ᠮᠣᠩᠭᠣᠯ ᠤᠨ ᠰᠢᠲᠠᠷ᠎ᠠ ᠶᠢᠨ ᠬᠣᠯᠪᠣᠭ᠎ᠠ

ᠴᠢᠯᠦᠭᠡᠲᠦ ᠨᠡᠪᠲᠡᠷᠬᠡᠢ ᠲᠣᠯᠢ — ᠸᠢᠺᠢᠫᠧᠳᠢᠶ᠎ᠠ ᠠᠴᠠ
ᠬᠠᠷᠠᠶᠢᠬᠤ: ᠤᠳᠤᠷᠢᠳᠬᠤ, ᠬᠠᠶᠢᠯᠲᠠ

ᠮᠣᠩᠭᠣᠯ ᠤᠨ ᠰᠢᠲᠠᠷ᠎ᠠ ᠶᠢᠨ ᠬᠣᠯᠪᠣᠭ᠎ᠠ ᠳᠡᠯᠡᠬᠡᠢ ᠶᠢᠨ ᠰᠢᠲᠠᠷ᠎ᠠ ᠶᠢᠨ ᠬᠣᠯᠪᠣᠭ᠎ᠠᠨᠳ 1955 ᠣᠨ ᠤ ᠠᠷᠪᠠᠳᠤᠭᠠᠷ ᠰᠠᠷ᠎ᠠ ᠶᠢᠨ 8 ᠍ ᠍ ᠍ ᠳᠦ ᠡᠯᠰᠡᠭᠰᠡᠨ᠃ ᠡᠪᠦᠭᠡ ᠳᠡᠭᠡᠳᠦᠰ ᠡᠴᠡ ᠤᠯᠠᠮᠵᠢᠯᠠᠭᠳᠠᠨ ᠢᠷᠡᠭᠰᠡᠨ ᠮᠣᠩᠭᠣᠯ ᠰᠢᠲᠠᠷ᠎ᠠ ᠶᠢᠨ ᠰᠠᠭᠤᠷᠢ ᠳᠡᠭᠡᠷ᠎ᠡ 1930 ᠍ ᠍ ᠍ ᠊ᠭᠠᠳ ᠣᠨ ᠤ ᠳᠤᠮᠳᠠ ᠦᠶᠡᠰ ᠮᠠᠨ ᠤ ᠣᠷᠣᠨ ᠳᠤ ᠣᠷᠴᠢᠨ ᠦᠶ᠎ᠡ ᠶᠢᠨ ᠰᠢᠲᠠᠷ᠎ᠠ ᠳᠡᠯᠭᠡᠷᠡᠨ ᠬᠥᠭᠵᠢᠵᠦ ᠡᠬᠢᠯᠡᠭᠰᠡᠨ ᠪᠥᠭᠡᠳ 1956 ᠣᠨ ᠳᠤ ᠮᠣᠰᠺᠸᠠ ᠬᠣᠲᠣᠩ ᠢᠶᠠᠨ ᠵᠣᠬᠢᠶᠠᠭᠳᠠᠭᠰᠠᠨ ᠳᠡᠯᠡᠬᠡᠢ ᠶᠢᠨ ᠰᠢᠲᠠᠷ᠎ᠠ ᠶᠢᠨ 12 ᠍ ᠍ ᠍ ᠳᠦᠭᠡᠷ ᠣᠯᠢᠮᠫᠢᠶᠠᠳ᠋ ᠍ ᠍ ᠍ ᠲᠤ ᠮᠣᠩᠭᠣᠯ ᠤᠨ ᠪᠠᠭ ᠠᠩᠬ᠎ᠠ ᠣᠷᠣᠯᠴᠠᠭᠰᠠᠨ ᠠᠴᠠ ᠬᠣᠶᠢᠰᠢᠬᠢ ᠬᠤᠭᠤᠴᠠᠭᠠᠨ ᠳᠤ ᠬᠥᠭᠵᠢᠯ ᠦᠨ ᠲᠦᠪᠰᠢᠨ ᠨᠢ ᠡᠷᠡᠰ ᠳᠡᠭᠡᠭᠰᠢᠯᠡᠭᠰᠡᠨ ᠶᠤᠮ᠃

ᠳᠡᠯᠡᠬᠡᠢ ᠶᠢᠨ ᠰᠢᠲᠠᠷ᠎ᠠ ᠶᠢᠨ ᠣᠯᠢᠮᠫᠢᠶᠠᠳ᠋ ᠍ ᠍ ᠍ ᠲᠤ ᠪᠠᠭ᠎ᠠ ᠪᠠᠷ ᠢᠶᠠᠨ 21 ᠤᠳᠠᠭ᠎ᠠ ᠣᠷᠣᠯᠴᠠᠨ ᠰᠢᠷᠡᠭᠡᠨ ᠦ ᠳᠦᠩᠭᠡ ᠪᠡᠷ 1960 ᠣᠨ ᠳᠤ ᠯᠠ᠃ᠮᠢᠭᠮᠠᠷᠰᠦ᠋ᠷᠦᠩ ᠠᠯᠲᠠ᠂ 1964, 1970 ᠣᠨ ᠨᠤᠭᠤᠳ ᠲᠤ ᠲ᠃Yᠢ ᠳᠦᠮᠡᠨ ᠮᠥᠩᠭᠥ᠂ ᠽ᠃ᠪᠢᠮᠪᠠ ᠪᠠᠨ 2002 ᠣᠨ ᠳᠤ ᠮᠥᠩᠭᠥ᠂ 2000 ᠣᠨ ᠳᠤ ᠬᠦᠷᠡᠯ᠂ 2004 ᠣᠨ ᠳᠤ ᠪ᠃ᠬᠠᠲᠠᠨᠪᠠᠭᠠᠲᠤᠷ᠂ ᠲ᠃ᠪᠠᠲᠤᠴᠡᠴᠡᠭ ᠨᠠᠷ ᠬᠦᠷᠡᠯ ᠮᠧᠳᠠᠯ ᠢᠶᠠᠷ ᠡᠩᠭᠡᠷ ᠢᠶᠡᠨ ᠮᠢᠯᠢᠶᠠᠵᠤ ᠡᠷᠡᠭᠲᠡᠶᠢᠴᠦᠳ 1970 ᠣᠨ ᠳᠤ 60 ᠣᠷᠣᠨ ᠠᠴᠠ 16 ᠍ ᠍ ᠍ ᠳᠦᠭᠡᠷ᠂ ᠡᠮᠡᠭᠲᠡᠶᠢᠴᠦᠳ 1990 ᠣᠨ ᠳᠤ 46 ᠣᠷᠣᠨ ᠠᠴᠠ 12 ᠍ ᠍ ᠍ ᠳᠦᠭᠡᠷ ᠪᠠᠶᠢᠷᠢ ᠳᠤ ᠰᠢᠯᠭᠠᠷᠠᠨ ᠪᠠᠭ ᠤᠨ ᠳᠡᠭᠡᠳᠦ ᠠᠮᠵᠢᠯᠲᠠ ᠶᠢ ᠲᠣᠭᠲᠠᠭᠠᠭᠰᠠᠨ ᠶᠤᠮ᠃

ᠠᠽᠢᠶ᠎ᠠ ᠶᠢᠨ ᠪᠥᠰᠡ ᠶᠢᠨ ᠠᠪᠤᠷᠭᠤ ᠰᠢᠯᠭᠠᠷᠠᠭᠤᠯᠬᠤ ᠲᠡᠮᠡᠴᠡᠭᠡᠨ ᠳᠦ 4 ᠤᠳᠠᠭ᠎ᠠ /ᠯᠠ᠃ᠮᠢᠭᠮᠠᠷᠰᠦ᠋ᠷᠦᠩ-1966, ᠲ᠃Yᠢ ᠳᠦᠮᠡᠨ-1969, ᠰ᠃ᠬᠠᠨᠳᠠᠰᠦ᠋ᠷᠦᠩ-1972, ᠴ᠃ᠪᠠᠲᠤᠴᠡᠴᠡᠭ-1990 ᠨᠠᠷ ᠲᠤᠰ ᠪᠦᠷᠢ ᠨᠢᠭᠡ/ ᠲᠦᠷᠦᠭᠦᠯᠡᠨ ДАШ ᠪᠥᠰᠡ ᠬᠣᠭᠣᠷᠣᠨᠳᠣ ᠶᠢᠨ ᠲᠡᠮᠡᠴᠡᠭᠡᠨ ᠳᠦ ᠰᠢᠯᠭᠠᠷᠠᠭᠰᠠᠨ᠃ ᠠᠽᠢᠶ᠎ᠠ ᠶᠢᠨ ᠪᠥᠰᠡ ᠶᠢᠨ ᠠᠪᠤᠷᠭᠤ ᠰᠢᠯᠭᠠᠷᠠᠭᠤᠯᠬᠤ ᠲᠡᠮᠡᠴᠡᠭᠡᠨ ᠡᠴᠡ 1999 ᠣᠨ ᠳᠤ ᠳ᠃ᠰᠢᠷᠠᠪᠦᠳᠣᠷᠵᠢ ᠬᠦᠷᠡᠯ᠂ 2003 ᠣᠨ ᠳᠤ ᠪ᠃ᠮᠥᠩᠭᠥᠨᠲᠠᠭᠤᠯ ᠮᠥᠩᠭᠥᠨ ᠮᠧᠳᠠᠯ ᠬᠦᠷᠢᠲᠦᠵᠦ ᠪᠠᠭ ᠤᠨ ᠠᠪᠤᠷᠭᠤ ᠰᠢᠯᠭᠠᠷᠠᠭᠤᠯᠬᠤ ᠲᠡᠮᠡᠴᠡᠭᠡᠨ ᠳᠦ /1995/ ᠪ᠃ᠬᠠᠲᠠᠨᠪᠠᠭᠠᠲᠤᠷ ᠰᠢᠷᠡᠭᠡᠨ ᠳᠦ ᠪᠡᠨ ᠲᠦᠷᠦᠭᠦᠯᠡᠵᠡᠢ᠃

ᠣᠶᠤᠲᠠᠨ ᠤ ᠳᠡᠯᠡᠬᠡᠢ ᠶᠢᠨ ᠠᠪᠤᠷᠭᠤ ᠰᠢᠯᠭᠠᠷᠠᠭᠤᠯᠬᠤ ᠲᠡᠮᠡᠴᠡᠭᠡᠨ ᠡᠴᠡ 1994 ᠣᠨ ᠳᠤ ᠴ᠃ᠪᠠᠲᠤᠴᠡᠴᠡᠭ ᠮᠥᠩᠭᠥ᠂ 2002 ᠣᠨ ᠳᠤ ᠪ᠃ᠠᠩᠬᠡᠴᠢᠮᠡᠭ ᠬᠦᠷᠡᠯ᠂ ᠪᠠᠭ ᠤᠨ ᠳᠦᠩᠭᠡ ᠪᠡᠷ 2 ᠤᠳᠠᠭ᠎ᠠ /2000, 2002/ ᠬᠦᠷᠡᠯ ᠮᠧᠳᠠᠯ ᠬᠦᠷᠢᠲᠦᠵᠡᠢ᠃

ᠥᠰᠪᠦᠷᠢ ᠶᠢᠨ ᠰᠢᠲᠠᠷᠠᠴᠢᠳ ᠤᠨ ᠳᠡᠯᠡᠬᠡᠢ ᠶᠢᠨ ᠠᠪᠤᠷᠭᠤ ᠰᠢᠯᠭᠠᠷᠠᠭᠤᠯᠬᠤ ᠲᠡᠮᠡᠴᠡᠭᠡᠨ ᠡᠴᠡ ᠪ᠃ᠮᠥᠩᠭᠥᠨᠲᠠᠭᠤᠯ 2005 ᠣᠨ ᠳᠤ ᠮᠥᠩᠭᠥ᠂ 2001 ᠣᠨ ᠳᠤ ᠬᠦᠷᠡᠯ ᠮᠧᠳᠠᠯ ᠬᠦᠷᠢᠲᠦᠪᠡ᠃

