ᠶᠡᠬᠡ ᠮᠣᠩᠭᠣᠯ ᠤᠯᠤᠰ

ᠴᠢᠯᠦᠭᠡᠲᠦ ᠨᠡᠪᠲᠡᠷᠬᠡᠢ ᠲᠣᠯᠢ — ᠸᠢᠺᠢᠫᠧᠳᠢᠶ᠎ᠠ ᠠᠴᠠ
— «ᠮᠣᠩᠭᠣᠯ ᠤᠨ ᠡᠵᠡᠨᠲᠦ ᠭᠦᠷᠦᠨ» ᠭᠡᠳ ᠬᠣᠯᠪᠣᠭᠳᠠᠪᠠ —
ᠬᠠᠷᠠᠶᠢᠬᠤ: ᠤᠳᠤᠷᠢᠳᠬᠤ, ᠬᠠᠶᠢᠯᠲᠠ
ᠶᠡᠬᠡ ᠮᠣᠩᠭᠣᠯ ᠤᠯᠤᠰ
ᠨᠡᠶᠢᠰᠯᠡᠯ 
(ᠶᠡᠬᠡ ᠬᠣᠲᠠ)
ᠬᠠᠷᠠᠬᠤᠷᠤᠮ
ᠠᠯᠪᠠᠨ ᠬᠡᠯᠡ ᠮᠣᠩᠭᠣᠯ ᠬᠡᠯᠡ
 -  1206-1227 ᠴᠢᠩᠭᠢᠰ ᠬᠠᠭᠠᠨ
 -  1251-1259 ᠮᠥᠩᠬᠡ ᠬᠠᠭᠠᠨ
ᠨᠤᠲᠤᠭ ᠳᠡᠪᠢᠰᠬᠡᠷ
 -  ᠪᠦᠬᠦ ᠲᠠᠯᠠᠪᠠᠢ 33,000,000 km2 
ᠬᠦᠮᠦᠨ ᠠᠮᠠ
 -  ᠲᠣᠭᠠᠯᠠᠯᠭ᠎ᠠ (1270) 100,000,000 
ᠶᠡᠬᠡ ᠮᠣᠩᠭᠣᠯ ᠤᠯᠤᠰ 1207 ᠣᠨ
ᠮᠣᠩᠭᠣᠯ ᠤᠨ ᠡᠵᠡᠨᠲᠦ ᠭᠦᠷᠦᠨ ᠦ ᠬᠠᠮᠤᠭ ᠤᠨ ᠶᠡᠬᠡ ᠥᠷᠭᠡᠵᠢᠨ ᠲᠡᠯᠡᠭᠰᠡᠨ ᠦᠶ᠎ᠡ
Mongol 13.png
Mongol aimaguud 9-12-r zuun - Mongolian National Atlas 2009.jpeg
1206 ᠣᠨ
Ih Mongol Uls.png

ᠶᠡᠬᠡ ᠮᠣᠩᠭᠣᠯ ᠤᠯᠤᠰ ᠪᠣᠶᠤ ᠮᠣᠩᠭᠣᠯ ᠤᠨ ᠡᠵᠡᠨᠲᠦ ᠭᠦᠷᠦᠨ (ᠠᠩᠭᠯᠢ: Mongol Empire) (1206–1405) ᠨᠢ ᠮᠣᠩᠭᠣᠯ ᠤᠨ ᠭᠠᠵᠠᠷ ᠨᠤᠲᠤᠭ ᠲᠤ ᠪᠠᠶᠢᠭᠤᠯᠤᠭᠳᠠᠭᠰᠠᠨ ᠲᠡᠦᠬᠡᠨ ᠳ᠋ᠡᠬᠢ ᠬᠠᠮᠤᠭ ᠤᠨ ᠲᠣᠮᠣ ᠦᠷᠭᠦᠯᠵᠢᠯᠡᠭᠰᠡᠨ ᠭᠠᠵᠠᠷ ᠨᠤᠲᠤᠭ ᠲᠠᠢ ᠡᠵᠡᠨᠲᠦ ᠭᠦᠷᠦᠨ ᠶᠤᠮ᠃ ᠰᠤᠳᠤᠯᠤᠭᠠᠴᠢᠳ ᠶᠡᠬᠡ ᠮᠣᠩᠭᠣᠯ ᠤᠯᠤᠰ ᠍ ᠦᠨ ᠭᠠᠵᠠᠷ ᠨᠤᠲᠤᠭ ᠢ 26,000,000 ᠡᠰᠡᠪᠡᠯ 33,000,000 ᠺᠦᠸᠠᠳ᠋ ᠺᠢᠯᠣᠮᠧᠲ᠋ᠷ ᠬᠡᠮᠡᠨ ᠠᠳᠠᠯᠢ ᠪᠣᠰᠤ ᠪᠠᠶᠢᠳᠠᠯ ᠢᠶᠠᠷ ᠲᠣᠭᠠᠴᠠᠭᠠᠯᠠᠵᠠᠢ᠃ ᠪᠷᠢᠲ᠋ᠠᠨ ᠦ ᠲᠡᠦᠬᠡᠴᠢᠳ ᠪᠷᠢᠲ᠋ᠠᠨ ᠤ ᠡᠵᠡᠨᠲᠦ ᠭᠦᠷᠦᠨ ᠦ ᠭᠠᠵᠠᠷ ᠨᠤᠲᠤᠭ ᠤᠨ ᠬᠡᠮᠵᠢᠶᠡᠨ ᠡᠴᠡ ᠮᠣᠩᠭᠣᠯ ᠤᠨ ᠡᠵᠡᠨᠲᠦ ᠭᠦᠷᠦᠨ ᠨᠢ ᠲᠡᠦᠬᠡᠨ ᠳ᠋ᠡᠬᠢ ᠬᠤᠶᠠᠷᠲᠠᠬᠢ ᠲᠣᠮᠣ ᠡᠵᠡᠨᠲᠦ ᠭᠦᠷᠦᠨ ᠬᠡᠮᠡᠨ ᠲᠡᠮᠳᠡᠭᠯᠡᠭᠰᠡᠨ ᠨᠢ ᠳᠠᠭᠠᠵᠤ ᠣᠷᠣᠭᠰᠠᠨ ᠪᠤᠶᠤ ᠬᠠᠷᠢᠶᠠᠲᠤ ᠲᠦᠰᠢᠮᠡᠭ ᠪᠠᠶᠢᠭᠰᠠᠨ ᠤᠯᠤᠰ ᠣᠷᠣᠨ᠂ ᠣᠪᠤᠭ ᠠᠶᠢᠮᠠᠭ ᠤᠳ ᠤᠨ ᠭᠠᠵᠠᠷ ᠨᠤᠲᠤᠭ ᠢ ᠣᠷᠣᠭᠤᠯᠤᠭ᠎ᠠ ᠦᠭᠡᠢ ᠲᠣᠭᠠᠴᠠᠭᠰᠠᠨ ᠲᠠᠢ ᠬᠣᠯᠪᠣᠭ᠎ᠠ ᠲᠠᠢ ᠶᠤᠮ᠃ 1206 ᠣᠨ ᠳᠤ ᠴᠢᠩᠭᠢᠰ ᠬᠠᠭᠠᠨ ᠠᠩᠬᠠᠯᠠᠨ ᠪᠠᠶᠢᠭᠤᠯᠤᠭᠰᠠᠨ ᠪᠥᠭᠡᠳ ᠬᠠᠮᠤᠭ ᠬᠦᠴᠦᠷᠬᠡᠭ ᠦᠶ᠎ᠡ ᠳᠡᠭᠡᠨ ᠨᠣᠮᠣᠬᠠᠨ ᠳᠠᠯᠠᠢ ᠶᠢᠨ ᠡᠷᠭᠢ ᠡᠴᠡ ᠬᠠᠷ᠎ᠠ ᠲᠡᠩᠭᠢᠰᠳᠤᠨᠠᠢ ᠮᠥᠷᠡᠨ ᠦ ᠰᠠᠪᠠ ᠭᠠᠵᠠᠷ᠂ ᠡᠮᠦᠨᠡᠲᠦ ᠡᠲᠡᠭᠡᠳ ᠲᠦ ᠵᠡᠭᠦᠨ ᠡᠮᠦᠨᠡᠲᠦ ᠠᠽᠢᠶ᠎ᠠ ᠶᠢᠨ ᠪᠣᠯᠤᠨ ᠳᠠᠯᠠᠢ ᠶᠢᠨ ᠠᠷᠠᠯ ᠤᠳ ᠤᠨ ᠬᠠᠷᠢᠶᠠᠳᠦ ᠪᠤᠶᠤ ᠸᠠᠰᠰᠠᠯ ᠣᠷᠣᠨ ᠨᠤᠭᠤᠳ᠂ ᠬᠣᠶᠢᠳᠤ ᠵᠦᠭ ᠲᠤ ᠤᠮᠠᠷᠠᠳᠤ ᠮᠥᠰᠦᠨ ᠳᠠᠯᠠᠢ ᠶᠡᠨᠢᠰᠧᠢ ᠮᠥᠷᠡᠨ ᠦ ᠰᠠᠪᠠ ᠭᠠᠵᠠᠷ ᠤᠨ ᠳᠠᠭᠠᠵᠤ ᠣᠷᠣᠭᠰᠠᠨ ᠣᠪᠤᠭ ᠠᠶᠢᠮᠠᠭ ᠤᠳ ᠤᠨ ᠡᠵᠡᠮᠰᠢᠯ ᠢ ᠬᠠᠮᠤᠷᠤᠭᠤᠯᠤᠭᠰᠠᠨ ᠥᠷᠭᠡᠨ ᠠᠭᠤᠳᠠᠮ ᠭᠠᠵᠠᠷ ᠨᠤᠲᠤᠭ ᠢ ᠡᠵᠡᠮᠰᠢᠵᠦ ᠪᠠᠶᠢᠯ᠎ᠠ᠃

ᠠᠽᠢᠶ᠎ᠠᠧᠦ᠋ᠷᠣᠫᠠ ᠍ ᠤᠨ ᠣᠯᠠᠨ ᠠᠷᠪᠢᠨ ᠬᠣᠲᠠ ᠤᠯᠤᠰ ᠤᠳ ᠢ ᠳᠠᠶᠢᠯᠠᠵᠤ᠂ ᠬᠡᠳᠦᠨ ᠠᠷᠪᠠᠨ ᠰᠠᠶ᠎ᠠ ᠬᠦᠮᠦᠨ ᠢ ᠥᠪᠡᠷᠰᠡᠳ ᠦᠨ ᠡᠷᠬᠡᠰᠢᠶᠡᠯ ᠳᠦ ᠪᠡᠨ ᠣᠷᠤᠭᠤᠯᠤᠨ ᠠᠪᠴᠤ ᠪᠠᠶᠢᠭᠰᠠᠨ ᠪᠣᠯᠪᠠᠴᠤ ᠮᠣᠩᠭᠣᠯᠴᠤᠳ ᠤᠨ ᠴᠡᠷᠢᠭ ᠦᠨ ᠲᠣᠭ᠎ᠠ ᠨᠢ 250000 ᠍ ᠠᠴᠠ ᠬᠡᠲᠦᠷᠡᠵᠦ ᠪᠠᠶᠢᠭᠰᠠᠨ ᠦᠭᠡᠢ᠃ ᠴᠢᠩᠭᠢᠰ ᠬᠠᠭᠠᠨ ᠲᠥᠪ ᠠᠽᠢᠶ᠎ᠠ᠂ ᠣᠳᠣ ᠶᠢᠨ ᠮᠣᠩᠭᠣᠯ ᠤᠯᠤᠰ ᠤᠨ ᠭᠠᠵᠠᠷ ᠨᠤᠲᠤᠭ ᠳᠠᠬᠢ ᠣᠯᠠᠨ ᠠᠷᠪᠢᠨ ᠲᠠᠷᠬᠠᠢ ᠪᠤᠲᠠᠷᠬᠠᠢ ᠨᠡᠭᠦᠳᠡᠯᠴᠢᠨ ᠠᠶᠢᠮᠠᠭ ᠤᠳ ᠢ ᠨᠢᠭᠡᠳᠬᠡᠵᠦ᠂ ᠵᠦᠷᠴᠢᠳ ᠦᠨ ᠠᠯᠲᠠᠨ ᠤᠯᠤᠰᠲᠠᠩᠭᠣᠳ ᠤᠯᠤᠰ᠂ ᠬᠣᠷᠧᠽᠮ ᠤᠨ ᠡᠵᠡᠨᠲᠦ ᠤᠯᠤᠰ ᠍ ᠢ ᠪᠠᠶᠢᠯᠳᠤᠨ ᠳᠠᠭᠠᠭᠤᠯᠤᠭᠰᠠᠨ ᠢᠶᠠᠷ ᠶᠡᠬᠡ ᠭᠦᠷᠦᠨ ᠦ ᠡᠭᠦᠰᠦᠯ ᠬᠥᠭᠵᠢᠯ ᠡᠬᠢᠯᠡᠵᠡᠢ᠃

ᠡᠭᠦᠰᠦᠯ ᠬᠥᠭᠵᠢᠯ[ᠵᠠᠰᠠᠪᠤᠷᠢᠯᠠᠬᠤ | ᠺᠣᠳ᠋ ᠢᠶᠠᠷ ᠵᠠᠰᠠᠬᠣ]

12 ᠍ ᠳᠦᠭᠡᠷ ᠵᠠᠭᠤᠨ ᠤ ᠰᠡᠭᠦᠯ ᠦᠨ ᠬᠠᠭᠠᠰ ᠲᠤ ᠮᠣᠩᠭᠣᠯ ᠤᠨ ᠭᠠᠵᠠᠷ ᠨᠤᠲᠤᠭ ᠲᠤ ᠬᠠᠮᠤᠭ ᠮᠣᠩᠭᠣᠯᠬᠡᠷᠡᠶᠢᠳᠮᠡᠷᠬᠢᠳᠲᠠᠲ᠋ᠠᠷᠨᠠᠢᠮᠠᠨ ᠵᠡᠷᠭᠡ ᠣᠯᠠᠨ ᠠᠷᠪᠢᠨ ᠨᠡᠭᠦᠳᠡᠯᠴᠢᠨ ᠠᠶᠢᠮᠠᠭ ᠤᠳ ᠮᠥᠩᠬᠡ ᠶᠢᠨ ᠳᠠᠶᠢᠨ ᠳᠠᠵᠢᠨ ᠲᠠᠢ ᠪᠠᠶᠢᠯ᠎ᠠ᠃ ᠬᠠᠮᠤᠭ ᠮᠣᠩᠭᠣᠯ ᠠᠶᠢᠮᠠᠭ ᠤᠨ ᠬᠠᠭᠠᠨ ᠶᠢᠡᠷ 1189 ᠣᠨ ᠳᠤ ᠡᠷᠭᠦᠮᠵᠢᠯᠡᠭᠳᠡᠭᠰᠡᠨ ᠴᠢᠩᠭᠢᠰ ᠬᠠᠭᠠᠨ ᠤᠯᠤᠰ ᠲᠥᠷᠥ ᠪᠣᠯᠤᠨ ᠴᠡᠷᠢᠭ ᠵᠡᠪᠰᠡᠭ ᠦᠨ ᠬᠦᠴᠦ ᠪᠡᠷ ᠵᠡᠷᠭᠡᠯᠡᠯᠳᠡᠭᠡ ᠬᠢ ᠠᠶᠢᠮᠠᠭ ᠤᠳ ᠢ ᠥᠪᠡᠷᠲᠡᠭᠡᠨ ᠨᠢᠭᠡᠳᠬᠡᠵᠦ 1206 ᠣᠨ ᠳᠤ ᠶᠡᠬᠡ ᠮᠣᠩᠭᠣᠯ ᠤᠯᠤᠰ ᠢ ᠪᠠᠶᠢᠭᠤᠯᠤᠭᠰᠠᠨ ᠪᠠᠶᠢᠨ᠎ᠠ᠃ ᠨᠡᠭᠦᠳᠡᠯᠴᠢᠨ ᠠᠶᠢᠮᠠᠭ ᠤᠳ ᠤᠨ ᠨᠢᠭᠡᠳᠦᠯ ᠢ ᠬᠥᠷᠰᠢ ᠵᠡᠷᠭᠡᠯᠡᠳᠡᠭᠡ ᠣᠷᠣᠨ ᠨᠤᠭᠤᠳ ᠡᠶᠡᠷᠭᠦᠤ ᠪᠡᠷ ᠬᠦᠯᠢᠶᠡᠵᠦ ᠠᠪᠤᠭᠰᠠᠨ ᠦᠭᠡᠢ᠃ ᠤᠯᠠᠮ ᠢᠶᠠᠷ ᠤᠯᠤᠰ ᠲᠥᠷᠥ᠂ ᠡᠳ᠋ ᠍ ᠦᠨ ᠵᠠᠰᠠᠭ ᠤᠨ ᠵᠥᠷᠢᠴᠡᠯ ᠨᠢ ᠳᠠᠶᠢᠨ ᠡᠭᠦᠰᠬᠦ ᠰᠢᠯᠲᠠᠭᠠᠨ ᠪᠣᠯᠵᠤ ᠴᠢᠩᠭᠢᠰ ᠬᠠᠭᠠᠨ ᠵᠦᠷᠴᠢᠳ ᠦᠨ ᠠᠯᠲᠠᠨ ᠤᠯᠤᠰᠲᠠᠩᠭᠣᠳ ᠪᠣᠯᠤᠨ ᠬᠣᠷᠧᠽᠮ ᠡᠵᠡᠨᠲᠦ ᠤᠯᠤᠰᠵᠦ᠋ᠭ ᠴᠡᠷᠢᠭᠯᠡᠨ ᠬᠠᠯᠠᠳᠠᠵᠤ ᠴᠢᠨᠠᠭᠰᠢᠯᠠᠨ ᠠᠽᠧᠷᠪᠠᠶᠢᠵᠠᠨᠭᠦᠷᠦᠵᠢᠶ ᠠ ᠶᠢ ᠡᠵᠡᠯᠡᠵᠦ ᠺᠠᠯᠺᠠ ᠭᠣᠣᠯ ᠍ ᠤᠨ ᠬᠥᠪᠡᠭᠡᠨ ᠳᠡᠭᠡᠷ᠎ᠡ ᠣᠷᠣᠰ ᠍ ᠤᠨ ᠸᠠᠩᠭ᠎ᠠ ᠨᠤᠭᠤᠳ ᠤᠨ ᠴᠡᠷᠢᠭ ᠢ ᠪᠤᠲᠠ ᠴᠣᠬᠢᠵᠠᠢ᠃ ᠲᠠᠩᠭᠤᠳ ᠤᠨ ᠡᠰᠡᠷᠬᠦ ᠬᠢᠭᠰᠡᠨ ᠰᠡᠭᠦᠯᠴᠢ ᠶᠢᠨ ᠠᠶᠠᠨ ᠳᠠᠶᠢᠨ ᠳᠤ ᠪᠠᠨ ᠴᠢᠩᠭᠢᠰ ᠬᠠᠭᠠᠨ ᠡᠪᠡᠳᠴᠢᠨ ᠢᠶᠡᠷ ᠲᠠᠭᠠᠯᠠᠯ ᠲᠡᠭᠦᠰᠦᠭᠰᠡᠨ ᠪᠥᠭᠡᠳ ᠥᠪᠡᠷ ᠦᠨ ᠪᠠᠶᠢᠭᠤᠯᠤᠭᠰᠠᠨ ᠡᠵᠡᠨᠲᠦ ᠤᠯᠤᠰ ᠢᠶᠠᠨ ᠬᠦᠦ ᠨᠠᠷ ᠲᠤ ᠪᠠᠨ ᠭᠡᠷᠢᠶᠡᠰᠯᠡᠨ ᠦᠯᠡᠳᠡᠭᠡᠵᠡᠢ ᠃

ᠭᠣᠣᠯ ᠦᠢᠯᠡ ᠶᠠᠪᠤᠳᠠᠯ ᠤᠳ ᠤᠨ ᠬᠡᠯᠬᠢᠶᠡᠰᠦ[ᠵᠠᠰᠠᠪᠤᠷᠢᠯᠠᠬᠤ | ᠺᠣᠳ᠋ ᠢᠶᠠᠷ ᠵᠠᠰᠠᠬᠣ]

 • 1206: ᠣᠨᠣᠨ ᠮᠥᠷᠡᠨ ᠦ ᠡᠬᠢᠨ ᠳᠦ ᠮᠣᠩᠭᠣᠯ ᠨᠣᠶᠠᠳ ᠤᠨ ᠶᠡᠬᠡ ᠬᠤᠷᠠᠯᠳᠠᠢ ᠬᠤᠷᠠᠯᠳᠤᠵᠤ ᠶᠡᠬᠡ ᠮᠣᠩᠭᠣᠯ ᠤᠯᠤᠰ ᠪᠠᠶᠢᠭᠤᠯᠤᠭᠳᠠᠭᠰᠠᠨ ᠢ ᠳᠠᠶᠠᠭᠠᠷ ᠣᠯᠠᠨ ᠳᠤ ᠲᠤᠩᠬᠠᠭᠯᠠᠨ ᠵᠠᠷᠯᠠᠵᠤ᠂ ᠲᠡᠮᠦᠵᠢᠨ ᠬᠠᠨ ᠢ ᠶᠡᠬᠡ ᠬᠠᠭᠠᠨ ᠴᠢᠩᠭᠢᠰ ᠬᠠᠭᠠᠨ ᠢᠶᠠᠷ ᠡᠷᠭᠦᠮᠵᠢᠯᠡᠪᠡ᠃
 • 1207: ᠮᠣᠩᠭᠣᠯᠴᠤᠳ ᠪᠠᠷᠠᠭᠤᠨ ᠬᠣᠶᠢᠳᠤ ᠬᠢᠲᠠᠳ ᠪᠣᠯᠤᠨ ᠲᠥᠪᠡᠳ ᠤᠨ ᠵᠠᠷᠢᠮ ᠭᠠᠵᠠᠷ ᠨᠤᠲᠤᠭ ᠢ ᠡᠵᠡᠯᠡᠨ ᠣᠷᠣᠰᠢᠵᠤ ᠪᠠᠶᠢᠭᠰᠠᠨ ᠲᠠᠩᠭᠤᠳ ᠢ ᠳᠠᠶᠢᠯᠠᠬᠤ ᠠᠶᠠᠨ ᠳᠠᠶᠢᠨ ᠢ ᠡᠬᠢᠯᠡᠭᠦᠯᠵᠤ ᠂ 1210 ᠣᠨ ᠳᠤ ᠲᠠᠩᠭᠤᠳ ᠤᠨ ᠬᠠᠭᠠᠨ ᠪᠠᠭᠤᠵᠤ ᠥᠭᠭᠦᠭᠰᠡᠨ ᠢᠶᠡᠷ ᠴᠢᠩᠭᠢᠰ ᠬᠠᠭᠠᠨ ᠴᠡᠷᠢᠭ ᠢᠶᠡᠨ ᠭᠡᠳᠡᠷᠭᠦ ᠲᠠᠲᠠᠵᠠᠢ᠃ ᠲᠤᠬᠠᠢ ᠶᠢᠨ ᠦᠶ᠎ᠡ ᠳᠦ ᠤᠶᠢᠭᠤᠷ ᠦᠳ ᠶᠡᠬᠡ ᠮᠣᠩᠭᠣᠯ ᠤᠯᠤᠰ ᠲᠤ ᠲᠠᠭᠠᠷᠢᠨ ᠣᠷᠣᠵᠤ ᠴᠢᠨᠠᠭᠰᠢᠳᠠ ᠶᠢᠨ ᠠᠶᠠᠨ ᠨᠤᠭᠤᠳ ᠪᠣᠯᠤᠨ ᠤᠯᠤᠰ ᠭᠦᠷᠦᠨ ᠢ ᠲᠦᠪᠬᠢᠨᠡᠭᠦᠯᠬᠦ ᠠᠵᠢᠯ ᠳᠤ ᠢᠳᠡᠪᠬᠢ ᠲᠡᠢ ᠣᠷᠣᠯᠴᠠᠵᠠᠢ᠃
 • 1211: ᠴᠢᠩᠭᠢᠰ ᠬᠠᠭᠠᠨ ᠤ ᠶᠡᠬᠡ ᠴᠡᠷᠢᠭ ᠭᠣᠪᠢ ᠶᠢ ᠭᠠᠲᠤᠯᠠᠵᠤ ᠠᠯᠲᠠᠨ ᠤᠯᠤᠰ ᠲᠤ ᠴᠥᠮᠥᠷᠡᠨ ᠤᠷᠤᠪᠠ᠃ᠴᠠᠪᠴᠢᠶᠠᠯ ᠪᠣᠭᠣᠮᠲᠠ ᠶᠢᠨ ᠲᠤᠯᠤᠯᠳᠤᠭᠠᠨ ᠢᠶᠠᠷ ᠠᠯᠲᠠᠨ ᠤᠯᠤᠰ ᠤᠨ ᠴᠡᠷᠢᠭ ᠦᠨ ᠳᠠᠪᠠᠭᠤ ᠬᠦᠴᠦᠲᠡᠢ ᠲᠤᠯᠭᠠᠷᠠᠨ ᠠᠩᠬᠠᠨ ᠤ ᠲᠣᠮᠣᠬᠠᠨ ᠢᠯᠠᠯᠲᠠ ᠶᠢ ᠪᠠᠶᠢᠭᠤᠯᠪᠠ᠃
 • 1218: ᠮᠣᠩᠭᠣᠯᠴᠤᠳ ᠬᠠᠷ᠎ᠠ ᠬᠢᠳᠠᠨ ᠤᠯᠤᠰ ᠤᠨ ᠨᠤᠲᠤᠭ ᠲᠤ ᠨᠡᠪᠲᠡᠷᠴᠦ ᠺᠠᠰᠭᠢᠷ ᠬᠣᠲᠠ ᠍ ᠢ ᠡᠷᠬᠡᠰᠢᠶᠡᠯ ᠳᠦ ᠪᠡᠨ ᠠᠪᠴᠠᠢ᠃
 • 1218: ᠴᠢᠩᠭᠢᠰ ᠬᠠᠭᠠᠨ ᠤ ᠡᠯᠴᠢ ᠶᠢ ᠴᠠᠭᠠᠵᠠ ᠪᠠᠷ ᠠᠪᠤᠭᠰᠠᠨ ᠢᠶᠠᠷ ᠬᠣᠷᠧᠽᠮ ᠤᠨ ᠰᠢᠬ᠎ᠠ ᠮᠤᠬᠤᠮ ᠢᠶ᠎ᠡ ᠳᠦ ᠶᠡᠬᠡ ᠳᠠᠶᠢᠨ ᠤ ᠬᠠᠷᠠᠩᠭᠤ ᠶᠢ ᠳᠡᠯᠡᠳᠪᠡ᠃
 • 1219: ᠮᠣᠩᠭᠣᠯ ᠤᠨ ᠴᠡᠷᠢᠭ ᠰᠤᠷᠲᠠᠷᠢᠶ᠎ᠠ ᠮᠥᠷᠡᠨ ᠢ ᠭᠠᠲᠤᠯᠠᠵᠤ ᠲᠦ᠋ᠷᠺᠢᠰᠳᠠᠨ  ᠦ ᠨᠤᠲᠤᠭ ᠲᠤ ᠨᠡᠪᠲᠡᠷᠡᠨ ᠣᠷᠣᠵᠠᠢ᠃
 • 1219–1221: ᠬᠡᠳᠦᠢ ᠪᠡᠷ ᠤᠮᠠᠷᠠᠳᠤ ᠬᠢᠲᠠᠳ ᠲᠤ ᠠᠯᠲᠠᠨ ᠤᠯᠤᠰ ᠲᠠᠢ ᠬᠢᠵᠦ ᠪᠠᠶᠢᠭᠰᠠᠨ ᠳᠠᠶᠢᠨ ᠦᠷᠭᠦᠯᠵᠢᠯᠡᠵᠦ ᠪᠠᠶᠢᠭᠰᠠᠨ ᠴᠤ ᠴᠢᠩᠭᠢᠰ ᠬᠠᠭᠠᠨ ᠪᠠᠷᠠᠭᠤᠨ ᠵᠦᠭ ᠲᠤ ᠬᠣᠷᠧᠽᠮ ᠤᠨ ᠡᠵᠡᠨᠲᠦ ᠤᠯᠤᠰ ᠢ ᠠᠮᠵᠢᠯᠲᠠ ᠲᠠᠢ ᠳᠠᠶᠢᠯᠠᠵᠤ᠂ ᠤᠯᠠᠮ ᠢᠶᠠᠷ ᠮᠤᠬᠤᠮ ᠢᠶ᠎ᠡ ᠳᠦ ᠰᠢᠬ᠎ᠠ ᠶᠢ ᠤᠰᠠᠳᠬᠠᠬᠤ ᠳᠠᠭᠠᠭᠠᠯᠭᠠᠪᠤᠷᠢ ᠶᠢ ᠵᠠᠪᠠᠰᠥᠪᠡᠭᠡᠲᠡᠢ ᠨᠠᠷ ᠲᠤ ᠥᠭᠴᠡᠢ᠃
 • 1223: ᠵᠠᠪᠠ᠂ ᠰᠥᠪᠡᠭᠡᠲᠡᠢ ᠨᠠᠷ 20000 ᠮᠣᠷᠢᠲᠤ ᠴᠡᠷᠢᠭ ᠢ ᠤᠳᠤᠷᠢᠳᠤᠨ ᠺᠠᠯᠺᠠ ᠭᠣᠣᠯ ᠍ ᠤᠨ ᠬᠥᠪᠡᠭᠡᠨ ᠳᠤ ᠠᠩᠬ᠎ᠠ ᠤᠳᠠᠭ᠎ᠠ ᠣᠷᠣᠰ᠂ ᠺᠢᠫᠴᠠᠺ ᠍ ᠤᠨ ᠬᠠᠮᠲᠤᠷᠠᠭᠰᠠᠨ ᠴᠡᠷᠢᠭ ᠲᠡᠢ ᠲᠤᠯᠤᠯᠳᠤᠨ ᠢᠯᠠᠯᠲᠠ ᠪᠠᠶᠢᠭᠤᠯᠵᠠᠢ᠃
 • 1227: ᠴᠢᠩᠭᠢᠰ ᠬᠠᠭᠠᠨ ᠲᠠᠩᠭᠤᠳ ᠤᠨ ᠳᠠᠶᠢᠯᠠᠵᠤ ᠶᠠᠪᠤᠭᠠᠳ ᠲᠩᠷᠢ ᠳᠦ ᠬᠠᠯᠢᠪᠠ᠃ ᠡᠨᠡ ᠦᠶ᠎ᠡ ᠳᠦ ᠮᠣᠩᠭᠣᠯ ᠤᠨ ᠡᠵᠡᠨᠲᠦ ᠭᠦᠷᠦᠨ 26 ᠰᠠᠶ᠎ᠠ ᠺᠢᠯᠣᠮᠧᠲ᠋ᠷ ᠺᠸᠠᠳ᠋ᠷᠠᠲ ᠭᠠᠵᠠᠷ ᠨᠤᠲᠤᠭ ᠢ ᠡᠵᠡᠯᠡᠵᠦ ᠬᠡᠮᠵᠢᠶ᠎ᠡ ᠪᠡᠷ ᠢᠶᠡᠨ ᠷᠤᠮᠠᠨᠢᠶ ᠠ ᠡᠵᠡᠨᠲᠦ ᠭᠦᠷᠦᠨ ᠪᠣᠯᠤᠨ ᠮᠠᠺᠧᠳᠣᠨ ᠤ ᠡᠵᠡᠨᠲᠦ ᠭᠦᠷᠦᠨ ᠡᠴᠡ ᠳᠥᠷᠪᠡᠨ ᠳᠠᠬᠢᠨ ᠲᠣᠮᠣ ᠪᠣᠯᠤᠭᠰᠠᠨ ᠪᠠᠶᠢᠪᠠ᠃
 • 1229: ᠥᠭᠡᠲᠡᠢ ᠶᠡᠬᠡ ᠬᠠᠭᠠᠨ ᠤ ᠣᠷᠣ ᠳᠤ ᠰᠠᠭᠤᠵᠤ ᠳᠠᠯᠠᠢ ᠬᠠᠭᠠᠨ ᠭᠡᠵᠦ ᠡᠷᠭᠦᠮᠵᠢᠯᠡᠭᠳᠡᠪᠡ᠃
 • 1237:ᠮᠣᠩᠭᠣᠯᠴᠤᠳ ᠪᠠᠲᠤ ᠬᠠᠨ ᠤ ᠤᠳᠤᠷᠢᠳᠤᠯᠭ᠎ᠠ ᠳᠣᠣᠷ᠎ᠠ ᠨᠢᠭᠡᠳᠦᠨ ᠪᠠᠷᠠᠭᠤᠨ ᠵᠦᠭ ᠲᠤ ᠳᠣᠪᠲᠣᠯᠵᠤ ᠺᠢᠶᠠᠪ ᠤᠨ ᠡᠰᠡᠷᠬᠦ ᠳᠠᠶᠢᠨ ᠢ ᠡᠬᠢᠯᠡᠭᠦᠯᠪᠡ᠃
 • 1240: ᠺᠧᠪ ᠦᠨ ᠸᠠᠩᠲᠤ ᠤᠯᠤᠰ ᠤᠳ ᠢ ᠰᠥᠨᠥᠭᠡᠪᠡ᠃ ᠮᠥᠨ ᠳᠣᠷᠣᠨ᠎ᠠ ᠵᠦᠭ ᠲᠤ ᠰᠣᠯᠣᠩᠭᠣᠰ ᠍ ᠢ ᠡᠷᠬᠡᠰᠢᠶᠡᠯ ᠳᠦ ᠪᠡᠨ ᠤᠷᠤᠭᠤᠯᠪᠠ᠃
 • 1241: ᠮᠣᠩᠭᠣᠯᠴᠤᠳ ᠫᠣᠯᠢᠰᠢ ᠶᠢᠨ ᠯᠧᠭᠨᠢᠼ ᠬᠣᠲᠠ ᠍ ᠤᠨ ᠳᠡᠷᠭᠡᠳᠡ ᠪᠤᠶᠤ ᠯᠧᠭᠨᠢᠼ ᠤᠨ ᠲᠤᠯᠤᠯᠳᠤᠭᠠᠨ ᠢᠶᠠᠷ ᠫᠣᠯᠢᠰᠢᠭᠧᠷᠮᠠᠨᠹᠷᠠᠨᠼᠢ ᠍ ᠤᠨ ᠬᠠᠮᠲᠤᠷᠠᠭᠰᠠᠨ 30 ᠮᠢᠩᠭᠠᠨ ᠬᠦᠮᠦᠨ ᠲᠡᠢ ᠠᠷᠮᠢ ᠶᠢ ᠪᠤᠲᠠ ᠴᠣᠬᠢᠭᠰᠠᠨ ᠪᠠᠶᠢᠨ᠎ᠠ᠃ ᠮᠥᠨ ᠰᠠᠶᠣ ᠭᠣᠣᠯ ᠍ ᠤᠨ ᠬᠥᠪᠡᠭᠡᠨ ᠳᠤ ᠮᠣᠬᠢᠭ ᠦᠨ ᠲᠤᠯᠤᠯᠳᠤᠭᠠᠨ ᠢᠶᠠᠷ ᠬᠠᠩᠭᠠᠷᠢᠺᠦᠷᠦᠠᠴᠢᠶ ᠠ ᠍ ᠤᠨ 65000 ᠬᠦᠮᠦᠨ ᠲᠡᠢ ᠰᠢᠭᠰᠢᠮᠡᠯ ᠠᠷᠮᠢ ᠶᠢ ᠪᠤᠲᠠ ᠴᠤᠬᠢᠪᠠ᠃
 • 1241 - 1242: ᠪᠠᠲᠤ ᠬᠠᠭᠠᠨ ᠤ ᠠᠷᠮᠢ ᠪᠣᠯᠭᠠᠷᠢᠶ᠎ᠠ ᠍ ᠢ ᠡᠵᠡᠯᠡᠵᠦ ᠵᠢᠯ ᠪᠦᠷᠢ ᠠᠯᠪᠠ ᠭᠤᠪᠴᠢᠭᠤᠷ ᠠᠪᠬᠤ ᠪᠣᠯᠪᠠ᠃
 • 1241: ᠥᠭᠡᠲᠡᠢ ᠬᠠᠭᠠᠨ ᠨᠠᠰᠤ ᠡᠴᠦᠰᠯᠡᠵᠦ ᠧᠦᠢᠷᠣᠫᠠ ᠶᠢ ᠡᠵᠡᠯᠡᠵᠦ ᠪᠠᠶᠢᠭᠰᠠᠨ ᠴᠡᠷᠢᠭ ᠦᠨ ᠵᠠᠩᠵᠤᠳ᠂ ᠬᠠᠨ ᠬᠥᠪᠡᠭᠦᠳ ᠶᠡᠬᠡ ᠬᠤᠷᠠᠯᠳᠠᠢ ᠳᠤ ᠳᠠᠭᠤᠳᠠᠭᠳᠠᠵᠤ ᠨᠤᠲᠤᠭ ᠤᠨ ᠵᠦᠭ ᠬᠥᠯᠦᠭ ᠦᠨ ᠵᠣᠯ ᠢᠶᠠᠨ ᠵᠠᠯᠠᠪᠠ᠃
 • 1242: ᠮᠣᠩᠭᠣᠯᠴᠤᠳ ᠠᠳᠠᠷᠢᠶᠠᠲᠤ ᠶᠢᠨ ᠲᠡᠩᠭᠢᠰ ᠬᠦᠷᠪᠡ᠃
 • 1246: ᠭᠦᠶᠦᠭ ᠬᠠᠭᠠᠨ᠂ ᠶᠡᠬᠡ ᠬᠠᠭᠠᠨ ᠢᠶᠠᠷ ᠡᠷᠭᠦᠮᠵᠢᠯᠡᠭᠳᠡᠪᠡ᠃

