ᠮᠣᠩᠭᠣᠯ ᠤᠨ ᠦᠨᠳᠦᠰᠦᠨ ᠦ ᠣᠯᠠᠨ ᠨᠡᠶᠢᠲᠡ ᠶᠢᠨ ᠲᠧᠯᠧᠸᠢᠽ

ᠴᠢᠯᠦᠭᠡᠲᠦ ᠨᠡᠪᠲᠡᠷᠬᠡᠢ ᠲᠣᠯᠢ — ᠸᠢᠺᠢᠫᠧᠳᠢᠶ᠎ᠠ ᠠᠴᠠ
ᠬᠠᠷᠠᠶᠢᠬᠤ: ᠤᠳᠤᠷᠢᠳᠬᠤ, ᠬᠠᠶᠢᠯᠲᠠ
ᠮᠣᠩᠭᠣᠯ ᠤᠨ ᠦᠨᠳᠦᠰᠦᠨ ᠦ ᠣᠯᠠᠨ ᠨᠡᠶᠢᠲᠡ ᠶᠢᠨ ᠲᠧᠯᠧᠸᠢᠽ
ᠦᠢᠯᠡ ᠠᠵᠢᠯᠯᠠᠭ᠎ᠠ ᠪᠠᠨ ᠡᠬᠢᠯᠡᠭᠰᠡᠨ1967
ᠡᠵᠡᠮᠰᠢᠭᠴᠢ ᠲᠥᠷᠥ
ᠤᠯᠤᠰ Flag of Mongolia.svgᠮᠣᠩᠭᠣᠯ ᠤᠯᠤᠰ
ᠴᠠᠴᠤᠭᠳᠠᠬᠤ ᠬᠦᠷᠢᠶ᠎ᠡ ᠮᠣᠩᠭᠣᠯ ᠤᠯᠤᠰ
ᠲᠥᠪ ᠤᠯᠠᠭᠠᠨᠪᠠᠭᠠᠲᠤᠷ
ᠴᠠᠬᠢᠮ ᠰᠦᠯᠵᠢᠶ᠎ᠡ http://www.mnb.mn

ᠮᠣᠩᠭᠣᠯ ᠤᠨ ᠦᠨᠳᠦᠰᠦᠨ ᠦ ᠣᠯᠠᠨ ᠨᠡᠶᠢᠲᠡ ᠶᠢᠨ ᠲᠧᠯᠧᠸᠢᠽ ᠨᠢ ᠮᠣᠩᠭᠣᠯ ᠤᠨ ᠣᠯᠠᠨ ᠨᠡᠶᠢᠲᠡ ᠶᠢᠨ ᠡᠷᠬᠡ ᠠᠰᠢᠭ ᠤᠨ ᠲᠥᠯᠥᠭᠡᠯᠡᠯ ᠪᠦᠬᠦᠢ ᠲᠧᠯᠧᠸᠢᠽᠡᠶᠢᠨ ᠰᠤᠪᠠᠭ ᠶᠤᠮ᠃

Tᠡᠭᠦᠬᠡᠨ ᠲᠣᠪᠴᠢᠶᠠᠨ[ᠵᠠᠰᠠᠪᠤᠷᠢᠯᠠᠬᠤ | ᠺᠣᠳ᠋ ᠢᠶᠠᠷ ᠵᠠᠰᠠᠬᠣ]

1965-1967 ᠣᠨ᠃ ᠮᠣᠩᠭᠣᠯ ᠤᠯᠤᠰ ᠲᠤ ᠲᠧᠯᠧᠸᠢᠰ ᠦᠨ ᠤᠷᠠᠯᠢᠭ ᠢ ᠡᠭᠦᠰᠬᠡᠨ ᠬᠥᠭᠵᠢᠭᠦᠯᠬᠦ ᠮᠡᠷᠭᠡᠵᠢᠯ ᠦᠨ ᠰᠡᠳᠬᠦᠯᠴᠢ ᠤᠷᠠᠨ ᠪᠦᠲᠦᠭᠡᠯᠴᠢᠳ ᠢᠨᠵᠧᠨᠧᠷ ᠲᠧᠭᠨᠢᠭ ᠦᠨ ᠠᠵᠢᠯᠲᠠᠨ ᠨᠤᠭᠤᠳ ᠢ ᠰᠤᠷᠭᠠᠨ ᠪᠡᠯᠡᠳᠬᠡᠭᠰᠡᠨ ᠦᠶ᠎ᠡ

1967.09.27 ᠍ ᠍ ᠤ ᠡᠳᠦᠷ ᠮᠣᠩᠭᠣᠯ ᠤᠨ ᠦᠨᠳᠦᠰᠦᠨ ᠦ ᠲᠧᠯᠧᠸᠢᠽ ᠠᠯᠪᠠᠨ ᠶᠣᠰᠣᠭᠠᠷ ᠦᠢᠯᠡ ᠠᠵᠢᠯᠯᠠᠭ᠎ᠠ ᠶᠢ ᠪᠠᠨ ᠬᠡᠯᠡᠭᠰᠡᠨ ᠡᠳᠦᠷ

1981-1990 ᠣᠨ 1981 ᠣᠨ ᠳᠤ ᠠᠩᠬ᠎ᠠ ᠶᠢᠨ ᠥᠩᠭᠡᠲᠦ ᠨᠡᠪᠲᠡᠷᠡᠭᠦᠯᠭᠡ ᠪᠡᠨ ᠪᠡᠯᠡᠳᠬᠡᠨ ᠡᠹᠢᠷ ᠲᠦ ᠭᠠᠷᠭᠠᠵᠤ᠂ 1988 ᠣᠨ ᠤ 12 ᠳ᠋ᠤᠭᠠᠷ ᠰᠠᠷ᠎ᠠ ᠳᠤ ᠲᠧᠯᠧᠸᠢᠰ ᠦᠨ ᠰᠢᠨ᠎ᠡ ᠲᠥᠪ ᠠᠰᠢᠭᠯᠠᠯᠲᠠᠨ ᠳᠤ ᠣᠷᠣᠭᠰᠠᠨ ᠢᠶᠠᠷ ᠥᠩᠭᠡᠲᠦ ᠳᠦᠷᠰᠦ ᠶᠢᠨ ᠰᠢᠰᠲ᠋ᠧᠮ ᠢᠶᠡᠷ ᠨᠡᠪᠲᠡᠷᠡᠭᠦᠯᠭᠡ ᠪᠡᠨ ᠴᠠᠴᠤᠬᠤ ᠪᠣᠯᠤᠮᠵᠢ ᠪᠦᠷᠢᠨ ᠬᠠᠩᠭᠠᠭᠳᠠᠭᠰᠠᠨ᠃ ᠮᠥᠨ ᠷᠠᠳᠢᠣ᠋ ᠷᠧᠯᠧᠢᠨ ᠦ ᠥᠷᠭᠡᠳᠬᠡᠭᠰᠡᠨ ᠰᠦᠯᠵᠢᠶ᠎ᠡ ᠶᠢ ᠠᠰᠢᠭᠯᠠᠯᠲᠠᠨ ᠳᠤ ᠣᠷᠣᠭᠤᠯᠤᠭᠰᠠᠨ ᠢᠶᠠᠷ ᠦᠨᠳᠦᠰᠦᠨ ᠦ ᠲᠧᠯᠧᠸᠢᠽ ᠤᠯᠤᠰ ᠣᠷᠣᠨ ᠤ ᠪᠠᠨ ᠨᠡᠶᠢᠲᠡ ᠨᠤᠲᠤᠭ ᠳᠡᠪᠢᠰᠬᠡᠷ ᠬᠦᠮᠦᠨ ᠠᠮᠠ ᠶᠢᠨ 90 ᠭᠠᠷᠤᠢ ᠬᠤᠪᠢ ᠳᠤ ᠬᠦᠷᠴᠦ ᠦᠢᠯᠡᠴᠢᠯᠡᠬᠦ ᠪᠣᠯᠤᠭᠰᠠᠨ

1991 ᠣᠨ᠃ ᠮᠣᠩᠭᠣᠯ ᠤᠨ ᠦᠨᠳᠦᠰᠦᠨ ᠦ ᠲᠧᠯᠧᠸᠢᠽ ᠠᠩᠬ᠎ᠠ ᠤᠳᠠᠭ᠎ᠠ ᠠᠽᠢ ᠠᠴᠠᠲ ᠰᠢᠰᠲ᠋ᠧᠮ ᠢᠶᠡᠷ ᠨᠡᠪᠲᠡᠷᠡᠭᠦᠯᠭᠡ ᠴᠠᠴᠤᠬᠤ ᠪᠣᠯᠤᠮᠵᠢ ᠲᠠᠢ ᠪᠣᠯᠵᠤ᠂ ᠤᠯᠠᠮ ᠢᠶᠠᠷ ᠲᠧᠯᠧᠸᠢᠰ ᠦᠳ ᠦᠨ ᠨᠡᠪᠲᠡᠷᠡᠭᠦᠯᠭᠡ ᠨᠦᠭᠦᠳ ᠢ ᠮᠣᠩᠭᠣᠯ ᠣᠷᠣᠨ ᠤ ᠠᠯᠤᠰᠯᠠᠭᠳᠠᠭᠰᠠᠨ ᠪᠥᠰᠡ ᠨᠤᠲᠤᠭ ᠬᠢᠵᠠᠭᠠᠷ ᠲᠤ ᠬᠦᠷᠭᠡᠬᠦ᠂ ᠬᠢᠯᠢ ᠶᠢᠨ ᠴᠢᠨᠠᠳᠤ ᠳᠤ ᠨᠡᠪᠲᠡᠷᠡᠭᠦᠯᠭᠡ ᠪᠡᠨ ᠴᠠᠴᠤᠬᠤ ᠪᠣᠯᠤᠮᠵᠢ ᠬᠠᠩᠭᠠᠭᠳᠠᠭᠰᠠᠨ ᠶᠤᠮ᠃

1997 ᠣᠨ ᠤ 1 ᠳᠦᠭᠡᠷ ᠰᠠᠷ᠎ᠠ᠃ ᠮᠣᠩᠭᠣᠯ ᠤᠨ ᠦᠨᠳᠦᠰᠦᠨ ᠦ ᠲᠧᠯᠧᠸᠢᠽ᠂ ᠠᠽᠢᠶ᠎ᠠ ᠨᠣᠮᠣᠬᠠᠨ ᠳᠠᠯᠠᠢ ᠶᠢᠨ ᠣᠷᠣᠨ ᠨᠤᠭᠤᠳ ᠤᠨ ᠥᠷᠭᠡᠨ ᠨᠡᠪᠲᠡᠷᠡᠭᠦᠯᠭᠡ ᠶᠢᠨ ᠬᠣᠯᠪᠣᠭ᠎ᠠ ABU ᠍ ᠍ ᠦᠨ ᠪᠦᠷᠢᠨ ᠡᠷᠬᠡᠲᠦ ᠭᠡᠰᠢᠭᠦᠨ ᠢᠶᠡᠷ ᠰᠣᠩᠭᠣᠭᠳᠠᠭᠰᠠᠨ᠃ ᠮᠠᠨ ᠤ ᠲᠧᠯᠧᠸᠢᠰ ᠦᠨ ᠤᠷᠠᠨ ᠪᠦᠲᠦᠭᠡᠯᠴᠢᠳ , ᠲᠤᠰ ᠬᠣᠯᠪᠣᠭᠠᠨ ᠠᠴᠠ ᠵᠣᠬᠢᠶᠠᠨ ᠪᠠᠶᠢᠭᠤᠯᠤᠭᠰᠠᠨ ᠤᠳᠠᠭ᠎ᠠ ᠳᠠᠷᠠᠭ᠎ᠠ ᠶᠢᠨ ᠤᠷᠤᠯᠳᠤᠭᠠᠨ ᠳᠤ ᠠᠮᠵᠢᠯᠲᠠᠲᠠᠢ ᠣᠷᠣᠯᠴᠠᠵᠤ ᠱᠠᠩᠨᠠᠯ ᠤᠳ ᠢ ᠬᠦᠷᠲᠡᠵᠦ ᠪᠠᠶᠢᠭᠰᠠᠨ ᠪᠢᠯᠡ᠃

2005 ᠣᠨ ᠤ 2 ᠳ᠋ᠦᠭ ᠢᠶᠡᠷ ᠰᠠᠷ᠎ᠠ᠃ ОНРТ ᠍ ᠍ ᠦᠨ ᠲᠤᠬᠠᠢ ᠬᠠᠤᠯᠢ ᠪᠠᠲᠤᠯᠠᠭᠳᠠᠨ ᠭᠠᠷᠤᠭᠰᠠᠨ ᠢᠶᠠᠷ ᠮᠣᠩᠭᠣᠯ ᠤᠨ ᠦᠨᠳᠦᠰᠦᠨ ᠦ ᠲᠧᠯᠧᠸᠢᠽ ᠲᠡᠦᠬᠡᠨ ᠳᠦ ᠪᠡᠨ ᠠᠩᠬ᠎ᠠ ᠤᠳᠠᠭ᠎ᠠ 《ᠣᠯᠠᠨ ᠨᠡᠶᠢᠲᠡ ᠶᠢᠨ》 ᠭᠡᠰᠡᠨ ᠰᠲ᠋ᠠᠲ᠋ᠦ᠋ᠰ ᠲᠠᠢ ᠪᠣᠯᠵᠤ ᠥᠷᠭᠡᠨ ᠣᠯᠠᠨ ᠨᠡᠶᠢᠲᠡ᠂ ᠠᠷᠠᠳ ᠢᠷᠭᠡᠳ ᠲᠦ ᠪᠡᠨ ᠬᠠᠷᠠᠭᠠᠲᠤ ᠪᠤᠰᠤ ᠮᠡᠳᠡᠭᠡᠯᠡᠯ ᠢᠶᠡᠷ ᠲᠡᠭᠰᠢ ᠦᠢᠯᠡᠴᠢᠯᠡᠬᠦ ᠬᠠᠤᠯᠢ ᠵᠦᠢ ᠶᠢᠨ ᠣᠷᠴᠢᠨ ᠪᠦᠷᠢᠳᠦᠭᠰᠡᠨ ᠶᠤᠮ᠃ ᠡᠶᠢᠨᠬᠦᠦ ᠣᠯᠠᠨ ᠨᠡᠶᠢᠲᠡ ᠶᠢᠨ ᠰᠲ᠋ᠠᠲ᠋ᠦ᠋ᠰ ᠲᠠᠢ᠂ ᠦᠨᠳᠦᠰᠦᠨ ᠦ ᠬᠡᠮᠵᠢᠶᠡᠨ ᠦ ᠲᠧᠯᠧᠸᠢᠰ ᠡᠭᠦᠰᠦᠨ ᠪᠤᠢ ᠪᠣᠯᠤᠭᠰᠠᠨ ᠨᠢ ᠮᠣᠩᠭᠣᠯ ᠤᠨ ᠬᠡᠪᠯᠡᠯ ᠮᠡᠳᠡᠭᠡᠯᠡᠯ ᠦᠨ ᠲᠡᠦᠬᠡᠨ ᠳᠦ ᠭᠠᠷᠤᠭᠰᠠᠨ ᠴᠢᠬᠤᠯᠠ ᠦᠢᠯᠡ ᠶᠠᠪᠤᠳᠠᠯ ᠲᠣᠮᠣ ᠡᠷᠭᠢᠯᠲᠡ ᠪᠠᠶᠢᠯ᠎ᠠ᠃

ᠪᠢᠴᠢᠭᠡᠰᠦ