ᠠᠽᠢᠶ᠎ᠠ ᠲᠢᠪ ᠦᠨ ᠵᠠᠯᠠᠭᠤᠴᠤᠳ ᠤᠨ ᠠᠪᠤᠷᠭᠤ ᠰᠢᠯᠭᠠᠷᠠᠭᠤᠯᠬᠤ ᠲᠡᠮᠡᠴᠡᠭᠡᠨ ᠡᠴᠡ 1992 ᠣᠨ ᠳᠤ ᠪ᠃ᠬᠠᠲᠠᠨᠪᠠᠭᠠᠲᠤᠷ ᠠᠯᠲᠠ᠂ ᠥᠰᠪᠦᠷᠢ ᠶᠢᠨ ᠰᠢᠲᠠᠷᠠᠴᠢᠳ ᠤᠨ ᠲᠢᠪ ᠦᠨ ᠠᠪᠤᠷᠭᠤ ᠰᠢᠯᠭᠠᠷᠠᠭᠤᠯᠬᠤ ᠲᠡᠮᠡᠴᠡᠭᠡᠨ ᠡᠴᠡ 1998 ᠣᠨ ᠳᠤ ᠭ᠃ᠡᠷᠳᠡᠨᠢ ᠠᠯᠲᠠ᠂ 2004 ᠣᠨ ᠳᠤ ᠲ᠃ᠬᠠᠯᠢᠭᠤᠨ ᠬᠦᠷᠡᠯ ᠮᠧᠳᠠᠯ ᠲᠤᠰ ᠲᠤᠰ ᠬᠦᠷᠲᠡᠵᠡᠭᠡᠵᠢ ᠪᠡᠨ᠃

ᠳᠡᠯᠡᠬᠡᠢ ᠶᠢᠨ ᠪᠠᠭ ᠤᠨ ᠠᠪᠤᠷᠭᠤ ᠰᠢᠯᠭᠠᠷᠠᠭᠤᠯᠬᠤ ᠰᠢᠲᠠᠷ᠎ᠠ ᠶᠢᠨ ᠪᠣᠳᠣᠯᠭ᠎ᠠ ᠵᠣᠬᠢᠶᠠᠮᠵᠢ ᠶᠢᠨ ᠠᠩᠬᠠᠳᠤᠭᠠᠷ ᠲᠡᠮᠡᠴᠡᠭᠡᠨ ᠦ /1975/ ᠬᠠᠮᠵᠢᠶ᠎ᠠ ᠮᠠᠳ ᠤᠨ ᠲᠥᠷᠥᠯ ᠳᠦ ᠰ᠃ᠴᠢᠮᠡᠳᠰᠡᠷᠡᠩ 2 ᠍ ᠍ ᠍ ᠳᠦᠭᠡᠷ ᠪᠠᠶᠢᠷᠢ ᠳᠤ ᠰᠢᠯᠭᠠᠷᠴᠢ ᠪᠠᠶᠢᠪᠠ᠃

ᠡᠨᠡ ᠬᠤᠭᠤᠴᠠᠭᠠᠨ ᠳᠤ ИМ ᠴᠣᠯᠠᠲᠠᠨ- 4, ᠣᠯᠠᠨ ᠤᠯᠤᠰ ᠤᠨ ᠮᠠᠰᠲ᠋ᠸᠷ-9, ᠣᠯᠠᠨ ᠤᠯᠤᠰ ᠤᠨ ᠰᠢᠲᠠᠷ᠎ᠠ ᠶᠢᠨ ᠬᠣᠯᠪᠣᠭᠠᠨ ᠤ ᠮᠠᠰᠲ᠋ᠸᠷ-17, СМ - ᠨᠢᠭᠡ ᠵᠤᠤ ᠣᠷᠴᠢᠮ᠂ ДМ - ᠬᠡᠳᠦᠨ ᠵᠤᠭ᠎ᠠ ᠪᠠᠷ ᠢᠶᠠᠨ᠂ ᠰᠢᠲᠠᠷ᠎ᠠ ᠶᠢᠨ ᠪᠣᠳᠣᠯᠭ᠎ᠠ ᠵᠣᠬᠢᠶᠠᠮᠵᠢ ᠪᠠᠷ ᠣᠯᠠᠨ ᠤᠯᠤᠰ ᠤᠨ ᠬᠡᠮᠵᠢᠶᠡᠨ ᠦ ᠮᠠᠰᠲ᠋ᠸᠷ-2, СМ ᠪᠠ ДМ-6, ᠰᠢᠲᠠᠷ᠎ᠠ ᠶᠢᠨ ᠣᠯᠠᠨ ᠤᠯᠤᠰ ᠤᠨ ᠰᠢᠭᠦᠭᠴᠢ-5, ᠤᠯᠤᠰ ᠤᠨ ᠰᠢᠭᠦᠭᠴᠢ 30 ᠰᠢᠬᠠᠮ ᠲᠦᠷᠦᠭᠰᠡᠨ ᠪᠠᠶᠢᠨ᠎ᠠ᠃

ᠮᠣᠩᠭᠣᠯ ᠤᠨ ᠰᠢᠲᠠᠷ᠎ᠠ ᠶᠢᠨ ᠣᠯᠠᠨ ᠤᠯᠤᠰ ᠤᠨ ᠵᠢᠳᠬᠦᠯᠲᠡᠨ ᠨᠦᠭᠦᠳ:

ᠴ᠃ᠨᠠᠮᠰᠠᠷᠠᠢ᠂ᠨ᠃ᠨᠠᠮᠵᠢᠯ᠂ᠪ᠃ᠵᠠᠮᠰᠠᠷᠠᠨ (ᠮᠥᠨ ᠳᠡᠯᠡᠬᠡᠢ ᠶᠢᠨ ᠰᠢᠲᠠᠷ᠎ᠠ ᠶᠢᠨ ᠬᠣᠯᠪᠣᠭ᠎ᠠ ᠤ ᠭᠦᠢᠴᠡᠳᠭᠡᠬᠦ ᠵᠥᠪᠯᠡᠯ ᠦᠨ /ᠭᠦᠢᠴᠡᠳᠭᠡᠬᠦ ᠵᠠᠬᠢᠷᠭ᠎ᠠ/ ᠭᠡᠰᠢᠭᠦᠨ ᠦ) ᠨᠠᠷ ᠠᠽᠢᠶ᠎ᠠ ᠶᠢᠨ ᠪᠥᠰᠡ ᠶᠢᠨ ᠶᠡᠷᠦᠩᠬᠡᠶᠢᠯᠡᠭᠴᠢ ᠶᠢᠨ᠂ ᠵ᠃ᠪᠠᠳᠢᠷᠴᠢ᠂ ᠨ᠃ᠨᠠᠮᠵᠢᠯ᠂ ᠴ᠃ᠨᠠᠮᠰᠠᠷᠠᠢ᠂ ᠪ᠃ᠵᠠᠮᠰᠠᠷᠠᠨ᠂ ᠣ᠃ᠮᠠᠰᠢ-ᠡᠷᠳᠡᠨᠢ᠂ ᠽ᠃ᠰᠠᠷᠠᠯ᠂ ᠵ᠃ᡀᠠᠭᠪᠠ᠂ ᠭ᠃ᠠᠯᠲᠠᠨ-ᠣᠴᠢ ᠨᠠᠷ ᠳᠡᠯᠡᠬᠡᠢ ᠶᠢᠨ ᠰᠢᠲᠠᠷ᠎ᠠ ᠶᠢᠨ ᠬᠣᠯᠪᠣᠭ᠎ᠠ ᠤ ᠲᠥᠯᠥᠭᠡᠯᠡᠭᠴᠢ ᠶᠢᠨ ᠰᠣᠩᠭᠣᠭᠤᠯᠢ ᠬᠦᠯᠢᠶᠡᠵᠦ ᠪᠠᠶᠢᠭᠰᠠᠨ ᠪᠥᠭᠡᠳ ᠣᠳᠣ ᠭ᠃ᠠᠯᠲᠠᠨ-ᠣᠴᠢ ᠳᠡᠯᠡᠬᠡᠢ ᠶᠢᠨ ᠰᠢᠲᠠᠷ᠎ᠠ ᠶᠢᠨ ᠬᠣᠯᠪᠣᠭ᠎ᠠ ᠤ ᠭᠦᠢᠴᠡᠳᠭᠡᠬᠦ ᠵᠠᠬᠢᠷᠭ᠎ᠠ ᠪᠣᠯᠤᠨ ᠠᠽᠢᠶ᠎ᠠ ᠶᠢᠨ ШХ ᠍ ᠍ ᠍ ᠤ ᠭᠦᠢᠴᠡᠳᠭᠡᠬᠦ ᠵᠠᠬᠢᠷᠭ᠎ᠠ ᠦᠨ ᠭᠡᠰᠢᠭᠦᠨ ᠦ᠂ ᠰ᠃ᠴᠢᠮᠡᠳᠰᠡᠷᠡᠩ ᠳᠡᠯᠡᠬᠡᠢ ᠶᠢᠨ ᠰᠢᠲᠠᠷ᠎ᠠ ᠶᠢᠨ ᠬᠣᠯᠪᠣᠭ᠎ᠠ ᠤ ᠳᠡᠷᠭᠡᠳᠡᠬᠢ ᠪᠣᠳᠣᠯᠭ᠎ᠠ ᠵᠣᠬᠢᠶᠠᠮᠵᠢ ᠶᠢᠨ ᠪᠠᠶᠢᠩᠭᠤ ᠶᠢᠨ ᠺᠣᠮᠢᠰ ᠤᠨ ᠭᠡᠰᠢᠭᠦᠨ ᠦ ᠰᠣᠩᠭᠣᠭᠤᠯᠢ ᠲᠠᠢ ᠪᠠᠶᠢᠨ᠎ᠠ᠃

ᠰᠢᠲᠠᠷ᠎ᠠ ᠶᠢᠨ ᠰᠫᠣᠷᠲᠣᠳ ᠭᠠᠷᠭᠠᠭᠰᠠᠨ ᠠᠮᠵᠢᠯᠲᠠ ᠶᠢ ᠨᠢ ᠦᠨᠡᠯᠡᠨ ᠲᠥᠷᠥ᠂ᠵᠠᠰᠠᠭ ᠠᠴᠠ 3 ᠰᠢᠲᠠᠷᠠᠴᠢᠨ ᠳᠤ ᠭᠠᠪᠢᠶ᠎ᠠ ᠳᠤ ᠴᠣᠯᠠ᠂ ᠣᠯᠠᠨ ᠠᠷᠪᠠᠨ ᠰᠢᠲᠠᠷᠠᠴᠢᠳ ᠲᠤ ᠣᠳᠣᠨ᠂ ᠮᠧᠳᠠᠯ ᠬᠦᠨᠳᠦᠲᠦ ᠲᠡᠮᠳᠡᠭ ᠪᠤᠰᠤᠳ ᠱᠠᠩᠨᠠᠯ ᠢᠶᠠᠨ ᠬᠦᠷᠲᠡᠭᠡᠨ ᠤᠷᠮ᠎ᠠ ᠬᠠᠶᠢᠷᠠᠯᠠᠭᠰᠠᠨ ᠪᠠᠶᠢᠨ᠎ᠠ᠃

ᠭᠠᠳᠠᠭᠠᠳᠤ ᠬᠣᠯᠪᠣᠭᠠᠰᠤ[ᠵᠠᠰᠠᠪᠤᠷᠢᠯᠠᠬᠤ | ᠺᠣᠳ᠋ ᠢᠶᠠᠷ ᠵᠠᠰᠠᠬᠣ]

ᠮᠥᠨ ᠦᠵᠡᠬᠦ[ᠵᠠᠰᠠᠪᠤᠷᠢᠯᠠᠬᠤ | ᠺᠣᠳ᠋ ᠢᠶᠠᠷ ᠵᠠᠰᠠᠬᠣ]

ᠰᠢᠲᠠᠷ᠎ᠠ

ᠪᠢᠴᠢᠭᠡᠰᠦ