ᠶᠡᠬᠡ ᠮᠣᠩᠭᠣᠯ ᠤᠯᠤᠰ ᠪᠠᠶᠢᠭᠤᠯᠤᠭᠳᠠᠬᠤ ᠤᠷᠢᠳᠴᠢ ᠨᠥᠬᠥᠴᠡᠯ ᠪᠦᠷᠢᠯᠳᠦᠭᠰᠡᠨ ᠨᠢ[ᠵᠠᠰᠠᠪᠤᠷᠢᠯᠠᠬᠤ | ᠺᠣᠳ᠋ ᠢᠶᠠᠷ ᠵᠠᠰᠠᠬᠣ]

ᠳᠣᠯᠤᠳᠤᠭᠠᠷ ᠵᠠᠭᠤᠨ ᠤ ᠮᠣᠩᠭᠤᠯᠴᠤᠳ ᠤᠨ ᠡᠮᠦᠨ᠎ᠡ ᠲᠠᠷᠬᠠᠢ ᠪᠤᠲᠠᠷᠬᠠᠢ ᠣᠷᠣᠰᠢᠵᠤ᠂ ᠥᠪᠡᠷ ᠬᠣᠭᠣᠷᠣᠨᠳᠣ ᠪᠠᠨ ᠢᠮᠠᠭᠲᠠ ᠬᠠᠷᠭᠤᠯᠳᠤᠨ ᠪᠤᠰᠤᠳ ᠤᠨ ᠵᠠᠭᠤᠰᠢ ᠪᠣᠯᠬᠤ ᠤᠤ᠂ ᠡᠰᠡᠪᠡᠯ ᠨᠢᠭᠡᠨ ᠳᠡᠭᠡᠪᠦᠷ ᠳᠣᠣᠷ᠎ᠠ ᠨᠢᠭᠡᠳᠦᠨ ᠨᠢᠭᠲᠠᠷᠠᠴᠤ᠂ ᠥᠭᠰᠦᠨ ᠳᠡᠭᠡᠭᠰᠢᠯᠡᠬᠦ ᠦᠦ ᠭᠡᠰᠡᠨ ᠠᠴᠠᠨ ᠵᠠᠮ ᠲᠤᠯᠭᠠᠷᠠᠵᠠᠢ᠃ ᠲᠡᠷᠡᠬᠦ ᠲᠡᠦᠬᠡᠨ ᠰᠣᠩᠭᠣᠯᠲᠠ ᠶᠢ ᠵᠥᠪ ᠤᠬᠠᠮᠰᠠᠷᠯᠠᠭᠰᠠᠨ ᠬᠠᠮᠤᠭ ᠮᠣᠩᠭᠣᠯ ᠤᠨ ᠬᠠᠨ ᠲᠡᠮᠦᠵᠢᠨ ᠢᠰᠡᠭᠡᠢ ᠲᠤᠭᠤᠷᠭᠠᠲᠠᠨ ᠢ ᠨᠢᠭᠡᠳᠬᠡᠬᠦ ᠲᠡᠮᠡᠴᠡᠯ ᠳᠦ ᠡᠷᠭᠢᠯᠲᠡ ᠪᠤᠴᠠᠯᠲᠠ ᠦᠭᠡᠢ ᠣᠷᠣᠵᠠᠢ᠃ ᠬᠠᠮᠤᠭ ᠮᠣᠩᠭᠣᠯ ᠤᠨ ᠳᠣᠲᠣᠷ᠎ᠠ ᠲᠡᠮᠦᠵᠢᠨ ᠡᠴᠡ ᠭᠠᠳᠠᠨ᠎ᠠ ᠵᠠᠮᠤᠬ᠎ᠠ ᠍ ᠤᠨ ᠲᠣᠯᠣᠭᠠᠶᠢᠯᠠᠭᠰᠠᠨ ᠬᠦᠴᠦᠨ ᠦ ᠨᠥᠭᠥᠭᠡ ᠲᠤᠶᠢᠯ ᠡᠭᠦᠰᠴᠦ᠂ ᠲᠡᠳᠡ ᠲᠤᠰ ᠲᠤᠰ ᠲᠤ ᠪᠠᠨ ᠬᠦᠴᠦ ᠪᠡᠨ ᠵᠤᠵᠠᠭᠠᠳᠬᠠᠬᠤ ᠶᠢ ᠡᠷᠡᠮᠡᠯᠵᠡᠵᠦ ᠪᠠᠶᠢᠪᠠ᠃ ᠬᠠᠷᠢᠨ ᠴᠠᠭ ᠤᠨ ᠪᠠᠶᠢᠳᠠᠯ ᠲᠡᠮᠦᠵᠢᠨ ᠦ ᠲᠠᠯ᠎ᠠ ᠳᠤ ᠠᠶᠠᠲᠠᠢ ᠡᠷᠭᠢᠵᠦ᠂ ᠵᠠᠮᠤᠬ᠎ᠠ ᠶᠢᠨ ᠬᠠᠷᠢᠶᠠᠲᠤ ᠨᠠᠷ ᠠᠴᠠ ᠲᠡᠭᠦᠨ ᠦ ᠲᠠᠯ᠎ᠠ ᠳᠤ ᠳᠠᠭᠠᠷ᠎ᠠ ᠣᠷᠣᠭᠰᠠᠭᠠᠷ ᠪᠠᠶᠢᠯ᠎ᠠ᠃ ᠬᠡᠷᠡᠶᠢᠳ ᠤᠨ ᠬᠠᠨᠯᠢᠭ ᠤᠨ ᠳᠣᠲᠣᠷ᠎ᠠ ᠡᠪᠳᠡᠷᠡᠯ ᠭᠠᠷᠴᠤ᠂ ᠸᠠᠩ ᠬᠠᠨ ᠢ ᠬᠦᠴᠦᠨ ᠮᠡᠬᠦᠰᠳᠡᠬᠦ ᠳᠦ ᠲᠡᠮᠦᠵᠢᠨ ᠢᠪᠡᠭᠡᠯ ᠳᠦ ᠪᠡᠨ ᠠᠪᠴᠤ ᠳᠠᠬᠢᠨ ᠲᠡᠩᠬᠡᠷᠡᠭᠦᠯᠪᠡ᠃ ᠢᠩᠭᠢᠭᠡᠳ ᠲᠡᠭᠦᠨ ᠲᠡᠢ ᠬᠠᠮᠲᠤ 1196 ᠣᠨ ᠳᠤ ᠠᠯᠲᠠᠨ ᠤᠯᠤᠰ ᠲᠤ ᠲᠤᠰᠠᠯᠠᠨ᠂ ᠲᠠᠲ᠋ᠠᠷ ᠲᠤ ᠬᠠᠮᠲᠤ ᠶᠢᠨ ᠬᠦᠴᠦ ᠪᠡᠷ ᠴᠣᠬᠢᠯᠲᠠ ᠥᠭᠴᠡᠢ᠃ ᠲᠡᠳᠡ 1199 ᠣᠨ ᠳᠤ ᠨᠠᠶᠮᠠᠨ ᠢ ᠬᠠᠨᠯᠢᠭ ᠲᠠᠢ ᠨᠢᠭᠤᠷ ᠲᠤᠯᠵᠤ ᠪᠠᠶᠢᠯᠳᠤᠭᠰᠠᠨ ᠠᠴᠠ ᠭᠠᠳᠠᠨ᠎ᠠ ᠮᠣᠩᠭᠣᠯ ᠤᠭᠰᠠᠭᠠᠨ ᠤ ᠣᠯᠠᠨ ᠠᠶᠢᠮᠠᠭ ᠢ ᠪᠠᠶᠢᠯᠳᠤᠨ ᠳᠠᠭᠠᠭᠤᠯᠪᠠ᠃ ᠭᠡᠪᠡᠴᠦ ᠲᠠᠶᠢᠴᠢᠭᠤᠳᠬᠣᠩᠭᠢᠷᠠᠳᠢᠺᠠᠷᠢᠰᠭᠣᠷᠣᠰᠲᠠᠲ᠋ᠠᠷᠣᠶᠢᠷᠠᠳᠨᠠᠶᠢᠮᠠᠨ ᠠᠶᠢᠮᠠᠭ ᠤᠨ ᠨᠣᠶᠠᠳ ᠡᠪᠰᠡᠵᠦ᠂ ᠴᠢᠩᠭᠢᠰ ᠦᠨ ᠡᠰᠡᠷᠬᠦ ᠰᠢᠨ᠎ᠡ ᠬᠣᠯᠪᠣᠭ᠎ᠠ ᠪᠠᠶᠢᠭᠤᠯᠵᠠᠢ᠃ ᠲᠡᠳᠡ 1201 ᠣᠨ ᠳᠤ ᠡᠷᠭᠦᠨ᠎ᠡ ᠮᠥᠷᠡᠨ ᠦ ᠬᠥᠪᠡᠭᠡᠨ ᠳᠡᠭᠡᠷ᠎ᠡ ᠬᠤᠷᠠᠯᠳᠤᠵᠤ᠂ ᠵᠠᠮᠤᠬ᠎ᠠ ᠰᠡᠴᠡᠨ ᠢ ᠭᠦᠷᠦ ᠬᠠᠭᠠᠨ ᠬᠡᠮᠡᠨ ᠡᠷᠭᠦᠮᠵᠢᠯᠡᠵᠡᠢ᠃ ᠡᠯ᠎ᠡ ᠪᠦᠯᠦᠭᠯᠡᠯ ᠦᠨ ᠡᠰᠡᠷᠬᠦ ᠲᠡᠮᠦᠵᠢᠨ ᠸᠠᠩ ᠬᠠᠨ ᠲᠠᠢ ᠬᠦᠴᠦ ᠬᠠᠪᠰᠤᠷᠤᠨ ᠲᠤᠯᠤᠯᠳᠤᠵᠤ ᠪᠤᠲᠠ ᠴᠣᠬᠢᠵᠠᠢ᠃ ᠵᠠᠮᠤᠬ᠎ᠠ ᠶᠢᠨ ᠡᠪᠰᠡᠯ ᠢ ᠪᠤᠲᠠ ᠴᠣᠬᠢᠭᠰᠠᠨ ᠤ ᠳᠠᠷᠠᠭ᠎ᠠ ᠲᠡᠮᠦᠵᠢᠨ 1202 ᠣᠨ ᠳᠤ ᠲᠠᠲ᠋ᠠᠷ ᠢ ᠡᠷᠬᠡᠨ ᠳᠦ ᠪᠡᠨ ᠪᠦᠷᠢᠮᠦᠰᠦᠨ ᠤᠷᠤᠭᠤᠯᠪᠠ᠃

ᠵᠠᠮᠤᠬ᠎ᠠ ᠬᠠᠮᠤᠭ ᠮᠤᠩᠭᠤᠯ ᠤᠨ ᠨᠥᠯᠥᠭᠡ ᠪᠦᠬᠦᠢ ᠢᠵᠠᠭᠤᠷᠲᠠᠨ ᠠᠯᠲᠠᠨᠬᠤᠴᠢᠷ ᠨᠠᠷ ᠢ ᠲᠠᠯ᠎ᠠ ᠳᠤ ᠪᠠᠨ ᠤᠷᠪᠠᠭᠤᠯᠵᠤ᠂ ᠸᠠᠩ ᠬᠠᠨ ᠤ ᠬᠦᠦ ᠨᠢᠯᠬ᠎ᠠ ᠰᠡᠩᠭᠦᠮ ᠢᠶᠡᠷ ᠡᠴᠢᠭᠡ ᠶᠢ ᠨᠢ ᠢᠳᠬᠠᠭᠤᠯᠵᠤ᠂ 1203 ᠣᠨ ᠳᠤ ᠲᠡᠮᠦᠵᠢᠨ ᠦ ᠡᠰᠡᠷᠬᠦ ᠳᠠᠬᠢᠨ ᠡᠪᠰᠡᠯ ᠪᠠᠶᠢᠭᠤᠯᠵᠠᠢ᠃ ᠡᠭᠦᠨ ᠢ ᠲᠠᠩᠨᠠᠵᠤ ᠮᠡᠳᠡᠭᠰᠡᠨ ᠲᠡᠮᠦᠵᠢᠨ 1203 ᠣᠨ ᠤ ᠨᠠᠮᠤᠷ ᠲᠤᠭᠤᠯ ᠭᠣᠣᠯ ᠍ ᠤᠨ ᠬᠠᠪᠢ ᠭᠠᠵᠠᠷ ᠸᠠᠩ ᠬᠠᠨ ᠢ ᠭᠡᠨᠡᠳᠡᠭᠦᠯᠦᠨ ᠴᠣᠬᠢᠵᠠᠢ᠃ ᠢᠩᠭᠢᠵᠦ ᠲᠡᠮᠦᠵᠢᠨ ᠬᠠᠮᠤᠭ ᠤᠨ ᠬᠦᠴᠦᠷᠬᠡᠭ ᠬᠡᠷᠡᠶᠢᠳ ᠦᠨ ᠬᠠᠨᠯᠢᠭ ᠢ ᠮᠥᠬᠥᠭᠡᠭᠰᠡᠨ ᠢᠶᠡᠷ ᠮᠣᠩᠭᠣᠯ ᠲᠤᠭᠤᠷᠭᠠᠲᠠᠨ ᠤ ᠳᠣᠲᠣᠷ᠎ᠠ ᠡᠷᠬᠡ ᠰᠦᠷ᠂ ᠨᠡᠷ᠎ᠡ ᠬᠦᠨᠳᠦ ᠨᠢ ᠡᠷᠡᠰ ᠥᠰᠪᠡ᠃ ᠡᠴᠦᠰ ᠲᠦ ᠨᠢ ᠡᠮᠦᠨᠡᠬᠢ ᠲᠤᠯᠤᠯᠳᠤᠭᠠᠨ ᠨᠤᠭᠤᠳ ᠲᠤ ᠢᠯᠠᠭᠳᠠᠵᠤ᠂ ᠨᠠᠶᠢᠮᠠᠨ ᠤ ᠲᠠᠶᠠᠨ ᠬᠠᠨ ᠍ ᠢ ᠲᠣᠭᠣᠷᠢᠨ ᠪᠦᠭᠭᠦᠭᠰᠡᠨ ᠬᠠᠨᠯᠢᠭ᠂ ᠠᠶᠢᠮᠠᠭ ᠤᠳ ᠤᠨ ᠬᠡᠰᠡᠭ ᠪᠤᠰᠠᠭ ᠬᠦᠴᠦ ᠶᠢ 1204 ᠣᠨ ᠳᠤ ᠪᠤᠲᠠ ᠴᠣᠬᠢᠭᠰᠠᠨ ᠢᠶᠠᠷ ᠮᠣᠩᠭᠣᠯ ᠲᠤᠭᠤᠷᠭᠠᠲᠠᠨ ᠤ ᠦᠨᠳᠦᠰᠦᠨ ᠭᠣᠣᠯ ᠬᠡᠰᠡᠭ ᠢ ᠥᠪᠡᠷᠲᠡᠭᠡᠨ ᠨᠢᠭᠡᠳᠬᠡᠵᠡᠢ᠃ ᠲᠡᠮᠦᠵᠢᠨ ᠡᠶᠢᠨᠬᠦᠦ «ᠬᠠᠭᠠᠴᠠᠭᠰᠠᠨ ᠤᠯᠤᠰ ᠢᠶᠠᠨ ᠬᠠᠮᠲᠤᠳᠬᠠᠵᠤ᠂ ᠪᠤᠲᠠᠷᠠᠭᠰᠠᠨ ᠤᠯᠤᠰ ᠢᠶᠠᠨ ᠪᠦᠷᠢᠳᠬᠡᠬᠦ» ᠶᠡᠬᠡ ᠦᠢᠯᠡ ᠬᠡᠷᠡᠭ ᠢ ᠪᠦᠲᠦᠭᠡᠭᠰᠡᠨ ᠪᠢᠯᠡ᠃ ᠡᠨᠡ ᠦᠶ᠎ᠡ ᠪᠣᠯ ᠶᠡᠬᠡ ᠮᠣᠩᠭᠣᠯ ᠤᠯᠤᠰ ᠪᠠᠶᠢᠭᠤᠯᠤᠭᠳᠠᠬᠤ ᠶᠠᠪᠤᠴᠠ  ᠳᠤ ᠬᠢ ᠨᠢᠭᠡ ᠶᠣᠰᠣᠨ ᠤ ᠰᠢᠯᠵᠢᠯᠲᠡ ᠶᠢᠨ ᠦᠶ᠎ᠡ ᠪᠠᠶᠢᠵᠠᠢ᠃

ᠶᠡᠬᠡ ᠮᠣᠩᠭᠣᠯ ᠤᠯᠤᠰ ᠪᠠᠶᠢᠭᠤᠯᠤᠭᠳᠠᠭᠰᠠᠨ ᠨᠢ[ᠵᠠᠰᠠᠪᠤᠷᠢᠯᠠᠬᠤ | ᠺᠣᠳ᠋ ᠢᠶᠠᠷ ᠵᠠᠰᠠᠬᠣ]

ᠮᠣᠩᠭᠣᠯ ᠤᠨ ᠪᠠᠶᠢᠯᠳᠤᠨ ᠳᠠᠭᠠᠭᠤᠯᠤᠯᠲᠠ
ᠴᠢᠩᠭᠢᠰ ᠬᠠᠭᠠᠨ ᠢ ᠥᠭᠡᠳᠡ ᠪᠣᠯᠬᠤ ᠦᠶ᠎ᠡ ᠶᠢᠨ ᠶᠡᠬᠡ ᠮᠣᠩᠭᠣᠯ ᠤᠯᠤᠰ ᠤᠨ ᠭᠠᠵᠠᠷ ᠨᠤᠲᠤᠭ

3 ᠍ ᠳᠦᠭᠡᠷ ᠵᠢᠷᠠᠨ ᠤ ᠤᠯᠠᠭᠠᠨ ᠪᠠᠷᠰ ᠵᠢᠯ (1206) ᠪᠣᠯ ᠮᠣᠩᠭᠣᠯ ᠲᠦᠮᠡᠨ ᠳᠦ ᠢᠪᠡᠭᠡᠯ ᠶᠢᠡᠨ ᠥᠭᠴᠦ᠂ ᠬᠡᠵᠢᠶ᠎ᠡ ᠴᠤ ᠦᠯᠦ ᠤᠮᠠᠷᠲᠠᠬᠤ ᠲᠡᠦᠬᠡᠨ ᠠᠤᠭ᠎ᠠ ᠶᠡᠬᠡ ᠦᠢᠯᠡᠰ ᠦᠨ ᠭᠠᠷᠤᠭ᠎ᠠ ᠪᠣᠯᠤᠭᠰᠠᠨ ᠶᠤᠮ᠃ 1206 ᠣᠨ ᠤ ᠨᠠᠮᠤᠷ ᠴᠠᠭ ᠲᠤ ᠣᠨᠣᠨ ᠭᠣᠣᠯ ᠤᠨ ᠡᠬᠢᠨ ᠢᠶᠡᠨ ᠲᠡᠮᠦᠵᠢᠨ ᠦ ᠣᠷᠳᠤ ᠥᠷᠭᠦᠭᠡᠨ ᠳᠦ ᠮᠣᠩᠭᠣᠯ ᠤᠨ ᠢᠵᠠᠭᠤᠷᠲᠠᠨ ᠳᠡᠭᠡᠳᠦᠰ ᠦᠨ ᠶᠡᠬᠡ ᠴᠢᠭᠤᠯᠭᠠᠨ ᠶᠡᠬᠡ ᠬᠤᠷᠠᠯᠳᠠᠢ ᠬᠤᠷᠠᠯᠳᠤᠵᠠᠢ᠃ ᠶᠡᠬᠡ ᠬᠤᠷᠠᠯᠳᠠᠢ ᠶᠢᠨ ᠡᠮᠦᠨ᠎ᠡ ᠲᠠᠯᠪᠢᠭᠳᠠᠭᠰᠠᠨ ᠦᠨᠳᠦᠰᠦᠨ ᠵᠣᠷᠢᠯᠲᠠ ᠨᠢ ᠶᠡᠬᠡ ᠮᠣᠩᠭᠣᠯ ᠤᠯᠤᠰ ᠪᠠᠶᠢᠭᠤᠯᠤᠭᠳᠠᠭᠰᠠᠨ ᠢ ᠳᠠᠶᠠᠭᠠᠷ ᠣᠯᠠᠨ ᠢᠶᠠᠨ ᠵᠠᠷᠯᠠᠨ ᠲᠤᠩᠬᠠᠭᠯᠠᠬᠤ᠂ ᠨᠡᠭᠦᠳᠡᠯᠴᠢᠨ ᠮᠣᠩᠭᠣᠯᠴᠤᠳ ᠤᠨ ᠲᠥᠷᠥ ᠶᠢᠨ ᠵᠢᠯᠣᠭᠣ ᠶᠢ ᠪᠠᠲᠤ ᠲᠦᠪᠰᠢᠨ ᠠᠳᠬᠤᠬᠤ ᠶᠡᠬᠡ ᠬᠠᠭᠠᠨ ᠢ ᠰᠣᠩᠭᠣᠨ ᠡᠷᠭᠦᠮᠵᠢᠯᠡᠬᠦ ᠶᠠᠪᠤᠳᠠᠯ ᠪᠠᠶᠢᠪᠠ᠃ ᠡᠶᠢᠨᠬᠦᠦ ᠮᠣᠩᠭᠣᠯ ᠤᠭᠰᠠᠭᠠᠨ ᠤ ᠣᠯᠠᠨ ᠬᠠᠨᠯᠢᠭ ᠠᠶᠢᠮᠠᠭ ᠤᠳ ᠢ ᠨᠢᠭᠡᠳᠬᠡᠨ ᠵᠠᠬᠢᠷᠤᠭᠰᠠᠨ ᠮᠣᠩᠭᠣᠯ ᠬᠡᠮᠡᠬᠦ ᠤᠯᠤᠰ ᠲᠥᠪ ᠠᠽᠢᠶ᠎ᠠ ᠳᠤ ᠲᠣᠭᠲᠠᠨᠢᠨ ᠮᠠᠨᠳᠤᠭᠰᠠᠨ ᠪᠠᠶᠢᠨ᠎ᠠ᠃ ᠰᠢᠨ᠎ᠡ ᠲᠤᠯᠭᠤᠷ ᠮᠣᠩᠭᠣᠯ ᠤᠯᠤᠰ ᠲᠣᠭᠲᠠᠨᠢᠨ ᠮᠠᠨᠳᠤᠬᠤ ᠳᠤ ᠪᠠᠰᠠ ᠴᠢᠩᠭᠢᠰ ᠬᠠᠭᠠᠨ ᠤ ᠰᠢᠳᠠᠷ ᠵᠢᠳᠬᠦᠯᠭᠡᠲᠡᠨ ᠨᠦᠭᠦᠳ᠂ ᠨᠡᠶᠢᠲᠡ ᠮᠣᠩᠭᠣᠯ ᠲᠦᠮᠡᠨ ᠪᠠᠭ᠎ᠠ ᠦᠭᠡᠢ ᠡᠭᠦᠷᠭᠡ ᠭᠦᠢᠴᠡᠳᠭᠡᠭᠰᠡᠨ᠃ ᠮᠣᠩᠭᠣᠯ ᠤᠨ ᠲᠤᠯᠭᠤᠷ ᠲᠥᠷᠥ ᠲᠣᠭᠲᠠᠭᠰᠠᠨ ᠢ ᠥᠷᠭᠡᠨ ᠤᠳᠬ᠎ᠠ ᠪᠠᠷ ᠨᠢ ᠠᠪᠴᠤ ᠦᠵᠡᠪᠡᠯ᠂ ᠮᠠᠨ ᠤ ᠡᠷᠡᠨ ᠦ ᠡᠮᠦᠨ᠎ᠡ 3 ᠵᠠᠭᠤᠨ ᠠᠴᠠ ᠡᠭᠦᠳᠦᠯᠲᠡᠢ ᠶᠠᠭᠦ ᠨᠤᠭᠤᠷ ᠤᠨ ᠮᠣᠩᠭᠣᠯᠴᠤᠳ ᠤᠨ 1400 ᠍ ᠊ᠭᠠᠳ ᠵᠢᠯ ᠦᠨ ᠰᠢᠷᠭᠠᠭᠤ ᠲᠡᠮᠡᠴᠡᠯ ᠦᠨ ᠵᠦᠢ ᠶᠣᠰᠣᠨ ᠤ ᠦᠷ᠎ᠡ ᠳ᠋ᠦ᠋ᠩ᠂ ᠨᠡᠭᠦᠳᠡᠯᠴᠢ ᠤᠳᠤᠮ ᠤᠨ ᠬᠢᠨ ᠤ ᠨᠡᠶᠢᠭᠡᠮ ᠤᠯᠤᠰ ᠲᠥᠷᠥ ᠶᠢᠨ ᠬᠥᠭᠵᠢᠯᠳᠦ ᠭᠠᠷᠤᠭᠰᠠᠨ ᠴᠢᠨᠠᠷ ᠤᠨ ᠬᠤᠪᠢᠰᠤᠯ ᠥᠭᠡᠷᠡᠴᠢᠯᠡᠯᠲᠡ᠂ ᠥᠲᠡᠭᠦᠰ ᠡᠪᠦᠭᠡᠳ ᠡᠴᠡ ᠮᠠᠨᠢ ᠤᠯᠪᠠᠭᠠᠯᠠᠭᠰᠠᠨ ᠲᠥᠷᠥ ᠶᠣᠰᠣᠨ ᠤ ᠤᠯᠠᠮᠵᠢᠯᠠᠯ᠂ ᠰᠢᠨᠡᠴᠢᠯᠡᠯ ᠢᠢ ᠶᠠᠬᠤ ᠠᠷᠭ᠎ᠠ ᠦᠭᠡᠢ ᠭᠣᠶᠢᠳᠠ ᠰᠣᠳᠣᠨ ᠲᠡᠦᠬᠡᠨ ᠦᠵᠡᠭᠳᠡᠯ  ᠪᠠᠶᠢᠭᠰᠠᠨ ᠶᠤᠮ᠃ ᠶᠡᠬᠡ ᠮᠣᠩᠭᠣᠯ ᠨᠢ ᠤᠯᠤᠰ ᠬᠡᠮᠡᠬᠦ ᠣᠷᠴᠢᠨ ᠴᠠᠭ ᠤᠨ ᠤᠬᠠᠭᠳᠠᠬᠤᠨ ᠤ ᠦᠨᠳᠦᠰᠦᠨ ᠰᠢᠯᠭᠠᠭᠤᠷ - ᠲᠣᠳᠣᠷᠬᠠᠢ ᠭᠠᠵᠠᠷ ᠨᠤᠲᠤᠭ᠂ ᠬᠢᠯᠢ ᠬᠢᠵᠠᠭᠠᠷ᠂ ᠬᠦᠮᠦᠨ ᠠᠮᠠ᠂ ᠲᠥᠷᠥ ᠪᠣᠯᠤᠨ ᠲᠥᠷᠥ ᠶᠢᠨ ᠪᠦᠷᠢᠨ ᠡᠷᠬᠡᠲᠦ ᠪᠠᠶᠢᠳᠠᠯ ᠬᠡᠮᠡᠬᠦ ᠭᠣᠣᠯ ᠪᠣᠯᠵᠣᠯ ᠤᠳ ᠢ ᠪᠦᠷᠢᠨ ᠳᠦᠭᠦᠷᠡᠩ ᠬᠠᠩᠭᠠᠵᠤ ᠪᠠᠶᠢᠭᠰᠠᠨ ᠶᠤᠮ᠃ ᠴᠢᠩᠭᠢᠰ ᠬᠠᠭᠠᠨ ᠤ ᠦᠨᠳᠦᠰᠦᠯᠡᠨ ᠪᠠᠶᠢᠭᠤᠯᠤᠭᠰᠠᠨ ᠶᠡᠬᠡ ᠮᠣᠩᠭᠣᠯ ᠤᠯᠤᠰ ᠨᠢ ᠡᠬᠢᠨ ᠦᠶ᠎ᠡ ᠳᠡᠭᠡᠨ ᠤᠮᠠᠷᠠᠳᠤ ᠠᠴᠠ ᠡᠮᠦᠨᠡᠲᠦ ᠡᠲᠡᠭᠡᠳ ᠲᠦ ᠪᠠᠶᠢᠭᠠᠯ ᠨᠠᠭᠤᠷ ᠠᠴᠠ ᠴᠠᠭᠠᠨ ᠬᠡᠷᠡᠮ ᠬᠦᠷᠲᠡᠯ᠎ᠡ᠂ ᠵᠡᠭᠦᠨ ᠡᠴᠡ ᠥᠷᠥᠨᠡᠲᠦ ᠡᠲᠡᠭᠡᠳ ᠲᠦ ᠬᠢᠩᠭᠠᠨ ᠤ ᠨᠢᠷᠤᠭᠤᠨ ᠠᠴᠠ ᠠᠯᠲᠠᠢ ᠶᠢᠨ ᠴᠢᠨᠠᠳᠤ ᠬᠦᠷᠲᠡᠯ᠎ᠡ ᠥᠷᠭᠡᠨ ᠠᠭᠤᠳᠠᠮ ᠨᠤᠲᠤᠭ ᠢ ᠡᠵᠡᠯᠡᠨ ᠣᠷᠣᠰᠢᠵᠤ ᠪᠠᠶᠢᠪᠠ᠃ 1207 ᠣᠨ ᠳᠤ ᠵᠦᠴᠢ ᠪᠤᠷᠢᠶᠠᠳ᠂ ᠬᠠᠪ ᠬᠢᠨᠠᠰ᠂ ᠲᠤᠸᠠ ᠵᠡᠷᠭᠡ ᠣᠢ ᠶᠢᠨ ᠢᠷᠭᠡᠳ ᠶᠡᠬᠡ ᠮᠣᠩᠭᠣᠯ ᠤᠯᠤᠰ ᠲᠤ ᠨᠢᠭᠡᠳᠬᠡᠵᠡᠢ᠃

1218 ᠣᠨ ᠳᠤ ᠺᠢᠷᠭᠢᠽᠢ ᠨᠦᠭᠦᠳ ᠲᠡᠢ ᠬᠠᠮᠲᠤ ᠪᠣᠰᠤᠯᠭ᠎ᠠ ᠭᠠᠷᠭᠠᠭᠰᠠᠨ ᠲᠦᠮᠡᠳᠡᠭᠦᠳᠡ ᠴᠢᠩᠭᠢᠰ ᠦᠨ ᠴᠡᠷᠢᠭ ᠲᠦ ᠳᠠᠷᠤᠭᠳᠠᠭᠰᠠᠨ ᠤ ᠳᠠᠷᠠᠭ᠎ᠠ ᠵᠠᠷᠢᠮ ᠬᠡᠰᠡᠭ ᠨᠢ ᠮᠡᠷᠬᠢᠳᠡᠭᠦᠳᠡ ᠲᠡᠢ ᠴᠤᠭ ᠶᠠᠺᠲᠤ︵雅库特人︶ ᠤᠷᠤᠭᠤ ᠣᠴᠢᠭᠰᠠᠨ ᠨᠢ ᠶᠠᠺᠲᠤ ᠶᠢᠨ ᠮᠡᠷᠬᠢᠳ᠂ ᠲᠤᠮᠠᠲ ᠣᠪᠤᠭ ᠪᠣᠯᠵᠠᠢ᠃ ᠶᠠᠺᠲᠤ ᠡᠷᠳᠡᠮᠲᠡᠳ ᠡᠨᠡ ᠨᠡᠭᠦᠳᠡᠯ ᠢ ᠶᠠᠺ ᠲᠤ ᠶᠢᠨ ᠠᠷᠠᠳ ᠲᠦᠮᠡᠨ ᠪᠥᠷᠢᠯᠳᠦᠬᠦ ᠳᠦ ᠨᠥᠯᠦᠭᠡᠯᠡᠭᠰᠡᠨ ᠰᠡᠭᠦᠯᠴᠢ ᠶᠢᠨ ᠦᠢᠯᠡ ᠶᠠᠪᠤᠳᠠᠯ ᠭᠡᠵᠦ ᠦᠵᠡᠳᠡᠭ᠃ ᠲᠦᠷᠦᠭ ᠬᠡᠯᠡᠨ ᠨᠦᠭᠦᠳ ᠡᠴᠡ ᠮᠣᠩᠭᠣᠯ ᠬᠡᠯᠡ ᠲᠡᠢ ᠬᠠᠮᠤᠭ ᠤᠨ ᠣᠶᠢᠷ᠎ᠠ ᠨᠢ ᠶᠠᠺᠲᠤ ᠬᠡᠯᠡ ᠶᠤᠮ᠃ ᠶᠠᠺ ᠲᠤ ᠬᠡᠯᠡᠨ ᠦ 30% ᠨᠢ ᠮᠣᠩᠭᠣᠯ ᠦᠭᠡ ᠪᠠᠶᠢᠳᠠᠭ᠃ ᠶᠠᠺ ᠲᠤ ᠶᠢᠨ ᠪᠠᠷᠠᠭᠤᠨ ᠨᠤᠲᠤᠭ ᠤᠨ ᠠᠳᠤᠭᠤ ᠨᠢ ᠮᠣᠩᠭᠣᠯ ᠠᠳᠤᠭᠤ ᠲᠠᠢ ᠲᠥᠰᠲᠡᠢ ᠨᠢ ᠲᠣᠭᠲᠠᠭᠠᠭᠳᠠᠵᠠᠢ᠃ ᠪᠤᠰᠤᠳ ᠲᠦᠮᠡᠳ ᠬᠦᠮᠦᠰ ᠢ ᠤᠷᠤᠭᠰᠢ ᠨᠡᠭᠦᠯᠭᠡᠭᠰᠡᠨ ᠨᠢ ᠣᠳᠣ ᠶᠢᠨ ᠡᠮᠦᠨᠡᠲᠦ ᠮᠣᠩᠭᠣᠯ ᠤᠨ ᠲᠦᠮᠡᠳ ᠪᠣᠯᠤᠭᠰᠠᠨ ᠪᠣᠯᠤᠯᠲᠠᠢ᠃ ᠬᠣᠵᠢᠮ ᠪᠠᠲᠤᠮᠦ᠋ᠩᠬᠡ ᠬᠠᠭᠠᠨ ᠮᠥᠨ ᠠᠳᠠᠯᠢ ᠪᠣᠰᠤᠯᠭ᠎ᠠ ᠭᠠᠷᠭᠠᠭᠰᠠᠨ ᠤᠷᠢᠶᠠᠩᠬᠠᠢᠴᠤᠳ ᠢ ᠲᠠᠷᠠᠭᠠᠵᠤ ᠬᠤᠪᠢᠶᠠᠴᠠᠢ᠃

ᠴᠢᠩᠭᠢᠰ ᠬᠠᠭᠠᠨ ᠢ ᠲᠩᠷᠢ ᠳᠦ ᠬᠠᠯᠢᠭᠰᠠᠨ ᠤ ᠳᠠᠷᠠᠭ᠎ᠠ ᠲᠡᠭᠦᠨ ᠦ ᠬᠡᠦᠬᠡᠳ ᠦᠳ ᠨᠢ ᠬᠣᠭᠣᠷᠣᠨᠳᠣ ᠪᠠᠨ ᠬᠠᠭᠠᠨ ᠰᠢᠷᠡᠭᠡᠨ ᠦ ᠲᠥᠯᠥᠭᠡ ᠲᠡᠮᠡᠴᠡᠯᠳᠦᠪᠡ᠃ ᠴᠢᠩᠭᠢᠰ ᠦᠨ ᠭᠡᠷᠢᠶᠡᠰᠯᠡᠯ ᠶᠣᠰᠣᠭᠠᠷ ᠥᠭᠡᠲᠡᠢ ᠰᠢᠷᠡᠭᠡᠨ ᠳᠦ ᠰᠠᠭᠤᠬᠤ ᠶᠣᠰᠣᠲᠠᠢ ᠪᠠᠶᠢᠭᠰᠠᠨ ᠪᠣᠯᠪᠠᠴᠤ ᠴᠢᠩᠭᠢᠰ ᠦᠨ ᠳᠡᠭᠦᠦ ᠲᠡᠮᠦᠭᠡ ᠣᠳᠴᠢᠭᠢᠨ ᠵᠡᠷᠭᠡ ᠨᠥᠯᠥᠭᠡ ᠪᠦᠬᠦᠢ ᠵᠠᠷᠢᠮ ᠨᠣᠶᠠᠳ ᠴᠢᠩᠭᠢᠰ ᠦᠨ ᠣᠳᠬᠣᠨ ᠬᠦᠦ ᠲᠤᠯᠤᠢ ᠶᠢ ᠬᠠᠭᠠᠨ ᠪᠣᠯᠭᠠᠬᠤ ᠰᠠᠨᠠᠭ᠎ᠠ ᠲᠠᠢ ᠪᠠᠶᠢᠵᠠᠢ᠃ ᠲᠡᠭᠦᠨ ᠢ ᠭᠠᠳᠠᠷᠯᠠᠭᠠᠳ ᠴᠤ ᠲᠡᠷᠡ ᠦᠦ᠂ ᠥᠭᠡᠲᠡᠢ ᠰᠢᠷᠡᠭᠡ ᠵᠠᠯᠭᠠᠮᠵᠢᠯᠠᠬᠤ ᠠᠴᠠ ᠴᠠᠭᠠᠷᠭᠤᠯᠠᠬᠤ ᠳᠦᠷᠢ ᠦᠵᠡᠭᠦᠯᠵᠦ᠂ ᠲᠡᠭᠦᠨ ᠡᠴᠡ ᠰᠢᠯᠲᠠᠭᠠᠯᠠᠨ ᠰᠢᠨ᠎ᠡ ᠬᠠᠭᠠᠨ ᠡᠷᠭᠦᠮᠵᠢᠯᠡᠬᠦ ᠪᠡᠷ ᠬᠡᠷᠤᠯᠦᠨ ᠦ 《ᠬᠥᠳᠡᠭᠡ ᠠᠷᠠᠯ ᠳᠤ》 ᠡᠬᠢᠯᠡᠭᠰᠡᠨ ᠶᠡᠬᠡ ᠬᠤᠷᠠᠯᠳᠠᠢ 40 ᠍ ᠊ᠭᠡᠳ ᠬᠣᠨᠣᠭ ᠦᠷᠭᠦᠯᠵᠢᠯᠡᠨ ᠪᠠᠶᠢᠵᠤ 1229 ᠣᠨ ᠤ ᠪᠢᠯᠢᠭ ᠦᠨ 8 ᠍ ᠳᠦᠭᠡᠷ ᠰᠠᠷ᠎ᠠ ᠳᠤ ᠰᠠᠶ᠋ᠢ ᠥᠨᠳᠥᠷᠯᠡᠵᠡᠢ᠃ ᠥᠭᠡᠲᠡᠢ ᠶᠢᠨ ᠰᠢᠷᠡᠭᠡᠨ ᠳᠦ ᠰᠠᠭᠤᠬᠤ ᠳᠤ ᠠᠪᠠᠭ᠎ᠠ ᠠᠬ᠎ᠠ ᠣᠳᠴᠢᠭᠢᠨ᠂ ᠪᠡᠯᠭᠦᠲᠡᠢ᠂ ᠠᠬ᠎ᠠ ᠴᠠᠭᠠᠳᠠᠢ᠂ ᠳᠡᠭᠦᠦ ᠲᠤᠯᠤᠢ᠂ ᠠᠬ᠎ᠠ ᠵᠦᠴᠢ ᠶᠢᠨ ᠬᠦᠦ ᠪᠠᠲᠤ ᠵᠡᠷᠭᠡ ᠳᠡᠭᠡᠳᠦᠰ ᠣᠨᠴᠠᠭᠠᠢ ᠬᠦᠨᠳᠦᠳᠬᠡᠯ ᠦᠵᠡᠭᠦᠯᠵᠦ ᠮᠥᠷᠭᠥᠨ ᠶᠤᠰᠤᠯᠠᠵᠤ᠂ ᠴᠠᠭᠠᠳᠠᠢ ᠲᠤᠯᠤᠢ ᠨᠠᠷ 2 ᠲᠠᠯ᠎ᠠ ᠠᠴᠠ ᠲᠦᠰᠢᠵᠦ᠂ ᠠᠪᠠᠭ᠎ᠠ ᠣᠳᠴᠢᠭᠢᠨ ᠠᠷᠤ ᠠᠴᠠ ᠨᠢ ᠲᠤᠯᠵᠤ ᠰᠢᠷᠡᠭᠡᠨ  ᠳᠤ ᠰᠠᠭᠤᠯᠭᠠᠵᠠᠢ᠃ ᠡᠭᠦᠨ ᠡᠴᠡ ᠬᠣᠶᠢᠰᠢ ᠶᠡᠬᠡ ᠬᠠᠭᠠᠨ ᠢ ᠡᠷᠭᠦᠮᠵᠢᠯᠡᠬᠦ ᠪᠦᠷᠢ ᠳᠦ ᠪᠦᠭᠦᠳᠡ ᠮᠥᠷᠭᠥᠬᠦ ᠶᠣᠰᠣᠨ ᠲᠣᠭᠲᠠᠭᠰᠠᠨ ᠭᠡᠳᠡᠭ᠃ 1241 ᠣᠨ ᠳᠤ ᠥᠭᠡᠲᠡᠢ ᠨᠠᠰᠤ ᠪᠠᠷᠠᠮᠠᠭᠴᠠ ᠬᠠᠭᠠᠨ ᠰᠢᠷᠡᠭᠡᠨ ᠦ ᠲᠥᠯᠥᠭᠡ ᠲᠡᠮᠡᠴᠡᠯ ᠳᠠᠬᠢᠨ ᠥᠷᠨᠢᠵᠡᠢ᠃ ᠥᠭᠡᠲᠡᠢ ᠶᠢᠨ ᠠᠴᠢ ᠬᠥᠪᠡᠭᠦᠨ ᠰᠢᠷᠡᠮᠦᠨ ᠪᠤᠶᠤ ᠲᠤᠯᠤᠢ ᠶᠢᠨ ᠬᠦᠦ ᠮᠥᠩᠬᠡ ᠬᠣᠶᠠᠷ ᠤᠨ ᠨᠢᠭᠡ ᠶᠢ ᠰᠢᠷᠡᠭᠡ ᠵᠠᠯᠭᠠᠮᠵᠢᠯᠠᠭᠤᠯᠬᠤ ᠪᠠᠷ ᠭᠡᠷᠢᠶᠡᠰᠯᠡᠯᠦᠭᠰᠡᠨ ᠭᠡᠳᠡᠭ᠃ ᠭᠡᠲᠡᠯ᠎ᠡ ᠥᠭᠡᠲᠡᠢ ᠶᠢᠨ ᠬᠠᠲᠤᠨ ᠮᠡᠷᠭᠡᠳ ᠣᠪᠤᠭ ᠤᠨ ᠳᠥᠷᠭᠦᠨ᠎ᠡ/ᠲᠤᠷᠠᠺᠢᠨᠠ/ ᠲᠥᠷᠥ ᠶᠢᠨ ᠡᠷᠬᠡ ᠶᠢ ᠲᠦᠷ ᠪᠠᠷᠢᠵᠤ ᠪᠠᠶᠢᠭ᠎ᠠ ᠪᠠᠶᠢᠳᠠᠯ ᠢᠶᠠᠨ ᠠᠰᠢᠭᠯᠠᠵᠤ ᠥᠪᠡᠷ ᠦᠨ ᠬᠦᠦ ᠭᠦᠶᠦᠭ ᠢ ᠬᠠᠭᠠᠨ ᠪᠣᠯᠭᠠᠬᠤ ᠭᠡᠵᠦ ᠬᠦᠴᠦᠯᠡᠨ ᠣᠷᠣᠯᠳᠤᠵᠠᠢ᠃ ᠡᠭᠦᠨ ᠡᠴᠡ ᠪᠣᠯᠵᠤ ᠰᠢᠨ᠎ᠡ ᠬᠠᠭᠠᠨ ᠢ ᠰᠣᠩᠭᠣᠨ ᠡᠷᠭᠦᠮᠵᠢᠯᠡᠬᠦ ᠶᠠᠪᠤᠳᠠᠯ ᠬᠣᠶᠢᠰᠢᠯᠠᠭᠳᠠᠵᠤ 4 ᠍ ᠶᠢᠨ ᠵᠢᠯ ᠰᠢᠬᠠᠮ ᠳᠥᠷᠭᠦᠨ᠎ᠡ ᠬᠠᠲᠤᠨ ᠲᠥᠷᠥ ᠪᠠᠷᠢᠵᠠᠢ᠃ ᠰᠢᠨ᠎ᠡ ᠬᠠᠭᠠᠨ ᠢ ᠰᠤᠩᠭᠤᠬᠤ ᠶᠡᠬᠡ ᠬᠤᠷᠠᠯᠳᠠᠢ ᠶᠢ ᠬᠤᠷᠠᠯᠳᠤᠭᠤᠯᠬᠤ ᠭᠡᠵᠦ ᠬᠡᠳᠦᠨ ᠤᠳᠠᠭ᠎ᠠ ᠣᠷᠣᠯᠳᠤᠭᠰᠠᠨ ᠪᠣᠯᠪᠠᠴᠤ ᠰᠢᠢᠳᠪᠦᠷᠢᠯᠡᠬᠦ ᠭᠣᠣᠯ ᠡᠷᠬᠡ ᠮᠡᠳᠡᠯ ᠪᠦᠬᠦᠢ ᠬᠦᠮᠦᠰ ᠴᠤᠭᠯᠠᠬᠤ ᠦᠭᠡᠢ ᠬᠣᠶᠢᠰᠢᠯᠠᠭᠳᠠᠭᠰᠠᠨ ᠪᠠᠶᠢᠨ᠎ᠠ᠃ ᠭᠠᠭᠴᠠᠬᠦ 1245 ᠣᠨ ᠤ ᠨᠠᠮᠤᠷ ᠬᠠᠷ᠎ᠠ ᠬᠦᠷᠮ᠎ᠡ ᠶᠢᠨ( ᠬᠦᠷᠮᠡᠨ ᠴᠢᠯᠠᠭᠤᠲᠠᠢ ᠶᠢᠨ ᠨᠤᠲᠤᠭ ᠲᠤᠬᠠᠷ᠎ᠠ ᠬᠦᠷᠮ᠎ᠡ ᠭᠣᠣᠯ ᠤᠨ ᠬᠥᠪᠡᠭᠡᠨ ᠳᠤ ᠪᠣᠰᠤᠭᠰᠠᠨ ᠲᠤᠯᠠ ᠬᠠᠷ᠎ᠠ ᠬᠦᠷᠮ᠎ᠡ ᠭᠡᠵᠦ ᠨᠡᠷᠡᠯᠡᠭᠰᠡᠨ᠃) ᠣᠶᠢᠷᠠᠯᠴᠠᠭᠠᠬᠢ ᠳᠠᠯᠠᠨ ᠳᠠᠪᠠᠭ᠎ᠠ ᠭᠡᠳᠡᠭ ᠭᠠᠵᠠᠷ ᠶᠡᠬᠡ ᠬᠤᠷᠠᠯᠳᠠᠢ ᠪᠣᠯᠵᠤ ᠭᠦᠶᠦᠭ ᠢ ᠬᠠᠭᠠᠨ ᠳᠤ ᠡᠷᠭᠦᠮᠵᠢᠯᠡᠭᠰᠡᠨ ᠪᠠᠶᠢᠨ᠎ᠠ᠃ ᠲᠡᠷᠡ ᠬᠤᠷᠠᠯᠳᠠᠢ ᠶᠡᠬᠡ ᠥᠷᠭᠡᠨ ᠪᠣᠯᠤᠭᠰᠠᠨ ᠭᠡᠨ᠎ᠡ᠃ ᠶᠡᠬᠡ ᠮᠣᠩᠭᠣᠯ ᠤᠯᠤᠰ ᠤᠨ ᠥᠨᠴᠥᠭ ᠪᠣᠯᠤᠩ ᠪᠦᠷᠢ ᠡᠴᠡ ᠠᠯᠲᠠᠨ ᠤᠷᠤᠭ ᠤᠨ ᠨᠣᠶᠠᠳ ᠢᠵᠠᠭᠤᠷᠲᠠᠨ ᠠᠴᠠ ᠭᠠᠳᠠᠨ᠎ᠠ ᠬᠢᠲᠠᠳ᠂ ᠣᠷᠣᠰ᠂ ᠰᠣᠯᠣᠩᠭᠣᠰ᠂ ᠹᠷᠠᠨᠼᠢ᠂ ᠭᠦᠷᠦᠵᠦ᠂ ᠭᠧᠷᠮᠠᠨ᠂ ᠠᠷᠠᠪ᠂ ᠪᠣᠭᠳᠠ ᠳᠤ ᠤᠯᠤᠰ ᠪᠣᠯᠤᠨ ᠷᠤᠮᠠᠨᠢᠶ ᠠ ᠫᠠᠫ ᠯᠠᠮ᠎ᠠ ᠶᠢᠨ ᠡᠯᠴᠢ ᠫᠯᠠᠨ᠎ᠠ ᠺᠠᠷᠫᠢᠨᠢ ᠵᠡᠷᠭᠡ ᠭᠠᠳᠠᠭᠠᠳᠤ ᠶᠢᠨ ᠣᠯᠠᠨ ᠤᠯᠤᠰ ᠢᠷᠡᠭᠰᠡᠨ ᠠᠵᠢ᠃ ᠭᠦᠶᠦᠭ ᠪᠠᠰᠠ ᠯᠠ ᠬᠠᠭᠠᠨ ᠪᠣᠯᠬᠤ ᠠᠴᠠ ᠲᠠᠲᠠᠭᠠᠯᠵᠠᠭᠰᠠᠨ ᠳᠦᠷᠢ ᠦᠵᠡᠭᠦᠯᠵᠦ ᠮᠢᠨᠦ ᠳᠠᠷᠠᠭ᠎ᠠ ᠮᠠᠨ ᠤ ᠤᠳᠤᠮ ᠤᠨ ᠬᠢᠨ ᠳᠤ ᠬᠠᠭᠠᠨ ᠰᠢᠷᠡᠭᠡ ᠶᠢ ᠵᠠᠯᠭᠠᠮᠵᠢᠯᠠᠭᠤᠯᠵᠤ ᠪᠠᠶᠢᠬᠤ ᠶᠤᠮ ᠪᠣᠯ ᠬᠠᠭᠠᠨ ᠪᠣᠯᠢᠶ᠎ᠠ ᠭᠡᠰᠡᠨ ᠪᠣᠯᠵᠣᠯ ᠲᠠᠯᠪᠢᠵᠤ ᠵᠥᠪᠰᠢᠶᠡᠷᠡᠭᠦᠯᠦᠭᠡᠳ ᠬᠠᠭᠠᠨ ᠪᠣᠯᠵᠠᠢ᠃ ᠭᠦᠶᠦᠭ ᠰᠢᠷᠡᠭᠡᠨ ᠳᠦ ᠤᠳᠠᠭᠰᠠᠨ ᠦᠭᠡᠢ᠃ 1248 ᠣᠨ ᠤ ᠬᠠᠪᠤᠷ ᠳᠠᠶᠢᠨ ᠳᠤ ᠶᠠᠪᠤᠵᠤ ᠪᠠᠶᠢᠭᠠᠳ ᠰᠠᠮᠠᠷᠺᠠᠨᠳ ᠬᠣᠲᠠ ᠶᠢᠨ ᠣᠷᠴᠢᠮ ᠳᠤ ᠲᠩᠷᠢ ᠳᠦ ᠬᠠᠯᠢᠵᠠᠢ᠃ ᠬᠠᠭᠠᠨ ᠰᠢᠷᠡᠭᠡᠨ ᠦ ᠲᠡᠮᠡᠴᠡᠯ ᠳᠠᠬᠢᠭᠠᠳ ᠯᠠ ᠥᠷᠨᠢᠵᠡᠢ᠃ ᠡᠨᠡ ᠵᠠᠪᠰᠢᠶᠠᠨ ᠢ ᠭᠦᠶᠦᠭ ᠦᠨ ᠬᠠᠲᠤᠨ ᠬᠠᠶᠢᠮᠥᠰ ᠠᠰᠢᠭᠯᠠᠨ 1249-1251 ᠣᠨ ᠳᠤ ᠲᠥᠷᠥ ᠪᠠᠷᠢᠵᠠᠢ᠃ ᠴᠢᠩᠭᠢᠰ ᠬᠠᠭᠠᠨ ᠤ ᠬᠣᠶᠢᠴᠢᠰ ᠵᠦᠴᠢ-ᠲᠤᠯᠤᠢ  ᠢᠢᠨ ᠬᠢᠨ᠂ ᠴᠠᠭᠠᠳᠠᠢ-ᠥᠭᠡᠳᠡᠢ  ᠢᠢᠨ ᠬᠢᠨ ᠭᠡᠰᠡᠨ 2 ᠲᠠᠯ᠎ᠠ ᠪᠣᠯᠵᠠᠢ᠃ ᠠᠯᠲᠠᠨ ᠣᠷᠳᠣᠨ ᠤ ᠤᠯᠤᠰ ᠤᠨ ᠪᠠᠲᠤ ᠬᠠᠭᠠᠨ ᠨᠠᠰᠤᠨ ᠤ ᠠᠬᠠᠮᠠᠳ᠂ ᠨᠡᠷ᠎ᠡ ᠬᠦᠨᠳᠦᠲᠡᠢ ᠶᠢᠨ ᠤᠴᠢᠷ 1249 ᠣᠨ ᠳᠤ ᠥᠪᠡᠷ ᠦᠨ ᠪᠠᠶᠢᠭ᠎ᠠ ᠭᠠᠵᠠᠷ ᠲᠤ ᠶᠡᠬᠡ ᠬᠤᠷᠠᠯᠳᠠᠢ ᠬᠢᠬᠦ ᠰᠠᠨᠠᠯ ᠳᠡᠪᠰᠢᠭᠦᠯᠵᠦ᠂ ᠣᠯᠠᠨ ᠨᠣᠶᠠᠳ ᠲᠤ ᠤᠷᠢᠯᠭ᠎ᠠ ᠵᠠᠷᠤᠯᠭ᠎ᠠ ᠶᠠᠪᠤᠭᠤᠯᠵᠠᠢ᠃ ᠲᠡᠨᠳᠡ ᠴᠥᠭᠡᠬᠡᠨ ᠬᠦᠮᠦᠨ ᠣᠴᠢᠭᠰᠠᠨ ᠪᠣᠯᠪᠠᠴᠤ ᠪᠠᠲᠤ ᠶᠢ ᠥᠪᠡᠷ ᠢ ᠨᠢ ᠶᠡᠬᠡ ᠬᠠᠭᠠᠨ ᠪᠣᠯᠭᠠᠬᠤ ᠰᠠᠨᠠᠯ ᠢ ᠳᠡᠪᠰᠢᠭᠦᠯᠵᠡᠢ᠃ ᠪᠠᠲᠤ ᠲᠡᠭᠦᠨ ᠢ ᠬᠦᠯᠢᠶᠡᠵᠦ ᠠᠪᠤᠭᠰᠠᠨ ᠦᠭᠡᠢ᠂ ᠬᠠᠷᠢᠨ ᠲᠤᠯᠤᠢ ᠶᠢᠨ ᠬᠦᠦ ᠮᠥᠩᠬᠡ ᠶᠢ ᠬᠠᠭᠠᠨ ᠡᠷᠭᠦᠮᠵᠢᠯᠡᠭᠦᠯᠬᠦ ᠪᠡᠷ ᠲᠣᠭᠲᠠᠭᠠᠴᠠᠢ᠃ ᠭᠡᠲᠡᠯ᠎ᠡ ᠥᠭᠡᠲᠡᠢ-ᠴᠠᠭᠠᠳᠠᠢ ᠶᠢᠨ ᠬᠢᠨ ᠥᠭᠡᠲᠡᠢ ᠶᠢᠨ ᠠᠴᠢ ᠬᠦᠦ ᠰᠢᠷᠡᠮᠦᠩ ᠢ ᠬᠠᠭᠠᠨ ᠳᠤ ᠡᠷᠭᠦᠮᠵᠢᠯᠡᠬᠦ ᠰᠠᠨᠠᠭ᠎ᠠ ᠲᠠᠢ ᠪᠠᠶᠢᠴᠠᠢ᠃ ᠬᠠᠭᠠᠨ ᠰᠢᠷᠡᠭᠡᠨ ᠦ ᠲᠥᠯᠦᠭᠡ ᠬᠢ ᠲᠡᠮᠡᠴᠡᠯ ᠢᠯᠡ ᠳᠠᠯᠳᠠ ᠦᠷᠭᠦᠯᠵᠢᠯᠡᠵᠦ 1251 ᠣᠨ ᠤ ᠵᠤᠨ ᠠᠯᠲᠠᠨ ᠣᠷᠳᠣᠨ ᠤ ᠤᠯᠤᠰ ᠤᠨ ᠪᠡᠷᠬᠡ ᠨᠣᠶᠠᠨ ᠤ ᠤᠳᠤᠷᠢᠳᠤᠯᠭ᠎ᠠ ᠪᠠᠷ ᠪᠣᠯᠤᠭᠰᠠᠨ ᠶᠡᠬᠡ ᠬᠤᠷᠠᠯᠳᠠᠢ ᠪᠠᠷ ᠮᠥᠩᠬᠡ ᠶᠢ ᠡᠷᠭᠦᠮᠵᠢᠯᠡᠵᠡᠢ᠃ ᠮᠥᠩᠬᠡ ᠬᠠᠭᠠᠨ ᠪᠣᠯᠤᠭᠠᠳ ᠥᠪᠡᠷ ᠢ ᠨᠢ ᠡᠰᠡᠷᠭᠦᠴᠡᠭᠰᠡᠨ ᠥᠭᠡᠲᠡᠢ ᠶᠢᠨ ᠠᠴᠢ ᠬᠦᠦ ᠰᠢᠷᠡᠮᠦᠨ᠂ ᠭᠦᠶᠦᠭ ᠦᠨ ᠬᠦᠦ ᠬᠣᠴᠢᠨ᠂ ᠨᠤᠬᠤ᠂ ᠴᠢᠩᠭᠢᠰ ᠬᠠᠭᠠᠨ ᠤ ᠳᠣᠲᠣᠨ ᠤ ᠨᠥᠬᠥᠷ ᠵᠡᠯᠮ᠎ᠡ ᠶᠢᠨ ᠬᠦᠦ ᠶᠡᠰᠦᠨᠳᠡᠢ᠂ ᠵᠠᠩᠭᠢ᠂ ᠴᠠᠨ᠎ᠠ᠂ ᠡᠯᠵᠢᠭᠲᠡᠢ᠂ ᠲᠦᠷᠢ ᠬᠤᠭᠤᠴᠠᠭ᠎ᠠ ᠪᠠᠷ ᠲᠥᠷᠥ ᠪᠠᠷᠢᠵᠤ ᠪᠠᠶᠢᠭᠰᠠᠨ ᠬᠠᠶᠢᠮᠥᠰ ᠬᠠᠲᠤᠨ᠂ ᠭᠦᠶᠦᠭ ᠦᠨ ᠶᠡᠬᠡ ᠲᠦᠰᠢᠮᠡᠯ ᠴᠢᠩᠭᠠᠢ ᠵᠡᠷᠭᠡ 70 ᠭᠠᠷᠤᠢ ᠬᠦᠮᠦᠨ ᠢ ᠬᠠᠲᠠᠭᠤ ᠴᠢᠩᠭ᠎ᠠ ᠰᠢᠳᠬᠡᠨ ᠶᠡᠬᠡᠩᠬᠢ ᠶᠢ ᠨᠢ ᠴᠠᠭᠠᠰᠢ ᠨᠢ ᠬᠠᠷᠠᠭᠤᠯᠵᠤ ᠳᠥᠷᠭᠦᠨ᠎ᠡ ᠬᠠᠲᠤᠨ ᠵᠡᠷᠭᠡ ᠶᠢ ᠴᠥᠯᠡᠭᠰᠡᠨ ᠪᠠᠶᠢᠨ᠎ᠠ᠃ ᠭᠦᠶᠦᠭ ᠦᠨ ᠳᠡᠮᠵᠢᠯᠭᠡ ᠪᠡᠷ ᠴᠠᠭᠠᠳᠠᠢ ᠬᠠᠭᠠᠨᠲᠤ ᠤᠯᠤᠰ ᠤᠨ ᠰᠢᠷᠡᠭᠡ ᠶᠢ ᠡᠵᠡᠯᠡᠵᠦ ᠪᠠᠶᠢᠭᠰᠠᠨ ᠴᠠᠭᠠᠳᠠᠢ ᠶᠢᠨ ᠬᠦᠦ ᠶᠢᠰᠦᠨᠮᠦᠩᠬᠡᠢ ᠶᠢ ᠪᠠᠷᠢᠪᠴᠢᠯᠠᠵᠤ ᠴᠠᠭᠠᠵᠠᠯᠠᠭᠠᠳ᠂ ᠰᠢᠷᠡᠭᠡ ᠶᠢ ᠴᠠᠭᠠᠳᠠᠢ ᠶᠢᠨ ᠠᠴᠢ ᠬᠠᠷ᠎ᠠ-ᠬᠤᠯᠤᠭ ᠲᠤ ᠡᠵᠡᠯᠡᠭᠦᠯᠵᠡᠢ᠃ ᠮᠥᠩᠬᠡ ᠬᠠᠭᠠᠨ ᠤ ᠡᠨᠡ ᠡᠷᠡᠰ ᠲᠡᠰᠦ ᠰᠢᠷᠦᠭᠦᠨ ᠠᠷᠭ᠎ᠠ ᠬᠡᠮᠵᠢᠶ᠎ᠡ ᠨᠢ ᠮᠥᠩᠬᠡ ᠬᠠᠭᠠᠨ ᠤ ᠪᠠᠶᠢᠷᠢ ᠰᠠᠭᠤᠷᠢ ᠶᠢ ᠪᠡᠬᠢᠵᠢᠭᠦᠯᠵᠦ᠂ ᠤᠯᠤᠰ ᠲᠥᠷᠥ ᠶᠢᠨ ᠬᠢᠮᠤᠷᠠᠯ ᠲᠡᠮᠡᠴᠡᠯ ᠢ ᠨᠠᠮᠵᠢᠭᠠᠭᠰᠠᠨ ᠪᠠᠶᠢᠨ᠎ᠠ᠃ ᠡᠶᠢᠨᠬᠦᠦ ᠴᠢᠩᠭᠢᠰ ᠡᠴᠡ ᠬᠣᠶᠢᠰᠢ ᠴᠢᠩᠭᠢᠰ ᠦᠨ ᠤᠳᠤᠮ ᠤᠨ ᠬᠢᠨ ᠤ ᠳᠤᠮᠳᠠ ᠬᠠᠭᠠᠨ ᠰᠢᠷᠡᠭᠡᠨ ᠦ ᠲᠥᠯᠥᠭᠡ ᠲᠡᠮᠡᠴᠡᠯ ᠠᠬᠢᠨ ᠳᠠᠬᠢᠨ ᠥᠷᠨᠢᠵᠦ ᠪᠠᠶᠢᠴᠠᠢ᠃ ᠡᠨᠡ ᠮᠠᠭᠤ ᠦᠵᠡᠭᠳᠡᠯ  ᠭᠠᠭᠴᠠ ᠮᠣᠩᠭᠣᠯ ᠳᠤ ᠲᠣᠬᠢᠶᠠᠯᠳᠤᠭᠰᠠᠨ ᠵᠦᠢᠯ ᠪᠤᠰᠤ᠂ ᠳᠡᠯᠡᠬᠡᠢ ᠶᠢᠨ ᠣᠯᠠᠨ ᠤᠯᠤᠰ ᠣᠷᠣᠨ ᠳᠤ ᠦᠵᠡᠭᠳᠡᠵᠦ ᠪᠠᠶᠢᠭᠰᠠᠨ ᠪᠠ ᠪᠠᠶᠢᠳᠠᠭ ᠦᠵᠡᠭᠳᠡᠯ  ᠪᠣᠯᠬᠤ ᠶᠢ ᠲᠡᠮᠳᠡᠭᠯᠡᠬᠦ ᠬᠡᠷᠡᠭᠲᠡᠢ᠃

ᠡᠬᠢᠨ ᠤ ᠦᠶ᠎ᠡ ᠶᠢᠨ ᠬᠠᠭᠠᠳ:

 1. ᠲᠡᠮᠦᠵᠢᠨ. ᠡᠷᠭᠦᠮᠵᠢᠯᠡᠭᠰᠡᠨ ᠨᠡᠷ᠎ᠡ ᠨᠢ ᠴᠢᠩᠭᠢᠰ᠃ ᠡᠴᠢᠭᠡ ᠨᠢ ᠶᠢᠰᠦᠭᠡᠢ᠂ ᠡᠬᠡ ᠨᠢ ᠤᠯᠬᠤᠨᠤᠳ ᠠᠶᠢᠮᠠᠭ ᠤᠨ ᠥᠭᠡᠯᠦᠨ ᠦᠵᠢᠨ᠃ ᠤᠰᠤᠨ ᠮᠣᠷᠢᠨ /ᠬᠠᠷ᠎ᠠ/ ᠵᠢᠯ ᠦᠨ ᠵᠤᠨ ᠤ ᠲᠡᠷᠢᠭᠦᠨ ᠰᠠᠷ᠎ᠠ ᠶᠢᠨ 15 ᠍ ᠳᠦ (ᠠᠷᠭ᠎ᠠ ᠶᠢᠨ 1162 ᠣᠨ ᠤ 5 ᠍ ᠳᠦᠭᠡᠷ ᠰᠠᠷ᠎ᠠ ᠶᠢᠨ 31/ ᠮᠥᠨ 6 ᠍ ᠳᠦᠭᠡᠷ ᠰᠠᠷ᠎ᠠ ᠶᠢᠨ 1 ᠍ ᠶᠢᠨ ᠴᠤ ᠭᠡᠳᠡᠭ) ᠣᠳᠣ ᠶᠢᠨ ᠬᠡᠨᠲᠡᠢ ᠠᠶᠢᠮᠠᠭ ᠤᠨ ᠳᠠᠳᠤᠯ ᠰᠤᠮᠤ ᠶᠢᠨ ᠨᠤᠲᠤᠭ- ᠣᠨᠣᠨ ᠮᠥᠷᠡᠨ ᠦ ᠳᠡᠯᠢᠭᠦᠨ ᠪᠣᠯᠳᠠᠭ ᠭᠡᠳᠡᠭ ᠭᠠᠵᠠᠷ ᠲᠦᠷᠦᠭᠰᠡᠨ᠃ ᠰᠢᠷᠤᠶ ᠲᠠᠬᠢᠶ᠎ᠠ ᠵᠢᠯ /1189 ᠣᠨ/ ᠬᠠᠮᠤᠭ ᠮᠣᠩᠭᠣᠯ ᠤᠯᠤᠰ ᠤᠨ ᠬᠠᠨ ᠪᠣᠯᠵᠤ᠂ ᠴᠢᠩᠭᠢᠰ ᠭᠡᠳᠡᠭ ᠴᠣᠯᠠ ᠠᠪᠤᠭᠰᠠᠨ᠃ ᠤᠯᠠᠭᠠᠨ ᠪᠠᠷᠰ ᠵᠢᠯ ᠦᠨ /1206 ᠣᠨ/ ᠨᠠᠮᠤᠷ ᠣᠷᠣᠶᠢᠬᠠᠨ ᠨᠢᠭᠡᠳᠦᠭᠰᠡᠨ ᠶᠡᠬᠡ ᠮᠣᠩᠭᠣᠯ ᠤᠯᠤᠰ ᠤᠨ ᠬᠠᠭᠠᠨ ᠳᠤ ᠡᠷᠭᠦᠮᠵᠢᠯᠡᠭᠳᠡᠭᠰᠡᠨ᠃ ᠬᠠᠭᠠᠨ ᠰᠢᠷᠡᠭᠡᠨ ᠳᠦ 22 ᠵᠢᠯ ᠰᠠᠭᠤᠪᠠ᠃ ᠭᠠᠯ ᠭᠠᠬᠠᠢ ᠵᠢᠯ ᠦᠨ /1227 ᠣᠨ ᠤ 8 ᠍ ᠳᠦᠭᠡᠷ ᠰᠠᠷ᠎ᠠ ᠳᠤ/ ᠵᠤᠨ ᠲᠩᠷᠢ ᠳᠦ ᠬᠠᠯᠢᠪᠠ᠃ 66 ᠨᠠᠰᠤᠯᠠᠵᠠᠢ᠃
 2. ᠥᠭᠡᠲᠡᠢ. ᠡᠷᠭᠦᠮᠵᠢᠯᠡᠭᠰᠡᠨ ᠨᠡᠷ᠎ᠡ ᠨᠢ ᠳᠠᠯᠠᠢ ᠬᠠᠭᠠᠨ᠃ ᠡᠴᠢᠭᠡ ᠨᠢ ᠴᠢᠩᠭᠢᠰ᠂ ᠡᠬᠡ ᠨᠢ ᠬᠣᠩᠭᠢᠷᠠᠳ ᠠᠶᠢᠮᠠᠭ ᠤᠨ ᠪᠥᠷᠲᠡ ᠦᠵᠢᠨ᠃ 1186 ᠣᠨ ᠳᠤ ᠲᠦᠷᠦᠭᠰᠡᠨ᠃ 1229 ᠣᠨ ᠤ 9 ᠍ ᠳᠦᠭᠡᠷ ᠰᠠᠷ᠎ᠠ ᠠᠴᠠ 1241 ᠣᠨ ᠤ 12 ᠍ ᠳᠦᠭᠡᠷ ᠰᠠᠷ᠎ᠠ ᠳᠤ ᠬᠠᠭᠠᠨ ᠰᠢᠷᠡᠭᠡᠨ ᠳᠦ ᠰᠠᠭᠤᠭᠰᠠᠨ᠃ 13 ᠵᠢᠯ ᠬᠠᠭᠠᠨᠴᠢᠯᠠᠭᠰᠠᠨ᠃ ᠶᠡᠬᠡ ᠬᠠᠲᠤᠨ ᠨᠢ ᠨᠠᠶᠮᠠᠨ ᠠᠶᠢᠮᠠᠭ ᠤᠨ ᠳᠥᠷᠭᠦᠨ᠎ᠡ/ᠲᠤᠷᠠᠺᠢᠨᠠ/, 1241 ᠣᠨ ᠤ ᠡᠪᠦᠯ ᠲᠩᠷᠢ ᠳᠦ ᠬᠠᠯᠢᠭᠰᠠᠨ᠃
 3. ᠭᠦᠶᠦᠭ. 1206 ᠣᠨ ᠳᠤ ᠲᠦᠷᠦᠭᠰᠡᠨ᠃ ᠡᠴᠢᠭᠡ ᠨᠢ ᠥᠭᠡᠲᠡᠢ ᠬᠠᠭᠠᠨ᠃ ᠡᠬᠡ ᠨᠢ ᠳᠥᠷᠭᠦᠨ᠎ᠡ ᠬᠠᠲᠤᠨ᠃ 1245 ᠣᠨ ᠤ ᠬᠠᠪᠤᠷ ᠶᠡᠬᠡ ᠬᠠᠭᠠᠨ ᠳᠤ ᠡᠷᠭᠦᠮᠵᠢᠯᠡᠭᠳᠡᠭᠰᠡᠨ᠂ 1248 ᠣᠨ ᠤ ᠬᠠᠪᠤᠷ ᠲᠩᠷᠢ ᠳᠦ ᠬᠠᠯᠢᠭᠰᠠᠨ᠃ 3 ᠵᠢᠯ ᠬᠠᠭᠠᠨ ᠰᠢᠷᠡᠭᠡᠨ ᠳᠦ ᠰᠠᠭᠤᠭᠰᠠᠨ᠃
 4. ᠮᠥᠩᠬᠡ. ᠡᠴᠢᠭᠡ ᠨᠢ ᠴᠢᠩᠭᠢᠰ ᠦᠨ ᠣᠳᠬᠣᠨ ᠬᠦᠦ ᠲᠤᠯᠤᠢ᠂ ᠡᠬᠡ ᠨᠢ ᠬᠡᠷᠡᠶᠢᠳ ᠦᠨ ᠰᠣᠷᠬᠠᠬᠠᠲᠠᠨᠢ ᠬᠠᠲᠤᠨ᠂ 1208 ᠣᠨ ᠳᠤ ᠲᠦᠷᠦᠭᠰᠡᠨ᠃ 1251 ᠣᠨ ᠤ ᠵᠤᠨ ᠶᠡᠬᠡ ᠬᠠᠭᠠᠨ ᠢᠶᠠᠷ ᠰᠣᠩᠭᠣᠭᠳᠠᠭᠰᠠᠨ᠂ ᠬᠠᠭᠠᠨ ᠰᠢᠷᠡᠭᠡᠨ ᠳᠦ 9 ᠵᠢᠯ ᠰᠠᠭᠤᠭᠰᠠᠨ᠂ 1259 ᠣᠨ ᠤ ᠵᠤᠨ ᠰ ᠤᠴᠤᠠᠨ ᠳᠤ ᠴᠡᠷᠢᠭ ᠦᠨ ᠬᠤᠸᠠᠷᠠᠨ ᠳᠤ ᠡᠪᠡᠳᠴᠢᠨ ᠢᠶᠡᠷ ᠲᠩᠷᠢ ᠳᠦ ᠬᠠᠯᠢᠭᠰᠠᠨ᠃
 5. ᠠᠷᠢᠭᠪᠣᠬ᠎ᠠ. ᠡᠴᠢᠭᠡ ᠨᠢ ᠴᠢᠩᠭᠢᠰ ᠦᠨ ᠬᠦᠦ ᠲᠤᠯᠤᠢ᠂ ᠡᠬᠡ ᠨᠢ ᠬᠡᠷᠡᠶᠢᠳ ᠦᠨ ᠰᠣᠷᠬᠠᠬᠠᠲᠠᠨᠢ ᠬᠠᠲᠤᠨ᠂ 1257 ᠣᠨ ᠳᠤ ᠮᠥᠩᠬᠡ ᠬᠠᠭᠠᠨ ᠰᠦᠩ ᠤᠯᠤᠰ ᠢ ᠳᠠᠶᠢᠯᠠᠷ᠎ᠠ ᠮᠣᠷᠳᠠᠬᠤ ᠳᠤ ᠪᠠᠨ ᠲᠥᠷᠥ ᠬᠠᠷᠢᠭᠤᠴᠠᠨ ᠲᠠᠮᠠᠭ᠎ᠠ ᠪᠠᠷᠢᠵᠤ ᠰᠠᠭᠤᠬᠤ ᠪᠠᠷ ᠬᠠᠷ᠎ᠠ-ᠬᠦᠷᠮ᠎ᠡ ᠳᠦ ᠦᠯᠡᠳᠡᠭᠡᠭᠰᠡᠨ᠂ 1260 ᠣᠨ ᠤ ᠵᠤᠨ ᠬᠠᠷ᠎ᠠ-ᠬᠦᠷᠮ᠎ᠡ ᠳᠦ ᠶᠡᠬᠡ ᠬᠤᠷᠠᠯᠳᠠᠢ ᠪᠠᠷ ᠬᠠᠭᠠᠨ ᠰᠢᠷᠡᠭᠡᠨ ᠳᠦ ᠡᠷᠭᠦᠮᠵᠢᠯᠡᠭᠳᠡᠭᠰᠡᠨ᠂ ᠭᠡᠲᠡᠯ᠎ᠡ ᠲᠦᠷᠦᠭᠰᠡᠨ ᠠᠬ᠎ᠠ ᠬᠤᠪᠢᠯᠠᠢ ᠮᠥᠨ ᠥᠪᠡᠷ ᠢ ᠪᠡᠨ ᠰᠢᠨᠳᠠ ᠨᠤᠭᠤᠳ ᠶᠡᠬᠡ ᠬᠤᠷᠠᠯᠳᠠᠢ ᠭᠡᠭᠴᠢ ᠶᠢ ᠬᠤᠷᠠᠯᠳᠤᠭᠤᠯᠵᠤ ᠬᠠᠭᠠᠨ ᠭᠡᠵᠦ ᠲᠤᠩᠬᠠᠭᠯᠠᠭᠰᠠᠨ ᠲᠤᠯᠠ ᠠᠬ᠎ᠠ ᠲᠠᠢ ᠪᠠᠨ ᠬᠠᠭᠠᠨ ᠰᠢᠷᠡᠭᠡᠨ ᠦ ᠲᠥᠯᠥᠭᠡ ᠲᠡᠮᠡᠴᠡᠯᠳᠦᠭᠡᠳ 1264 ᠣᠨ ᠳᠤ ᠢᠯᠠᠭᠳᠠᠵᠤ ᠬᠤᠪᠢᠯᠠᠢ ᠳᠤ ᠪᠠᠭᠤᠨ ᠥᠭᠭᠦᠭᠰᠡᠨ᠂ 1266 ᠣᠨ ᠳᠤ ᠨᠠᠰᠤ ᠪᠠᠷᠠᠭᠰᠠᠨ ᠪᠠ ᠬᠣᠣᠷᠯᠠᠭᠳᠠᠭᠰᠠᠨ ᠪᠠᠶᠢᠵᠤ ᠮᠠᠭᠠᠳ ᠦᠭᠡᠢ ᠬᠡᠮᠡᠨ ᠲᠠᠭᠠᠮᠠᠭᠯᠠᠳᠠᠭ ᠪᠠᠶᠢᠨ᠎ᠠ᠃

ᠵᠣᠬᠢᠶᠠᠨ ᠪᠠᠶᠢᠭᠤᠯᠤᠯᠲᠠ[ᠵᠠᠰᠠᠪᠤᠷᠢᠯᠠᠬᠤ | ᠺᠣᠳ᠋ ᠢᠶᠠᠷ ᠵᠠᠰᠠᠬᠣ]

ᠴᠡᠷᠢᠭ ᠦᠨ ᠵᠣᠬᠢᠶᠠᠨ ᠪᠠᠶᠢᠭᠤᠯᠤᠯᠲᠠ[ᠵᠠᠰᠠᠪᠤᠷᠢᠯᠠᠬᠤ | ᠺᠣᠳ᠋ ᠢᠶᠠᠷ ᠵᠠᠰᠠᠬᠣ]

ᠬᠡᠰᠢᠭᠲᠡᠨ ᠨᠢ ᠶᠡᠬᠡ ᠮᠣᠩᠭᠣᠯ ᠤᠯᠤᠰ ᠤᠨ ᠵᠡᠪᠰᠡᠭᠲᠦ ᠬᠦᠴᠦᠨ ᠦ ᠴᠦᠮ᠎ᠡ ᠪᠣᠯᠵᠤ ᠪᠠᠶᠢᠭᠰᠠᠨ ᠪᠣᠯᠪᠠᠴᠤ᠂ ᠴᠡᠷᠢᠭ ᠦᠨ ᠬᠡᠷᠡᠭ ᠨᠢ ᠴᠠᠷ᠎ᠠ ᠳᠠᠯᠠᠶᠢᠴᠠ ᠪᠠᠷ ᠢᠶᠠᠨ ᠶᠡᠬᠡᠬᠡᠨ ᠥᠷᠭᠡᠨ ᠠᠭᠤᠯᠭ᠎ᠠ ᠲᠠᠢ ᠪᠠᠶᠢᠵᠠᠢ᠃ ᠠᠷᠪᠠᠨ ᠡᠷᠦᠬᠡ ᠡᠴᠡ ᠲᠠᠲᠠᠭᠰᠠᠨ ᠠᠷᠪᠠᠨ ᠴᠡᠷᠢᠭ ᠡᠴᠡ ᠪᠥᠷᠢᠳᠬᠦ ᠠᠷᠪᠠᠲᠤ᠂ ᠠᠷᠪᠠᠨ ᠠᠷᠪᠠᠲᠤ ᠪᠦᠷᠢ ᠶᠢᠨ ᠴᠡᠷᠢᠭ ᠨᠡᠶᠢᠯᠡᠭᠰᠡᠨ ᠵᠠᠭᠤᠲᠤ᠂ ᠠᠷᠪᠠᠨ ᠵᠠᠭᠤᠲᠤ ᠶᠢᠨ ᠴᠡᠷᠢᠭ ᠡᠴᠡ ᠪᠦᠷᠢᠳᠦᠭᠰᠡᠨ ᠮᠢᠩᠭᠠᠲᠤ᠂ ᠠᠷᠪᠠᠨ ᠮᠢᠩᠭᠠᠲᠤ ᠶᠢᠨ ᠴᠡᠷᠢᠭ ᠪᠦᠬᠦᠢ ᠲᠦᠮᠡᠲᠦ ᠪᠠᠶᠢᠬᠤ ᠪᠠᠷ ᠵᠢᠷᠤᠮᠯᠠᠭᠰᠠᠨ ᠴᠡᠷᠢᠭ ᠦᠨ ᠵᠣᠬᠢᠶᠠᠨ ᠪᠠᠶᠢᠭᠤᠯᠤᠯᠲᠠ ᠶᠢᠨ ᠲᠣᠭᠲᠠᠯᠴᠠᠭ᠎ᠠ ᠨᠢ ᠶᠡᠬᠡ ᠮᠣᠩᠭᠣᠯ ᠤᠯᠤᠰ ᠪᠠᠶᠢᠩᠭᠤ ᠶᠢᠨ ᠬᠦᠴᠦᠷᠬᠡᠭ ᠠᠷᠮᠢ ᠲᠠᠢ ᠪᠠᠶᠢᠬᠤ ᠨᠥᠬᠥᠴᠡᠯ ᠢ ᠪᠦᠷᠢᠳᠦᠭᠦᠯᠦᠭᠰᠡᠨ ᠶᠤᠮ᠃

ᠴᠢᠩᠭᠢᠰ ᠬᠠᠭᠠᠨ ᠴᠡᠷᠢᠭ ᠢᠶᠡᠨ ᠰᠢᠨ᠎ᠡ ᠵᠣᠬᠢᠶᠠᠨ ᠪᠠᠶᠢᠭᠤᠯᠤᠯᠲᠠᠨ ᠳᠤ ᠣᠷᠣᠭᠤᠯᠵᠤ᠂ ᠪᠠᠶᠢᠩᠭᠤ ᠶᠢᠨ ᠠᠷᠮᠢ ᠶᠢ ᠪᠤᠢ ᠪᠣᠯᠭᠠᠪᠠ᠃ ᠴᠡᠷᠢᠭ ᠦᠨ ᠶᠡᠷᠦᠩᠬᠡᠶᠢᠯᠡᠨ ᠵᠠᠬᠢᠷᠬᠤ ᠲᠤᠰᠢᠶᠠᠯᠲᠠᠨ ᠢ ᠪᠤᠢ ᠪᠣᠯᠭᠠᠵᠤ᠂ ᠲᠡᠷᠡ ᠲᠤᠰᠢᠶᠠᠯ ᠳᠤ ᠨᠡᠷᠡᠲᠦ ᠵᠠᠩᠵᠤᠨ ᠬᠤᠪᠢᠯᠠᠢ ᠍ ᠢ ᠲᠤᠮᠢᠯᠠᠪᠠ᠃ ᠮᠥᠨ ᠳᠡᠭᠡᠳᠦ ᠬᠡᠮᠵᠢᠶᠡᠨ ᠦ ᠠᠷᠪᠠᠨ ᠬᠣᠶᠠᠷ ᠵᠥᠪᠯᠡᠬᠦ ᠡᠴᠡ ᠪᠦᠷᠢᠳᠦᠭᠰᠡᠨ ᠢᠯᠳᠦᠴᠢ ᠬᠡᠮᠡᠬᠦ ᠴᠡᠷᠢᠭ ᠦᠨ ᠪᠣᠳᠣᠯᠭ᠎ᠠ ᠶᠢᠨ ᠭᠠᠵᠠᠷ ᠢ ᠪᠠᠶᠢᠭᠤᠯᠪᠠ᠃ ᠴᠡᠷᠢᠭ ᠦᠨ ᠶᠠᠮᠤᠨ ᠤ ᠮᠠᠶ᠋ᠢᠭ ᠤᠨ ᠡᠯ᠎ᠡ ᠪᠠᠶᠢᠭᠤᠯᠤᠯᠭ᠎ᠠ ᠨᠢ ᠴᠡᠷᠢᠭ ᠦᠨ ᠡᠷᠳᠡᠮ ᠤᠬᠠᠭᠠᠨ ᠢ ᠬᠥᠭᠵᠢᠭᠦᠯᠬᠦ᠂ ᠴᠡᠷᠢᠭ ᠢᠶᠡᠨ ᠪᠠᠶᠢᠯᠳᠤᠭᠠᠨ ᠤ ᠪᠠᠶᠢᠩᠭᠤ ᠶᠢᠨ ᠪᠡᠯᠡᠳᠬᠡᠯ ᠰᠤᠷᠭᠠᠭᠤᠯᠢ ᠲᠠᠢ ᠪᠠᠶᠢᠯᠭᠠᠬᠤ᠂ ᠴᠡᠷᠢᠭ ᠦᠨ ᠵᠠᠩᠵᠤᠨ᠂ ᠳᠠᠷᠤᠭ᠎ᠠ ᠨᠠᠷ ᠤᠨ ᠤᠳᠤᠷᠢᠳᠤᠯᠭ᠎ᠠ ᠶᠢᠨ ᠤᠷ᠎ᠠ ᠴᠢᠳᠠᠪᠤᠷᠢ ᠶᠢ ᠢᠮᠠᠭᠲᠠ ᠲᠡᠭᠦᠯᠳᠡᠷᠵᠢᠭᠦᠯᠬᠦ᠂ ᠠᠷᠮᠢ ᠶᠢᠨ ᠵᠣᠬᠢᠶᠠᠨ ᠪᠠᠶᠢᠭᠤᠯᠤᠯᠲᠠ ᠶᠢ ᠴᠢᠩᠳᠠ ᠴᠡᠭᠴᠡᠯᠡᠬᠦ᠂ ᠳᠡᠭᠡᠳᠦ ᠵᠡᠷᠭᠡ ᠶᠢᠨ ᠤᠶᠠᠨ ᠬᠠᠲᠠᠨ᠂ ᠬᠥᠳᠡᠯᠭᠡᠭᠡᠨ ᠳᠦ ᠠᠷᠮᠢ ᠶᠢ ᠪᠠᠶᠢᠯᠳᠤᠭᠠᠨ ᠤ ᠪᠡᠯᠡᠨ ᠪᠠᠶᠢᠳᠠᠯ ᠳᠤ ᠪᠠᠷᠢᠵᠤ ᠪᠠᠶᠢᠬᠤ ᠭᠣᠣᠯ ᠡᠭᠦᠷᠭᠡ ᠲᠡᠢ ᠪᠠᠶᠢᠵᠠᠢ᠃

ᠴᠢᠩᠭᠢᠰ ᠬᠠᠭᠠᠨ᠂ ᠲᠡᠭᠦᠨ ᠢ ᠵᠠᠯᠭᠠᠮᠵᠢᠯᠠᠭᠴᠢᠳ ᠴᠡᠷᠢᠭ ᠦᠨ ᠦᠢᠯᠡᠳᠪᠦᠷᠢ ᠨᠦᠭᠦᠳ ᠢ ᠬᠥᠭᠵᠢᠭᠦᠯᠵᠦ᠂ ᠠᠩᠭᠢ᠂ ᠨᠢᠭᠡᠳᠬᠡᠯ ᠦᠳ ᠢ ᠰᠢᠨᠡᠴᠢᠯᠡᠨ ᠵᠣᠬᠢᠶᠠᠨ ᠪᠠᠶᠢᠭᠤᠯᠪᠠ᠃ ᠴᠢᠩᠭᠢᠰ ᠬᠠᠭᠠᠨ ᠤ ᠴᠡᠷᠢᠭ 105000 ᠍ ᠳᠦ 10000 ᠬᠡᠰᠢᠭᠲᠡᠨ 95000 ᠠᠷᠪᠠᠲᠤ ᠴᠡᠷᠢᠭ ᠬᠦᠷᠴᠦ ᠪᠠᠶᠢᠭᠰᠠᠨ ᠭᠡᠵᠦ ᠲᠡᠮᠳᠡᠭᠯᠡᠭᠰᠡᠨ ᠪᠠᠶᠢᠳᠠᠭ᠃

ᠶᠡᠬᠡ ᠮᠣᠩᠭᠣᠯ ᠤᠯᠤᠰ ᠬᠦᠴᠦᠷᠬᠡᠭ ᠵᠡᠪᠰᠡᠭᠲᠦ ᠬᠦᠴᠦᠨᠲᠡᠢ ᠪᠠᠶᠢᠭᠰᠠᠨ ᠨᠢ ᠴᠡᠷᠢᠭ ᠦᠨ ᠰᠤᠷᠭᠠᠯᠲᠠ ᠶᠢᠨ ᠪᠦᠬᠦᠯᠢ ᠪᠦᠲᠦᠨ ᠲᠣᠭᠲᠠᠯᠴᠠᠭ᠎ᠠ ᠪᠦᠷᠢᠳᠦᠭᠦᠯᠦᠭᠰᠡᠨ ᠲᠡᠢ ᠬᠣᠯᠪᠣᠭ᠎ᠠ ᠲᠠᠢ᠃ ᠡᠯ᠎ᠡ ᠲᠣᠭᠲᠠᠯᠴᠠᠭ᠎ᠠ ᠨᠢ᠂ ᠬᠡᠦᠬᠡᠳ ᠢᠶᠡᠨ ᠬᠠᠷ᠎ᠠ ᠪᠠᠭ᠎ᠠ ᠠᠴᠠ ᠨᠢ ᠮᠣᠷᠢ ᠤᠨᠤᠭᠤᠯᠵᠤ᠂ ᠨᠤᠮᠤ ᠰᠤᠮᠤ ᠬᠠᠷᠪᠠᠭᠤᠯᠵᠤ ᠰᠤᠷᠭᠠᠬᠤ᠂ ᠪᠠᠶᠢᠯᠳᠤᠬᠤ ᠪᠣᠯᠤᠨ ᠠᠩᠨᠠᠬᠤ ᠨᠠᠭᠠᠳᠤ ᠵᠠᠬ᠎ᠠ ᠶᠢᠨ ᠡᠷᠳᠡᠮ ᠢ ᠡᠵᠡᠮᠰᠢᠭᠦᠯᠬᠦ ᠶᠢ ᠢᠷᠭᠡᠨ ᠪᠦᠷᠢ ᠶᠢᠨ ᠵᠠᠶᠢᠯᠠᠰᠢ ᠦᠭᠡᠢ ᠡᠭᠦᠷᠭᠡ ᠪᠣᠯᠭᠠᠭᠰᠠᠨ ᠪᠦᠬᠦ ᠨᠡᠶᠢᠲᠡ ᠶᠢᠨ ᠴᠡᠷᠢᠭ ᠦᠨ ᠪᠡᠶ᠎ᠡ ᠳᠠᠭᠠᠭᠰᠠᠨ ᠰᠤᠷᠭᠠᠯᠲᠠ; ᠮᠥᠨ ᠮᠣᠷᠢᠨ ᠳᠤ ᠭᠠᠷᠮᠠᠭᠠᠢ ᠪᠣᠯᠭᠠᠬᠤ᠂ ᠰᠡᠯᠡᠮᠡᠳᠡᠬᠦ ᠤᠷᠠᠯᠢᠭ ᠲᠤ ᠰᠤᠷᠤᠯᠴᠠᠬᠤ᠂ ᠣᠨᠢᠰᠤᠨ ᠲᠧᠭᠨᠢᠭ ᠡᠵᠡᠮᠰᠢᠬᠦ ᠵᠡᠷᠭᠡ ᠠᠯᠪᠠᠨ ᠶᠣᠰᠣᠨ ᠤ ᠮᠡᠷᠭᠡᠵᠢᠯ ᠦᠨ ᠰᠤᠷᠭᠠᠯᠲᠠ ᠭᠡᠰᠡᠨ ᠬᠣᠶᠠᠷ ᠦᠨᠳᠦᠰᠦᠨ ᠬᠡᠯᠪᠡᠷᠢ ᠲᠡᠢ ᠪᠠᠶᠢᠵᠠᠢ᠃ ᠪᠠᠶᠢᠨ ᠪᠠᠶᠢᠨ ᠲᠡᠮᠡᠴᠡᠭᠡᠨ᠂ ᠨᠠᠭᠠᠳᠤᠮ ᠵᠣᠬᠢᠶᠠᠨ ᠪᠠᠶᠢᠭᠤᠯᠵᠤ ᠪᠠᠶᠢᠭᠰᠠᠨ ᠨᠢ ᠵᠤᠭ᠎ᠠ ᠴᠡᠩᠭᠡᠯ ᠦᠨ ᠲᠡᠳᠦᠢ ᠦᠭᠡᠢ᠂ ᠴᠡᠷᠢᠭ ᠦᠨ ᠰᠤᠷᠭᠠᠯᠲᠠ ᠶᠢᠨ ᠦᠷ᠎ᠡ ᠳ᠋ᠦᠩ ᠢ ᠰᠢᠯᠭᠠᠬᠤ ᠭᠣᠣᠯ ᠬᠡᠯᠪᠡᠷᠢ ᠪᠠᠶᠢᠭᠰᠠᠨ᠃

ᠴᠢᠩᠭᠢᠰ ᠦᠨ ᠴᠡᠷᠢᠭ ᠦᠨ ᠡᠷᠳᠡᠮ ᠤᠬᠠᠭᠠᠨ ᠨᠢ ᠠᠰᠢᠭ ᠲᠠᠢ ᠪᠠᠶᠢᠷᠢᠯᠠᠯ ᠠᠴᠠ ᠲᠦᠷᠦᠭᠦᠯᠡᠵᠦ᠂ ᠭᠡᠨᠡᠳᠲᠡ ᠶᠢᠨ ᠴᠣᠬᠢᠯᠲᠠ ᠥᠭᠴᠦ ᠪᠠᠶᠢᠯᠳᠤᠭᠠᠨ ᠤ ᠰᠠᠨᠠᠭᠠᠴᠢᠯᠠᠭ᠎ᠠ ᠶᠢ ᠭᠠᠷ ᠲᠤ ᠪᠠᠨ ᠠᠳᠬᠤᠬᠤ᠂ ᠭᠠᠵᠠᠷ ᠣᠷᠣᠨ ᠴᠠᠭ ᠤᠨ ᠪᠠᠶᠢᠳᠠᠯ ᠳᠤ ᠵᠣᠬᠢᠴᠠᠨ ᠲᠠᠭᠠᠴᠠᠭᠤᠯᠤᠨ ᠰᠢᠢᠳᠪᠦᠷᠢ ᠭᠠᠷᠭᠠᠨ ᠬᠡᠷᠡᠭᠵᠢᠭᠦᠯᠬᠦ᠂ ᠮᠣᠷᠢᠲᠤ ᠴᠡᠷᠢᠭ ᠦᠨ ᠬᠥᠳᠡᠯᠭᠡᠭᠡᠨ ᠳᠦ ᠴᠢᠨᠠᠷ ᠤᠨ ᠥᠨᠳᠥᠷ ᠪᠣᠯᠤᠮᠵᠢ ᠶᠢ ᠰᠢᠪᠬᠠᠨ ᠳᠠᠶᠢᠴᠢᠯᠠᠬᠤ᠂ ᠴᠡᠷᠢᠭ ᠡᠷ᠎ᠡ ᠶᠢᠨ ᠵᠣᠷᠢᠭ ᠬᠦᠴᠦ᠂ ᠰᠡᠳᠬᠢᠯ ᠵᠦᠢ ᠶᠢᠨ ᠬᠠᠲᠠᠭᠤᠵᠢᠯ᠂ ᠣᠪ ᠮᠡᠬᠡ᠂ ᠠᠪᠬᠠᠯᠵᠢ ᠰᠠᠮᠪᠠᠭ᠎ᠠ ᠶᠢ ᠢᠯᠡᠳᠬᠡᠵᠦ᠂ ᠤᠯᠤᠰ ᠲᠥᠷᠥ᠂ ᠴᠡᠷᠢᠭ ᠦᠨ ᠪᠣᠳᠣᠯᠭ᠎ᠠ ᠶᠢ ᠴᠢᠳᠠᠪᠤᠷᠢᠯᠢᠭ ᠬᠤᠤᠰᠯᠠᠬᠤ ᠤᠷᠠᠯᠢᠭ ᠪᠠᠶᠢᠪᠠ᠃

ᠶᠡᠬᠡ ᠮᠣᠩᠭᠣᠯ ᠤᠯᠤᠰ ᠤᠨ ᠵᠡᠪᠰᠡᠭᠲᠦ ᠬᠦᠴᠦᠨ ᠨᠢ ᠬᠥᠩᠭᠡᠨ ᠪᠣᠯᠤᠨ ᠬᠦᠨᠳᠦ ᠮᠣᠷᠢᠨ ᠴᠡᠷᠢᠭ ᠡᠴᠡ ᠪᠥᠷᠢᠳᠴᠦ ᠪᠠᠶᠢᠪᠠ᠂ ᠬᠥᠩᠭᠡᠨ ᠮᠣᠷᠢᠨ ᠴᠡᠷᠢᠭ ᠬᠥᠳᠡᠯᠭᠡᠭᠡᠨᠳᠦ ᠴᠢᠨᠠᠷ᠂ ᠰᠤᠤ ᠵᠠᠯᠢ ᠪᠠᠷ ᠢᠶᠠᠨ ᠨᠡᠩ ᠭᠠᠶᠢᠬᠠᠮᠰᠢᠭᠲᠠᠢ᠃ ᠬᠦᠨᠳᠦ ᠮᠣᠷᠢᠨ ᠴᠡᠷᠢᠭ ᠨᠢ ᠥᠪᠴᠢ ᠵᠡᠪᠰᠡᠭᠯᠡᠭᠰᠡᠨ ᠲᠤᠰᠬᠠᠢ ᠵᠣᠷᠢᠭᠤᠯᠤᠯᠲᠠ ᠪᠦᠬᠦᠢ ᠴᠡᠷᠢᠭ ᠶᠤᠮ᠃ ᠴᠡᠷᠢᠭ ᠦᠨ ᠭᠣᠣᠯ ᠵᠡᠪᠰᠡᠭ ᠨᠢ ᠨᠤᠮᠤ ᠰᠤᠮᠤ᠂ ᠰᠡᠯᠡᠮ᠎ᠡ᠂ ᠵᠢᠳᠠ᠂ ᠰᠦᠬᠡ ᠲᠡᠮᠦᠷ᠂ ᠰᠢᠳᠡᠮ᠂ ᠪᠣᠷᠣᠣᠬᠠᠢ᠂ ᠬᠤᠶᠠᠭ ᠳᠤᠭᠤᠯᠠᠭ᠎ᠠ ᠪᠠᠶᠢᠪᠠ᠃ ᠮᠣᠩᠭᠣᠯ ᠤᠨ ᠮᠣᠷᠢᠲᠤ ᠠᠷᠮᠢ ᠨᠢ ᠬᠡᠷᠡᠮ ᠪᠣᠭᠣᠮᠲᠠ ᠡᠪᠳᠡᠬᠦ ᠢᠨᠵᠧᠨᠧᠷ ᠦᠨ ᠠᠩᠭᠢ ᠲᠠᠢ ᠪᠠᠶᠢᠵᠠᠢ᠃ ᠡᠶᠢᠮᠦ ᠴᠤ ᠤᠴᠢᠷ ᠠᠴᠠ ᠮᠣᠩᠭᠣᠯᠴᠤᠳ ᠤᠷᠢᠳᠤ ᠡᠮᠦᠨ᠎ᠡ ᠳᠡᠯᠡᠬᠡᠢ ᠳᠠᠬᠢᠨ ᠳᠤ ᠬᠡᠵᠢᠶ᠎ᠡ ᠴᠤ ᠪᠠᠶᠢᠭ᠎ᠠ ᠦᠭᠡᠢ ᠴᠡᠷᠢᠭ ᠳᠠᠶᠢᠨ ᠤ ᠨᠣᠮᠯᠠᠯ ᠢ ᠪᠤᠢ ᠪᠣᠯᠭᠠᠭᠰᠠᠨ ᠪᠥᠯᠦᠭᠡ᠃ ᠮᠥᠨ ᠡᠭᠦᠨ ᠳᠦ ᠨᠢᠭᠡᠨ ᠵᠦᠢᠯ ᠰᠣᠨᠢᠷᠬᠠᠯ ᠲᠠᠲᠠᠵᠤ ᠪᠠᠶᠢᠭ᠎ᠠ ᠨᠢ ᠳᠤᠮᠳᠠᠳᠤ ᠵᠠᠭᠤᠨ ᠤ ᠦᠶ᠎ᠡ ᠶᠢᠨ ᠮᠣᠩᠭᠣᠯ ᠴᠡᠷᠢᠭ ᠦᠨ ᠵᠡᠪᠰᠡᠭᠯᠡᠯ ᠳᠦ ᠠᠯᠤᠰ ᠤᠨ ᠲᠤᠰᠬᠠᠯ ᠲᠠᠢ᠂ ᠰᠥᠨᠥᠭᠡᠬᠦ ᠬᠦᠴᠦ ᠴᠢᠳᠠᠯ ᠲᠠᠢ ᠶᠡᠬᠡ ᠫᠤᠤ ᠪᠠᠶᠢᠪᠠ᠃ ᠡᠨᠡ ᠲᠤᠬᠠᠢ ᠲᠡᠷᠡ ᠦᠶ᠎ᠡ ᠳᠦ ᠪᠤᠰᠤᠳ ᠤᠯᠤᠰ ᠣᠷᠣᠨ ᠠᠴᠠ ᠢᠷᠡᠵᠦ ᠪᠠᠶᠢᠭᠰᠠᠨ ᠬᠦᠮᠦᠰ ᠦᠨ ᠳᠤᠷᠠᠳᠬᠠᠯ᠂ ᠲᠡᠦᠬᠡ ᠶᠢᠨ ᠰᠤᠷᠪᠤᠯᠵᠢ ᠪᠢᠴᠢᠭ ᠦᠳ ᠲᠦ ᠲᠡᠮᠳᠡᠭᠯᠡᠭᠳᠡᠨ ᠦᠯᠡᠳᠡᠵᠡᠢ᠃ ᠨᠡᠭᠦᠳᠡᠯᠴᠢᠳ ᠢ ᠶᠠᠮᠠᠷ ᠴᠤ ᠰᠤᠶᠤᠯ ᠪᠣᠯᠪᠠᠰᠤᠷᠠᠯ ᠦᠭᠡᠢ ᠪᠣᠭᠣᠨᠢ ᠤᠬᠠᠭᠠᠨ ᠲᠠᠢ ᠵᠡᠷᠯᠢᠭ ᠦᠳ ᠮᠡᠲᠦ ᠦᠵᠡᠳᠡᠭ ᠲᠡᠶᠢᠮᠦ ᠬᠦᠮᠦᠰ ᠲᠦ ᠮᠣᠩᠭᠣᠯ ᠴᠡᠷᠢᠭ ᠦᠨ ᠵᠡᠪᠰᠡᠭ᠂ ᠲᠧᠭᠨᠢᠭ ᠦᠨ ᠬᠥᠭᠵᠢᠯ᠂ ᠲᠡᠭᠦᠨ ᠦ ᠪᠡᠨ ᠬᠢᠷᠢ ᠵᠡᠷᠭᠡ ᠴᠢᠳᠠᠪᠤᠷᠢᠯᠢᠭ ᠬᠡᠷᠡᠭᠯᠡᠵᠦ ᠪᠠᠶᠢᠭᠰᠠᠨ ᠨᠢ ᠲᠣᠳᠣᠷᠬᠠᠢ ᠬᠠᠷᠢᠭᠤᠯᠲᠠ ᠪᠣᠯᠬᠤ ᠪᠤᠢ᠃

ᠮᠣᠩᠭᠣᠯ ᠴᠡᠷᠢᠭ ᠦᠨ ᠵᠡᠪᠰᠡᠭᠯᠡᠯ ᠳᠦ ᠪᠠᠶᠢᠭᠰᠠᠨ ᠶᠡᠬᠡ ᠫᠤᠤ ᠨᠢ ᠬᠢᠳᠠᠨ ᠭᠦᠷᠦᠨ ᠦ ᠦᠶᠡᠰ ᠥᠪᠯᠡᠭᠳᠡᠨ ᠤᠯᠠᠮᠵᠢᠯᠠᠭᠳᠠᠵᠤ ᠤᠯᠠᠮ ᠪᠣᠯᠪᠠᠰᠤᠷᠠᠩᠭᠤᠢ ᠪᠣᠯᠵᠤ ᠢᠷᠡᠭᠰᠡᠨ ᠢ ᠬᠡᠯᠡᠬᠦ ᠬᠡᠷᠡᠭᠲᠡᠢ᠃ ᠡᠨᠡ ᠲᠥᠷᠥᠯ ᠦᠨ ᠵᠡᠪᠰᠡᠭ ᠨᠢ ᠴᠢᠩᠭᠢᠰ ᠬᠠᠭᠠᠨ ᠤ ᠦᠶ᠎ᠡ ᠳᠦ ᠴᠢᠨᠠᠷ ᠤᠨ ᠰᠢᠨ᠎ᠡ ᠲᠦᠪᠰᠢᠨ ᠳᠦ ᠭᠠᠷᠴᠤ ᠶᠠᠪᠠᠭᠠᠨ᠂ ᠮᠣᠷᠢᠲᠤ ᠴᠡᠷᠢᠭ ᠦᠨ ᠡᠰᠡᠷᠬᠦ ᠭᠠᠯᠲᠤ᠂ ᠲᠡᠰᠦᠷᠡᠬᠦ᠂ ᠬᠣᠣᠷᠲᠤ ᠬᠡᠶᠢᠲᠦ ᠪᠥᠮᠪᠥᠭᠡ᠂ ᠪᠡᠬᠢᠯᠡᠭᠰᠡᠨ ᠴᠠᠶᠢᠵᠠ᠂ ᠬᠡᠷᠡᠮ᠂ ᠬᠠᠮᠠᠭᠠᠯᠠᠯᠲᠠ ᠶᠢ ᠰᠡᠲᠡᠯᠬᠦ᠂ ᠨᠤᠷᠠᠭᠠᠬᠤ ᠭᠣᠣᠯ ᠬᠡᠷᠡᠭᠰᠡᠯ ᠨᠢ ᠶᠡᠬᠡ ᠫᠤᠤ᠂ ᠴᠢᠳᠦᠷ ᠣᠨᠢᠰᠤ᠂ ᠰᠢᠳᠡᠬᠦ ᠬᠠᠷᠪᠤᠬᠤ ᠵᠣᠷᠢᠭᠤᠯᠤᠯᠲᠠ ᠪᠦᠬᠦᠢ ᠪᠤᠰᠤᠳ ᠲᠣᠨᠣᠭ ᠲᠥᠬᠥᠭᠡᠷᠦᠮᠵᠢ ᠪᠣᠯᠵᠤ ᠪᠠᠶᠢᠪᠠ᠃ ᠡᠶᠢᠮᠦ ᠫᠤᠤ ᠨᠢ ᠲᠤᠬᠠᠢ ᠶᠢᠨ ᠦᠶ᠎ᠡ ᠳᠡᠭᠡᠨ ᠭᠠᠯ᠂ ᠤᠲᠤᠭ᠎ᠠ᠂ ᠰᠦᠷᠯᠢᠭ ᠳᠠᠭᠤᠤ ᠴᠢᠮᠡᠭᠡ᠂ ᠬᠥᠨᠥᠭᠡᠬᠦ ᠴᠢᠳᠠᠪᠤᠷᠢ ᠪᠠᠷ ᠢᠶᠠᠨ ᠬᠣᠣᠰ ᠦᠭᠡᠢ ᠪᠠᠶᠢᠵᠠᠢ᠃ ᠴᠢᠩᠭᠢᠰ ᠬᠠᠭᠠᠨ ᠪᠠᠷᠠᠭᠤᠨ ᠵᠦᠭ ᠬᠢᠭᠰᠡᠨ ᠳᠠᠶᠢᠨ ᠳᠤ ᠪᠠᠨ (1218-1220) ᠶᠡᠬᠡ ᠫᠤᠤ ᠬᠡᠷᠡᠭᠯᠡᠵᠦ ᠪᠠᠶᠢᠭᠰᠠᠨ ᠪᠥᠭᠡᠳ ᠲᠡᠭᠦᠨ ᠢ ᠪᠡᠨ ᠪᠣᠭᠣᠨᠢ ᠫᠤᠤ ᠭᠡᠬᠦ ᠪᠤᠶᠤ 《ᠫᠤᠤᠵᠢᠩ》 ᠫᠤᠤ ᠭᠡᠳᠡᠭ ᠪᠠᠶᠢᠯ᠎ᠠ᠃ ᠮᠥᠨ ᠬᠤᠷᠳᠤᠨ ᠫᠤᠤ ᠪᠤᠶᠤ ᠠᠷᠪᠠᠨ ᠲᠠᠪᠤᠨ ᠭᠤᠤᠷᠰᠤ ᠪᠦᠬᠦᠢ ᠰᠢᠪᠲᠤᠯᠤᠭᠴᠢ ᠫᠤᠤ ᠭᠡᠬᠦ ᠵᠡᠷᠭᠡ ᠰᠦᠷ ᠬᠦᠴᠦ ᠶᠡᠬᠡ ᠲᠡᠢ ᠭᠠᠶᠢᠬᠠᠮᠰᠢᠭᠲᠤ ᠶᠡᠬᠡ ᠫᠤᠤ ᠬᠡᠷᠡᠭᠯᠡᠵᠦ ᠪᠠᠶᠢᠵᠤ᠃ ᠮᠣᠩᠭᠣᠯ ᠤᠨ ᠴᠡᠷᠢᠭ ᠦᠨ ᠵᠠᠩᠵᠤᠨ ᠲᠠᠵᠢᠷ ᠠᠯᠲᠠᠨ ᠤᠯᠤᠰ ᠤᠨ ᠴᠠᠶᠢᠵᠠ ᠪᠠᠯᠭᠠᠳ ᠢ ᠪᠥᠰᠡᠯᠡᠨ ᠪᠠᠶᠢᠯᠳᠤᠵᠤ ᠪᠠᠶᠢᠬᠤ ᠳᠤ ᠪᠠᠨ (1233 ᠣᠨ) ᠮᠥᠨ ᠮᠣᠩᠭᠣᠯ ᠴᠡᠷᠢᠭ ᠦᠨ ᠵᠠᠩᠵᠤᠨ ᠭᠠᠨᠪᠤᠬ᠎ᠠ ᠶᠢᠨ ᠴᠡᠷᠢᠭ (1237 ᠣᠨ) ᠶᠡᠬᠡ ᠫᠤᠤ ᠲᠠᠢ ᠪᠠᠶᠢᠭᠰᠠᠨ ᠲᠤᠬᠠᠢ ᠬᠢᠲᠠᠳ ᠤᠨ ᠲᠡᠦᠬᠡᠴᠢᠳ ᠪᠢᠴᠢᠵᠦ ᠦᠯᠡᠳᠡᠭᠡᠭᠰᠡᠨ ᠪᠠᠶᠢᠨ᠎ᠠ᠃ ᠡᠨᠡ ᠮᠡᠲᠦᠴᠢᠯᠠᠨ ᠬᠢᠲᠠᠳ ᠤᠨ ᠲᠡᠦᠬᠡ ᠶᠢᠨ ᠰᠤᠷᠪᠤᠯᠵᠢ ᠪᠢᠴᠢᠭ ᠲᠦ ᠮᠣᠩᠭᠣᠯ ᠴᠡᠷᠢᠭ ᠳᠠᠷᠢᠳᠤ ᠶᠡᠬᠡ ᠫᠤᠤ ᠬᠡᠷᠡᠭᠯᠡᠵᠦ ᠪᠠᠶᠢᠭᠰᠠᠨ ᠲᠤᠬᠠᠢ ᠲᠡᠮᠳᠡᠭᠯᠡᠵᠡᠢ᠃ ᠬᠢᠲᠠᠳ ᠤᠨ ᠲᠡᠦᠬᠡᠴᠢ ᠴᠵᠢᠤ ᠸᠡᠢ᠂ ᠲᠣᠭᠣᠭᠠᠨᠲᠡᠮᠦᠷ ᠬᠠᠭᠠᠨ ᠴᠦᠩᠽᠢᠶᠠᠨ ᠬᠣᠲᠠ ᠶᠢ (1338 ᠣᠨ) ᠶᠡᠬᠡ ᠫᠤᠤ ᠪᠠᠷ ᠭᠠᠯᠯᠠᠵᠤ ᠪᠠᠶᠢᠭᠰᠠᠨ ᠭᠡᠵᠦ ᠪᠢᠴᠢᠵᠡᠢ᠃ ᠶᠤᠸᠠᠨ ᠤᠯᠤᠰ ᠤᠨ ᠡᠬᠢᠨ ᠦᠶ᠎ᠡ ᠳᠦ ᠲᠥᠪ ᠠᠽᠢᠶ᠎ᠠ ᠠᠴᠠ ᠴᠢᠯᠠᠭᠤᠨ ᠰᠤᠮᠤ ᠲᠠᠢ ᠭᠠᠯᠲᠤ ᠦᠬᠡᠷ ᠫᠤᠤ ᠣᠯᠳᠠᠵᠤ ᠪᠠᠶᠢᠭᠰᠠᠨ ᠲᠤᠬᠠᠢ ᠮᠥᠨ ᠲᠡᠮᠳᠡᠭᠯᠡᠭᠳᠡᠭᠰᠡᠨ ᠪᠠᠶᠢᠳᠠᠭ᠃

ᠡᠨᠡ ᠲᠡᠦᠬᠡᠴᠢ 《ᠮᠣᠩᠭᠣᠯ ᠴᠡᠷᠢᠭ ᠶᠡᠬᠡ ᠫᠤᠤ ᠲᠠᠢ ᠲᠡᠷᠭᠡ ᠣᠯᠠᠨ ᠲᠠᠢ᠂ ᠵᠠᠷᠢᠮ ᠫᠤᠤ ᠨᠢ ᠨᠡᠯᠢᠶᠡᠳ ᠲᠣᠮᠣ ᠪᠥᠭᠡᠳ ᠮᠣᠩᠭᠣᠯᠴᠤᠳ ᠥᠪᠡᠷᠰᠡᠳ ᠢᠶᠡᠨ ᠳᠠᠷᠢ ᠬᠢᠵᠦ ᠴᠢᠳᠠᠳᠠᠭ ᠪᠠᠶᠢᠭᠰᠠᠨ》 ᠭᠡᠵᠦ ᠪᠢᠴᠢᠵᠡᠢ᠃ ᠲᠣᠭᠣᠭᠠᠨᠲᠡᠮᠦᠷ᠎ ᠬᠠᠭᠠᠨ ᠤ ᠦᠶ᠎ᠡ ᠳᠦ ᠲᠣᠪᠤᠤ ᠨᠢ (1344 ᠣᠨ) ᠭᠠᠯᠲᠤ ᠰᠤᠮᠤ ᠪᠠᠷ ᠳᠡᠭᠡᠷᠡᠮᠴᠢᠨ ᠦ ᠵᠠᠪᠢ ᠤᠷᠤᠭᠤ ᠬᠠᠷᠪᠤᠬᠤ ᠳᠤ ᠤᠭ ᠵᠠᠪᠠ ᠨᠢ ᠪᠤᠲᠠᠷᠠᠨ ᠶᠡᠬᠡᠩᠬᠢ ᠨᠢ ᠰᠢᠲᠠᠵᠤ ᠪᠠᠶᠢᠭᠰᠠᠨ ᠲᠤᠬᠠᠢ ᠡᠨᠡ ᠬᠦᠮᠦᠨ ᠲᠡᠮᠳᠡᠭᠯᠡᠭᠰᠡᠨ ᠪᠠᠶᠢᠳᠠᠭ᠃

ᠶᠡᠷᠦ ᠨᠢ ᠮᠣᠩᠭᠣᠯᠴᠤᠳ 1200 ᠣᠨ ᠠᠴᠠ ᠡᠮᠦᠨ᠎ᠡ ᠳᠠᠷᠢᠳᠤ ᠵᠡᠪᠰᠡᠭ᠂ ᠶᠡᠬᠡ ᠫᠤᠤ ᠬᠡᠷᠡᠭᠯᠡᠵᠦ ᠪᠠᠶᠢᠵᠠᠢ ᠭᠡᠵᠦ ᠦᠵᠡᠳᠡᠭ ᠶᠤᠮ᠃ ᠮᠣᠩᠭᠣᠯ ᠴᠡᠷᠢᠭ ᠵᠥᠪᠬᠡᠨ ᠶᠡᠬᠡ ᠫᠤᠤ᠂ ᠭᠠᠯᠲᠤ ᠵᠡᠪᠰᠡᠭ ᠬᠡᠷᠡᠭᠯᠡᠭᠡᠳ ᠵᠣᠭᠰᠣᠭ᠎ᠠ ᠦᠭᠡᠢ᠂ ᠮᠥᠨ ᠶᠠᠩᠵᠤ ᠪᠦᠷᠢ ᠶᠢᠨ ᠵᠣᠷᠢᠭᠤᠯᠤᠯᠲᠠ ᠲᠠᠢ ᠰᠤᠮᠤ ᠲᠠᠢ ᠪᠠᠶᠢᠯ᠎ᠠ᠃ ᠳᠠᠶᠢᠰᠤᠨ ᠢ ᠰᠦᠷᠳᠡᠭᠦᠯᠬᠦ᠂ ᠶᠡᠬᠡ ᠴᠡᠷᠢᠭ ᠢ ᠤᠳᠤᠷᠢᠳᠤᠨ ᠵᠢᠯᠤᠭᠤᠳᠤᠬᠤᠨ ᠲᠤᠯᠠᠳᠠ ᠳᠠᠭᠤᠲᠤ ᠰᠤᠮᠤ ᠬᠡᠷᠡᠭᠯᠡᠵᠦ ᠪᠠᠶᠢᠭᠰᠠᠨ ᠨᠢ ᠪᠢᠳᠡᠨ ᠦ ᠦᠶ᠎ᠡ ᠶᠢᠨ ᠳᠣᠬᠢᠶᠠᠨ ᠤ ᠫᠤᠤᠵᠢᠩ ᠲᠠᠢ ᠤᠳᠬ᠎ᠠ ᠨᠢᠭᠡ ᠶᠤᠮ᠃ ᠮᠣᠩᠭᠣᠯᠴᠤᠳ ᠭᠠᠯᠲᠤ ᠵᠡᠪᠰᠡᠭ ᠢᠶᠡᠨ ᠴᠢᠨᠠᠭᠰᠢᠳᠠ ᠬᠥᠭᠵᠢᠭᠦᠯᠦᠭᠰᠡᠨ ᠦᠭᠡᠢ ᠲᠤᠬᠠᠢ ᠶᠢᠨ ᠦᠶ᠎ᠡ ᠳᠦ ᠭᠠᠪᠰᠢᠭᠠᠢ ᠬᠥᠳᠡᠯᠭᠡᠭᠡᠨ ᠳᠦ ᠮᠠᠨᠧᠸᠷ ᠤᠨ ᠪᠠᠶᠢᠯᠳᠤᠭᠠᠨ᠂ ᠲᠤᠯᠤᠯᠳᠤᠭᠠᠨ ᠬᠢᠬᠦ ᠨᠢ ᠵᠣᠩᠬᠢᠯᠠᠵᠤ ᠲᠡᠭᠦᠨ ᠳᠦ ᠶᠡᠬᠡᠬᠡᠨ ᠬᠡᠮᠵᠢᠶ᠎ᠡ ᠪᠡᠷ ᠠᠴᠢ ᠬᠣᠯᠪᠣᠭᠳᠠᠯ ᠥᠭᠴᠦ ᠪᠠᠶᠢᠭᠰᠠᠨ ᠬᠢᠭᠡᠳ ᠵᠥᠪᠬᠡᠨ ᠬᠣᠲᠠ᠂ ᠴᠠᠶᠢᠵᠠ ᠶᠢ ᠪᠠᠭᠤᠯᠭᠠᠨ ᠠᠪᠬᠤ ᠳᠤ ᠠᠰᠢᠭᠯᠠᠭᠳᠠᠵᠤ ᠪᠠᠶᠢᠭᠰᠠᠨ ᠨᠢ ᠴᠤ ᠡᠭᠦᠨ ᠳᠦ ᠨᠥᠯᠦᠭᠡᠯᠡᠭᠰᠡᠨ ᠪᠠᠶᠢᠵᠤ ᠪᠣᠯᠬᠤ ᠲᠠᠯ᠎ᠠ ᠲᠠᠢ᠃

ᠵᠠᠰᠠᠭ ᠵᠠᠬᠢᠷᠭᠠᠨ ᠤ ᠪᠠᠶᠢᠭᠤᠯᠤᠮᠵᠢ[ᠵᠠᠰᠠᠪᠤᠷᠢᠯᠠᠬᠤ | ᠺᠣᠳ᠋ ᠢᠶᠠᠷ ᠵᠠᠰᠠᠬᠣ]

ᠴᠢᠩᠭᠢᠰ ᠬᠠᠭᠠᠨ ᠤᠯᠤᠰ ᠢᠶᠠᠨ ᠶᠡᠷᠦᠩᠬᠡᠢ ᠭᠤᠷᠪᠠᠨ ᠲᠦᠮᠡᠨ ᠪᠤᠶᠤ ᠬᠡᠰᠡᠭ ᠲᠦ ᠬᠤᠪᠢᠶᠠᠭᠠᠳ᠂ ᠳᠣᠲᠣᠷ᠎ᠠ ᠨᠢ ᠪᠠᠭ᠎ᠠ ᠲᠦᠮᠡᠨ ᠪᠣᠯᠭᠠᠭᠰᠠᠨ᠃ ᠴᠢᠩᠭᠢᠰ ᠬᠠᠭᠠᠨ ᠪᠠᠭ᠎ᠠ ᠲᠦᠮᠡᠨ ᠢᠶᠡᠨ 5 ᠮᠢᠩᠭᠠᠲᠤ ᠂ ᠮᠢᠩᠭᠠᠲᠤ ᠪᠠᠨ ᠵᠠᠭᠤᠲᠤ᠂ ᠵᠠᠭᠤᠲᠤ ᠪᠠᠨ ᠠᠷᠪᠠᠲᠤ ᠪᠣᠯᠭᠠᠨ ᠬᠤᠪᠢᠶᠠᠴᠠᠢ᠃ ᠮᠢᠩᠭᠠᠲᠤ ᠨᠢ ᠡᠬᠢᠯᠡᠭᠡᠳ 95 ᠪᠠᠶᠢᠭᠠᠳ ᠰᠡᠭᠦᠯ ᠳᠦ ᠪᠡᠨ 130 ᠍ ᠳᠦ ᠬᠦᠷᠦᠭᠰᠡᠨ ᠪᠠᠶᠢᠨ᠎ᠠ᠃ ᠴᠢᠩᠭᠢᠰ ᠬᠠᠭᠠᠨ ᠡᠶᠢᠨᠬᠦᠦ ᠮᠢᠩᠭᠠᠲᠤ ᠶᠢᠨ ᠲᠣᠭᠲᠠᠯᠴᠠᠭ᠎ᠠ ᠶᠢ ᠶᠠᠭᠠᠷᠠᠪᠴᠢᠯᠠᠨ ᠪᠦᠷᠢᠳᠦᠭᠦᠯᠦᠭᠰᠡᠨ ᠢᠶᠡᠷ ᠶᠡᠬᠡ ᠮᠣᠩᠭᠣᠯ ᠤᠯᠤᠰ ᠤᠨ ᠥᠨᠢ ᠤᠳᠠᠭᠠᠨ ᠲᠣᠭᠲᠠᠨᠢᠬᠤ ᠦᠨᠳᠦᠰᠦ ᠶᠢ ᠲᠠᠯᠪᠢᠵᠠᠢ᠃ ᠡᠯ᠎ᠡ ᠲᠣᠭᠲᠠᠯᠴᠠᠭ᠎ᠠ ᠨᠢ ᠤᠯᠤᠰ ᠦᠨᠳᠦᠰᠦ ᠪᠡᠨ ᠪᠠᠲᠤᠯᠠᠨ ᠬᠠᠮᠠᠭᠠᠯᠠᠬᠤ ᠠᠶᠠᠨ ᠳᠠᠶᠢᠨ ᠳᠤ ᠮᠣᠷᠳᠠᠬᠤ ᠳᠤ ᠦᠯᠡᠮᠵᠢ ᠬᠡᠮᠵᠢᠶᠡᠨ ᠤ ᠴᠡᠷᠢᠭ ᠢ ᠪᠣᠭᠣᠨᠢ ᠬᠤᠭᠤᠴᠠᠭᠠᠨ ᠳᠤ ᠰᠢᠭᠤᠷᠬᠠᠢ ᠵᠣᠬᠢᠶᠠᠨ ᠪᠠᠶᠢᠭᠤᠯᠬᠤ᠂ ᠠᠷᠠᠳ ᠣᠯᠠᠨ ᠠᠴᠠ ᠠᠯᠪᠠᠨ ᠲᠠᠲᠠᠪᠤᠷᠢ ᠠᠪᠬᠤ ᠵᠡᠷᠭᠡ ᠳᠦ ᠨᠡᠩ ᠲᠣᠬᠢᠷᠠᠮᠵᠢᠲᠠᠢ ᠴᠡᠷᠢᠭ᠂ ᠵᠠᠰᠠᠭ ᠵᠠᠬᠢᠷᠭᠠᠨ ᠤ ᠨᠠᠷᠢᠨ ᠴᠢᠩᠳᠠ ᠵᠣᠬᠢᠶᠠᠨ ᠪᠠᠶᠢᠭᠤᠯᠤᠯᠲᠠ ᠪᠠᠶᠢᠪᠠ᠃

ᠮᠢᠩᠭᠠᠲᠤ ᠨᠢ ᠳᠣᠲᠣᠭᠠᠳᠤ᠂ ᠭᠠᠳᠠᠭᠠᠳᠤ ᠬᠡᠮᠡᠨ ᠬᠤᠪᠢᠶᠠᠭᠳᠠᠬᠤ ᠪᠥᠭᠡᠳ ᠭᠠᠳᠠᠭᠠᠳᠤ ᠮᠢᠩᠭᠠᠲᠤ ᠨᠢ ᠵᠡᠷᠭᠡ ᠵᠢᠨᠳᠠ ᠪᠠᠷ ᠢᠶᠠᠨ ᠳᠣᠲᠣᠭᠠᠳᠤ ᠮᠢᠩᠭᠠᠲᠤ ᠠᠴᠠ ᠳᠠᠷᠤᠢ ᠨᠢᠭᠡ ᠳᠠᠬᠢᠨ ᠳᠣᠣᠭᠤᠷ ᠪᠠᠶᠢᠴᠠᠢ᠃ ᠴᠢᠩᠭᠢᠰ ᠦᠨ ᠡᠬᠡ᠂ ᠬᠥᠪᠡᠭᠤᠳ᠂ ᠳᠡᠭᠦᠦ ᠨᠠᠷ ᠪᠣᠯᠤᠨ ᠠᠪᠠᠭ᠎ᠠ ᠣᠲᠴᠢᠭᠢᠨ ᠨᠠᠷ ᠥᠪᠡᠷ ᠥᠪᠡᠷ ᠦᠨ ᠲᠤᠰᠬᠠᠢ ᠮᠢᠩᠭᠠᠲᠤ ᠲᠠᠢ ᠪᠠᠶᠢᠪᠠ᠃ ᠴᠢᠩᠭᠢᠰ ᠬᠠᠭᠠᠨ ᠣᠲᠴᠢᠭᠢᠨ᠂ ᠥᠭᠡᠯᠦᠨ ᠡᠬᠡ ᠬᠣᠶᠠᠷ ᠲᠤ ᠲᠦᠮᠡᠨ ᠡᠷᠦᠬᠡ᠂ ᠬᠣᠶᠠᠳᠤᠭᠠᠷ ᠬᠦᠦ ᠴᠠᠭᠠᠳᠠᠢ ᠳᠤ 8000 ᠡᠷᠦᠬᠡ᠂ ᠭᠤᠷᠪᠠᠳᠤᠭᠠᠷ ᠬᠦᠦ ᠥᠭᠡᠲᠡᠢ ᠳᠤ 5000 ᠡᠷᠦᠬᠡ᠂ ᠣᠳᠬᠣᠨ ᠬᠦᠦ ᠲᠤᠯᠤᠢ ᠳᠤ 5000 ᠡᠷᠦᠬᠡ᠂ ᠳᠡᠭᠦᠦ ᠬᠠᠰᠠᠷ ᠲᠤ 4000᠂ ᠳᠡᠭᠦᠦ ᠠᠯᠴᠢᠳᠠᠢ ᠳᠤ 2000᠂ ᠳᠡᠭᠦᠦ ᠪᠡᠯᠭᠦᠲᠡᠢ ᠳᠤ 1500 ᠡᠷᠦᠬᠡ ᠲᠤᠰ ᠲᠤᠰ «ᠬᠤᠪᠢ» ᠪᠣᠯᠭᠠᠨ ᠥᠭᠴᠡᠢ᠃

ᠮᠣᠩᠭᠣᠯ ᠤᠨ ᠡᠷᠲᠡᠨ ᠦ ᠨᠡᠭᠦᠳᠡᠯ ᠦᠨ ᠨᠡᠶᠢᠭᠡᠮ ᠤᠨ ᠤᠯᠤᠰ ᠲᠥᠷᠥ ᠶᠢᠨ ᠵᠣᠬᠢᠶᠠᠨ ᠪᠠᠶᠢᠭᠤᠯᠤᠯᠲᠠ ᠶᠢᠨ ᠡᠷᠲᠡᠨ ᠦ ᠥᠪᠡᠷᠮᠢᠴᠡ ᠨᠢᠭᠡᠨ ᠬᠡᠯᠪᠡᠷᠢ ᠨᠢ 《ᠬᠡᠰᠢᠭᠲᠡᠨ》 ᠪᠠᠶᠢᠪᠠ᠃ ᠬᠡᠰᠢᠭᠲᠡᠨ ᠢ ᠡᠬᠢᠯᠡᠭᠡᠳ ᠣᠪᠤᠭ᠂ ᠠᠶᠢᠮᠠᠭ ᠤᠨ ᠲᠡᠷᠢᠭᠦᠯᠡᠭᠴᠢ ᠨᠠᠷ ᠪᠡᠶ᠎ᠡ ᠪᠡᠨ ᠪᠣᠯᠤᠨ ᠣᠷᠳᠣ ᠥᠷᠭᠥᠭᠡ ᠪᠡᠨ ᠬᠠᠮᠠᠭᠠᠯᠠᠬᠤ ᠵᠣᠷᠢᠯᠭ᠎ᠠ ᠪᠠᠷ ᠪᠤᠢ ᠪᠣᠯᠭᠠᠵᠠᠢ᠃ ᠲᠡᠮᠦᠵᠢᠨ ᠴᠤ ᠬᠠᠮᠤᠭ ᠮᠣᠩᠭᠣᠯ ᠤᠨ ᠬᠠᠭᠠᠨ ᠪᠣᠯᠤᠭᠠᠳ ᠪᠡᠶ᠎ᠡ᠂ ᠣᠷᠳᠣ ᠥᠷᠭᠥᠭᠡ ᠪᠡᠨ ᠰᠠᠬᠢᠨ ᠬᠠᠮᠠᠭᠠᠯᠠᠬᠤ ᠡᠳᠦᠷ ᠦᠨ ᠮᠠᠨᠠᠭᠠᠨ ᠤ 70 ᠲᠣᠷᠭᠤᠳ᠂ ᠰᠥᠨᠢ ᠶᠢᠨ ᠬᠠᠷᠠᠭᠤᠯ ᠤᠨ 60 ᠬᠡᠪᠲᠡᠭᠦᠯ ᠡᠴᠡ ᠪᠦᠷᠢᠳᠰᠡᠨ 150 ᠬᠦᠮᠦᠨ ᠪᠦᠬᠦᠢ ᠬᠡᠰᠢᠭᠲᠡᠨ ᠲᠡᠢ ᠪᠣᠯᠵᠠᠢ᠃

ᠶᠡᠬᠡ ᠮᠣᠩᠭᠣᠯ ᠤᠯᠤᠰ ᠪᠠᠶᠢᠭᠤᠯᠤᠭᠳᠠᠰᠤᠨ ᠠᠴᠠ ᠬᠣᠶᠢᠰᠢ ᠬᠡᠰᠢᠭᠲᠡᠨ ᠦ ᠡᠭᠦᠷᠭᠡ ᠥᠰᠴᠦ᠂ ᠵᠣᠬᠢᠶᠠᠨ ᠪᠠᠶᠢᠭᠤᠯᠤᠯᠲᠠ ᠳᠢᠭ ᠵᠢᠷᠤᠮ ᠨᠢ ᠨᠠᠷᠢᠰᠴᠠᠢ᠃ ᠴᠢᠩᠭᠢᠰ ᠬᠠᠭᠠᠨ ᠬᠡᠰᠢᠭᠲᠡᠨ ᠦ ᠲᠣᠭ᠎ᠠ ᠶᠢ ᠨᠢᠭᠡᠨ ᠲᠦᠮᠡᠳ ᠬᠦᠷᠭᠡᠵᠦ᠂ ᠲᠡᠭᠦᠨ ᠦ ᠡᠩᠨᠡᠭᠡ ᠶᠢ ᠲᠦᠮᠡᠲᠦ᠂ ᠮᠢᠩᠭᠠᠲᠤ᠂ ᠵᠠᠭᠤᠲᠤ ᠶᠢᠨ ᠨᠣᠶᠠᠳ ᠤᠨ ᠬᠡᠦᠬᠡᠳ ᠡᠴᠡ ᠪᠦᠷᠢᠳᠦᠭᠦᠯᠵᠦ᠂ ᠪᠠᠰᠠ ᠰᠤᠯᠠ ᠴᠢᠯᠦᠭᠡᠲᠡᠢ ᠬᠦᠮᠦᠰ ᠦᠨ ᠬᠡᠦᠬᠡᠳ ᠡᠴᠡ ᠤᠬᠠᠭᠠᠨ᠂ ᠴᠢᠳᠠᠯ ᠢᠶᠠᠷ ᠢᠶᠠᠨ ᠰᠢᠯᠭᠠᠷᠠᠭᠰᠠᠨ ᠢ ᠨᠢ ᠰᠣᠩᠭᠣᠨ ᠣᠷᠣᠭᠤᠯᠵᠤ ᠪᠠᠶᠢᠪᠠ᠃

ᠤᠳᠠᠯ ᠦᠭᠡᠢ ᠬᠡᠰᠢᠭᠲᠡᠨ ᠨᠢ ᠬᠠᠭᠠᠨ ᠤ ᠪᠡᠶ᠎ᠡ᠂ ᠣᠷᠳᠣ ᠥᠷᠭᠦᠭᠡᠨ ᠦ ᠠᠶᠤᠯ ᠦᠭᠡᠢ ᠪᠠᠶᠢᠳᠠᠯ ᠢ ᠰᠠᠬᠢᠨ ᠬᠠᠮᠠᠭᠠᠯᠠᠬᠤ ᠲᠡᠳᠦᠢ ᠦᠭᠡᠢ᠂ ᠤᠯᠤᠰ ᠣᠷᠣᠨ ᠤ ᠳᠣᠲᠣᠭᠠᠳᠤ ᠳᠢᠭ ᠵᠢᠷᠤᠮ ᠰᠠᠬᠢᠭᠤᠯᠬᠤ᠂ ᠦᠢᠮᠡᠭᠡᠨ᠂ ᠰᠠᠮᠠᠭᠤᠨ ᠠᠴᠠ ᠰᠡᠷᠭᠡᠶᠢᠯᠡᠬᠦ ᠣᠨᠴᠠᠭᠠᠢ ᠡᠭᠦᠷᠭᠡ ᠬᠦᠯᠢᠶᠡᠬᠦ ᠪᠣᠯᠪᠠ᠃ ᠴᠢᠨᠠᠭᠰᠢᠳᠠ ᠬᠡᠰᠢᠭᠲᠡᠨ ᠪᠦᠲᠦᠴᠡ᠂ ᠡᠭᠦᠷᠭᠡ ᠵᠣᠬᠢᠶᠠᠨ ᠪᠠᠶᠢᠭᠤᠯᠤᠯᠲᠠ ᠶᠢᠨ ᠬᠤᠪᠢ ᠳᠤ ᠤᠯᠠᠮ ᠥᠷᠭᠡᠵᠢᠵᠦ᠂ ᠤᠯᠤᠰ ᠣᠷᠣᠨ ᠤ ᠴᠡᠷᠢᠭ ᠵᠠᠬᠢᠷᠭᠠᠨ ᠤ ᠨᠢᠭᠡᠳᠦᠮᠡᠯ ᠲᠥᠪ ᠪᠠᠶᠢᠭᠤᠯᠤᠯᠭ᠎ᠠ ᠪᠣᠯᠤᠨ ᠬᠤᠪᠢᠷᠠᠵᠠᠢ᠃ ᠥᠭᠡᠷ᠎ᠡ ᠪᠡᠷ ᠬᠡᠯᠡᠪᠡᠯ᠂ ᠨᠢᠭᠡ ᠶᠣᠰᠣᠨ ᠤ ᠵᠠᠰᠠᠭ ᠤᠨ ᠭᠠᠵᠠᠷ ᠤᠨ ᠡᠭᠦᠷᠭᠡ ᠭᠦᠢᠴᠡᠳᠭᠡᠬᠦ ᠪᠣᠯᠤᠭᠰᠠᠨ᠃ ᠳᠡᠭᠡᠳᠦ ᠵᠢᠨᠳᠠ ᠤᠨ ᠠᠯᠪᠠᠨ ᠲᠤᠰᠢᠶᠠᠯᠲᠠᠨ ᠢ ᠵᠥᠪᠬᠡᠨ ᠬᠡᠰᠢᠭᠲᠡᠨ ᠡᠴᠡ ᠲᠣᠮᠢᠯᠠᠨ᠎ᠠ᠃ ᠬᠡᠰᠢᠭᠲᠡᠨ ᠳᠦ ᠴᠢᠩᠳᠠ ᠰᠠᠬᠢᠯᠭ᠎ᠠ᠂ ᠬᠠᠷᠢᠭᠤᠴᠠᠯᠭ᠎ᠠ ᠬᠦᠯᠢᠶᠡᠯᠭᠡᠬᠦ ᠶᠢᠨ ᠬᠠᠮᠲᠤ ᠣᠨᠴᠠᠭᠠᠢ ᠡᠷᠬᠡ ᠶᠠᠩᠪᠠ ᠡᠳ᠋ᠯᠡᠭᠦᠯᠵᠦ ᠪᠠᠶᠢᠪᠠ᠃ ᠡᠶᠢᠨᠬᠦᠦ ᠬᠡᠰᠢᠭᠲᠡᠨ ᠪᠣᠯ ᠶᠡᠬᠡ ᠮᠣᠩᠭᠣᠯ ᠤᠯᠤᠰ ᠤᠨ ᠲᠥᠷᠥ ᠶᠢᠨ ᠭᠣᠣᠯ ᠲᠤᠯᠭᠠᠭᠤᠷᠢ ᠪᠣᠯᠵᠤ ᠪᠠᠶᠢᠯ᠎ᠠ᠃

ᠬᠠᠤᠯᠢ[ᠵᠠᠰᠠᠪᠤᠷᠢᠯᠠᠬᠤ | ᠺᠣᠳ᠋ ᠢᠶᠠᠷ ᠵᠠᠰᠠᠬᠣ]

ᠴᠢᠩᠭᠢᠰ ᠬᠠᠭᠠᠨ ᠤ ᠵᠠᠷᠯᠢᠭ ᠢᠶᠠᠷ ᠰᠢᠳᠠᠷ ᠲᠦᠰᠢᠮᠡᠯ ᠰᠢᠭᠢᠬᠤᠲᠤᠭ "ᠶᠡᠬᠡ ᠵᠠᠰᠠᠭ" ᠬᠡᠮᠡᠬᠦ ᠺᠣᠳᠣᠴᠢᠯᠠᠭᠰᠠᠨ ᠬᠠᠤᠯᠢ ᠶᠢ ᠪᠠᠲᠤᠯᠠᠨ ᠭᠠᠷᠭᠠᠭᠰᠠᠨ ᠪᠠᠶᠢᠨ᠎ᠠ᠃ "ᠶᠡᠬᠡ ᠵᠠᠰᠠᠭ" ᠬᠠᠤᠯᠢ ᠶᠢᠨ ᠡᠮᠦᠨ᠎ᠡ ᠡᠩ ᠦᠨ ᠠᠷᠠᠳ ᠢᠷᠭᠡᠳ ᠪᠣᠯᠤᠨ ᠶᠡᠬᠡᠰ ᠳᠡᠭᠡᠳᠦᠰ ᠲᠡᠭᠰᠢ ᠡᠷᠬᠡ ᠲᠡᠢ ᠪᠠᠶᠢᠵᠤ᠂ ᠠᠳᠠᠯᠢ ᠶᠠᠯ᠎ᠠ ᠵᠢᠮᠡᠯᠡᠯ ᠬᠦᠯᠢᠶᠡᠳᠡᠭ ᠪᠠᠶᠢᠭᠰᠠᠨ ᠢᠶᠠᠷ ᠢᠶᠠᠨ ᠣᠨᠴᠠᠯᠢᠭ ᠶᠤᠮ᠃ ᠬᠠᠤᠯᠢ ᠶᠢᠨ ᠶᠠᠯ᠎ᠠ ᠰᠢᠳᠬᠡᠯ ᠨᠢ ᠮᠠᠰᠢ ᠬᠠᠲᠠᠭᠤ ᠪᠠᠶᠢᠭᠰᠠᠨ ᠪᠥᠭᠡᠳ ᠵᠢᠱᠢᠶᠡᠯᠡᠪᠡᠯ ᠳᠠᠶᠢᠨ ᠳᠤ ᠶᠠᠪᠤᠬᠤ ᠦᠶ᠎ᠡ ᠳᠦ ᠤᠷᠳᠤ ᠶᠠᠪᠤᠭ᠎ᠠ ᠬᠦᠮᠦᠨ ᠤ ᠪᠡᠨ ᠰᠠᠨᠠᠮᠰᠠᠷ ᠦᠭᠡᠢ ᠤᠨᠠᠭᠠᠭᠰᠠᠨ ᠵᠦᠢᠯ ᠢ ᠠᠷᠤ ᠶᠢᠨ ᠬᠦᠮᠦᠨ ᠠᠪᠴᠤ ᠥᠭᠭᠦᠬᠦ ᠦᠭᠡᠢ ᠪᠣᠯ ᠴᠠᠭᠠᠵᠠ ᠪᠠᠷ ᠠᠪᠬᠤ ᠶᠠᠯ᠎ᠠ ᠣᠨᠣᠭᠠᠳᠠᠭ ᠪᠠᠶᠢᠪᠠ᠃ ᠡᠨᠡᠬᠦ ᠬᠠᠲᠠᠭᠤ ᠵᠠᠰᠠᠭᠯᠠᠯ ᠨᠢ ᠮᠣᠩᠭᠣᠯ ᠤᠨ ᠡᠵᠡᠨᠲᠦ ᠭᠦᠷᠦᠨ ᠢ ᠠᠮᠤᠷ ᠠᠮᠤᠭᠤᠯᠠᠩ᠂ ᠲᠠᠶᠢᠪᠤᠩ ᠲᠣᠭᠲᠠᠭᠤᠨ ᠤᠯᠤᠰ ᠪᠣᠯᠭᠠᠬᠤ ᠦᠨᠳᠦᠰᠦ ᠰᠠᠭᠤᠷᠢ ᠨᠢ ᠪᠣᠯᠵᠤ ᠥᠭᠴᠡᠢ᠃ ᠧᠦ᠋ᠷᠣᠫᠠ ᠶᠢᠨ ᠵᠢᠭᠤᠯᠴᠢᠳ ᠶᠡᠬᠡ ᠭᠦᠷᠦᠨ ᠦ ᠠᠷᠠᠳ ᠢᠷᠭᠡᠳ ᠦᠨ ᠥᠨᠳᠥᠷ ᠵᠣᠬᠢᠶᠠᠨ ᠪᠠᠶᠢᠭᠤᠯᠤᠯᠲᠠ ᠲᠠᠢ᠂ ᠳᠢᠭᠯᠢᠮ ᠵᠢᠷᠤᠮ ᠲᠠᠢ ᠪᠠᠶᠢᠳᠠᠯ ᠢ ᠭᠠᠶᠢᠬᠠᠨ ᠱᠠᠭᠰᠢᠭᠰᠠᠨ ᠪᠠᠶᠢᠳᠠᠭ᠃ᠮᠥᠨ ᠶᠡᠬᠡ ᠵᠠᠰᠠᠭ ᠬᠠᠤᠯᠢ ᠨᠢ ᠮᠣᠩᠭᠣᠯ ᠤᠨ ᠬᠠᠮᠤᠭ ᠤᠨ ᠡᠷᠲᠡᠨ ᠦ ᠬᠠᠤᠯᠢ ᠴᠠᠭᠠᠵᠠ ᠶᠢᠨ ᠪᠢᠴᠢᠭ ᠪᠠ ᠣᠳᠣ ᠪᠠᠷ ᠣᠯᠳᠠᠭᠰᠠᠨ ᠡᠬᠢ ᠰᠤᠷᠪᠤᠯᠵᠢ ᠨᠢ ᠰᠣᠯᠣᠩᠭᠣᠰ ᠤᠯᠤᠰ ᠲᠤ ᠬᠠᠳᠠᠭᠠᠯᠠᠭᠳᠠᠵᠤ ᠪᠠᠶᠢᠨ᠎ᠠ᠃

ᠶᠡᠬᠡ ᠭᠦᠷᠦᠨ ᠦ ᠦᠶ᠎ᠡ ᠳᠦ ᠰᠠᠶᠢᠳ ᠲᠦᠰᠢᠮᠡᠳ᠂ ᠴᠡᠷᠢᠭ ᠦᠨ ᠵᠠᠵᠢ ᠳᠤ ᠥᠪᠡᠷᠰᠡᠳ ᠦᠨ ᠠᠪᠢᠶᠠᠰ ᠴᠢᠳᠠᠪᠤᠷᠢ ᠳᠤ ᠲᠤᠯᠭᠠᠭᠤᠷᠢᠯᠠᠨ ᠰᠣᠩᠭᠣᠭᠳᠠᠳᠠᠭ ᠪᠠᠶᠢᠭᠰᠠᠨ ᠪᠥᠭᠡᠳ ᠱᠠᠰᠢᠨ ᠰᠢᠲᠦᠬᠦ ᠡᠷᠬᠡ ᠶᠢ ᠴᠢᠯᠦᠭᠡᠯᠡᠵᠦ ᠥᠭᠭᠦᠭᠰᠡᠨ ᠪᠠᠶᠢᠨ᠎ᠠ᠃ ᠠᠷᠠᠳ ᠢᠷᠭᠡᠳ ᠦᠨ ᠳᠣᠲᠣᠷᠠᠬᠢ ᠬᠤᠯᠠᠭᠠᠢ ᠳᠡᠭᠡᠷᠡᠮ ᠢ ᠴᠢᠩᠳᠠᠯᠠᠨ ᠬᠣᠷᠢᠵᠤ ᠵᠥᠷᠢᠴᠡᠭᠰᠡᠳ ᠢ ᠬᠠᠲᠠᠭᠤ ᠰᠢᠳᠬᠡᠳᠡᠭ ᠪᠠᠶᠢᠪᠠ᠃ ᠪᠡᠶ᠎ᠡ ᠳᠡᠭᠡᠨ ᠦᠨᠡᠲᠦ ᠡᠷᠳᠡᠨᠢ ᠲᠡᠭᠡᠭᠡᠵᠦ ᠶᠠᠪᠤᠭ᠎ᠠ ᠭᠠᠭᠴᠠ ᠪᠡᠶ᠎ᠡ ᠡᠮᠡᠭᠲᠡᠢ ᠬᠦᠮᠦᠨ ᠭᠦᠷᠦᠨ ᠦ ᠨᠢᠭᠡ ᠥᠨᠴᠥᠭ ᠡᠴᠡ ᠨᠥᠭᠥᠭᠡ ᠥᠨᠴᠥᠭ ᠬᠦᠷᠲᠡᠯ᠎ᠡ ᠶᠠᠮᠠᠷᠴᠤ ᠰᠠᠭᠠᠳ ᠦᠭᠡᠢ ᠠᠶᠠᠯᠠᠬᠤ ᠪᠣᠯᠤᠮᠵᠢ ᠲᠠᠢ ᠪᠠᠶᠢᠭᠰᠠᠨ ᠬᠡᠮᠡᠨ ᠵᠠᠷᠢᠮ ᠬᠠᠭᠤᠴᠢ ᠶᠠᠷᠢᠶᠠᠨ ᠳᠤ ᠦᠭᠦᠯᠡᠳᠡᠭ᠃

ᠶᠡᠬᠡ ᠮᠣᠩᠭᠣᠯ ᠤᠯᠤᠰ ᠤᠨ ᠦᠶ᠎ᠡ ᠳᠦ ᠠᠶᠠᠨ ᠳᠠᠶᠢᠨ ᠳᠤ ᠮᠣᠷᠳᠠᠬᠤ᠂ ᠶᠡᠬᠡ ᠬᠠᠭᠠᠨ ᠢ ᠰᠤᠩᠭᠤᠬᠤ ᠵᠡᠷᠭᠡ ᠬᠠᠮᠤᠭ ᠤᠨ ᠴᠢᠬᠤᠯᠠ ᠠᠰᠠᠭᠤᠳᠠᠯ ᠤᠳ ᠢ ᠶᠡᠬᠡ ᠬᠤᠷᠠᠯᠳᠠᠢ ᠪᠠᠷ ᠰᠢᠢᠳᠳᠡᠭ ᠪᠠᠶᠢᠪᠠ᠃ ᠶᠡᠬᠡ ᠬᠤᠷᠠᠯᠳᠠᠢ ᠳᠤ ᠠᠯᠲᠠᠨ ᠤᠷᠤᠭ ᠤᠨ ᠬᠢᠨ᠂ ᠴᠡᠷᠢᠭ ᠦᠨ ᠵᠠᠩᠵᠤᠳ᠂ ᠲᠥᠷᠥ ᠶᠢᠨ ᠰᠠᠶᠢᠳ ᠤᠳ ᠵᠡᠷᠭᠡ ᠬᠠᠮᠤᠭ ᠤᠨ ᠨᠥᠯᠥᠭᠡ ᠪᠦᠬᠦᠢ ᠬᠦᠮᠦᠰ ᠠᠭᠤᠯᠵᠠᠨ ᠴᠤᠭᠯᠠᠵᠤ ᠬᠠᠮᠲᠤ ᠪᠠᠷ ᠤᠯᠤᠰ ᠤᠨ ᠴᠢᠬᠤᠯᠠ ᠠᠰᠠᠭᠤᠳᠠᠯ ᠤᠳ ᠢ ᠰᠢᠢᠳᠳᠡᠭ ᠪᠠᠶᠢᠵᠠᠢ᠃

ᠶᠡᠬᠡ ᠭᠦᠷᠦᠨ ᠦ ᠥᠨᠴᠥᠭ ᠪᠣᠯᠤᠩ ᠪᠦᠷᠢ ᠳᠦ ᠥᠷᠲᠡᠭᠡ ᠤᠯᠠᠭ᠎ᠠ ᠪᠠᠶᠢᠭᠤᠯᠵᠤ ᠬᠤᠳᠠᠯᠳᠤᠭᠠᠴᠢᠳ᠂ ᠡᠯᠴᠢ ᠨᠠᠷ ᠤᠨ ᠠᠶᠤᠯ ᠦᠭᠡᠢ ᠪᠠᠶᠢᠳᠠᠯ ᠢ ᠬᠠᠩᠭᠠᠭᠰᠠᠨ ᠪᠠᠶᠢᠨ᠎ᠠ᠃ ᠡᠳᠡᠭᠡᠷ ᠥᠷᠲᠡᠭᠡ ᠤᠯᠠᠭ᠎ᠠ ᠪᠠᠷ ᠳᠠᠮᠵᠢᠭᠤᠯᠠᠨ ᠬᠤᠳᠠᠯᠳᠤᠭᠠᠴᠢᠳ ᠬᠢᠲᠠᠳ ᠠᠴᠠ ᠣᠶᠢᠷᠠᠬᠢ ᠳᠣᠷᠣᠨᠠᠲᠤᠧᠦ᠋ᠷᠣᠫᠠ ᠬᠦᠷᠲᠡᠯ᠎ᠡ ᠰᠠᠭᠠᠳ ᠦᠭᠡᠢ ᠠᠶᠠᠯᠠᠳᠠᠭ ᠪᠠᠶᠢᠪᠠ᠃ ᠴᠢᠩᠭᠢᠰ ᠬᠠᠭᠠᠨ ᠲᠥᠷᠥ ᠶᠢᠨ ᠲᠠᠮᠠᠭ᠎ᠠ ᠶᠢ ᠬᠡᠷᠡᠭᠯᠡᠬᠦ ᠪᠣᠯᠵᠤ᠂ ᠮᠣᠩᠭᠣᠯᠴᠤᠳ ᠢ ᠪᠢᠴᠢᠭ ᠦᠰᠦᠭ ᠲᠡᠢ ᠪᠣᠯᠭᠠᠬᠤ ᠠᠵᠢᠯ ᠢ ᠡᠬᠢᠯᠡᠭᠦᠯᠵᠦ᠂ ᠮᠥᠨ ᠬᠠᠭᠤᠯᠴᠢᠳ᠂ ᠪᠠᠭᠰᠢ ᠨᠠᠷ᠂ ᠤᠷᠠᠨ ᠪᠦᠲᠦᠭᠡᠯᠴᠢᠳ ᠢ ᠲᠠᠲᠠᠪᠤᠷᠢ ᠠᠴᠠ ᠴᠢᠯᠦᠭᠡᠯᠡᠭᠰᠡᠨ ᠪᠠᠶᠢᠨ᠎ᠠ᠃

ᠶᠡᠬᠡ ᠮᠣᠩᠭᠣᠯ ᠤᠯᠤᠰ ᠥᠷᠭᠡᠵᠢᠨ ᠪᠡᠬᠢᠵᠢᠬᠦ ᠶᠢᠨ ᠬᠢᠷᠢ ᠪᠡᠷ ᠡᠷᠬᠡ ᠵᠦᠢ ᠶᠢᠨ ᠪᠣᠯᠤᠨ ᠵᠠᠩᠰᠢᠯ ᠤᠨ ᠡᠷᠬᠡ ᠶᠢᠨ ᠬᠡᠮ ᠬᠡᠮᠵᠢᠶ᠎ᠡ ᠨᠢ ᠢᠯᠭᠠᠮᠵᠢ᠂ ᠣᠨᠴᠠᠯᠢᠭ ᠢᠶᠠᠷ ᠢᠶᠠᠨ ᠲᠣᠳᠣᠷᠠᠵᠤ ᠬᠠᠷᠢᠯᠴᠠᠨ ᠪᠡᠶ᠎ᠡ ᠪᠡᠶ᠎ᠡ ᠳᠡᠭᠡᠨ ᠨᠥᠯᠥᠭᠡᠯᠡᠨ᠂ ᠮᠣᠩᠭᠣᠯ ᠤᠨ ᠨᠡᠶᠢᠭᠡᠮ ᠤᠨ ᠬᠠᠷᠢᠯᠴᠠᠭᠠᠨ ᠤ ᠨᠠᠷᠢᠨ ᠲᠦᠪᠡᠭᠲᠡᠢ ᠪᠠᠶᠢᠳᠠᠯ ᠢ ᠵᠣᠬᠢᠴᠠᠭᠤᠯᠬᠤ ᠳᠤ ᠴᠢᠬᠤᠯᠠ ᠡᠭᠦᠷᠭᠡ ᠭᠦᠢᠴᠡᠳᠭᠡᠭᠰᠡᠨ ᠶᠤᠮ᠃ ᠡᠨᠡ ᠦᠶ᠎ᠡ ᠶᠢᠨ ᠡᠷᠬᠡ ᠵᠦᠢ ᠶᠢᠨ ᠬᠡᠮ ᠬᠡᠮᠵᠢᠶ᠎ᠡ ᠶᠢ ᠠᠭᠤᠯᠠᠭᠰᠠᠨ ᠬᠠᠤᠯᠢ ᠴᠠᠭᠠᠵᠠ ᠶᠢᠨ ᠰᠤᠷᠪᠤᠯᠵᠢ ᠪᠣᠯ ᠶᠡᠬᠡ ᠵᠠᠰᠠᠭ ᠬᠡᠮᠡᠬᠦ ᠨᠢᠭᠡᠳᠦᠮᠡᠯ ᠬᠠᠤᠯᠢ ᠶᠤᠮ᠃ ᠡᠯ᠎ᠡ ᠬᠠᠤᠯᠢ ᠪᠣᠯ ᠨᠡᠶᠢᠭᠡᠮ ᠤᠨ ᠨᠢᠭᠡ ᠲᠥᠷᠥᠯ ᠦᠨ ᠬᠠᠷᠢᠯᠴᠠᠭ᠎ᠠ ᠪᠤᠰᠤ᠂ ᠬᠠᠷᠢᠨ ᠣᠯᠠᠨ ᠲᠥᠷᠥᠯ ᠦᠨ ᠬᠠᠷᠢᠯᠴᠠᠭ᠎ᠠ ᠶᠢ ᠵᠣᠬᠢᠴᠠᠭᠤᠯᠤᠭᠰᠠᠨ ᠨᠢᠭᠡᠳᠦᠮᠡᠯ ᠬᠠᠤᠯᠢ ᠴᠠᠭᠠᠵᠠ ᠪᠠᠶᠢᠵᠠᠢ᠃ ᠬᠠᠷᠠᠮᠰᠠᠯᠲᠠᠢ ᠨᠢ ᠶᠡᠬᠡ ᠵᠠᠰᠠᠭ ᠬᠠᠤᠯᠢ ᠪᠢᠳᠡᠨ ᠳᠦ ᠪᠦᠷᠢᠨ ᠡᠬᠡ ᠪᠡᠷ ᠢᠶᠡᠨ ᠤᠯᠠᠮᠵᠢᠯᠠᠭᠳᠠᠵᠤ ᠢᠷᠡᠭᠡ ᠦᠭᠡᠢ᠃ "ᠮᠣᠩᠭᠣᠯ ᠤᠨ ᠨᠢᠭᠤᠴᠠ ᠲᠣᠪᠴᠢᠶ᠎ᠠ", ᠷᠠᠰᠢ ᠳᠤ ᠠᠳᠠ ᠳᠢᠨ ᠤ "ᠰᠤᠳᠤᠷ ᠤᠨ ᠴᠢᠭᠤᠯᠭᠠᠨ"᠂ ᠵᠦᠸᠧᠢᠨ ᠦ "ᠶᠢᠷᠲᠢᠨᠴᠦ ᠶᠢ ᠪᠠᠶᠢᠯᠳᠤᠨ ᠳᠠᠭᠠᠭᠤᠯᠤᠭᠴᠢ ᠶᠢᠨ ᠲᠡᠦᠬᠡ"᠂ ᠮᠠᠭᠠᠺ ᠤᠨ "ᠨᠤᠮᠤ᠂ ᠰᠤᠮᠤᠲᠠᠨ ᠠᠷᠠᠳ ᠲᠦᠮᠡᠨ ᠦ ᠲᠡᠦᠬᠡ" ᠵᠡᠷᠭᠡ ᠰᠤᠷᠪᠤᠯᠵᠢ ᠶᠢᠨ ᠰᠢᠨᠵᠢ ᠲᠡᠢ ᠪᠦᠲᠦᠭᠡᠯ ᠦᠳ ᠲᠦ ᠶᠡᠬᠡ ᠵᠠᠰᠠᠭ ᠬᠠᠤᠯᠢ ᠶᠢᠨ ᠬᠡᠰᠡᠭ ᠵᠦᠢᠯ ᠵᠢᠭᠠᠯᠲᠠ ᠨᠤᠭᠤᠳ ᠤᠯᠠᠮᠵᠢᠯᠠᠭᠳᠠᠨ ᠢᠷᠡᠵᠠᠢ᠃ 1320 ᠣᠨ ᠳᠤ ᠶᠸᠵᠠᠫᠲ ᠤᠨ ᠲᠡᠦᠬᠡᠴᠢ ᠮᠠᠺᠷᠢᠽᠢ ᠠᠯᠲᠠᠨ ᠣᠷᠳᠣᠨ ᠤ ᠤᠯᠤᠰ ᠠᠴᠠ ᠶᠡᠬᠡ ᠵᠠᠰᠠᠭ ᠬᠠᠤᠯᠢ ᠶᠢᠨ ᠬᠠᠮᠤᠭ ᠤᠨ ᠲᠣᠮᠣᠬᠠᠨ ᠬᠡᠰᠡᠭ ᠵᠦᠢᠯ ᠨᠡᠭᠡᠭᠡᠯᠲᠡ ᠶᠢ ᠣᠯᠤᠭᠰᠠᠨ ᠨᠢ ᠲᠡᠷᠡ ᠦᠶ᠎ᠡ ᠶᠢᠨ ᠡᠷᠬᠡ ᠵᠦᠢ ᠶᠢᠨ ᠴᠢᠬᠤᠯᠠ ᠰᠤᠷᠪᠤᠯᠵᠢ ᠪᠣᠯᠵᠤ ᠪᠤᠢ᠃

«ᠶᠡᠬᠡ ᠵᠠᠰᠠᠭ» ᠬᠠᠤᠯᠢ ᠪᠣᠯ ᠮᠣᠩᠭᠣᠯ ᠤᠨ ᠲᠤᠯᠭᠤᠷ ᠲᠥᠷᠥ ᠪᠠᠶᠢᠭᠤᠯᠤᠭᠳᠠᠭᠰᠠᠨ ᠲᠡᠦᠬᠡᠲᠦ ᠦᠢᠯᠡ ᠶᠠᠪᠤᠳᠠᠯ ᠤᠨ ᠦᠷ᠎ᠡ ᠳᠠᠭᠠᠪᠤᠷᠢ ᠪᠣᠯᠤᠨ ᠲᠦᠷᠦᠭᠰᠡᠨ ᠶᠤᠮ᠃ ᠵᠠᠰᠠᠭ ᠭᠡᠳᠡᠭ ᠦᠭᠡ ᠶᠢᠨ ᠡᠷᠲᠡᠨ ᠦ ᠢᠵᠠᠭᠤᠷ ᠤᠳᠬ᠎ᠠ ᠨᠢ ᠬᠠᠤᠯᠢ ᠴᠠᠭᠠᠵᠠ᠂ ᠳᠦᠷᠢᠮ᠂ ᠵᠢᠷᠤᠮ᠂ ᠬᠡᠪ ᠶᠣᠰᠣ ᠭᠡᠰᠡᠨ ᠣᠶᠢᠯᠠᠭᠠᠯᠲᠠ ᠶᠢ ᠢᠯᠡᠷᠬᠡᠶᠢᠯᠡᠵᠦ ᠪᠠᠶᠢᠴᠠᠢ᠃«ᠶᠡᠬᠡ ᠵᠠᠰᠠᠭ» ᠬᠠᠤᠯᠢ ᠪᠣᠯ ᠶᠡᠬᠡ ᠮᠣᠩᠭᠣᠯ ᠤᠯᠤᠰ ᠤᠨ ᠬᠠᠭᠠᠨ ᠤ ᠪᠦᠷᠢᠨ ᠡᠷᠬᠡ᠂ ᠵᠠᠰᠠᠭ ᠵᠠᠬᠢᠷᠭ᠎ᠠ᠂ ᠴᠡᠷᠢᠭ᠂ ᠭᠠᠳᠠᠭᠠᠳᠤ ᠬᠠᠷᠢᠯᠴᠠᠭ᠎ᠠ᠂ ᠱᠠᠰᠢᠨ ᠤ ᠰᠤᠷᠲᠠᠯ᠂ ᠠᠬᠤᠢ ᠵᠠᠩᠰᠢᠯ᠂ ᠢᠷᠭᠡᠳ ᠬᠣᠭᠣᠷᠣᠨᠳᠣ ᠶᠢᠨ ᠬᠠᠷᠢᠯᠴᠠᠭ᠎ᠠ᠂ ᠰᠤᠷᠭᠠᠯ᠂ ᠰᠤᠷᠭᠠᠮᠵᠢ᠂ ᠲᠡᠳᠬᠦᠪᠦᠷᠢ᠂ ᠲᠡᠳᠬᠦᠮᠵᠢ᠂ ᠥᠮᠴᠢ ᠬᠥᠷᠥᠩᠭᠡ᠃ ᠥᠪ ᠵᠠᠯᠭᠠᠮᠵᠢᠯᠠᠯ᠂ ᠭᠡᠷᠯᠡᠯᠲᠡ᠂ ᠭᠡᠷ ᠪᠦᠯᠢ ᠶᠢᠨ ᠬᠠᠷᠢᠯᠴᠠᠭ᠎ᠠ᠂ ᠬᠤᠳᠠᠯᠳᠤᠭ᠎ᠠ ᠠᠷᠠᠯᠵᠢᠶ᠎ᠠ᠂ ᠡᠷᠡᠭᠦᠦ ᠶᠢᠨ ᠬᠡᠷᠡᠭ᠂ ᠶᠠᠯ᠎ᠠ ᠶᠢᠨ ᠪᠣᠳᠣᠯᠭ᠎ᠠ᠂ ᠰᠢᠭᠦᠨ ᠲᠠᠰᠤᠯᠬᠤ ᠵᠢᠷᠤᠮ ᠢ ᠡᠣᠬᠢᠴᠠᠭᠤᠯᠤᠭᠰᠠᠨ ᠬᠠᠤᠯᠢ ᠪᠠᠶᠢᠴᠠᠢ᠃ᠤᠭ ᠬᠠᠤᠯᠢ ᠳᠠᠬᠢ ᠶᠠᠯ᠎ᠠ ᠰᠢᠳᠬᠡᠯ ᠦᠨ ᠲᠥᠷᠥᠯ ᠦᠳ ᠨᠢ ᠠᠨᠳᠠᠭᠠᠶᠢᠯᠠᠬᠤ (ᠲᠠᠩᠭᠠᠷᠢᠭ ᠤᠨ ᠡᠷᠡᠦ)᠂ ᠵᠣᠯᠢᠶᠠᠰᠤᠯᠠᠬᠤ᠂ ᠳᠥᠩᠭᠡᠯᠡᠬᠦ᠂ ᠲᠣᠷᠭᠣᠬᠤ᠂ ᠲᠠᠰᠢᠭᠤᠷᠳᠠᠬᠤ ᠪᠤᠶᠤ ᠰᠢᠳᠡᠮᠳᠡᠬᠦ᠂ ᠭᠢᠨᠳᠠᠨ ᠳᠤ ᠬᠤᠷᠢᠬᠤ᠂ ᠴᠥᠯᠡᠬᠦ᠂ ᠴᠠᠭᠠᠵᠠ ᠪᠠᠷ ᠠᠪᠬᠤ ᠪᠤᠶᠤ ᠠᠯᠠᠬᠤ ᠶᠠᠯ᠎ᠠ ᠪᠠᠶᠢᠪᠠ᠃ ᠶᠡᠬᠡ ᠵᠠᠰᠠᠭ ᠬᠠᠤᠯᠢ ᠪᠠᠷ ᠡᠮᠡᠭᠲᠡᠶᠢᠴᠦᠳ ᠢ ᠬᠤᠳᠠᠯᠳᠤᠬᠤ ᠪᠣᠯᠤᠨ ᠬᠤᠯᠠᠭᠠᠶᠢᠯᠠᠬᠤ᠂ ᠮᠣᠩᠭᠣᠯᠴᠤᠳ ᠢ ᠬᠣᠭᠣᠷᠣᠨᠳᠣ ᠪᠠᠨ ᠪᠠᠶᠢᠯᠳᠤᠬᠤ ᠶᠢ ᠬᠣᠷᠢᠭᠯᠠᠵᠠᠢ᠃

ᠶᠡᠬᠡ ᠵᠠᠰᠠᠭ ᠬᠠᠤᠯᠢ ᠪᠣᠯ ᠳᠡᠯᠡᠬᠡᠢ ᠶᠢᠨ ᠰᠤᠶᠤᠯ ᠢᠷᠭᠡᠨᠰᠢᠯ ᠦᠨ ᠲᠡᠦᠬᠡᠨ ᠳᠤ ᠪᠦᠬᠦᠯᠢ ᠪᠦᠲᠦᠨ ᠨᠡᠶᠢᠭᠡᠮ ᠳᠦ ᠤᠯᠤᠰ ᠲᠥᠷᠥ ᠶᠢᠨ ᠪᠠᠶᠢᠭᠤᠯᠤᠯ ᠪᠥᠷᠢᠯᠳᠦᠨ ᠲᠥᠯᠥᠪᠰᠢᠬᠦ ᠳᠦ ᠲᠣᠮᠣᠬᠠᠨ ᠡᠭᠦᠷᠭᠡ ᠭᠦᠢᠴᠡᠳᠭᠡᠭᠰᠡᠨ ᠡᠷᠲᠡᠨ ᠦ ᠸᠠᠸᠢᠯᠤᠨ ᠤ ᠬᠠᠮᠮᠦᠶᠢᠷᠠᠫ ᠦᠨ ᠬᠠᠤᠯᠢ᠂ ᠡᠨᠡᠳᠬᠡᠭ ᠦᠨ ᠮᠠᠨᠤ ᠶᠢᠨ ᠬᠠᠤᠯᠢ ᠵᠡᠷᠭᠡ ᠠᠯᠳᠠᠷᠲᠤ ᠬᠠᠤᠯᠢ ᠨᠤᠭᠤᠳ ᠲᠠᠢ ᠡᠩ ᠵᠡᠷᠭᠡᠴᠡᠬᠦᠶᠢᠴᠡ ᠠᠴᠢ ᠬᠣᠯᠪᠣᠭᠳᠠᠯ ᠲᠠᠢ ᠴᠠᠭᠠᠵᠠ ᠡᠷᠬᠢᠮᠵᠢ ᠶᠢᠨ ᠨᠡᠩ ᠴᠢᠬᠤᠯᠠ ᠪᠠᠷᠢᠮᠲᠠ ᠪᠢᠴᠢᠭ ᠶᠤᠮ᠃ ᠤᠴᠢᠷ ᠨᠢ ᠡᠯ᠎ᠡ ᠬᠠᠤᠯᠢ ᠶᠢᠨ ᠵᠠᠷᠴᠢᠮ᠂ ᠦᠵᠡᠯ ᠰᠠᠨᠠᠭ᠎ᠠ ᠵᠥᠪᠬᠡᠨ ᠮᠣᠩᠭᠣᠯ ᠨᠤᠲᠤᠭ ᠲᠡᠳᠦᠢ ᠦᠭᠡᠢ᠂ ᠶᠢᠷᠲᠢᠨᠴᠦ ᠶᠢᠨ ᠲᠠᠯ᠎ᠠ ᠶᠢ ᠡᠵᠡᠩᠨᠡᠭᠰᠡᠨ ᠶᠡᠬᠡ ᠭᠦᠷᠦᠨ ᠦ ᠬᠡᠮᠵᠢᠶᠡᠨ ᠳᠦ ᠦᠢᠯᠡᠴᠢᠯᠡᠵᠦ ᠪᠠᠶᠢᠭᠰᠠᠨ ᠬᠤᠪᠢ ᠳᠤ ᠳᠡᠯᠡᠬᠡᠢ ᠶᠢᠨ ᠬᠠᠤᠯᠢ ᠴᠠᠭᠠᠵᠠᠨ ᠤ ᠲᠡᠦᠬᠡᠨ ᠳᠦ ᠪᠠᠯᠠᠷᠠᠰᠢ ᠦᠭᠡᠢ ᠤᠯᠠ ᠮᠥᠷ ᠢᠶᠡᠨ ᠦᠯᠡᠳᠡᠭᠡᠭᠰᠡᠨ ᠪᠥᠯᠦᠭᠡ᠃

ᠵᠠᠰᠠᠭ ᠵᠠᠬᠢᠷᠭᠠᠨ ᠤ ᠬᠤᠪᠢᠶᠠᠷᠢ᠂ ᠲᠥᠷᠥ ᠶᠢᠨ ᠪᠠᠶᠢᠭᠤᠯᠤᠯ[ᠵᠠᠰᠠᠪᠤᠷᠢᠯᠠᠬᠤ | ᠺᠣᠳ᠋ ᠢᠶᠠᠷ ᠵᠠᠰᠠᠬᠣ]

ᠡᠮᠦᠨᠡᠬᠢ ᠦᠶ᠎ᠡ ᠶᠢᠨ ᠲᠥᠷᠥ ᠶᠣᠰᠣᠨ ᠤ ᠤᠯᠠᠮᠵᠢᠯᠠᠯ ᠳᠤ ᠲᠤᠯᠭᠠᠭᠤᠷᠢᠯᠠᠨ ᠰᠢᠨ᠎ᠡ ᠪᠠᠶᠢᠭᠤᠯᠤᠭᠳᠠᠭᠰᠠᠨ ᠮᠣᠩᠭᠣᠯ ᠤᠨ ᠲᠥᠷᠥ ᠨᠢ ᠬᠡᠯᠪᠡᠷᠢ ᠶᠢᠨ ᠬᠤᠪᠢ ᠳᠤ ᠬᠡᠮᠵᠢᠶ᠎ᠡ ᠦᠭᠡᠢ ᠡᠷᠬᠡᠲᠦ ᠬᠠᠭᠠᠨᠳᠤ ᠵᠠᠰᠠᠭ ᠤᠨ ᠲᠥᠷᠬᠥ ᠲᠡᠢ ᠪᠣᠯᠪᠠᠴᠤ ᠮᠥᠨ ᠴᠢᠨᠠᠷ ᠢᠶᠠᠷ ᠢᠶᠠᠨ ᠠᠷᠠᠳᠴᠢᠯᠠᠯ ᠤᠨ ᠣᠯᠠᠨ ᠪᠦᠷᠢᠳᠦᠯ ᠢ ᠥᠪᠡᠷᠲᠡᠭᠡᠨ ᠠᠭᠤᠯᠠᠭᠰᠠᠨ᠂ ᠲᠤᠩ ᠥᠪᠡᠷᠮᠢᠴᠡ ᠰᠢᠨᠵᠢ ᠪᠦᠬᠦᠢ ᠲᠥᠷᠥ ᠪᠠᠶᠢᠪᠠ᠃ ᠲᠥᠷᠥ ᠶᠢᠨ ᠳᠡᠭᠡᠳᠦ ᠡᠷᠬᠡ ᠶᠢ ᠪᠠᠷᠢᠭᠴᠢ ᠨᠢ ᠶᠡᠬᠡ ᠬᠠᠭᠠᠨ ᠪᠠᠶᠢᠪᠠ᠃ ᠶᠡᠬᠡ ᠬᠠᠭᠠᠨ ᠪᠣᠯ ᠲᠩᠷᠢ ᠡᠴᠡ ᠵᠠᠶᠠᠭᠠᠲᠤ ᠬᠡᠮᠡᠨ ᠡᠷᠭᠦᠮᠵᠢᠯᠡᠭᠳᠡᠭᠰᠡᠨ᠂ ᠮᠣᠩᠭᠣᠯ ᠤᠯᠤᠰ ᠤᠨ ᠬᠡᠮᠵᠢᠶ᠎ᠡ ᠦᠭᠡᠢ ᠡᠷᠬᠡᠲᠦ ᠡᠵᠡᠨ᠂ ᠲᠥᠷᠥ ᠶᠢᠨ ᠲᠡᠷᠢᠭᠦᠨ ᠪᠠᠶᠢᠭᠰᠠᠨ ᠠᠵᠤᠭᠤ᠃ ᠶᠡᠬᠡ ᠬᠠᠭᠠᠨ ᠤ ᠭᠠᠷ ᠲᠤ ᠲᠥᠷᠥ ᠶᠢᠨ ᠳᠡᠭᠡᠳᠦ ᠡᠷᠬᠡ ᠮᠡᠳᠡᠯ᠂ ᠦᠯᠡᠮᠵᠢ ᠵᠠᠰᠠᠭᠯᠠᠯ ᠲᠥᠪᠯᠡᠷᠡᠵᠦ᠂ ᠲᠡᠷᠡᠪᠡᠷ ᠮᠣᠩᠭᠣᠯ ᠤᠨ ᠭᠠᠵᠠᠷ ᠨᠤᠲᠤᠭ ᠤᠨ ᠳᠡᠭᠡᠳᠦ ᠥᠮᠴᠢᠯᠡᠭᠴᠢ ᠪᠣᠯᠵᠤ ᠪᠠᠶᠢᠯ᠎ᠠ᠃ ᠬᠠᠭᠠᠨ ᠠᠮᠢᠳᠤ ᠰᠡᠷᠡᠭᠦᠨ ᠪᠠᠶᠢᠬᠤ ᠳᠤ ᠪᠠᠨ ᠥᠪᠡᠷ ᠦᠨ ᠢᠶᠡᠨ ᠵᠠᠯᠭᠠᠮᠵᠢᠯᠠᠭᠴᠢ ᠶᠢ ᠭᠡᠷᠢᠶᠡᠰᠯᠡᠨ᠎ᠡ᠃ ᠡᠨᠡ ᠨᠢ ᠬᠠᠭᠠᠨ ᠥᠪᠡᠷ ᠡᠴᠡ ᠪᠡᠨ ᠬᠣᠶᠢᠰᠢ ᠡᠯᠳᠡᠪ ᠬᠢᠮᠤᠷᠠᠯ ᠲᠡᠮᠡᠴᠡᠯ ᠭᠠᠷᠴᠤ᠂ ᠲᠥᠷᠥ ᠬᠢᠮᠤᠷᠠᠬᠤ ᠠᠴᠠ ᠪᠣᠯᠭᠣᠮᠵᠢᠯᠠᠭᠰᠠᠨ ᠤᠬᠠᠭᠠᠯᠢᠭ ᠪᠣᠳᠣᠯᠭ᠎ᠠ ᠪᠠᠶᠢᠪᠠ᠃

ᠬᠠᠭᠠᠨ ᠢ ᠰᠣᠩᠭᠣᠨ ᠡᠷᠭᠦᠮᠵᠢᠯᠡᠵᠦ᠂ ᠲᠥᠷᠥ ᠤᠯᠤᠰ ᠤᠨ ᠲᠤᠯᠭᠠᠮᠳᠠᠭᠰᠠᠨ ᠠᠰᠠᠭᠤᠳᠠᠯ ᠳᠤ ᠣᠨᠴᠢᠲᠠᠢ ᠬᠠᠷᠢᠭᠤ ᠡᠷᠢᠯᠬᠢᠯᠡᠵᠦ᠂ ᠨᠢᠭᠲᠠᠯᠠᠨ ᠮᠠᠭᠠᠳᠯᠠᠭᠰᠠᠨ ᠤ ᠦᠨᠳᠦᠰᠦᠨ ᠳᠡᠭᠡᠷ᠎ᠡ ᠶᠡᠬᠡ ᠬᠠᠭᠠᠨ ᠳᠤ ᠵᠦᠪᠳᠡᠬᠦ ᠡᠷᠬᠡ ᠪᠦᠬᠦᠢ ᠪᠠᠶᠢᠭᠤᠯᠤᠯᠭ᠎ᠠ ᠪᠣᠯ ᠶᠡᠬᠡ ᠬᠤᠷᠠᠯᠳᠠᠢ ᠪᠠᠶᠢᠵᠠᠢ᠃ ᠶᠡᠬᠡ ᠬᠤᠷᠠᠯᠳᠠᠢ ᠨᠢ ᠡᠮᠦᠨᠡᠬᠢ ᠦᠶ᠎ᠡ ᠶᠢᠨ ᠬᠢ ᠡᠴᠡ ᠵᠣᠬᠢᠶᠠᠨ ᠪᠠᠶᠢᠭᠤᠯᠤᠯᠲᠠ ᠶᠢᠨ ᠬᠡᠯᠪᠡᠷᠢ ᠶᠢᠨ ᠬᠤᠪᠢ ᠳᠤ ᠪᠣᠯᠪᠠᠰᠤᠷᠠᠩᠭᠤᠢ ᠪᠣᠯᠵᠤ᠂ ᠲᠥᠷᠥ ᠶᠢᠨ ᠳᠡᠭᠡᠳᠦ ᠪᠠᠶᠢᠭᠤᠯᠤᠯᠭ᠎ᠠ ᠶᠢᠨ ᠰᠢᠨᠵᠢ ᠶᠢ ᠠᠭᠤᠯᠵᠤ ᠪᠠᠶᠢᠭᠰᠠᠨ᠃ ᠶᠡᠬᠡ ᠬᠤᠷᠠᠯᠳᠠᠢ ᠳᠤ ᠴᠢᠩᠭᠢᠰ ᠬᠠᠭᠠᠨ ᠤ ᠠᠬ᠎ᠠ ᠳᠡᠭᠦᠦ᠂ ᠦᠷ᠎ᠡ ᠬᠡᠦᠬᠡᠳ᠂ ᠡᠬᠡ ᠪᠠ ᠬᠠᠲᠤᠳ᠂ ᠴᠡᠷᠢᠭ ᠦᠨ ᠵᠠᠩᠵᠤᠨ᠂ ᠢᠲᠡᠭᠡᠯᠲᠦ ᠨᠥᠬᠥᠳ ᠣᠷᠣᠯᠴᠠᠨ᠎ᠠ᠃ ᠵᠠᠷᠢᠮ ᠰᠤᠳᠤᠯᠤᠭᠠᠴᠢ ᠡᠯ᠎ᠡ ᠪᠠᠶᠢᠭᠤᠯᠤᠯ ᠢ ᠫᠠᠷᠠᠯᠮᠧᠨᠲᠦ ᠦ ᠶᠣᠰᠣᠨ ᠤ ᠳᠡᠭᠡᠳᠦ ᠡᠪᠦᠭᠡ ᠬᠡᠮᠡᠨ ᠦᠵᠡᠳᠡᠭ᠃

ᠶᠡᠬᠡ ᠬᠠᠭᠠᠨ ᠳᠤ ᠬᠡᠳᠦᠢ ᠪᠡᠷ ᠬᠡᠮᠵᠢᠶ᠎ᠡ ᠦᠭᠡᠢ ᠡᠷᠬᠡ ᠮᠡᠳᠡᠯ ᠲᠥᠪᠯᠡᠷᠡᠵᠦ ᠪᠠᠶᠢᠭᠰᠠᠨ ᠪᠣᠯᠪᠠᠴᠤ ᠡᠷᠳᠡᠮ ᠤᠬᠠᠭᠠᠨ ᠢ ᠳᠡᠭᠡᠳᠦᠯᠡᠨ ᠪᠢᠰᠢᠷᠡᠵᠦ᠂ ᠮᠡᠷᠭᠡᠳ ᠦᠨ ᠵᠥᠪᠯᠡᠯᠭᠡ ᠶᠢ ᠰᠣᠨᠣᠰᠤᠨ᠂ ᠪᠣᠯᠭᠣᠭᠠᠨ ᠰᠣᠶᠣᠷᠬᠠᠳᠠᠭ ᠪᠠᠶᠢᠵᠠᠢ᠃ ᠲᠡᠶᠢᠮᠦ ᠡᠴᠡ ᠴᠤ ᠴᠢᠩᠭᠢᠰ ᠬᠠᠭᠠᠨ ᠳᠡᠷᠭᠡᠳᠡ ᠪᠡᠨ ᠰᠡᠴᠡᠳ ᠦᠨ ᠵᠥᠪᠯᠡᠯ ᠪᠠᠶᠢᠭᠤᠯᠵᠤ᠂ ᠤᠯᠤᠰ ᠲᠥᠷᠥ ᠶᠢᠨ ᠪᠣᠳᠣᠯᠭᠠᠲᠠᠨ᠂ ᠡᠷᠳᠡᠮᠲᠡᠨ ᠮᠡᠷᠭᠡᠳ ᠢ ᠣᠷᠣᠭᠤᠯᠵᠤ᠂ ᠲᠡᠳᠡᠨ ᠦ ᠰᠠᠨᠠᠯ ᠪᠣᠳᠣᠯ ᠢ ᠠᠩᠬᠠᠷᠤᠯ ᠲᠠᠢ ᠰᠣᠨᠣᠰᠳᠠᠭ ᠪᠠᠶᠢᠪᠠ᠃ ᠵᠠᠷᠢᠮ ᠡᠷᠳᠡᠮᠲᠡᠳ ᠰᠡᠴᠡᠳ ᠦᠨ ᠵᠥᠪᠯᠡᠯ ᠶᠡᠬᠡ ᠲᠥᠷᠥ ᠶᠢᠨ ᠢᠨᠰᠲ᠋ᠢᠲ᠋ᠦᠶᠢᠲ ᠪᠣᠯᠵᠤ ᠴᠢᠳᠠᠭ᠎ᠠ ᠦᠭᠡᠢ ᠭᠡᠵᠦ ᠦᠵᠡᠳᠡᠭ᠃ ᠶᠡᠬᠡ ᠬᠠᠭᠠᠨ ᠭᠦᠢᠴᠡᠳᠭᠡᠬᠦ ᠡᠷᠬᠡ ᠮᠡᠳᠡᠯ ᠢᠶᠡᠨ ᠬᠡᠷᠡᠭᠵᠢᠭᠦᠯᠬᠦ ᠵᠣᠷᠢᠯᠭ᠎ᠠ ᠪᠠᠷ ᠤᠯᠤᠰ ᠣᠷᠣᠨ ᠤ ᠠᠮᠢᠳᠤᠷᠠᠯ ᠤᠨ ᠬᠦᠷᠢᠶ᠎ᠡ᠂ ᠰᠠᠯᠪᠤᠷᠢ ᠶᠢ ᠬᠠᠷᠢᠭᠤᠴᠠᠭᠰᠠᠨ ᠲᠥᠷᠥ ᠶᠢᠨ ᠰᠠᠶᠢᠳ ᠨᠠᠷ ᠢ ᠲᠣᠮᠢᠯᠠᠵᠤ ᠪᠠᠶᠢᠵᠠᠢ᠃ ᠡᠨᠡ ᠶᠣᠰᠣᠭᠠᠷ ᠮᠤᠬᠤᠯᠠᠢ ᠶᠢ ᠭᠦᠸᠧ ᠸᠠᠩ ᠪᠤᠶᠤ ᠤᠯᠤᠰ ᠤᠨ ᠸᠠᠩ ᠪᠣᠯᠭᠠᠵᠠᠢ᠂ ᠡᠨᠡ ᠨᠢ ᠬᠠᠭᠠᠨ ᠤ ᠲᠡᠷᠢᠭᠦᠨ ᠰᠢᠳᠠᠷ ᠰᠠᠶᠢᠳ ᠪᠠᠶᠢᠪᠠ᠃ ᠲᠡᠭᠦᠨ ᠲᠡᠢ ᠡᠩ ᠵᠡᠷᠭᠡᠴᠡᠬᠦᠶᠢᠴᠡ ᠡᠷᠬᠡ ᠲᠡᠢ ᠠᠯᠪᠠᠨ ᠲᠤᠰᠢᠶᠠᠯᠲᠠᠨ ᠪᠣᠯ ᠤᠯᠤᠰ ᠤᠨ ᠵᠠᠷᠭᠤᠴᠢ ᠪᠠᠶᠢᠪᠠ᠃ ᠡᠨᠡ ᠲᠤᠰᠢᠶᠠᠯ ᠳᠤ ᠴᠢᠩᠭᠢᠰ ᠬᠠᠭᠠᠨ ᠥᠪᠡᠷ ᠦᠨ ᠡᠷᠭᠦᠵᠦ ᠠᠪᠤᠭᠰᠠᠨ ᠳᠡᠭᠦᠦ ᠰᠢᠭᠢᠬᠤᠲᠤᠭ ᠢ ᠲᠣᠮᠢᠯᠠᠵᠠᠢ᠃ ᠶᠡᠬᠡ ᠬᠠᠭᠠᠨ ᠲᠡᠭᠦᠨ ᠳᠦ «ᠮᠥᠩᠬᠡ ᠲᠩᠷᠢ ᠶᠢᠨ ᠢᠪᠡᠭᠡᠯ ᠢᠶᠡᠷ ᠤᠯᠤᠰ ᠭᠦᠷᠦᠨ ᠢ ᠲᠣᠬᠣᠨᠢᠭᠤᠯᠵᠤ ᠪᠠᠶᠢᠬᠤ ᠳᠤ ᠴᠢ ᠦᠵᠡᠬᠦ ᠨᠢᠳᠦ᠂ ᠰᠤᠨᠤᠰᠬᠤ ᠴᠢᠬᠢ ᠪᠣᠯᠵᠤ ᠶᠠᠪᠤ» ᠭᠡᠳ ᠨᠠᠳᠠ ᠲᠠᠢ ᠵᠥᠪᠯᠡᠵᠦ᠂ ᠰᠢᠭᠢᠬᠤᠲᠤᠭ ᠢ ᠰᠢᠳᠬᠡᠭᠡᠳ ᠴᠠᠭᠠᠨ ᠳᠡᠭᠡᠷ᠎ᠡ ᠬᠥᠬᠡ ᠪᠢᠴᠢᠭ ᠪᠢᠴᠢᠵᠦ᠂ ᠳᠡᠪᠲᠡᠷᠯᠡᠭᠰᠡᠨ ᠢ ᠤᠷᠤᠭ ᠤᠨ ᠤᠷᠤᠭ ᠲᠤ ᠬᠦᠷᠲᠡᠯ᠎ᠡ ᠬᠡᠨ ᠴᠤ ᠪᠤᠤ ᠥᠭᠡᠷᠡᠴᠢᠯᠡᠲᠦᠭᠡᠢ» ᠭᠡᠵᠦ ᠲᠤᠰᠢᠶᠠᠭᠰᠠᠨ ᠪᠠᠶᠢᠨ᠎ᠠ᠃

ᠴᠢᠩᠭᠢᠰ ᠬᠠᠭᠠᠨ ᠤ ᠬᠠᠤᠯᠢ ᠵᠠᠷᠯᠢᠭ ᠤᠨ ᠪᠡᠶᠡᠯᠡᠯ ᠢ ᠬᠢᠨᠠᠬᠤ ᠲᠤᠰᠬᠠᠢ ᠠᠯᠪᠠᠨ ᠲᠤᠰᠢᠶᠠᠯᠲᠠᠨ ᠪᠤᠢ ᠪᠣᠫᠭᠠᠵᠠᠢ᠃ ᠮᠠᠷᠺᠢᠽᠢ ᠶᠢᠨ ᠶᠡᠬᠡ ᠵᠠᠰᠠᠭ ᠬᠠᠤᠯᠢ ᠠᠴᠠ ᠲᠡᠭᠦᠪᠦᠷᠢᠯᠡᠵᠦ ᠠᠪᠤᠭᠰᠠᠨ ᠭᠡᠰᠡᠨ ᠲᠡᠮᠳᠡᠭᠯᠡᠯ ᠳᠦ ᠵᠠᠰᠠᠭ ᠬᠡᠷᠡᠭᠵᠢᠭᠦᠯᠬᠦ ᠶᠢ ᠬᠢᠨᠠᠭᠴᠢ ᠲᠤᠰᠢᠶᠠᠯ ᠳᠤ ᠬᠦᠦ ᠴᠠᠭᠠᠳᠠᠢ ᠶᠢ ᠪᠠᠨ ᠲᠣᠮᠢᠯᠠᠭᠰᠠᠨ ᠭᠡᠵᠦ ᠪᠢᠴᠢᠭᠰᠡᠨ ᠪᠠᠶᠢᠨ᠎ᠠ᠃ ᠡᠶᠢᠨᠬᠦᠦ ᠲᠥᠷᠥ ᠶᠢᠨ ᠬᠢᠨᠠᠯᠲᠠ ᠶᠢ ᠪᠤᠢ ᠪᠣᠯᠭᠠᠵᠠᠢ᠃ ᠴᠢᠩᠭᠢᠰ ᠬᠠᠭᠠᠨ ᠲᠥᠷᠥ ᠶᠢᠨ ᠪᠤᠰᠤᠳ ᠰᠠᠶᠢᠳ ᠨᠠᠷ ᠢ ᠳᠡᠰ ᠳᠠᠷᠠᠭᠠᠯᠠᠨ ᠲᠣᠮᠢᠯᠠᠭᠰᠠᠨ ᠪᠠᠶᠢᠨ᠎ᠠ᠃ ᠲᠤᠬᠠᠶᠢᠯᠠᠪᠠᠯ᠃ ᠪᠣᠭᠣᠷᠴᠢᠵᠡᠯᠮᠡᠨᠠᠶᠠ ᠨᠠᠷ ᠢ ᠥᠪᠡᠷ ᠦᠨ ᠢᠶᠡᠨ ᠤᠳᠤᠷᠢᠳᠤᠯᠭ᠎ᠠ ᠳᠤ ᠶᠡᠬᠡ ᠲᠥᠯᠥᠪ ᠴᠡᠷᠢᠭ ᠦᠨ ᠬᠡᠷᠡᠭ ᠢ ᠡᠷᠬᠢᠯᠡᠬᠦ ᠲᠥᠷᠥ ᠶᠢᠨ ᠰᠠᠶᠢᠳ ᠤᠨ ᠲᠤᠰᠢᠶᠠᠯ ᠳᠤ ᠲᠣᠬᠣᠭᠠᠨ ᠲᠠᠯᠪᠢᠵᠠᠢ᠃ ᠮᠥᠨ ᠲᠡᠶᠢᠮᠦ ᠵᠢᠨᠳᠠ ᠤᠨ ᠠᠯᠪᠠᠨ ᠲᠤᠰᠢᠶᠠᠯᠲᠠᠨ ᠪᠣᠯ ᠲᠥᠷᠥ ᠶᠢᠨ ᠪᠡᠬᠢ (ᠰᠢᠨᠵᠢᠭᠡᠴᠢ) ᠦᠰᠦᠨ ᠡᠪᠦᠭᠡᠨ ᠶᠤᠮ᠃ ᠲᠡᠷᠡᠪᠡᠷ ᠲᠩᠷᠢ ᠣᠭᠲᠠᠷᠭᠤᠢ ᠶᠢ ᠰᠢᠨᠵᠢᠵᠤ᠂ ᠣᠨ ᠵᠢᠯ᠂ ᠰᠠᠷ᠎ᠠ ᠡᠳᠦᠷ ᠢ ᠵᠢᠭᠠᠭᠰᠠᠨ ᠬᠤᠸᠠᠩᠯᠢ ᠵᠣᠬᠢᠶᠠᠵᠤ᠂ ᠨᠠᠷᠠᠨ᠂ ᠰᠠᠷᠠᠨ ᠭᠬᠢᠷᠲᠡᠬᠦ ᠶᠢ ᠡᠷᠲᠡᠨ ᠡᠴᠡ ᠮᠡᠳᠡᠵᠦ ᠬᠠᠭᠠᠨ ᠡᠵᠡᠨ ᠳᠦ ᠪᠡᠨ ᠠᠶᠢᠯᠠᠳᠬᠠᠬᠤ᠂ ᠳᠠᠶᠢᠯᠠᠷ᠎ᠠ ᠮᠣᠷᠳᠠᠬᠤ᠂ ᠶᠡᠬᠡ ᠬᠤᠷᠠᠯᠳᠠᠢ ᠴᠢᠭᠤᠯᠬᠤ ᠰᠠᠶᠢᠨ ᠡᠳᠦᠷ ᠢ ᠲᠣᠭᠲᠠᠭᠠᠬᠤ ᠵᠡᠷᠭᠡ ᠡᠭᠦᠷᠭᠡ ᠭᠦᠢᠴᠡᠳᠭᠡᠨ᠎ᠡ᠃ ᠲᠥᠷᠥ ᠶᠢᠨ ᠪᠡᠬᠢ ᠴᠠᠭᠠᠨ ᠬᠤᠪᠴᠠᠰᠤ ᠡᠮᠦᠰᠴᠦ᠂ ᠴᠠᠭᠠᠨ ᠮᠣᠷᠢ ᠤᠨᠤᠵᠤ ᠶᠠᠪᠤᠳᠠᠭ ᠵᠠᠩᠰᠢᠯ ᠲᠠᠢ᠃ ᠲᠡᠭᠦᠨ ᠡᠴᠡ ᠳᠤᠲᠠᠬᠤ ᠪᠠᠷ ᠦᠭᠡᠢᠡᠷᠬᠡ ᠮᠡᠳᠡᠯ ᠲᠡᠢ ᠪᠠᠶᠢᠭᠰᠠᠨ ᠬᠦᠮᠦᠨ ᠪᠣᠯ ᠬᠥᠬᠡᠴᠦ ᠪᠥᠭᠡ ᠪᠠᠶᠢᠪᠠ᠃ ᠭᠡᠪᠡᠴᠦ ᠲᠡᠷᠡᠪᠡᠷ ᠶᠡᠬᠡ ᠡᠵᠡᠨ ᠦ ᠪᠡᠨ ᠢᠲᠡᠭᠡᠯ ᠢ ᠳᠠᠯ ᠦᠭᠡᠢ᠂ ᠬᠠᠭᠠᠨ ᠲᠥᠷᠥ ᠳᠦ ᠲᠡᠷᠰᠯᠡᠵᠦ᠂ ᠴᠠᠭᠠᠵᠠ ᠶᠢᠨ ᠲᠠᠪᠴᠠᠩ ᠳᠤ ᠣᠴᠢᠭᠰᠠᠨ ᠲᠡᠦᠬᠡ ᠲᠡᠢ᠃

ᠭᠦᠢᠴᠡᠳᠭᠡᠵᠦ ᠪᠠᠶᠢᠭᠰᠠᠨ ᠡᠭᠦᠷᠭᠡ ᠡᠴᠡ ᠨᠢ ᠬᠥᠭᠡᠭᠡᠨ ᠦᠵᠡᠬᠦ ᠳᠦ ᠲᠣᠳᠣᠢ ᠴᠡᠷᠪᠢ ᠮᠠᠯ ᠠᠵᠤ ᠠᠬᠤᠢ ᠶᠢᠨ ᠰᠠᠶᠢᠳ᠂ ᠲᠠᠲᠠᠲᠤᠩᠭ᠎ᠠ ᠵᠠᠬᠢᠷᠭ᠎ᠠ᠂ ᠪᠣᠯᠪᠠᠰᠤᠷᠠᠯ ᠤᠨ ᠰᠠᠶᠢᠳ ᠤᠨ ᠵᠢᠨᠳᠠᠩ ᠳᠤ ᠠᠵᠢᠯᠯᠠᠵᠤ ᠪᠠᠶᠢᠭᠰᠠᠨ ᠪᠠᠶᠢᠨ᠎ᠠ᠃ ᠵᠠᠷᠢᠮ ᠬᠦᠮᠦᠰ ᠲᠥᠷᠥ᠂ ᠲᠦᠮᠡᠨ ᠦ ᠡᠮᠦᠨ᠎ᠡ ᠪᠠᠶᠢᠭᠤᠯᠤᠭᠰᠠᠨ ᠪᠠᠭᠠᠲᠤᠷᠯᠢᠭ ᠭᠠᠪᠢᠶ᠎ᠠ᠂ ᠴᠡᠷᠢᠭ ᠦᠨ ᠤᠳᠤᠷᠢᠳᠠᠺᠬ ᠤᠷ᠎ᠠ ᠴᠢᠳᠠᠪᠤᠷᠢ ᠪᠠᠷ ᠢᠶᠠᠨ ᠲᠣᠳᠣᠷᠠᠵᠤ ᠠᠯᠪᠠᠨ ᠲᠤᠰᠢᠶᠠᠯ ᠳᠤ ᠲᠣᠮᠢᠯᠠᠭᠳᠠᠵᠤ ᠪᠠᠶᠢᠪᠠ᠃ ᠲᠤᠬᠠᠶᠢᠯᠠᠪᠠᠯ᠂ ᠮᠤᠬᠤᠯᠠᠢᠪᠣᠭᠣᠷᠴᠢᠵᠡᠯᠮᠡᠰᠢᠭᠢᠬᠤᠲᠤᠭᠰᠣᠷᠬᠠᠨ ᠰᠢᠷᠠ ᠰᠦᠪᠡᠭᠡᠳᠡᠢᠵᠡᠪᠪᠣᠷᠬᠤᠯ (ᠤᠳᠠᠯ ᠦᠭᠡᠢ ᠨᠠᠰᠤ ᠪᠠᠷᠠᠭᠰᠠᠨ) ᠬᠡᠷᠠ-ᠤᠨᠠᠷᠤᠭᠡ᠂ ᠬᠣᠵᠢᠮ ᠴᠤᠤ ᠮᠡᠷᠭᠡᠨ (ᠶᠡᠯᠦᠢ ᠴᠤᠴᠠᠢ) ᠨᠠᠷ ᠢ ᠶᠢᠰᠦᠨ ᠥᠷᠯᠥᠭ ᠬᠡᠮᠡᠨ ᠴᠡᠷᠢᠭ ᠦᠨ ᠵᠠᠩᠵᠤᠨ ᠢᠶᠠᠷ ᠲᠣᠮᠢᠯᠠᠭᠰᠠᠨ ᠪᠠᠶᠢᠨ᠎ᠠ᠃ ᠵᠠᠷᠢᠮ ᠰᠤᠳᠤᠯᠤᠭᠠᠴᠢᠳ ᠲᠡᠳᠡᠨ ᠢ ᠣᠷᠴᠢᠨ ᠴᠠᠭ ᠤᠨ ᠴᠡᠷᠢᠭ ᠦᠨ ᠮᠠᠷᠱᠠᠯ ᠤᠳ ᠲᠠᠢ ᠳᠦᠢᠴᠡᠭᠦᠯᠦᠨ ᠪᠢᠴᠢᠳᠡᠭ᠃

ᠰᠤᠶᠤᠯ[ᠵᠠᠰᠠᠪᠤᠷᠢᠯᠠᠬᠤ | ᠺᠣᠳ᠋ ᠢᠶᠠᠷ ᠵᠠᠰᠠᠬᠣ]

ᠨᠡᠶᠢᠭᠡᠮ[ᠵᠠᠰᠠᠪᠤᠷᠢᠯᠠᠬᠤ | ᠺᠣᠳ᠋ ᠢᠶᠠᠷ ᠵᠠᠰᠠᠬᠣ]

ᠦᠨᠡᠯᠡᠯᠲᠡ[ᠵᠠᠰᠠᠪᠤᠷᠢᠯᠠᠬᠤ | ᠺᠣᠳ᠋ ᠢᠶᠠᠷ ᠵᠠᠰᠠᠬᠣ]

1300 ᠍ ᠊ᠭᠠᠳ ᠣᠨ ᠠᠴᠠ ᠮᠣᠩᠭᠣᠯ ᠤᠨ ᠡᠵᠡᠨᠲᠦ ᠭᠦᠷᠦᠨ ᠬᠢᠮᠤᠷᠠᠯ ᠳᠤ ᠣᠷᠣᠵᠤ ᠡᠬᠢᠯᠡᠪᠡ᠃ 1260 ᠣᠨ ᠳᠤ ᠬᠤᠪᠢᠯᠠᠢ ᠥᠪᠡᠷ ᠢ ᠪᠡᠨ ᠬᠠᠭᠠᠨ ᠳᠤ ᠡᠷᠭᠦᠮᠵᠢᠯᠡᠵᠦ᠂ ᠤᠯᠠᠮ ᠢᠶᠠᠷ 1267 ᠣᠨ ᠳᠤ ᠮᠣᠩᠭᠣᠯ ᠤᠨ ᠨᠡᠶᠢᠰᠯᠡᠯ ᠢ ᠬᠠᠷᠠᠬᠣᠷᠣᠮ ᠬᠣᠲᠠ ᠠᠴᠠ ᠬᠠᠭᠠᠨ ᠪᠠᠯᠭᠠᠰᠤ (ᠳᠠᠶᠢᠳᠤ) (ᠣᠳᠣ ᠶᠢᠨ ᠪᠡᠭᠡᠵᠢᠩ ᠬᠣᠲᠠ ᠶᠢᠨ ᠪᠠᠷᠠᠭᠤᠨ ᠬᠣᠶᠢᠳᠤ ᠲᠠᠯ᠎ᠠ ᠳᠤ ᠪᠠᠶᠢᠭᠰᠠᠨ) ᠬᠣᠳᠠ ᠳᠤ ᠰᠢᠯᠵᠢᠭᠦᠯᠪᠡ᠃ 1271 ᠣᠨ ᠳᠤ ᠶᠡᠬᠡ ᠮᠣᠩᠭᠣᠯ ᠤᠯᠤᠰ ᠤᠨ ᠨᠡᠷ᠎ᠡ ᠶᠢ ᠥᠭᠡᠷᠡᠴᠢᠯᠡᠵᠦ᠂ ᠶᠤᠸᠠᠨ ᠬᠡᠮᠡᠨ ᠨᠡᠷᠡᠶᠢᠳᠦᠭᠰᠡᠨ ᠢᠶᠡᠷ ᠮᠣᠩᠭᠣᠯ ᠤᠨ ᠡᠵᠡᠨᠲᠦ ᠭᠦᠷᠦᠨ ᠠᠯᠲᠠᠨ ᠣᠷᠳᠣᠢᠯ ᠬᠠᠭᠠᠨᠲᠤ ᠤᠯᠤᠰᠴᠠᠭᠠᠳᠠᠢ ᠶᠢᠨ ᠤᠯᠤᠰᠶᠤᠸᠠᠨ ᠤᠯᠤᠰ ᠭᠡᠰᠡᠨ ᠳᠥᠷᠪᠡᠨ ᠬᠠᠭᠠᠨᠲᠤ ᠤᠯᠤᠰ ᠲᠤ ᠬᠤᠪᠢᠶᠠᠭᠳᠠᠪᠠ᠃ ᠠᠯᠲᠠᠨ ᠣᠷᠳᠣ᠂ ᠢᠯᠡ ᠬᠠᠨᠲᠠ ᠤᠯᠤᠰ᠂ ᠴᠠᠭᠠᠳᠠᠢ ᠶᠢᠨ ᠤᠯᠤᠰ ᠤᠳ ᠶᠤᠸᠠᠨ ᠤᠯᠤᠰ ᠲᠤ ᠵᠢᠯ ᠪᠦᠷᠢ ᠲᠠᠲᠠᠪᠤᠷᠢ ᠥᠭᠴᠦ᠂ ᠶᠤᠸᠠᠨ ᠤᠯᠤᠰ ᠤᠨ ᠬᠠᠭᠠᠨ ᠢ ᠥᠪᠡᠷᠰᠡᠳ ᠦᠨ ᠡᠵᠡᠨ ᠵᠠᠬᠢᠷᠤᠭᠴᠢ ᠭᠡᠳᠡᠭ ᠢ ᠬᠦᠯᠢᠶᠡᠨ ᠵᠥᠪᠰᠢᠶᠡᠷᠡᠳᠡᠭ ᠪᠠᠶᠢᠪᠠ᠃ ᠭᠡᠪᠡᠴᠦ ᠡᠨᠡ ᠬᠠᠷᠢᠯᠴᠠᠭ᠎ᠠ ᠲᠡᠳᠦᠢ ᠯᠠ ᠪᠠᠲᠤ ᠪᠡᠬᠢ ᠪᠢᠰᠢ ᠪᠠᠶᠢᠪᠠ᠃ ᠠᠷᠪᠠᠨ ᠳᠥᠷᠪᠡᠳᠦᠭᠡᠷ ᠵᠠᠭᠤᠨ ᠤ ᠡᠬᠢᠨ ᠦᠶ᠎ᠡ ᠳᠦ ᠧᠦ᠋ᠷᠠᠽᠢ ᠳᠤ ᠬᠠᠷ᠎ᠠ ᠦᠬᠦᠯ ᠬᠡᠮᠡᠬᠦ ᠲᠠᠬᠤᠯ ᠭᠠᠷᠴᠤ ᠣᠯᠠᠨ ᠰᠠᠶ᠎ᠠ ᠬᠦᠮᠦᠨ ᠢ ᠦᠬᠦᠭᠦᠯᠵᠡᠢ᠃ ᠡᠨᠡ ᠡᠪᠡᠳᠴᠢᠨ ᠬᠤᠳᠠᠯᠳᠤᠭᠠᠨ ᠤ ᠵᠠᠮ ᠳᠠᠭᠠᠤ ᠠᠰᠤᠷᠤ ᠬᠤᠷᠳᠤᠴᠠ ᠲᠠᠢ ᠲᠠᠷᠬᠠᠵᠤ ᠪᠠᠶᠢᠭᠰᠠᠨ ᠲᠤᠯᠠ ᠬᠦᠮᠦᠨ᠂ ᠠᠮᠢᠲᠠᠨ ᠤ ᠬᠥᠯ ᠲᠠᠰᠤᠷᠴᠢ᠂ ᠣᠷᠣᠨ ᠨᠤᠲᠤᠭ ᠤᠳ ᠲᠤ ᠬᠥᠯ ᠬᠣᠷᠢᠭ᠎ᠠ ᠲᠣᠭᠲᠠᠭᠠᠭᠰᠠᠨ ᠪᠠᠶᠢᠨ᠎ᠠ᠃ ᠡᠭᠦᠨ ᠦ ᠤᠯᠠᠮ ᠠᠴᠠ ᠤᠯᠤᠰ ᠣᠷᠣᠨ ᠨᠤᠭᠤᠳ ᠤᠨ ᠡᠯᠴᠢᠨ ᠬᠠᠷᠢᠯᠴᠠᠭ᠎ᠠ ᠲᠠᠰᠤᠷᠴᠤ᠂ ᠮᠣᠩᠭᠣᠯᠴᠤᠳ ᠢ ᠪᠠᠶᠢᠭ᠎ᠠ ᠭᠠᠵᠠᠷ ᠲᠤ ᠪᠠᠨ ᠰᠠᠭᠤᠬᠤ ᠠᠴᠠ ᠥᠭᠡᠷ᠎ᠡ ᠠᠷᠭ᠎ᠠ ᠦᠭᠡᠢ ᠪᠣᠯᠭᠠᠭᠰᠠᠨ ᠠᠴᠠ ᠬᠣᠭᠣᠷᠣᠨᠳᠣ ᠶᠢᠨ ᠬᠠᠷᠢᠯᠴᠠᠭ᠎ᠠ ᠠᠯᠳᠠᠭᠳᠠᠵᠠᠢ᠃ ᠮᠥᠨ ᠭᠠᠵᠠᠷ ᠰᠠᠢ ᠦᠭᠡᠢ ᠥᠯᠥᠰᠬᠦᠯᠡᠩ ᠳᠡᠭᠳᠡᠵᠦ᠂ ᠦᠢᠮᠡᠭᠡᠨ ᠰᠠᠮᠠᠭᠤᠨ ᠭᠠᠷᠬᠤ ᠪᠣᠯᠪᠠ᠃ ᠣᠷᠣᠨ ᠨᠤᠲᠤᠭ ᠤᠨ ᠵᠠᠬᠢᠷᠤᠭᠴᠢ ᠳᠤ ᠪᠡᠶ᠎ᠡ ᠳᠠᠬᠤ ᠪᠣᠯᠤᠭᠰᠠᠨ ᠪᠠ ᠴᠢᠩᠭᠢᠰ ᠬᠠᠭᠠᠨ ᠤ ᠤᠳᠤᠮ ᠤᠨ ᠬᠢᠨ ᠤ ᠬᠣᠭᠣᠷᠣᠨᠳᠣ ᠡᠷᠬᠡ ᠮᠡᠳᠡᠯ ᠦᠨ ᠲᠥᠯᠦᠭᠡ ᠬᠢ ᠲᠡᠮᠡᠴᠡᠯ ᠤᠯᠠᠮ ᠬᠤᠷᠴᠠᠳᠠᠭᠰᠠᠭᠠᠷ ᠪᠠᠶᠢᠯ᠎ᠠ᠃ ᠢᠯ ᠬᠠᠭᠠᠨᠲᠤ ᠤᠯᠤᠰ ᠠᠪᠤ ᠰᠢᠳ ᠬᠠᠨ ᠢ ᠨᠠᠰᠤ ᠪᠠᠷᠠᠭᠰᠠᠨ ᠤ ᠳᠠᠷᠠᠭ᠎ᠠ ᠣᠯᠠᠨ ᠲᠣᠭᠠᠨ ᠤ ᠡᠮᠢᠷ ᠤᠨ ᠤᠯᠤᠰ ᠤᠳ ᠲᠤ ᠬᠤᠪᠢᠶᠠᠭᠳᠠᠪᠠ᠃ ᠢᠯ ᠬᠠᠭᠠᠨᠲᠤ ᠤᠯᠤᠰ ᠤ ᠰᠢᠭᠤᠳ ᠤᠳᠤᠮ ᠤᠨ ᠰᠡᠭᠦᠯᠴᠢ ᠶᠢᠨ ᠬᠠᠨ ᠬᠠᠰᠠᠨ ᠬᠦᠴᠦᠭᠭᠦᠭ ᠦᠬᠦᠭᠰᠡᠨ ᠢᠶᠡᠷ ᠢᠯᠡ ᠬᠠᠭᠠᠨᠲᠤ ᠤᠯᠤᠰ ᠦᠨᠳᠦᠰᠦᠨ ᠳᠦ ᠪᠡᠨ ᠮᠥᠬᠦᠵᠡᠢ᠃ ᠡᠨᠡ ᠦᠶ᠎ᠡ ᠳᠦ ᠬᠢᠲᠠᠳ ᠲᠤ ᠲᠠᠬᠤᠯ᠂ ᠥᠯᠥᠰᠬᠦᠯᠡᠩ᠂ ᠪᠠᠶᠢᠭᠠᠯᠢ ᠶᠢᠨ ᠭᠠᠢ ᠭᠠᠮᠰᠢᠭ ᠠᠴᠠ ᠪᠣᠯᠵᠤ᠂ ᠣᠯᠠᠨ ᠬᠦᠮᠦᠨ ᠦᠬᠦᠵᠦ ᠦᠷᠡᠭᠳᠡᠵᠡᠢ᠃ ᠮᠥᠨ ᠣᠷᠣᠨ ᠨᠤᠲᠤᠭ ᠤᠨ ᠵᠠᠰᠠᠭ ᠵᠠᠬᠢᠷᠭ᠎ᠠ ᠪᠣᠯᠤᠨ ᠮᠣᠩᠭᠣᠯᠴᠤᠳ ᠤᠨ ᠠᠪᠬᠤ ᠠᠯᠪᠠᠨ ᠲᠠᠲᠠᠪᠤᠷᠢ ᠤᠯᠠᠮ ᠨᠡᠮᠡᠭᠳᠡᠵᠦ᠂ ᠠᠷᠠᠳ ᠲᠦᠮᠡᠨ ᠦ ᠠᠮᠢᠳᠤᠷᠠᠯ ᠤᠯᠠᠮ ᠳᠣᠷᠣᠳᠠᠵᠠᠢ᠃ ᠲᠡᠭᠦᠨ ᠦ ᠤᠯᠠᠮ ᠠᠴᠠ ᠬᠢᠲᠠᠳ ᠲᠤ ᠶᠤᠸᠠᠨ ᠤᠯᠤᠰ ᠤᠨ ᠡᠰᠡᠷᠬᠦ ᠪᠣᠰᠤᠯᠭ᠎ᠠ ᠦᠢᠮᠡᠭᠡᠨ ᠭᠠᠵᠠᠷ ᠰᠠᠢ ᠦᠭᠡᠢ ᠭᠠᠷᠬᠤ ᠪᠣᠯᠪᠠ᠃ ᠲᠡᠳᠡᠭᠡᠷ ᠡᠴᠡ ᠬᠠᠮᠤᠭ ᠤᠨ ᠳᠠᠯᠠᠶᠢᠴᠠᠲᠠᠢ ᠪᠣᠰᠤᠯᠭ᠎ᠠ ᠨᠢ 1330 ᠍ ᠊ᠭᠠᠳ ᠣᠨ ᠤ ᠦᠶᠡᠰ ᠭᠠᠷᠤᠭᠰᠠᠨ ᠤᠯᠠᠭᠠᠨ ᠠᠯᠴᠢᠭᠤᠷᠲᠠᠨ ᠤ ᠪᠣᠰᠤᠯᠭ᠎ᠠ ᠶᠤᠮ᠃ ᠤᠯᠠᠭᠠᠨ ᠠᠯᠴᠢᠭᠤᠷᠠᠲᠠᠨ ᠨᠤᠭᠤᠳ ᠪᠣᠯᠤᠨ ᠶᠤᠸᠠᠨ ᠤᠯᠤᠰ ᠤᠨ ᠵᠠᠰᠠᠭ ᠵᠠᠬᠢᠷᠭᠠᠨ ᠤ ᠬᠣᠭᠣᠷᠣᠨᠳᠣ ᠶᠢᠨ ᠳᠠᠶᠢᠨ ᠬᠡᠳᠦᠨ ᠵᠢᠯ ᠦᠨ ᠲᠤᠷᠰᠢᠳᠠ ᠦᠷᠭᠦᠯᠵᠢᠯᠡᠵᠡᠢ᠃ ᠡᠭᠦᠨ ᠦ ᠡᠴᠦᠰ ᠲᠦ ᠤᠯᠠᠭᠠᠨ ᠠᠯᠴᠢᠭᠤᠷᠠᠲᠠᠨ ᠨᠤᠭᠤᠳ ᠳᠠᠷᠠᠭ᠎ᠠ ᠳᠠᠷᠠᠭᠠᠯᠠᠨ ᠪᠤᠲᠠ ᠴᠣᠬᠢᠭᠳᠠᠵᠤ᠂ ᠪᠣᠰᠤᠯᠭ᠎ᠠ ᠪᠠᠷᠤᠭ ᠳᠠᠷᠤᠭᠳᠠᠬᠤ ᠭᠡᠵᠦ ᠪᠠᠶᠢᠲᠠᠯ᠎ᠠ ᠤᠯᠠᠭᠠᠨ ᠠᠯᠴᠢᠭᠤᠷᠲᠠᠨ ᠤ ᠪᠣᠰᠤᠯᠭ᠎ᠠ ᠶᠢᠨ ᠨᠢᠭᠡᠨ ᠲᠣᠯᠣᠭᠠᠶᠢᠯᠠᠭᠴᠢ ᠵᠦ ᠶᠤᠸᠠᠨ ᠵᠠᠩ ᠮᠢᠩ ᠤᠯᠤᠰ ᠢ ᠪᠠᠶᠢᠭᠤᠯᠵᠤ᠂ ᠥᠪᠡᠷ ᠦᠨ ᠪᠣᠰᠤᠭᠴᠢᠳ ᠢ ᠴᠢᠳᠠᠪᠤᠷᠢᠯᠢᠭ ᠤᠳᠤᠷᠢᠳᠥᠵᠤ᠂ ᠬᠢᠲᠠᠳ ᠍ ᠤᠨ ᠠᠷᠠᠳ ᠲᠦᠮᠡᠨ ᠦ ᠳᠡᠮᠵᠢᠯᠭᠡ ᠶᠢ ᠠᠪᠤᠭᠰᠠᠨ ᠤ ᠦᠷ᠎ᠡ ᠳ᠋ᠦᠩ ᠳᠦ 1368 ᠣᠨ ᠳᠤ ᠶᠤᠸᠠᠨ ᠤᠯᠤᠰ ᠤᠨ ᠨᠡᠶᠢᠰᠯᠡᠯ ᠬᠠᠭᠠᠨ ᠪᠠᠯᠭᠠᠰᠤ ᠬᠣᠲᠠ ᠶᠢ ᠡᠵᠡᠯᠡᠨ ᠠᠪᠴᠤ᠂ ᠬᠢᠲᠠᠳ ᠳᠠᠬᠢ ᠮᠣᠩᠭᠣᠯ ᠤᠨ ᠵᠠᠬᠢᠷᠭ᠎ᠠ ᠶᠢ ᠤᠰᠠᠳᠬᠠᠵᠠᠢ᠃ ᠶᠤᠸᠠᠨ ᠤᠯᠤᠰ ᠤᠨ ᠬᠠᠭᠠᠨ ᠲᠣᠭᠠᠨᠲᠡᠮᠦᠷ ᠴᠠᠭᠠᠨ ᠬᠡᠷᠡᠮ ᠦᠨ ᠠᠷᠤ ᠳᠤ ᠵᠤᠭᠠᠲᠠᠨ ᠭᠠᠷᠴᠤ᠂ ᠶᠤᠸᠠᠨ ᠤᠯᠤᠰ ᠤᠨ ᠵᠠᠬᠢᠷᠭᠠᠭ᠎ᠠ ᠶᠢ ᠬᠢᠲᠠᠳ ᠲᠤ ᠳᠠᠬᠢᠨ ᠰᠡᠷᠭᠦᠭᠡᠬᠦ ᠶᠢ ᠰᠠᠨᠠᠭᠠᠷᠬᠠᠬᠤ ᠪᠣᠯᠪᠠ᠃ ᠴᠵᠤ ᠶᠤᠸᠠᠨ ᠴᠵᠠᠨ ᠴᠠᠭᠠᠨ ᠬᠡᠷᠡᠮ ᠦᠨ ᠠᠷᠤ ᠳᠤ ᠬᠥᠭᠡᠭᠡᠭᠳᠡᠵᠦ ᠭᠠᠷᠤᠭᠰᠠᠨ ᠮᠣᠩᠭᠣᠯᠴᠤᠳ ᠤᠨ ᠡᠰᠡᠷᠬᠦ ᠠᠶᠠᠨ ᠳᠠᠶᠢᠨ ᠬᠢᠵᠦ᠂ ᠶᠤᠸᠠᠨ ᠤᠯᠤᠰ ᠢ ᠪᠦᠷᠢᠨ ᠤᠰᠠᠳᠬᠠᠬᠤ ᠶᠢ ᠣᠷᠣᠯᠳᠤᠭᠰᠠᠨ ᠪᠣᠯᠪᠠᠴᠤ ᠪᠦᠲᠦᠭᠡ ᠦᠭᠡᠢ ᠶᠤᠮ᠃

ᠯᠸ ᠨᠢᠺᠣᠯᠠᠸᠢᠴ ᠭᠤᠮᠢᠯᠧᠸ "ᠶᠡᠬᠡ ᠲᠠᠯ᠎ᠠ ᠶᠢᠨ ᠪᠠᠶᠢᠭᠠᠯᠢ ᠪᠠ ᠬᠦᠮᠦᠰ" ᠪᠦᠲᠦᠭᠡᠯ ᠳᠦ ᠪᠡᠨ "ᠲᠥᠪ ᠠᠽᠢᠶ᠎ᠠ ᠶᠢᠨ ᠦᠨᠳᠦᠰᠦᠲᠡᠨ ᠨᠦᠭᠦᠳ ᠬᠢᠲᠠᠳ ᠤᠨ ᠰᠤᠶᠤᠯ ᠳᠤ ᠲᠠᠭ᠎ᠠ ᠦᠭᠡᠢ ᠬᠠᠨᠳᠤᠳᠠᠭ ᠪᠠᠶᠢᠪᠠ᠃ ᠵᠢᠱᠢᠶ᠎ᠡ ᠨᠢ ᠲᠦᠷᠦᠭ ᠦᠳ ᠬᠢᠲᠠᠳ ᠤᠨ ᠠᠭᠤᠰᠬᠠᠬᠤ ᠪᠣᠳᠣᠯᠭ᠎ᠠ ᠶᠢᠨ ᠡᠰᠡᠷᠬᠦ ᠲᠤᠰᠬᠠᠶᠢᠯᠠᠭᠰᠠᠨ ᠪᠣᠳᠣᠯᠭ᠎ᠠ ᠪᠠᠷᠢᠮᠲᠠᠯᠠᠳᠠᠭ ᠪᠠᠶᠢᠪᠠ᠃ ᠤᠶᠢᠭᠤᠷ ᠤᠳ ᠮᠠᠨᠢᠾᠧᠢ ᠶᠢᠨ᠂ ᠬᠠᠷᠯᠤᠭ ᠤᠳ ᠯᠠᠯᠤ᠂ ᠪᠠᠰᠠᠮᠠᠯ᠂ ᠣᠩᠭᠤᠳ ᠤᠳ ᠨᠧᠰᠲ᠋ᠣᠷ ᠤᠨ᠂ ᠲᠥᠪᠡᠳ ᠦᠳ ᠪᠤᠳ᠋ᠳ᠋ᠾᠠ ᠶᠢᠨ ᠱᠠᠰᠢᠨ ᠢ ᠬᠢᠲᠠᠳ ᠢᠶᠠᠷ ᠳᠠᠮᠵᠢᠭᠤᠯᠤᠯ ᠦᠭᠡᠢ ᠪᠡᠷ ᠰᠢᠭᠤᠳ ᠡᠨᠡᠳᠬᠡᠭ ᠡᠴᠡ ᠬᠦᠯᠢᠶᠡᠨ ᠠᠪᠴᠤ ᠬᠢᠲᠠᠳ ᠤᠨ ᠰᠤᠶᠤᠯ ᠴᠠᠭᠠᠨ ᠬᠡᠷᠡᠮᠦᠨ ᠡᠴᠡ ᠭᠠᠳᠠᠭᠰᠢ ᠨᠡᠪᠲᠡᠷᠡᠴᠢ ᠴᠢᠳᠠᠭᠰᠠᠨ ᠦᠭᠡᠢ᠃ ᠾᠢᠦᠩᠨᠦ᠂ ᠲᠦᠷᠦᠭ᠂ ᠮᠣᠩᠭᠣᠯᠴᠤᠳ ᠨᠢ ᠬᠣᠭᠣᠷᠣᠨᠳᠣ ᠪᠠᠨ ᠵᠥᠷᠢᠴᠡᠯᠳᠦᠨ ᠲᠡᠮᠡᠴᠡᠯᠳᠦᠳᠡᠭ ᠪᠠᠶᠢᠭᠰᠠᠨ ᠴᠤ ᠬᠢᠲᠠᠳ ᠤᠨ ᠠᠭᠤᠰᠬᠠᠬᠤ ᠠᠶᠤᠯ ᠤᠨ ᠡᠰᠡᠷᠬᠦ ᠬᠠᠭᠠᠯᠲᠠ ᠪᠣᠯᠵᠤ ᠪᠠᠶᠢᠪᠠ" ᠭᠡᠵᠦ ᠪᠢᠴᠢᠵᠡᠢ᠃[1]

ᠴᠠᠭᠠᠳᠠᠢ ᠶᠢᠨ ᠤᠯᠤᠰ ᠠᠷᠪᠠᠨ ᠭᠤᠷᠪᠠᠳᠤᠭᠠᠷ ᠵᠠᠭᠤᠨ ᠤ ᠰᠡᠭᠦᠯ ᠦᠶᠡᠰ ᠰᠠᠮᠠᠷᠺᠠᠨᠳ ᠬᠣᠲᠠ ᠪᠠᠷ ᠲᠥᠪᠯᠡᠷᠡᠭᠰᠡᠨ ᠰᠠᠭᠤᠷᠢᠨ ᠰᠤᠶᠤᠯ ᠢᠷᠭᠡᠨᠰᠢᠯ ᠲᠡᠢ ᠮᠠᠤᠧᠷᠧᠨᠨᠬᠤᠷ᠂ ᠳᠣᠯᠣᠭᠠᠨ ᠮᠥᠷᠡᠨ᠂ ᠲᠦᠷᠹᠠᠨ ᠤ ᠬᠥᠨᠳᠡᠢ ᠪᠡᠷ ᠲᠥᠪᠯᠡᠷᠡᠭᠰᠡᠨ ᠨᠡᠭᠦᠳᠡᠯ ᠦᠨ ᠰᠤᠶᠤᠯ ᠢᠷᠭᠡᠨᠰᠢᠯ ᠲᠡᠢ ᠮᠣᠭᠣᠯᠢᠰᠲᠠᠨ ᠬᠡᠮᠡᠬᠦ ᠬᠣᠶᠠᠷ ᠬᠡᠰᠡᠭ ᠲᠦ ᠬᠤᠪᠢᠶᠠᠭᠳᠠᠵᠤ᠂ ᠠᠷᠪᠠᠨ ᠳᠥᠷᠪᠡᠳᠦᠭᠡᠷ ᠵᠠᠭᠤᠨ ᠤ ᠲᠤᠷᠰᠢᠳᠠ ᠬᠣᠭᠣᠷᠣᠨᠳᠣ ᠪᠠᠨ ᠲᠡᠮᠡᠴᠡᠯᠳᠦᠭᠰᠡᠭᠡᠷ ᠪᠠᠶᠢᠪᠠ᠃ 1340 ᠍ ᠊ᠭᠡᠳ ᠣᠨ ᠠᠴᠠ ᠮᠠᠤᠧᠷᠧᠨᠨᠬᠤᠷᠲ ᠳᠣᠭᠣᠯᠠᠩ ᠬᠡᠮᠡᠬᠦ ᠬᠣᠴᠢ ᠲᠠᠢ ᠮᠣᠩᠭᠣᠯ ᠤᠨ ᠪᠠᠷᠤᠯᠠᠰ ᠣᠪᠤᠭ ᠤᠨ ᠤᠭᠰᠠᠭᠠᠨ ᠤ ᠡᠮᠢᠷ ᠲᠡᠮᠦᠷ ᠦᠨ ᠤᠯᠤᠰ ᠪᠤᠢ ᠪᠣᠯᠤᠭᠰᠠᠨ ᠪᠣᠯᠪᠠᠴᠤ ᠠᠷᠪᠠᠨ ᠲᠠᠪᠤᠳᠤᠭᠠᠷ ᠵᠠᠭᠤᠨ ᠤ ᠡᠬᠢᠨ ᠦᠶ᠎ᠡ ᠳᠦ ᠳᠣᠭᠣᠯᠠᠩ ᠲᠡᠮᠦᠷ ᠦᠨ ᠨᠠᠰᠤ ᠪᠠᠷᠠᠭᠰᠠᠨ ᠤ ᠳᠠᠷᠠᠭ᠎ᠠ ᠣᠯᠠᠨ ᠵᠢᠵᠢᠭ ᠡᠵᠡᠮᠰᠢᠯ ᠪᠣᠯᠤᠨ ᠬᠤᠪᠢᠶᠠᠭᠳᠠᠭᠰᠠᠨ ᠪᠠ ᠤᠯᠠᠮ ᠢᠶᠠᠷ ᠠᠯᠲᠠᠨ ᠣᠷᠳᠣᠨ ᠠᠴᠠ ᠨᠡᠭᠦᠵᠦ ᠢᠷᠡᠭᠰᠡᠨ ᠦᠽᠡᠪᠸᠺᠢᠰᠲᠠᠨ ᠦᠳ ᠦᠨ ᠳᠣᠪᠲᠣᠯᠭᠠᠨ ᠳᠤ ᠥᠷᠲᠥᠵᠦ᠂ ᠮᠥᠬᠦᠵᠡᠢ᠃ ᠳᠣᠭᠣᠯᠠᠩ ᠲᠡᠮᠦᠷ ᠤᠨ ᠤᠭᠰᠠᠭᠠᠨ ᠤ ᠪᠠᠪᠤᠷ ᠨᠣᠶᠠᠨ ᠦᠽᠡᠪᠸᠺᠢᠰᠲᠠᠨ ᠦᠳ ᠲᠦ ᠰᠢᠬᠠᠭᠳᠠᠨ ᠡᠨᠡᠳᠬᠡᠭ ᠲᠤ ᠣᠴᠢᠵᠤ᠂ ᠶᠡᠬᠡ ᠮᠣᠭᠣᠯ ᠤᠯᠤᠰ ᠢ ᠪᠠᠶᠢᠭᠤᠯᠤᠭᠰᠠᠨ ᠶᠤᠮ᠃ ᠬᠣᠵᠢᠮ 1859 ᠣᠨ ᠳᠤ ᠶᠡᠬᠡ ᠮᠣᠭᠣᠯ ᠤᠨ ᠤᠯᠤᠰ ᠪᠷᠢᠲ᠋ᠠᠨᠢᠴᠤᠤᠳ ᠲᠤ ᠴᠣᠬᠢᠭᠳᠠᠨ ᠮᠥᠬᠦᠵᠡᠢ᠃ ᠮᠣᠭᠣᠯᠢᠰᠲᠠᠨ ᠠᠷᠪᠠᠨ ᠵᠢᠷᠭᠤᠳᠤᠭᠠᠷ ᠵᠠᠭᠤᠨ ᠤ ᠦᠶᠡᠰ ᠰᠠᠭᠤᠷᠢᠨ ᠰᠤᠶᠤᠯ ᠢᠷᠭᠡᠨᠰᠢᠯ ᠳᠦ ᠣᠷᠣᠵᠤ᠂ ᠢᠰᠯᠠᠮ ᠤᠨ ᠱᠠᠰᠢᠨ ᠢ ᠰᠢᠲᠦᠬᠦ ᠪᠣᠯᠵᠠᠢ᠃ ᠮᠣᠭᠣᠯᠢᠰᠲᠠᠨ ᠤ ᠮᠤᠬᠤᠮ ᠢᠶ᠎ᠡ ᠳᠦ ᠬᠠᠭᠠᠨ ᠵᠠᠬᠢᠷᠤᠭᠳᠠᠭᠰᠠᠳ ᠲᠤ ᠪᠠᠨ ᠴᠠᠯᠮᠠ ᠮᠠᠯᠠᠭᠠᠢ ᠡᠮᠦᠰᠬᠦ ᠶᠢ ᠬᠦᠴᠦ ᠪᠡᠷ ᠲᠤᠯᠭᠠᠨ ᠬᠦᠯᠢᠶᠡᠯᠭᠡᠭᠰᠡᠨ ᠪᠠ ᠲᠠᠰᠢ-ᠷᠠᠪᠠᠲ ᠬᠣᠲᠠ ᠶᠢ ᠪᠠᠶᠢᠭᠤᠯᠵᠤ᠂ ᠰᠠᠭᠤᠷᠢᠨ ᠪᠠᠶᠢᠳᠠᠯ ᠢᠶᠠᠷ ᠠᠮᠢᠳᠤᠷᠠᠬᠤ ᠪᠣᠯᠪᠠ᠃ ᠮᠣᠭᠣᠯᠢᠰᠲᠠᠨ ᠤ ᠪᠠᠷᠠᠭᠤᠨ ᠲᠠᠯ᠎ᠠ ᠠᠴᠠ ᠦᠽᠡᠪᠸᠺᠢᠰᠲᠠᠨ ᠦᠳ ᠡᠴᠡ ᠲᠠᠰᠤᠷᠠᠭᠰᠠᠨ ᠬᠠᠰᠠᠭ ᠤᠳ᠂ ᠵᠡᠭᠦᠨ ᠲᠠᠯ᠎ᠠ ᠠᠴᠠ ᠣᠶᠢᠷᠠᠳ ᠤᠳ ᠳᠣᠪᠲᠣᠯᠵᠤ ᠰᠢᠬᠠᠮᠳᠠᠭᠤᠯᠬᠤ ᠪᠣᠯᠤᠭᠰᠠᠨ ᠲᠤᠯᠠ ᠮᠣᠭᠣᠯᠢᠰᠲᠠᠨ ᠤ ᠰᠤᠯᠲᠠᠨ ᠰᠢᠳ ᠬᠠᠭᠠᠨ ᠠᠷᠪᠠᠨ ᠵᠢᠷᠭᠤᠳᠤᠭᠠᠷ ᠵᠠᠭᠤᠨ ᠤ ᠦᠶ᠎ᠡ ᠳᠦ ᠨᠡᠶᠢᠰᠯᠡᠯ ᠢᠶᠡᠨ ᠢᠷᠺᠧᠨᠳ ᠬᠣᠳᠠ ᠳᠤ ᠰᠢᠯᠵᠢᠭᠦᠯᠵᠦ᠂ ᠤᠯᠤᠰ ᠢᠶᠠᠨ ᠢᠷᠺᠧᠨᠳ᠋ ᠍ ᠤᠨ ᠬᠠᠭᠠᠨᠲᠤ ᠤᠯᠤᠰ ᠬᠡᠮᠡᠨ ᠨᠡᠷᠡᠶᠢᠳᠴᠡᠢ᠃ ᠠᠷᠪᠠᠨ ᠳᠣᠯᠤᠳᠤᠭᠠᠷ ᠵᠠᠭᠤᠨ ᠳᠤ ᠢᠷᠺᠧᠨᠳ᠋ ᠍ ᠤᠨ ᠬᠠᠭᠠᠨᠲᠤ ᠤᠯᠤᠰ ᠵᠦᠩᠭᠠᠷ ᠤᠨ ᠬᠠᠭᠠᠨᠲᠤ ᠤᠯᠤᠰ ᠤᠨ ᠵᠠᠬᠢᠷᠭᠠᠨ ᠳᠤ ᠣᠷᠣᠭᠰᠠᠨ ᠶᠤᠮ᠃ ᠠᠯᠲᠠᠨ ᠣᠷᠳᠣ ᠠᠷᠪᠠᠨ ᠳᠥᠷᠪᠡᠳᠦᠭᠡᠷ ᠵᠠᠭᠤᠨ ᠤ ᠡᠬᠢᠨ ᠦᠶᠡᠰ ᠬᠢᠮᠤᠷᠠᠯ ᠳᠤ ᠣᠷᠣᠵᠤ᠂ ᠣᠯᠠᠨ ᠬᠠᠨ ᠰᠣᠯᠢᠭᠳᠠᠵᠠᠢ᠃ ᠤᠯᠠᠮ ᠢᠶᠠᠷ ᠠᠷᠪᠠᠨ ᠲᠠᠪᠤᠳᠤᠭᠠᠷ ᠵᠠᠭᠤᠨ ᠤ ᠦᠶ᠎ᠡ ᠳᠦ ᠠᠯᠲᠠᠨ ᠣᠷᠳᠣ ᠲᠦᠷᠦᠭ ᠬᠡᠯᠡ ᠳᠦ ᠨᠡᠭᠦᠳᠡᠯᠴᠢᠳ ᠦᠨ ᠣᠷᠳᠣ ᠨᠤᠭᠤᠳ ᠪᠣᠯᠤᠨ ᠵᠠᠳᠠᠷᠠᠵᠠᠢ᠃ ᠠᠯᠲᠠᠨ ᠣᠷᠳᠣᠨ ᠤ ᠤᠯᠤᠰ ᠠᠴᠠ ᠺᠠᠽᠠᠨᠢᠺᠷ ᠤᠮᠠᠰᠲᠷᠠᠬᠠᠨᠢᠨᠣᠭᠠᠢ ᠶᠢᠨ ᠣᠷᠳᠣᠰᠢᠪᠢᠷᠡᠶᠢᠨ ᠬᠠᠨᠲᠠ ᠤᠯᠤᠰ ᠤᠳ ᠲᠠᠰᠤᠷᠠᠨ ᠭᠠᠷᠴᠠᠢ᠃ ᠠᠯᠲᠠᠨ ᠣᠷᠳᠣᠨ ᠤ ᠦᠯᠡᠳᠡᠭᠳᠡᠯ ᠪᠣᠯᠬᠤ ᠶᠡᠬᠡ ᠣᠷᠳᠣ 1502 ᠣᠨ ᠳᠤ ᠺᠷ ᠤᠮ ᠤᠨ ᠬᠠᠨᠯᠢᠭ ᠲᠤ ᠡᠵᠡᠯᠡᠭᠳᠡᠨ ᠮᠥᠬᠦᠭᠰᠡᠨ ᠪᠠᠶᠢᠨ᠎ᠠ᠃ ᠠᠯᠲᠠᠨ ᠣᠷᠳᠣᠨ ᠤ ᠤᠯᠤᠰ ᠠᠴᠠ ᠲᠠᠰᠤᠷᠠᠨ ᠭᠠᠷᠤᠭᠰᠠᠨ ᠤᠯᠤᠰ ᠤᠳ ᠠᠷᠪᠠᠨ ᠲᠠᠪᠤ ᠡᠴᠡ- ᠠᠷᠪᠠᠨ ᠨᠠᠢ᠍ᠮᠠᠳᠤᠭᠠᠷ ᠵᠠᠭᠤᠨ ᠤ ᠦᠶ᠎ᠡ ᠳᠦ ᠪᠥᠭᠥᠳᠡᠭᠡᠷ ᠢᠶᠡᠨ ᠣᠷᠣᠰ ᠲᠤ ᠡᠵᠡᠯᠡᠭᠳᠡᠭᠰᠡᠨ ᠪᠥᠭᠡᠳ ᠬᠠᠮᠤᠭ ᠤᠨ ᠰᠡᠭᠦᠯᠴᠢ ᠶᠢᠨ ᠪᠡᠶ᠎ᠡ ᠳᠠᠭᠠᠭᠰᠠᠨ ᠤᠯᠤᠰ ᠪᠣᠯᠬᠤ ᠺᠷ ᠤᠮ ᠤᠨ ᠬᠠᠭᠠᠨᠲᠤ ᠤᠯᠤᠰ 1784 ᠣᠨ ᠳᠤ ᠣᠷᠣᠰ ᠲᠤ ᠡᠵᠡᠯᠡᠭᠳᠡᠵᠡᠢ᠃ ᠶᠤᠸᠠᠨ ᠤᠯᠤᠰ ᠤᠨ ