᠢᠯᠡᠵᠦ ᠪᠠᠶᠢᠭᠰᠠᠨ ᠪᠣᠯᠪᠠᠴᠤ 2008 ᠣᠨ ᠠᠴᠠ 12 ᠵᠢᠯ ᠪᠣᠯᠤᠭᠰᠠᠨ[25]

ᠮᠣᠩᠭᠣᠯ ᠤᠨ ᠦᠨᠳᠦᠰᠦᠨ ᠦ ᠶᠡᠬᠡ ᠰᠤᠷᠭᠠᠭᠤᠯᠢ ᠨᠤᠭᠤᠳ ᠨᠢ ᠪᠦᠭᠦᠳᠡ ᠮᠣᠩᠭᠣᠯ ᠤᠯᠤᠰ ᠤᠨ ᠶᠡᠬᠡ ᠰᠤᠷᠭᠠᠭᠤᠯᠢ ᠪᠠ ᠮᠣᠩᠭᠣᠯ ᠤᠯᠤᠰ ᠤᠨ ᠰᠢᠨᠵᠢᠯᠡᠬᠦ ᠤᠬᠠᠭᠠᠨ᠂ ᠲᠧᠭᠨᠣᠯᠣᠭᠢ ᠶᠢᠨ ᠶᠡᠬᠡ ᠰᠤᠷᠭᠠᠭᠤᠯᠢ ᠨᠤᠭᠤᠳ ᠠᠴᠠ ᠡᠭᠦᠰᠦᠭᠰᠡᠨ ᠪᠠᠶᠢᠨ᠎ᠠ᠃ ᠮᠣᠩᠭᠣᠯ ᠬᠡᠦᠬᠡᠳ ᠦᠳ ᠣᠯᠠᠨ ᠤᠯᠤᠰ ᠤᠨ ᠴᠢᠨᠠᠷᠲᠠᠢ ᠲᠣᠭᠠᠨ ᠤ ᠣᠬᠠᠭᠠᠨ ᠹᠢᠽᠢᠺ ᠵᠡᠷᠭᠡ ᠣᠯᠠᠨ ᠤᠷᠤᠯᠳᠤᠭᠠᠨ ᠲᠡᠮᠡᠴᠡᠭᠡᠨ ᠣᠯᠢᠮᠫᠢᠶᠠᠳ᠋ ᠍ ᠲᠤ ᠡᠬᠢᠨ ᠦ 3 ᠪᠠᠶᠢᠷᠢ ᠡᠵᠡᠯᠡᠵᠦ ᠳᠡᠯᠡᠬᠡᠢ ᠳᠦ ᠡᠬᠡ ᠣᠷᠣᠨ ᠤ ᠪᠠᠨ ᠨᠡᠷ᠎ᠡ ᠶᠢ ᠮᠠᠨᠳᠤᠭᠤᠯᠵᠤ ᠶᠠᠪᠤᠭ᠎ᠠ

ᠡᠷᠡᠭᠦᠯ ᠮᠡᠨᠳᠦ[ᠵᠠᠰᠠᠪᠤᠷᠢᠯᠠᠬᠤ | ᠺᠣᠳ᠋ ᠢᠶᠠᠷ ᠵᠠᠰᠠᠬᠣ]

ᠡᠷᠡᠭᠦᠯ ᠮᠡᠨᠳᠦ᠂ ᠠᠰᠠᠷᠠᠮᠵᠢ ᠶᠢᠨ ᠪᠠᠶᠢᠳᠠᠯ ᠮᠣᠩᠭᠣᠯ ᠳᠤ ᠬᠤᠷᠳᠤᠴᠠ ᠲᠠᠢ ᠬᠥᠭᠵᠢᠵᠦ ᠪᠠᠶᠢᠭ᠎ᠠ[26] ᠪᠠ ᠡᠭᠦᠨ ᠦ ᠦᠷ᠎ᠡ ᠳ᠋ᠦᠩ ᠳᠦ ᠳᠤᠮᠳᠠᠴᠢ ᠨᠠᠰᠤᠯᠠᠯᠲᠠ ᠳᠡᠭᠡᠭᠰᠢᠯᠡᠵᠦ ᠪᠠᠶᠢᠭ᠎ᠠ᠃

ᠠᠮᠧᠷᠢᠺᠠ ᠶᠢᠨ ᠨᠢᠭᠡᠳᠦᠭᠰᠡᠨ ᠤᠯᠤᠰ ᠤᠨ ᠲᠠᠩᠨᠠᠭᠤᠯ ᠤᠨ ᠲᠥᠪ ᠭᠠᠵᠠᠷ ᠤᠨ ᠳᠡᠯᠡᠬᠡᠢ ᠶᠢᠨ ᠮᠡᠳᠡᠭᠡᠯᠡᠯ ᠦᠨ ᠨᠣᠮ (CIA World Factbook) ᠍ ᠤᠨ ᠬᠢ ᠪᠠᠷ ᠲᠥᠷᠥᠯᠲᠡ ᠶᠢᠨ ᠬᠤᠪᠢ ᠬᠡᠮᠵᠢᠶ᠎ᠡ (ᠨᠢᠭᠡ ᠡᠮᠡᠭᠲᠡᠢ ᠳᠦ ᠨᠣᠭᠳᠠᠬᠤ ᠲᠥᠷᠥᠯᠲᠡ ᠶᠢᠨ ᠲᠣᠭ᠎ᠠ) ᠨᠢ 2.25[27]-1.87[28], ᠬᠦᠮᠦᠨ ᠠᠮᠠ ᠶᠢᠨ ᠳᠤᠮᠳᠠᠴᠢ ᠨᠠᠰᠤᠯᠠᠯᠲᠠ 67[29]-68[30], ᠠᠮᠢᠳᠤ ᠲᠦᠷᠦᠭᠰᠡᠨ 1000 ᠬᠡᠦᠬᠡᠳ ᠲᠦ ᠨᠣᠭᠳᠠᠬᠤ ᠨᠢᠯᠬᠠᠰ ᠤᠨ ᠡᠨᠳᠡᠭᠳᠡᠯ 1.9%[31]-4%[32]; ᠲᠠᠪᠤᠨ ᠨᠠᠰᠤᠨ ᠠᠴᠠ ᠳᠣᠭᠣᠭᠰᠢᠬᠢ ᠬᠡᠦᠬᠡᠳ ᠦᠨ ᠨᠠᠰᠤ ᠪᠠᠷᠠᠯ ᠳᠤ 4.3%[33] ᠪᠠᠶᠢᠨ᠎ᠠ᠃

2002 ᠣᠨ ᠤ ᠪᠠᠶᠢᠳᠠᠯ ᠢᠶᠠᠷ ᠨᠡᠶᠢᠲᠡ 33273 ᠡᠷᠡᠭᠦᠯ ᠮᠡᠨᠳᠦ ᠶᠢᠨ ᠠᠵᠢᠯᠲᠠᠨ ᠲᠠᠢ᠂ ᠡᠭᠦᠨ ᠡᠴᠡ 6823 ᠨᠢ ᠡᠮᠴᠢ᠂ 788 ᠨᠢ ᠡᠮ ᠵᠦᠢᠴᠢ᠂ 7802 ᠨᠢ ᠰᠤᠪᠢᠯᠠᠭᠴᠢ᠂ 14091 ᠨᠢ ᠳᠤᠮᠳᠠ ᠲᠦᠪᠰᠢᠨ ᠦ ᠠᠵᠢᠯᠴᠢᠳ ᠪᠠᠶᠢᠨ᠎ᠠ᠃ ᠣᠳᠣ ᠶᠢᠨ ᠪᠠᠶᠢᠳᠠᠯ ᠢᠶᠠᠷ 10.000 ᠬᠦᠮᠦᠨ ᠲᠤᠲᠤᠮ ᠳᠤ 27.7 ᠡᠮᠴᠢ᠂ 75.7 ᠡᠮᠨᠡᠯᠭᠡ ᠶᠢᠨ ᠣᠷᠣ ᠲᠤᠰ ᠲᠤᠰ ᠨᠣᠭᠳᠠᠵᠤ ᠪᠠᠶᠢᠨ᠎ᠠ᠃

ᠰᠤᠶᠤᠯ[ᠵᠠᠰᠠᠪᠤᠷᠢᠯᠠᠬᠤ | ᠺᠣᠳ᠋ ᠢᠶᠠᠷ ᠵᠠᠰᠠᠬᠣ]

ᠭᠣᠣᠯ ᠥᠭᠦᠯᠡᠯ: ᠮᠣᠩᠭᠣᠯ ᠤᠨ ᠰᠤᠶᠤᠯ
ᠨᠠᠭᠠᠳᠤᠮ ᠤᠨ ᠦᠶ᠎ᠡ ᠪᠡᠷᠬᠡ ᠬᠦᠢ ᠳᠣᠯᠣᠭᠠᠨ ᠬᠤᠳᠳᠤᠭ ᠤᠨ ᠳᠡᠨᠵᠢ

ᠪᠠᠶᠠᠷ ᠶᠣᠰᠣᠯᠠᠯ[ᠵᠠᠰᠠᠪᠤᠷᠢᠯᠠᠬᠤ | ᠺᠣᠳ᠋ ᠢᠶᠠᠷ ᠵᠠᠰᠠᠬᠣ]

ᠨᠠᠭᠠᠳᠤᠮ ᠵᠢᠯ ᠪᠦᠷᠢ ᠶᠢᠨ 7 ᠰᠠᠷ᠎ᠠ ᠶᠢᠨ 11 ᠍ ᠳᠦ ᠪᠣᠯᠳᠠᠭ᠃ ᠤᠭ ᠪᠠᠶᠠᠷ ᠢᠶᠠᠷ ᠮᠣᠩᠭᠣᠯ ᠤᠨ ᠤᠯᠠᠮᠵᠢᠯᠠᠯᠲᠤ ᠰᠫᠣᠷᠲ ᠤᠳ ᠪᠣᠯᠬᠤ ᠬᠤᠷᠳᠤᠨ ᠮᠣᠷᠢ ᠤᠷᠤᠯᠳᠤᠭᠤᠯᠬᠤ᠂ ᠰᠤᠷ ᠬᠠᠷᠪᠤᠬᠤ᠂ ᠪᠥᠬᠡ ᠪᠠᠷᠢᠯᠳᠤᠬᠤ ᠵᠡᠷᠭᠡ ᠲᠥᠷᠥᠯ ᠢᠶᠡᠷ ᠡᠷ᠎ᠡ ᠶᠢᠨ ᠭᠤᠷᠪᠠᠨ ᠨᠠᠭᠠᠳᠤᠮ ᠢ ᠵᠣᠬᠢᠶᠠᠨ ᠪᠠᠶᠢᠭᠤᠯᠳᠠᠭ᠃ ᠮᠥᠨ ᠵᠢᠯ ᠪᠦᠷᠢ ᠶᠢᠨ ᠬᠠᠪᠤᠷ ᠤᠨ ᠡᠬᠢᠨ ᠰᠠᠷ᠎ᠠ ᠳᠤ ᠪᠣᠯᠳᠠᠭ ᠴᠠᠭᠠᠨ ᠰᠠᠷ᠎ᠠ ᠪᠠᠷ ᠮᠣᠩᠭᠣᠯᠴᠤᠳ ᠠᠬ᠎ᠠ ᠳᠡᠭᠦᠦ ᠲᠥᠷᠥᠯ ᠲᠥᠷᠥᠭᠰᠡᠳ ᠢᠶᠡᠷ ᠢᠶᠡᠨ ᠪᠡᠶ᠎ᠡ ᠪᠡᠶᠡᠨ ᠦ ᠳᠦ ᠪᠡᠨ ᠵᠣᠴᠢᠯᠠᠵᠤ᠂ ᠵᠣᠯᠭᠠᠨ᠂ ᠪᠡᠯᠡᠭ ᠰᠣᠯᠢᠯᠴᠠᠳᠠᠭ ᠤᠯᠠᠮᠵᠢᠯᠠᠯ ᠲᠠᠢ᠃

ᠣᠩᠨᠠᠭ᠎ᠠ ᠪᠠᠶᠠᠷ ᠲᠠᠶᠢᠯᠪᠤᠷᠢ
1 ᠰᠠᠷ᠎ᠠ ᠶᠢᠨ 1 ᠰᠢᠨ᠎ᠡ ᠵᠢᠯ ᠣᠷᠣᠨ ᠳᠠᠶᠠᠭᠠᠷ ᠠᠮᠠᠷᠠᠳᠠᠭ᠃
1-2 ᠰᠠᠷ᠎ᠠ ᠴᠠᠭᠠᠨ ᠰᠠᠷ᠎ᠠ ᠪᠢᠯᠢᠭ ᠦᠨ ᠲᠣᠭᠠᠯᠠᠯ ᠤᠨ ᠰᠢᠨ᠎ᠡ ᠵᠢᠯ᠂ ᠬᠠᠪᠤᠷ ᠤᠨ ᠲᠡᠷᠢᠭᠦᠨ ᠰᠠᠷ᠎ᠠ ᠶᠢᠨ ᠰᠢᠨ᠎ᠡ ᠶᠢᠨ ᠨᠢᠭᠡᠨ᠂ ᠬᠣᠶᠠᠷᠠᠨ᠂ ᠭᠤᠷᠪᠠᠨ᠃
3 ᠰᠠᠷ᠎ᠠ ᠶᠢᠨ 8 ᠣᠯᠠᠨ ᠤᠯᠤᠰ ᠤᠨ ᠡᠮᠡᠭᠲᠡᠶᠢᠴᠦᠳ ᠦᠨ ᠡᠳᠦᠷ ᠡᠮᠡᠭᠲᠡᠶᠢᠴᠦᠳ ᠦᠨ ᠪᠠᠶᠠᠷ᠃
6 ᠰᠠᠷ᠎ᠠ ᠶᠢᠨ 1 ᠬᠡᠦᠬᠡᠳ ᠦᠨ ᠪᠠᠶᠠᠷ ᠡᠬᠡ ᠦᠷᠡᠰ ᠦᠨ ᠪᠠᠶᠠᠷ ᠪᠣᠯᠤᠨ ᠬᠡᠦᠬᠡᠳ ᠦᠨ ᠡᠷᠬᠡ ᠶᠢ ᠬᠠᠮᠠᠭᠠᠯᠠᠬᠤ ᠡᠳᠦᠷ ᠵᠡᠷᠭᠡ ᠣᠯᠠᠨ ᠨᠡᠷᠡᠰᠢᠯᠲᠡᠢ᠃
7 ᠰᠠᠷ᠎ᠠ ᠶᠢᠨ 11-15 ᠦᠨᠳᠦᠰᠦᠨ ᠦ ᠶᠡᠬᠡ ᠪᠠᠶᠠᠷ ᠨᠠᠭᠠᠳᠤᠮ ᠪᠦᠬᠦ ᠨᠡᠶᠢᠲᠡ ᠪᠡᠷ ᠠᠮᠠᠷᠠᠵᠤ᠂ ᠤᠯᠠᠮᠵᠢᠯᠠᠯᠲᠤ ᠪᠠᠶᠠᠷ ᠨᠠᠭᠠᠳᠤᠮ ᠢᠶᠠᠨ ᠲᠡᠮᠳᠡᠭᠯᠡᠳᠡᠭ᠃
11 ᠰᠠᠷ᠎ᠠ ᠶᠡᠬᠡ ᠡᠵᠡᠨ ᠴᠢᠩᠭᠢᠰ ᠬᠠᠭᠠᠨ ᠤ ᠡᠳᠦᠷ ᠪᠢᠯᠢᠭ ᠦᠨ ᠲᠣᠭᠠᠯᠠᠯ ᠤᠨ ᠡᠪᠦᠯ ᠦᠨ ᠲᠡᠷᠢᠭᠦᠨ ᠰᠠᠷ᠎ᠠ ᠶᠢᠨ ᠰᠢᠨ᠎ᠡ ᠶᠢᠨ 1
12 ᠰᠠᠷ᠎ᠠ ᠶᠢᠨ 29 ᠦᠨᠳᠦᠰᠦᠨ ᠦ ᠡᠷᠬᠡ ᠴᠢᠯᠦᠭᠡ᠂ ᠲᠤᠰᠠᠭᠠᠷ ᠲᠣᠭᠲᠠᠨᠢᠯ ᠢᠶᠠᠨ ᠰᠡᠷᠭᠦᠭᠡᠭᠰᠡᠨ ᠦ ᠪᠠᠶᠠᠷ ᠤᠨ ᠡᠳᠦᠷ ᠮᠠᠨᠵᠤ ᠴᠢᠩ ᠤᠯᠤᠰ ᠤᠨ ᠳᠠᠷᠤᠯᠠᠯ ᠠᠴᠠ ᠭᠠᠷᠴᠤ᠂ ᠲᠤᠰᠠᠭᠠᠷ ᠲᠣᠭᠲᠠᠨᠢᠯ ᠢᠶᠠᠨ ᠰᠡᠷᠭᠦᠭᠡᠭᠰᠡᠨ ᠡᠳᠦᠷ᠃
  • ᠡᠨᠳᠡ ᠤᠯᠤᠰ ᠳᠠᠶᠠᠭᠠᠷ ᠠᠮᠠᠷᠠᠵᠤ᠂ ᠨᠡᠶᠢᠲᠡ ᠪᠡᠷ ᠲᠡᠮᠳᠡᠭᠯᠡᠳᠡᠭ ᠪᠠᠶᠠᠷ ᠤᠳ ᠢ ᠪᠠᠭᠲᠠᠭᠠᠭᠰᠠᠨ ᠪᠣᠯᠤᠨ᠎ᠠ[34]

ᠪᠠᠷᠢᠯᠭ᠎ᠠ ᠪᠠᠶᠢᠭᠤᠯᠤᠮᠵᠢ[ᠵᠠᠰᠠᠪᠤᠷᠢᠯᠠᠬᠤ | ᠺᠣᠳ᠋ ᠢᠶᠠᠷ ᠵᠠᠰᠠᠬᠣ]

ᠭᠤᠷᠪᠠᠨᠰᠠᠶᠢᠬᠠᠨ ᠤ ᠨᠢᠷᠤᠭᠤᠨ ᠤ ᠤᠷᠳᠤᠬᠢ ᠨᠢᠭᠡᠨ ᠮᠣᠩᠭᠣᠯ ᠭᠡᠷ

ᠤᠯᠠᠮᠵᠢᠯᠠᠯᠲᠤ ᠰᠠᠭᠤᠴᠠ ᠪᠣᠯᠬᠤ ᠭᠡᠷ ᠨᠢ ᠮᠣᠩᠭᠣᠯ ᠤᠨ ᠪᠠᠷᠢᠯᠭ᠎ᠠ ᠤᠷᠠᠯᠠᠯ ᠤᠨ ᠰᠠᠭᠤᠷᠢ ᠶᠤᠮ᠃ ᠭᠡᠷ ᠨᠢ ᠮᠣᠳᠣ᠂ ᠢᠰᠡᠭᠡᠢ ᠶᠢ ᠠᠰᠢᠭᠯᠠᠨ ᠶᠡᠬᠡᠪᠴᠢᠯᠡᠨ 5-6 ᠬᠠᠨ᠎ᠠ ᠲᠠᠢ᠂ ᠤᠨᠢ᠂ ᠲᠣᠭᠣᠨᠣᠨ ᠳᠤ ᠲᠤᠯᠵᠤ ᠪᠣᠰᠳᠠᠭ᠂ ᠳᠤᠭᠤᠢ ᠬᠡᠯᠪᠡᠷᠢ ᠲᠡᠢ᠂ ᠪᠥᠮᠪᠥᠭᠡᠷ ᠳᠡᠭᠡᠪᠦᠷ ᠲᠡᠢ ᠪᠠ ᠤᠭᠰᠠᠷᠠᠳᠠᠭ ᠣᠨᠢᠰᠤᠲᠤ ᠪᠦᠲᠦᠭᠡᠴᠡ ᠲᠡᠢ᠂ ᠨᠡᠭᠦᠳᠡᠯᠴᠢᠨ ᠠᠮᠢᠳᠤᠷᠠᠯ ᠳᠤ ᠲᠣᠬᠢᠷᠠᠭᠰᠠᠨ ᠡᠷᠲᠡᠨ ᠡᠴᠡ ᠣᠷᠣᠨ ᠰᠠᠭᠤᠴᠠ ᠠᠴᠠ ᠭᠠᠳᠠᠨ᠎ᠠ ᠰᠦᠮ᠎ᠡ᠂ ᠬᠡᠶᠢᠳ᠂ ᠣᠷᠳᠣ᠂ ᠥᠷᠭᠥᠭᠡ ᠴᠤ ᠪᠣᠯᠳᠠᠭ ᠪᠠᠶᠢᠪᠠ᠃ 16-17 ᠍ ᠳᠦᠭᠡᠷ ᠵᠠᠭᠤᠨ ᠠᠴᠠ ᠴᠢᠯᠠᠭᠤ᠂ ᠲᠣᠭᠣᠰᠬ᠎ᠠ ᠶᠢ ᠠᠰᠢᠭᠯᠠᠵᠤ᠂ ᠰᠠᠭᠤᠷᠢᠨ ᠪᠠᠶᠢᠷᠢᠯᠠᠬᠤ ᠭᠡᠷ ᠬᠡᠯᠪᠡᠷᠢ ᠶᠢᠨ ᠰᠦᠮ᠎ᠡ᠂ ᠳᠤᠭᠠᠩ ᠪᠠᠷᠢᠭᠳᠠᠵᠤ ᠡᠬᠢᠯᠡᠭᠰᠡᠨ᠃

ᠡᠷᠳᠡᠮᠲᠡᠨ ᠴᠦᠯᠲᠦᠮ ᠮᠣᠩᠭᠣᠯ ᠤᠨ ᠪᠠᠷᠢᠯᠭ᠎ᠠ ᠶᠢᠨ ᠤᠷ᠎ᠠ ᠬᠢᠴᠡ ᠶᠢ ᠮᠣᠩᠭᠣᠯ᠂ ᠲᠥᠪᠡᠳ᠂ ᠬᠢᠲᠠᠳ᠂ ᠡᠰᠡᠪᠡᠯ ᠡᠳᠡᠭᠡᠷ ᠦᠨ ᠬᠣᠣᠰᠯᠠᠯ ᠬᠡᠮᠡᠨ ᠠᠩᠭᠢᠯᠠᠭᠰᠠᠨ ᠪᠠᠶᠢᠳᠠᠭ᠃ ᠮᠡᠳᠡᠭᠳᠡᠵᠦ ᠪᠤᠢ ᠠᠩᠬᠠᠨ ᠤ ᠳᠥᠷᠪᠡᠯᠵᠢᠨ ᠬᠠᠨ᠎ᠠ ᠲᠠᠢ ᠬᠢᠴᠡ ᠪᠣᠯ ᠵᠠᠨᠠᠪᠠᠽᠠᠷ ᠤᠨ 1654 ᠣᠨ ᠳᠤ ᠪᠠᠶᠢᠭᠤᠯᠤᠭᠰᠠᠨ ᠪᠠᠲᠠᠴᠢᠬᠠᠨ ᠳᠤᠭᠠᠩ ᠶᠤᠮ᠃ ᠭᠡᠷ ᠬᠡᠯᠪᠡᠷᠢ ᠶᠢᠨ ᠵᠢᠱᠢᠶ᠎ᠡ ᠪᠣᠯ ᠤᠯᠠᠭᠠᠨᠪᠠᠭᠠᠲᠤᠷ ᠲᠤ ᠪᠠᠶᠢᠬᠤ ᠳᠠᠰᠴᠣᠶᠢᠯᠢᠨ ᠬᠡᠶᠢᠳ ᠲᠦ ᠪᠠᠶᠢᠬᠤ ᠭᠡᠷ ᠬᠡᠯᠪᠡᠷᠢ ᠳᠦ ᠰᠦᠮ᠎ᠡ ᠶᠤᠮ᠃ ᠬᠠᠷᠢᠨ 1904 ᠣᠨ ᠳᠤ ᠪᠠᠷᠢᠭᠳᠠᠭᠰᠠᠨ ᠴᠣᠶᠢᠵᠣᠩ ᠯᠠᠮ᠎ᠠ ᠶᠢᠨ ᠰᠦᠮ᠎ᠡ ᠨᠢ ᠬᠢᠲᠠᠳ ᠬᠢᠴᠡ ᠪᠡᠷ ᠪᠠᠷᠢᠭᠳᠠᠵᠠᠢ᠃ ᠭᠠᠨᠳᠠᠩᠳᠦᠭᠴᠢᠩᠯᠢᠩ ᠦᠨ ᠴᠣᠭᠴᠢᠨ ᠨᠢ ᠬᠢᠲᠠᠳ-ᠮᠣᠩᠭᠣᠯ ᠬᠣᠣᠰᠯᠠᠮᠠᠯ ᠤᠷ᠎ᠠ ᠬᠢᠴᠡ ᠲᠡᠢ ᠶᠤᠮ᠃

1930 ᠍ ᠊ᠭᠠᠳ ᠣᠨ ᠠᠴᠠ ᠤᠯᠠᠭᠠᠨᠪᠠᠭᠠᠲᠤᠷ ᠬᠣᠳᠠ ᠳᠤ ᠵᠥᠪᠯᠡᠯᠲᠦ ᠬᠣᠯᠪᠣᠭᠠᠲᠤ ᠤᠯᠤᠰ ᠤᠨ ᠨᠥᠯᠥᠭᠡ ᠪᠡᠷ ᠣᠷᠣᠰ ᠮᠠᠶ᠋ᠢᠭ ᠤᠨ ᠨᠢᠭᠡ ᠡᠴᠡ ᠬᠣᠶᠠᠷ ᠳᠠᠪᠬᠤᠷ ᠪᠠᠷᠢᠯᠭ᠎ᠠ ᠨᠤᠭᠤᠳ ᠮᠣᠩᠭᠣᠯ ᠤᠨ ᠠᠷᠬᠧᠲ᠋ᠢᠺᠲ᠋ᠣᠷ ᠤᠨ ᠬᠥᠭᠵᠢᠯ ᠦᠨ ᠬᠠᠨᠳᠤᠯᠭ᠎ᠠ ᠳᠤ ᠬᠦᠴᠦᠲᠡᠢ ᠲᠦᠷᠢᠵᠦ ᠡᠬᠢᠯᠡᠭᠰᠡᠨ 2000 ᠣᠨ ᠠᠴᠠ ᠤᠯᠠᠭᠠᠨᠪᠠᠭᠠᠲᠤᠷ ᠲᠤ ᠪᠠᠷᠠᠭᠤᠨ ᠤ ᠠᠷᠬᠧᠲ᠋ᠢᠺᠲ᠋ᠣᠷ ᠤᠨ ᠤᠷᠤᠰᠬᠠᠯ ᠳᠤ ᠣᠶᠢᠷᠠᠳᠤᠭᠰᠠᠨ ᠪᠠᠷᠢᠯᠭ᠎ᠠ ᠨᠤᠭᠤᠳ ᠲᠦᠷᠢᠵᠦ ᠡᠬᠢᠯᠡᠭᠰᠡᠨ ᠪᠠᠶᠢᠨ᠎ᠠ᠃

ᠳᠠᠭᠤᠤ ᠬᠥᠭᠵᠢᠮ[ᠵᠠᠰᠠᠪᠤᠷᠢᠯᠠᠬᠤ | ᠺᠣᠳ᠋ ᠢᠶᠠᠷ ᠵᠠᠰᠠᠬᠣ]

ᠮᠣᠩᠭᠣᠯ ᠨᠢ ᠳᠠᠭᠤᠤ ᠬᠥᠭᠵᠢᠮ ᠦᠨ ᠤᠯᠠᠮᠵᠢᠯᠠᠯᠲᠤ ᠥᠪ ᠰᠤᠶᠤᠯ ᠶᠡᠬᠡ ᠲᠡᠢ᠃ ᠬᠥᠬᠡᠮᠡᠮᠣᠷᠢᠨ ᠬᠤᠭᠤᠷᠪᠡᠶ᠎ᠡ ᠪᠡᠶᠡᠯᠡᠭᠡ᠂ ᠪᠤᠰᠤᠳ ᠤᠲᠤᠭᠰᠠᠨ ᠬᠥᠭᠵᠢᠮ ᠦᠨ ᠵᠢᠮᠰᠡᠭ᠂ ᠪᠣᠭᠣᠨᠢ ᠳᠠᠭᠤᠤ ᠪᠠ ᠤᠷᠲᠤ ᠶᠢᠨ ᠳᠠᠭᠤᠤ ᠵᠡᠷᠭᠡ ᠨᠢ ᠪᠦᠭᠦᠳᠡ ᠡᠷᠲᠡᠨ ᠦ ᠳᠠᠭᠤᠤ ᠬᠥᠭᠵᠢᠮ ᠦᠨ ᠥᠪ ᠦᠳ ᠶᠤᠮ᠃ ᠮᠥᠨ ᠬᠤᠪᠢᠯᠠᠢ ᠬᠠᠭᠠᠨ ᠤ ᠳᠡᠷᠭᠡᠳᠡ 1800 ᠭᠠᠷᠤᠢ ᠬᠦᠮᠦᠨ ᠦ ᠪᠦᠷᠢᠯᠳᠦᠬᠦᠨ ᠲᠡᠢ ᠣᠷᠺᠧᠰᠲ᠋ᠷ ᠪᠠᠶᠢᠭᠰᠠᠨ ᠲᠤᠬᠠᠢ ᠲᠡᠦᠬᠡᠨ ᠰᠤᠷᠪᠤᠯᠵᠢ ᠪᠠᠶᠢᠳᠠᠭ ᠪᠠ ᠮᠣᠩᠭᠣᠯᠴᠤᠳ ᠠᠽᠢᠶ᠎ᠠ ᠲᠢᠪ ᠲᠦ ᠪᠡᠨ ᠬᠠᠮᠤᠭ ᠤᠨ ᠠᠩᠬ᠎ᠠ ᠳᠠᠭᠤᠷᠢ ᠶᠢᠨ ᠲᠢᠶᠠᠲ᠋ᠷ ᠲᠠᠢ ᠪᠣᠯᠵᠠᠢ᠃

20 ᠍ ᠳᠦᠭᠡᠷ ᠵᠠᠭᠤᠨ ᠠᠴᠠ ᠪᠠᠷᠠᠭᠤᠨ ᠤ ᠰᠣᠩᠭᠣᠳᠠᠭ ᠬᠥᠭᠵᠢᠮ ᠮᠣᠩᠭᠣᠯ ᠳᠤ ᠣᠷᠣᠵᠤ ᠢᠷᠡᠭᠰᠡᠨ ᠪᠥᠭᠡᠳ ᠮᠣᠩᠭᠣᠯ ᠤᠨ ᠥᠪᠡᠷ ᠦᠨ ᠬᠢᠨᠢ ᠰᠣᠩᠭᠣᠳᠠᠭ ᠬᠥᠭᠵᠢᠮ ᠲᠡᠢ ᠨᠡᠶᠢᠯᠡᠭᠦᠯᠦᠭᠰᠡᠨ ᠬᠤᠪᠢᠯᠪᠤᠷᠢ ᠨᠤᠭᠤᠳ ᠢ ᠬᠥᠭᠵᠢᠮ ᠦᠨ ᠵᠣᠬᠢᠶᠠᠯᠴᠢᠳ ᠭᠠᠷᠭᠠᠵᠤ ᠢᠷᠡᠵᠦ ᠪᠠᠶᠢᠨ᠎ᠠ᠃ ᠬᠠᠷᠢᠨ ᠣᠳᠣ ᠷᠣᠺᠫᠣᠫᠲᠷᠠᠨᠰᠬᠢᠫ ᠬᠣᠫ ᠬᠥᠭᠵᠢᠮ ᠦᠨ ᠤᠷᠤᠰᠬᠠᠯ ᠶᠡᠬᠡᠬᠡᠨ ᠲᠦᠭᠡᠨ ᠳᠡᠯᠭᠡᠷᠡᠬᠦ ᠪᠣᠯᠵᠠᠢ᠃

ᠺᠢᠨᠣ᠋ ᠤᠷᠠᠯᠢᠭ[ᠵᠠᠰᠠᠪᠤᠷᠢᠯᠠᠬᠤ | ᠺᠣᠳ᠋ ᠢᠶᠠᠷ ᠵᠠᠰᠠᠬᠣ]

ᠰᠣᠴᠢᠶᠠᠯᠢᠮ ᠤᠨ ᠦᠶ᠎ᠡ ᠳᠦ ᠮᠣᠩᠭᠣᠯ ᠠᠷᠠᠳ ᠤᠨ ᠬᠤᠪᠢᠰᠬᠠᠯᠲᠤ ᠨᠠᠮ ᠺᠢᠨᠣᠭ ᠥᠪᠡᠷ ᠦᠨ ᠦᠵᠡᠯ ᠰᠤᠷᠲᠠᠯ ᠢ ᠰᠤᠷᠲᠠᠯᠴᠢᠯᠠᠬᠤ ᠬᠡᠷᠡᠭᠰᠡᠯ ᠪᠣᠯᠭᠠᠵᠤ ᠪᠠᠶᠢᠭᠰᠠᠨ᠃ ᠠᠩᠬᠠᠨ ᠤ ᠺᠢᠨᠣᠨ ᠨᠤᠭᠤᠳ ᠨᠢ ᠠᠷᠠᠳ ᠤᠨ ᠪᠠ ᠬᠤᠪᠢᠰᠬᠠᠯ ᠤᠨ ᠪᠠᠭᠠᠲᠤᠷ ᠤᠳ ᠤᠨ ᠰᠡᠳᠦᠪ ᠲᠡᠢ ᠪᠠᠶᠢᠭᠰᠠᠨ ᠪᠣᠯ 1950 ᠍ ᠊ᠭᠠᠳ ᠣᠨ ᠠᠴᠠ ᠠᠵᠢᠯᠴᠢᠨ ᠠᠩᠬᠢ ᠶᠢᠨ ᠲᠤᠬᠠᠢ ᠰᠡᠳᠦᠪ ᠲᠡᠢ ᠪᠣᠯᠤᠭᠰᠠᠨ ᠪᠠᠶᠢᠨ᠎ᠠ᠃ 1970 ᠍ ᠊ᠭᠠᠳ ᠣᠨ ᠠᠴᠠ ᠪᠠᠷᠢᠮᠲᠠᠲᠤ ᠺᠢᠨᠣᠨ ᠨᠤᠭᠤᠳ᠂ ᠡᠳᠦᠷ ᠲᠤᠲᠤᠮ ᠤᠨ ᠠᠮᠢᠳᠤᠷᠠᠯ ᠤᠨ ᠲᠤᠬᠠᠢ ᠰᠡᠳᠦᠪ ᠲᠡᠢ ᠺᠢᠨᠣᠨ ᠨᠤᠭᠤᠳ ᠭᠠᠷᠬᠤ ᠪᠣᠯᠪᠠ᠃

ᠠᠷᠠᠳᠴᠢᠯᠠᠯ ᠭᠠᠷᠤᠭᠰᠠᠨ ᠤ ᠳᠠᠷᠠᠭ᠎ᠠ ᠺᠢᠨᠣ᠋ ᠤᠷᠠᠯᠢᠭ ᠨᠢᠭᠡ ᠬᠡᠰᠡᠭ ᠤᠨᠠᠯᠲᠠ ᠳᠤ ᠣᠷᠣᠭᠰᠠᠨ ᠴᠤ ᠰᠡᠭᠦᠯ ᠦᠨ ᠦᠶ᠎ᠡ ᠳᠦ ᠰᠡᠷᠭᠦᠵᠦ ᠪᠠᠶᠢᠨ᠎ᠠ᠃ ᠰᠡᠭᠦᠯ ᠦᠨ ᠦᠶ᠎ᠡ ᠳᠦ ᠳᠣᠷᠵᠢᠬᠠᠨᠳᠠ ᠶᠢᠨ ᠲᠥᠷᠥᠮᠮᠠᠩᠬ᠎ᠠ᠂ ᠳᠠᠪᠠᠭ᠎ᠠ ᠶᠢᠨ ᠪᠢᠮᠪᠠᠰᠦ᠋ᠷᠦᠩ ᠵᠡᠷᠭᠡ ᠪᠡᠶ᠎ᠡ ᠳᠠᠭᠠᠭᠰᠠᠨ ᠨᠠᠶᠢᠷᠠᠭᠤᠯᠤᠭᠴᠢᠳ ᠤᠨ ᠤᠷᠠᠨ ᠪᠦᠲᠦᠭᠡᠯ ᠬᠦᠮᠦᠰ ᠲᠦ ᠨᠡᠯᠢᠶᠡᠳ ᠭᠦᠢ ᠦᠨᠡᠯᠡᠭᠳᠡᠬᠦ ᠪᠣᠯᠤᠭᠰᠠᠨ ᠪᠠ ᠪᠢᠮᠪᠠᠰᠦ᠋ᠷᠦᠩ ᠦᠨ "ᠢᠩᠭᠡᠨ ᠨᠢᠯᠪᠤᠰᠤ" ᠺᠢᠨᠣ᠋ ᠨᠢ 2005 ᠣᠨ ᠳᠤ ᠣᠰᠺᠠᠷ ᠤᠨ ᠱᠠᠩᠨᠠᠯ ᠍ ᠤᠨ ᠰᠢᠯᠢᠳᠡᠭ ᠭᠠᠳᠠᠭᠠᠳᠤ ᠪᠠᠷᠢᠮᠲᠠᠲᠤ ᠺᠢᠨᠣᠨ ᠤ ᠲᠥᠷᠥᠯ ᠳᠦ ᠨᠡᠷ᠎ᠡ ᠳᠡᠪᠰᠢᠵᠦ ᠪᠠᠶᠢᠭᠰᠠᠨ ᠤᠳᠠᠭ᠎ᠠ ᠲᠠᠢ᠃

ᠬᠣᠭᠣᠯᠠ[ᠵᠠᠰᠠᠪᠤᠷᠢᠯᠠᠬᠤ | ᠺᠣᠳ᠋ ᠢᠶᠠᠷ ᠵᠠᠰᠠᠬᠣ]

ᠮᠣᠩᠭᠣᠯᠴᠤᠳ ᠤᠨ ᠤᠯᠠᠮᠵᠢᠯᠠᠯᠲᠤ ᠬᠣᠭᠣᠯᠠ ᠬᠦᠨᠡᠰᠦᠨ ᠳᠦ ᠮᠢᠬ᠎ᠠ᠂ ᠴᠠᠭᠠᠨ ᠢᠳᠡᠭᠡ᠂ ᠵᠣᠩᠬᠢᠯᠠᠳᠠᠭ ᠪᠠᠶᠢᠪᠠ᠃ ᠬᠣᠨᠢ᠂ ᠦᠬᠡᠷ ᠦᠨ ᠮᠢᠬ᠎ᠠ ᠶᠢ ᠬᠠᠮᠤᠭ ᠤᠨ ᠲᠦᠭᠡᠮᠡᠯ ᠬᠡᠷᠡᠭᠯᠡᠳᠡᠭ ᠪᠥᠭᠡᠳ ᠲᠠᠪᠤᠨ ᠬᠣᠰᠢᠭᠤ ᠮᠠᠯ ᠤᠨ ᠢᠶᠠᠨ ᠰᠦ᠋ ᠍ ᠶᠢ ᠪᠣᠯᠪᠠᠰᠤᠷᠠᠭᠤᠯᠵᠤ ᠲᠥᠷᠥᠯ ᠪᠦᠷᠢ ᠶᠢᠨ ᠴᠠᠭᠠᠨ ᠢᠳᠡᠭᠡ ᠬᠢᠳᠡᠭ᠃ ᠮᠣᠩᠭᠣᠯᠴᠤᠳ ᠡᠷᠲᠡᠨ ᠡᠴᠡ ᠬᠠᠪᠤᠷ᠂ ᠵᠤᠨ᠂ ᠨᠠᠮᠤᠷ ᠨᠢ ᠰᠦᠨ ᠴᠠᠭᠠᠨ ᠢᠳᠡᠭᠡ ᠪᠡᠨ ᠬᠦᠨᠡᠰᠦᠨ ᠳᠦ ᠬᠡᠷᠡᠭᠯᠡᠳᠡᠭ ᠪᠠᠶᠢᠪᠠ᠃ 20 ᠍ ᠳᠦᠭᠡᠷ ᠵᠠᠭᠤᠨ ᠠᠴᠠ ᠡᠬᠢᠯᠡᠨ ᠧᠦ᠋ᠷᠣᠫᠠ ᠬᠦᠨᠡᠰᠦᠨ ᠦ ᠨᠣᠭᠣᠭ᠎ᠠ ᠬᠡᠷᠡᠭᠯᠡᠬᠦ ᠪᠣᠯᠤᠭᠰᠠᠨ᠃ ᠰᠡᠭᠦᠯ ᠦᠨ ᠦᠶ᠎ᠡ ᠳᠦ ᠴᠠᠭᠠᠨ ᠬᠣᠭᠣᠯᠠᠲᠠᠨ ᠬᠦᠮᠦᠰ ᠶᠡᠬᠡ ᠪᠤᠢ ᠪᠣᠯᠵᠤ ᠪᠠᠶᠢᠭ᠎ᠠ᠃ ᠮᠥᠨ ᠳᠡᠯᠡᠬᠡᠢ ᠶᠢᠨ ᠣᠯᠠᠨ ᠦᠨᠳᠦᠰᠦᠨ ᠦ ᠬᠣᠭᠣᠯᠠᠨ ᠤ ᠭᠠᠵᠠᠷ ᠤᠳ ᠪᠤᠢ ᠪᠣᠯᠵᠤ ᠰᠣᠯᠣᠩᠭᠣᠰ᠂ ᠬᠢᠲᠠᠳ ᠬᠣᠭᠣᠯᠠ ᠢᠳᠡᠬᠦ ᠪᠣᠯᠤᠭᠰᠠᠨ᠃ ᠡᠨᠡ ᠨᠢ ᠰᠠᠭᠤᠷᠢᠰᠢᠮᠠᠯ ᠨᠡᠶᠢᠭᠡᠮ ᠳᠦ ᠰᠢᠯᠵᠢᠭᠰᠡᠨ ᠲᠡᠢ ᠬᠣᠯᠪᠣᠭ᠎ᠠ ᠲᠠᠢ ᠶᠤᠮ᠃ᠲᠡᠭᠦᠨᠴᠢᠯᠡᠨ ᠵᠡᠭᠦᠨ ᠠᠽᠢᠶ ᠠ ᠶᠢᠨ ᠬᠣᠭᠣᠯᠠᠨ ᠤ ᠣᠷᠣᠴᠠ ᠲᠥᠷᠥᠯ ᠦᠳ ᠶᠡᠬᠡᠬᠡᠨ ᠣᠷᠣᠵᠤ ᠢᠷᠡᠬᠦ ᠪᠣᠯᠤᠭᠰᠠᠨ᠃

ᠰᠫᠣᠷᠲ[ᠵᠠᠰᠠᠪᠤᠷᠢᠯᠠᠬᠤ | ᠺᠣᠳ᠋ ᠢᠶᠠᠷ ᠵᠠᠰᠠᠬᠣ]

ᠡᠷ᠎ᠡ ᠶᠢᠨ ᠭᠤᠷᠪᠠᠨ ᠨᠠᠭᠠᠳᠤᠮ ᠪᠣᠯᠬᠤ ᠮᠣᠷᠢᠨ ᠤ ᠤᠷᠤᠯᠳᠤᠭᠠᠨᠰᠤᠷ ᠬᠠᠷᠪᠤᠭ᠎ᠠᠦᠨᠳᠦᠰᠦᠨ ᠦ ᠪᠥᠬᠡ ᠨᠢ ᠮᠣᠩᠭᠣᠯ ᠳᠠᠶᠠᠭᠠᠷ ᠬᠠᠮᠤᠭ ᠤᠨ ᠶᠡᠬᠡ ᠲᠠᠷᠬᠠᠭᠰᠠᠨ᠂ ᠬᠠᠮᠤᠭ ᠤᠨ ᠣᠯᠠᠨ ᠦᠵᠡᠭᠴᠢ ᠲᠡᠢ ᠰᠫᠣᠷᠲ ᠤᠨ ᠲᠥᠷᠥᠯ ᠦᠳ ᠶᠤᠮ᠃ ᠨᠠᠭᠠᠳᠤᠮ ᠤᠨ ᠦᠶ᠎ᠡ ᠪᠡᠷ ᠱᠠᠭ᠎ᠠ ᠬᠠᠷᠪᠤᠬᠤ ᠲᠡᠮᠡᠴᠡᠭᠡᠨ ᠨᠦᠭᠦᠳ ᠴᠤ ᠭᠡᠰᠡᠨ ᠪᠣᠯᠳᠠᠭ᠃

ᠬᠠᠮᠤᠭ ᠤᠨ ᠶᠡᠬᠡ ᠳᠡᠯᠭᠡᠷᠡᠭᠰᠡᠨ ᠰᠫᠣᠷᠲ ᠪᠣᠯ ᠡᠷ᠎ᠡ ᠶᠢᠨ ᠭᠤᠷᠪᠠᠨ ᠨᠠᠭᠠᠳᠤᠮ ᠤᠨ ᠭᠣᠣᠯ ᠲᠥᠷᠥᠯ᠂ ᠦᠨᠳᠦᠰᠦᠨ ᠦ ᠪᠥᠬᠡ ᠶᠤᠮ᠃ ᠮᠣᠩᠭᠣᠯ ᠪᠥᠬᠡ ᠶᠢ ᠠᠩᠬ᠎ᠠ 7000 ᠵᠢᠯ ᠦᠨ ᠡᠮᠦᠨ᠎ᠡ ᠡᠭᠦᠰᠦᠭᠰᠡᠨ ᠭᠡᠵᠦ ᠲᠡᠦᠬᠡᠴᠢᠳ ᠦᠵᠡᠳᠡᠭ ᠪᠠᠶᠢᠨ᠎ᠠ᠃ ᠮᠣᠩᠭᠣᠯ ᠪᠥᠬᠡ ᠪᠡᠷ ᠡᠯᠳᠡᠪ ᠮᠠᠷᠭᠤᠭᠠᠨ ᠢ ᠴᠡᠭᠴᠡᠯᠡᠵᠦ ᠰᠢᠢᠳᠪᠦᠷᠢᠯᠡᠬᠦ ᠶᠠᠪᠤᠳᠠᠯ ᠨᠢ ᠮᠣᠩᠭᠣᠯ ᠤᠨ ᠨᠢᠭᠤᠴᠠ ᠲᠣᠪᠴᠢᠶᠠᠨ ᠳᠤ ᠴᠤ ᠭᠠᠷᠳᠠᠭ ᠠᠵᠢ᠃ ᠤᠯᠤᠰ ᠤᠨ ᠪᠥᠬᠡ ᠶᠢᠨ ᠲᠡᠮᠡᠴᠡᠭᠡᠨ ᠨᠦᠭᠦᠳ ᠲᠦ ᠤᠯᠤᠰ ᠤᠨ ᠥᠨᠴᠥᠭ ᠪᠤᠯᠤᠨ ᠪᠦᠷᠢ ᠡᠴᠡ ᠬᠡᠳᠦᠨ ᠵᠠᠭᠤᠨ ᠪᠥᠬᠡᠴᠦᠳ ᠢᠷᠡᠵᠦ ᠥᠷᠢᠰᠦᠯᠳᠦᠳᠡᠭ᠃

ᠰᠡᠭᠦᠯ ᠦᠨ ᠦᠶ᠎ᠡ ᠳᠦ ᠰᠢᠷᠡᠭᠡᠨ ᠦ ᠲᠧᠨᠨᠢᠰᠵᠤᠳᠣᠰᠠᠭᠰᠤᠨ ᠪᠥᠮᠪᠥᠭᠡᠬᠥᠯ ᠪᠥᠮᠪᠥᠭᠡ ᠶᠡᠬᠡᠬᠡᠨ ᠳᠡᠯᠭᠡᠷᠴᠢ ᠂ ᠮᠣᠩᠭᠣᠯ ᠲᠠᠮᠢᠷᠴᠢᠳ ᠡᠳᠡᠭᠡᠷ ᠲᠥᠷᠥᠯ ᠦᠳ ᠢᠶᠡᠷ ᠣᠯᠠᠨ ᠤᠯᠤᠰ ᠤᠨ ᠲᠡᠮᠡᠴᠡᠭᠡᠨ ᠨᠦᠭᠦᠳ ᠲᠦ ᠠᠮᠵᠢᠯᠲᠠᠲᠠᠢ ᠣᠷᠣᠯᠴᠠᠵᠤ ᠪᠠᠶᠢᠨ᠎ᠠ᠃

ᠣᠯᠠᠨ ᠤᠯᠤᠰ ᠲᠤ[ᠵᠠᠰᠠᠪᠤᠷᠢᠯᠠᠬᠤ | ᠺᠣᠳ᠋ ᠢᠶᠠᠷ ᠵᠠᠰᠠᠬᠣ]

ᠮᠣᠩᠭᠣᠯᠴᠤᠳ 1990 ᠍ ᠊ᠭᠡᠳ ᠣᠨ ᠤ ᠰᠡᠭᠦᠯᠴᠢ ᠡᠴᠡ ᠶᠠᠫᠣᠨ ᠢ ᠰᠦᠮᠣ ᠪᠥᠬᠦᠳᠡ ᠬᠦᠴᠦ ᠪᠡᠨ ᠰᠣᠷᠢᠬᠤ ᠪᠣᠯᠵᠤ᠂ ᠥᠨᠳᠥᠷ ᠠᠮᠵᠢᠯᠲᠠ ᠭᠠᠷᠭᠠᠵᠤ ᠢᠷᠡᠭᠰᠡᠨ᠃ 2003 ᠣᠨ ᠳᠤ ᠠᠰᠠᠰᠶᠠᠷᠶᠦ ᠨᠢ ᠠᠩᠬᠠᠨ ᠤ ᠮᠣᠩᠭᠣᠯ ᠶᠣᠺᠣᠽᠦᠨᠠ (ᠠᠪᠤᠷᠭᠤ) (ᠰᠦᠮᠠᠭ ᠤᠨ ᠠᠪᠤᠷᠭᠤ) ᠪᠣᠯᠤᠭᠰᠠᠨ ᠪᠠ 2007 ᠣᠨ ᠳᠤ ᠬᠠᠺᠥᠬᠠ ᠬᠣᠶᠠᠷ ᠳᠠᠬᠢ᠂ 2012 ᠣᠨ ᠳᠤ ᠠᠮ᠎ᠠ ᠭᠤᠷᠪᠠ ᠳᠤ ᠬᠢ᠂ 2014 ᠣᠨ ᠳᠤ ᠺᠠᠺᠥᠷᠶᠦ 4 ᠳ᠋ᠡᠬᠢ ᠮᠣᠩᠭᠣᠯ ᠶᠣᠺᠣᠽᠦᠨᠠ (ᠠᠪᠤᠷᠭᠤ) ᠪᠣᠯᠵᠠᠢ᠃

ᠣᠳᠣ ᠪᠠᠷ ᠮᠣᠩᠭᠣᠯ ᠤᠯᠤᠰ ᠤᠨ ᠲᠠᠮᠢᠷᠴᠢᠳ ᠵᠤᠨ ᠤ ᠣᠯᠢᠮᠫᠢᠺ ᠠᠴᠠ 2 ᠠᠯᠲᠠ᠂ 9 ᠮᠥᠩᠭᠥ᠂ 13 ᠬᠦᠷᠡᠯ ᠮᠧᠳᠠᠯ ᠬᠦᠷᠲᠡᠭᠡᠳ ᠪᠤᠢ᠃

ᠵᠢᠦ᠋ᠳᠣ᠋ ᠍ ᠶᠢᠨ 100 ᠺᠢᠯᠣᠭ᠍ᠷᠠᠮ ᠦᠨ ᠵᠢᠩ ᠳᠦ ᠨᠠᠶᠢᠳᠠᠩ ᠤᠨ ᠲᠦᠪᠰᠢᠨᠪᠠᠶᠠᠷ ᠪᠡᠭᠡᠵᠢᠩ ᠦᠨ ᠣᠯᠢᠮᠫᠢᠺᠡᠶᠢᠨ ᠦᠶ᠎ᠡ ᠪᠡᠷ ᠮᠣᠩᠭᠣᠯ ᠤᠨ ᠠᠩᠬᠠᠨ ᠤ ᠠᠯᠲᠠᠨ ᠮᠧᠳᠠᠯ ᠢ ᠠᠪᠴᠢᠷᠠᠭᠰᠠᠨ᠃[35] ᠲᠡᠷᠡᠪᠡᠷ 4 ᠵᠢᠯ ᠦᠨ ᠳᠠᠷᠠᠭ᠎ᠠ ᠣᠯᠢᠮᠫᠢᠺ ᠠᠴᠠ ᠮᠥᠩᠭᠥᠨ ᠮᠧᠳᠠᠯ ᠵᠡᠭᠦᠭ᠍ᠰᠡᠨ ᠢᠶᠡᠷ ᠣᠯᠢᠮᠫᠢᠺ ᠤᠨ ᠬᠣᠣᠰ ᠮᠧᠳᠠᠯ ᠲᠠᠢ ᠮᠣᠩᠭᠣᠯ ᠤᠨ ᠠᠩᠬᠠᠨ ᠤ ᠲᠠᠮᠢᠷᠴᠢᠨ ᠪᠣᠯᠤᠭᠰᠠᠨ᠃ ᠮᠥᠨ ᠣᠯᠢᠮᠫᠢᠺ ᠤᠨ ᠬᠦᠷᠡᠯ ᠮᠧᠳᠠᠯ ᠳᠤ ᠬᠠᠰᠢᠪᠠᠭᠠᠲᠤᠷ ᠤᠨ ᠴᠠᠭᠠᠨᠪᠠᠭᠠᠲᠤᠷ ᠨᠢ ᠮᠣᠩᠭᠣᠯ ᠠᠴᠠ ᠲᠦᠷᠦᠭᠰᠡᠨ ᠵᠢᠦ᠋ᠳᠣ᠋ ᠍ ᠶᠢᠨ ᠠᠩᠬᠠᠨ ᠤ ᠳᠡᠯᠡᠬᠡᠢ ᠶᠢᠨ ᠠᠪᠤᠷᠭᠤ ᠶᠤᠮ᠃

ᠪᠤᠤᠳᠠᠯᠭ᠎ᠠ ᠶᠢᠨ ᠲᠥᠷᠥᠯ ᠳᠦ ᠮᠣᠩᠭᠣᠯ ᠡᠮᠡᠭᠲᠡᠶᠢᠴᠦᠳ ᠠᠮᠵᠢᠯᠲᠠ ᠦᠵᠡᠭᠦᠯᠬᠦ ᠪᠣᠯᠤᠭᠰᠠᠨ᠃ ᠳᠣᠷᠵᠢᠰᠦ᠋ᠷᠦᠩ ᠦᠨ ᠮᠥᠩᠬᠡᠪᠠᠶᠠᠷ ᠨᠢ ᠬᠣᠶᠠᠷ ᠤᠳᠠᠭ᠎ᠠ ᠶᠢᠨ ᠳᠡᠯᠡᠬᠡᠢ ᠶᠢᠨ ᠠᠪᠤᠷᠭᠤ᠂ ᠣᠯᠢᠮᠫᠢᠺ ᠤᠨ ᠬᠦᠷᠡᠯ ᠮᠧᠳᠠᠯ ᠳᠤ (ᠣᠳᠣ ᠭᠧᠷᠮᠠᠨᠢ ᠢᠷᠭᠡᠨ ᠪᠣᠯᠤᠭᠰᠠᠨ) ᠲᠠᠮᠢᠷᠴᠢᠨ ᠪᠥᠭᠡᠳ ᠣᠲᠷᠢᠶᠠᠳ᠋ ᠍ ᠤᠨ ᠭᠦᠨᠳᠡᠭᠮᠠ ᠨᠢ ᠣᠯᠢᠮᠫᠢᠺ ᠤᠨ ᠮᠥᠩᠭᠥᠨ ᠮᠧᠳᠠᠯ ᠲᠠᠢ᠃

ᠰᠣᠨᠢᠷᠬᠠᠭᠴᠢᠳ ᠤᠨ ᠪᠣᠺᠰ ᠍ ᠤᠨ ᠲᠥᠷᠥᠯ ᠳᠦ ᠰᠡᠭᠦᠯ ᠦᠨ ᠦᠶ᠎ᠡ ᠳᠦ ᠶᠡᠬᠡᠬᠡᠨ ᠠᠮᠵᠢᠯᠲᠠ ᠭᠠᠷᠭᠠᠵᠤ ᠪᠠᠶᠢᠨ᠎ᠠ᠃ ᠪᠡᠭᠡᠵᠢᠩ ᠦᠨ ᠣᠯᠢᠮᠫᠣᠳ 4 ᠪᠣᠺᠰᠴᠢᠨ ᠣᠷᠣᠯᠴᠠᠭᠰᠠᠨ ᠠᠴᠠ ᠡᠩᠬᠡᠪᠠᠲᠤ ᠶᠢᠨ ᠪᠠᠳᠠᠷ᠎ᠠ-ᠤᠤᠭᠠᠨ ᠠᠯᠲᠠ᠂ ᠫᠦᠷᠪᠦᠳᠣᠷᠵᠢ ᠶᠢᠨ ᠰᠡᠷᠳᠠᠮᠪᠠ ᠮᠥᠩᠭᠥᠨ ᠮᠧᠳᠠᠯ ᠠᠪᠤᠭᠰᠠᠨ᠃ ᠫ᠃ᠰᠡᠷᠳᠠᠮᠪᠠ 2009 ᠣᠨ ᠳᠤ ᠮᠣᠩᠭᠣᠯ ᠤᠨ ᠲᠠᠮᠢᠷᠴᠢᠳ ᠠᠴᠠ ᠠᠩᠬ᠎ᠠ ᠤᠳᠠᠭ᠎ᠠ ᠳᠡᠯᠡᠬᠡᠢ ᠶᠢᠨ ᠠᠪᠤᠷᠭᠤ ᠪᠣᠯᠤᠭᠰᠠᠨ᠃

ᠪᠠᠶᠢᠲᠤ ᠬᠠᠷᠪᠤᠭᠠᠨ ᠤ ᠲᠥᠷᠥᠯ ᠳᠦ ᠪᠡᠭᠡᠵᠢᠩ ᠦᠨ ᠫᠠᠷᠠᠯᠢᠮᠫᠠ ᠠᠴᠠ ᠳᠠᠮᠪᠠᠳᠣᠨᠳᠣᠭᠣ ᠶᠢᠨ ᠪᠠᠭᠠᠲᠤᠷᠵᠠᠪ ᠠᠯᠲᠠᠨ ᠮᠧᠳᠠᠯ ᠠᠪᠤᠭᠰᠠᠨ᠃

ᠬᠥᠯ ᠪᠥᠮᠪᠥᠭᠡ ᠨᠢ ᠵᠠᠯᠠᠭᠤᠴᠤᠳ᠂ ᠬᠡᠦᠬᠡᠳ ᠦᠳ ᠦᠨ ᠳᠤᠮᠳᠠ ᠲᠦᠭᠡᠮᠡᠯ ᠪᠣᠯᠤᠭᠰᠠᠨ᠃ 1990 ᠍ ᠊ᠭᠡᠳ ᠣᠨ ᠠᠴᠠ ᠮᠣᠩᠭᠣᠯ ᠤᠨ ᠬᠥᠯᠪᠥᠮᠪᠥᠭᠡ ᠶᠢᠨ ᠰᠢᠭᠰᠢᠭᠡ ᠨᠢ ᠳᠠᠬᠢᠨ ᠲᠣᠭᠯᠠᠬᠤ ᠪᠣᠯᠤᠭᠰᠠᠨ ᠪᠣᠯᠪᠠᠴᠤ ᠲᠣᠮᠣ ᠬᠡᠮᠵᠢᠶᠡᠨ ᠦ ᠲᠡᠮᠡᠴᠡᠭᠡᠨ ᠳᠦ ᠣᠷᠣᠵᠤ ᠴᠢᠳᠠᠭ᠎ᠠ ᠦᠭᠡᠢ ᠯᠠ ᠪᠠᠶᠢᠨ᠎ᠠ᠃

2012 ᠣᠨ ᠤ ᠵᠤᠨ ᠤ ᠣᠯᠢᠮᠫᠢᠺ ᠠᠴᠠ ᠮᠣᠩᠭᠣᠯ ᠤᠯᠤᠰ ᠠᠯᠲᠠᠨ ᠮᠧᠳᠠᠯ ᠠᠪᠴᠤ ᠴᠢᠳᠠᠭ᠎ᠠ ᠦᠭᠡᠢ ᠴᠤ ᠲᠡᠦᠬᠡᠨ ᠳᠦ ᠪᠡᠨ ᠬᠠᠮᠤᠭ ᠤᠨ ᠣᠯᠠᠨ ᠪᠤᠶᠤ 5 ᠮᠧᠳᠠᠯ ᠬᠦᠷᠲᠡᠵᠡᠢ᠃

ᠨᠡᠮᠡᠵᠦ ᠤᠩᠰᠢᠬᠤ[ᠵᠠᠰᠠᠪᠤᠷᠢᠯᠠᠬᠤ | ᠺᠣᠳ᠋ ᠢᠶᠠᠷ ᠵᠠᠰᠠᠬᠣ]

ᠯᠠᠪᠠᠯᠠᠬᠤ ᠪᠢᠴᠢᠭ[ᠵᠠᠰᠠᠪᠤᠷᠢᠯᠠᠬᠤ | ᠺᠣᠳ᠋ ᠢᠶᠠᠷ ᠵᠠᠰᠠᠬᠣ]

  1. ᠲᠥᠷᠥ ᠶᠢᠨ ᠠᠯᠪᠠᠨ ᠶᠣᠰᠣᠨ ᠤ ᠬᠡᠯᠡᠨ ᠦ ᠲᠤᠬᠠᠢ. ᠮᠣᠩᠭᠣᠯ ᠤᠯᠤᠰ ᠤᠨ ᠬᠠᠤᠯᠢ᠃ legalinfo.mn.
  2. Official landuse balanse data (2007)ᠵᠠᠭᠪᠤᠷ:Dead link
  3. ᠦᠨᠳᠦᠰᠦᠨ ᠦ ᠪᠦᠷᠢᠳᠭᠡᠯ ᠤᠨ ᠭᠠᠵᠠᠷ ᠤᠨ ᠴᠠᠬᠢᠮ ᠬᠠᠭᠤᠳᠠᠰᠤ᠃ 2015-1-28 ᠍ ᠤ ᠡᠳᠦᠷᠡᠢ ᠲᠣᠭᠠᠴᠠᠭ᠎ᠠ᠃
  4. 4.0 4.1 4.2 ᠮᠣᠩᠭᠣᠯ ᠤᠯᠤᠰ ᠤᠨ ᠬᠦᠮᠦᠨ ᠠᠮᠠ ᠶᠢᠨ 2010 ᠣᠨ ᠤ ᠤᠯᠤᠰ ᠤᠨ ᠲᠣᠭᠠᠯᠠᠯᠭ᠎ᠠ ᠶᠢᠨ ᠳᠦᠩ (ᠠᠶᠢᠮᠠᠭ᠂ ᠨᠡᠶᠢᠰᠯᠡᠯ ᠢᠶᠡᠷ)
  5. 5.0 5.1 5.2 5.3 Mongolia. International Monetary Fund. 2012-04-19 ᠍ ᠳᠦ ᠬᠠᠨᠳᠤᠭᠰᠠᠨ᠃
  6. Gini Index. World Bank. 2 March 2011 ᠍ ᠳᠦ ᠬᠠᠨᠳᠤᠭᠰᠠᠨ᠃
  7. International Human Development Indicators - UNDP. Hdrstats.undp.org. 2013-09-14 ᠍ ᠳᠦ ᠬᠠᠨᠳᠤᠭᠰᠠᠨ᠃
  8. http://www.hostkingdom.net/earthrul.html
  9. President George W. Bush Visits Mongolia. US embassy in Mongolia, 2005.
  10. ᠠᠮᠧᠷᠢᠺᠠ ᠶᠢᠨ ᠨᠢᠭᠡᠳᠦᠭᠰᠡᠨ ᠤᠯᠤᠰ ᠤᠨ ТТГ ᠍ ᠶᠢᠨ ᠳᠡᠯᠡᠬᠡᠢ ᠶᠢᠨ ᠮᠡᠳᠡᠭᠡᠯᠡᠯ ᠦᠨ ᠨᠣᠮ (CIA World Factbook) countries by area
  11. Republic of Mongolia (2004). 2008-02-10 ᠍ ᠳᠦ ᠬᠠᠨᠳᠤᠭᠰᠠᠨ᠃
  12. 12.0 12.1 МОНГОЛ УЛСЫН ҮНДСЭН ХУУЛЬ. ᠳᠥᠷᠪᠡᠳᠦᠭᠡᠷ ᠪᠦᠯᠦᠭ᠃ ᠮᠣᠩᠭᠣᠯ ᠤᠯᠤᠰ ᠤᠨ ᠵᠠᠰᠠᠭ ᠵᠠᠬᠢᠷᠭ᠎ᠠ᠂ ᠨᠤᠲᠤᠭ ᠳᠡᠪᠢᠰᠬᠡᠷ ᠦᠨ ᠨᠢᠭᠡᠴᠡ᠂ ᠲᠡᠭᠦᠨ ᠦ ᠤᠳᠤᠷᠢᠳᠤᠯᠭ᠎ᠠ᠃
  13. ᠨᠡᠶᠢᠰᠯᠡᠯ ᠦᠨ ᠪᠦᠷᠢᠳᠭᠡᠯ ᠤᠨ ᠭᠠᠵᠠᠷ᠃ᠨᠡᠶᠢᠰᠯᠡᠯ ᠦᠨ ᠬᠣᠷᠢᠶ᠎ᠠ - 2012 ᠣᠨ.
  14. ᠮᠣᠩᠭᠣᠯ ᠤᠯᠤᠰ ᠤᠨ ᠦᠨᠳᠦᠰᠦᠨ ᠦ ᠪᠦᠷᠢᠳᠭᠡᠯ ᠤᠨ ᠬᠣᠷᠢᠶ᠎ᠠ᠃ ᠰᠲ᠋ᠠᠲ᠋ᠢᠰᠲ᠋ᠢᠭ ᠤᠨ ᠪᠦᠯᠯᠦᠲ᠋ᠧᠨᠢ᠃ 2011-12
  15. ᠮᠣᠩᠭᠣᠯ ᠤᠯᠤᠰ ᠤᠨ ᠶᠡᠬᠡ ᠬᠤᠷᠠᠯ ᠤᠨ 2001 ᠣᠨ ᠤ 57 ᠳ᠋ᠤᠭᠠᠷ ᠲᠣᠭᠲᠠᠭᠠᠯ ᠤᠨ ᠬᠠᠪᠰᠤᠷᠤᠯᠲᠠ᠃ МОНГОЛ УЛСЫН БҮСЧИЛСЭН ХӨГЖЛИЙН ҮЗЭЛ БАРИМТЛАЛ
  16. CIA World Factbook: Mongolia
  17. Statistical Yearbook of Mongolia 2006, National Statistical Office, Ulaanbaatar, 2007
  18. Morris Rossabi, Beijing's growing politico-economic leverage over Ulaanbaatar, The Jamestown Foundation, 2005-05-05, (retrieved 2007-05-29)
  19. Jeffs, Luke. "Mongolia earns a sporting chance with fledgling operation", Dow Jones Financial News Online, 2007-02-12. 2007-09-11 ᠍ ᠳᠦ ᠠᠪᠤᠭᠰᠠᠨ᠃ 
  20. Cheng, Patricia. "Mongolian bourse seeks foreign investment", International Herald-Tribune, 2006-09-19. 2007-09-11 ᠍ ᠳᠦ ᠠᠪᠤᠭᠰᠠᠨ᠃ Archived from the original on 2007-04-20. 
  21. U.S. Census Bureau International Data Base
  22. World Population Prospects The 2006 Revision Highlights
  23. World Population Prospects The 2006 Revision Highlights
  24. Han, Jae-hyuck. "Today in Mongolia: Everyone can speak a few words of Korean", Office of the President, Republic of Korea, 2006-05-05. 2007-08-17 ᠍ ᠳᠦ ᠠᠪᠤᠭᠰᠠᠨ᠃ 
  25. Olloo.mn(Mongolian)
  26. http://mirror.undp.org/Mongolia/publications/NHDR-2007-Eng.pdf UNDP Mongolia National Human Development Report
  27. U.S. Census Bureau International Data Base
  28. World Population Prospects The 2006 Revision Highlights
  29. U.S. Census Bureau International Data Base
  30. World Population Prospects The 2006 Revision Highlights
  31. National Ministry of Health Yearbook 2006
  32. UNICEF - At a glance: Mongolia
  33. UBPost: Child Mortality Rate Has Decreased, UNICEF Says
  34. НИЙТЭЭР ТЭМДЭГЛЭХ БАЯРЫН БОЛОН ТЭМДЭГЛЭЛТ ӨДРҮҮДИЙН ТУХАЙ. ᠡᠷᠬᠡ ᠵᠦᠢ ᠶᠢᠨ ᠮᠡᠳᠡᠭᠡᠯᠡᠯ ᠦᠨ ᠨᠢᠭᠡᠳᠦᠭᠰᠡᠨ ᠰᠢᠰᠲ᠋ᠧᠮ᠃.
  35. Mark Bixler (2008-08-15). Mongolia wins first-ever gold medal. CNN.com/world sport.

ᠬᠡᠲᠦ ᠳᠦ ᠪᠡᠨ ᠤᠩᠰᠢᠬᠤ[ᠵᠠᠰᠠᠪᠤᠷᠢᠯᠠᠬᠤ | ᠺᠣᠳ᠋ ᠢᠶᠠᠷ ᠵᠠᠰᠠᠬᠣ]

  • Mongolia᠂ ᠪᠷᠢᠲ᠋ᠠᠨᠢᠺᠠ ᠨᠡᠪᠲᠡᠷᠬᠡᠢ ᠲᠣᠯᠢ (ᠠᠩᠭᠯᠢ ᠬᠡᠯᠡ ᠪᠡᠷ)
  • ᠠᠮᠧᠷᠢᠺᠠ ᠶᠢᠨ ᠨᠢᠭᠡᠳᠦᠭᠰᠡᠨ ᠤᠯᠤᠰ ᠤᠨ ТТГ ᠍ ᠶᠢᠨ ᠳᠡᠯᠡᠬᠡᠢ ᠶᠢᠨ ᠮᠡᠳᠡᠭᠡᠯᠡᠯ ᠦᠨ ᠨᠣᠮ (ᠠᠩᠭᠯᠢ ᠬᠡᠯᠡ ᠪᠡᠷ)
  • ᠮᠣᠩᠭᠣᠯ ᠤᠯᠤᠰ ᠤᠨ ᠲᠤᠬᠠᠢ᠂ ᠠᠮᠧᠷᠢᠺᠠ ᠶᠢᠨ ᠨᠢᠭᠡᠳᠦᠭᠰᠡᠨ ᠤᠯᠤᠰ ᠤᠨ ᠲᠥᠷᠥ ᠶᠢᠨ ᠳ᠋ᠧᠫᠠᠲ᠋ᠮᠧᠨᠲ (ᠠᠩᠭᠯᠢ ᠬᠡᠯᠡ ᠪᠡᠷ)
  • ᠡᠨᠡᠬᠦ ᠥᠭᠦᠯᠡᠯ ᠳᠦ ᠺᠣᠩᠷᠧᠰᠰ ᠤᠨ ᠨᠣᠮ ᠤᠨ ᠰᠠᠩ ᠤᠨ ᠤᠯᠤᠰ ᠤᠳ ᠤᠨ ᠰᠤᠳᠤᠯᠭᠠᠨ ᠠᠴᠠ ᠮᠠᠲ᠋ᠧᠷᠢᠶᠠᠯ ᠠᠪᠤᠭᠰᠠᠨ᠃ ᠡᠨᠡ ᠨᠢ ᠠᠮᠧᠷᠢᠺᠠ ᠶᠢᠨ ᠨᠢᠭᠡᠳᠦᠭᠰᠡᠨ ᠤᠯᠤᠰ ᠤᠨ ᠵᠠᠰᠠᠭ ᠤᠨ ᠭᠠᠵᠠᠷ ᠤᠨ ᠪᠦᠲᠦᠭᠡᠯ ᠲᠤᠯᠠ ᠨᠡᠶᠢᠲᠡ ᠳᠦ ᠥᠮᠴᠢᠯᠡᠭᠳᠡᠭᠰᠡᠨ᠃
  • "HISTORIA MONGALORUM" Fra Giovanni da Pian del Carpini, 1245-1247, "ᠮᠣᠩᠭᠣᠯᠴᠤᠳ ᠤᠨ ᠲᠡᠦᠬᠡ" ᠫᠯᠠᠨ᠎ᠠ ᠺᠠᠷᠫᠢᠨᠢ᠂ ᠢᠲ᠋ᠠᠯᠢ ᠬᠡᠯᠡᠨ ᠡᠴᠡ ᠣᠷᠴᠢᠭᠤᠯᠤᠭᠰᠠᠨ ᠯᠠ᠃ᠨᠢᠮ᠎ᠠ ᠪᠠᠨ᠂ 2006᠂ ISBN 99929-2-214-1

ᠭᠠᠳᠠᠨ᠎ᠠ ᠶᠢᠨ ᠬᠣᠯᠪᠣᠭᠠᠰᠤ[ᠵᠠᠰᠠᠪᠤᠷᠢᠯᠠᠬᠤ | ᠺᠣᠳ᠋ ᠢᠶᠠᠷ ᠵᠠᠰᠠᠬᠣ]

ᠸᠢᠭᠮᠧᠳᠢᠶᠠ ᠵᠢᠷᠤᠭ ᠤᠨ ᠰᠠᠩ:
«ᠮᠣᠩᠭᠣᠯ ᠤᠯᠤᠰ»

ᠪᠢᠴᠢᠭᠡᠰᠦ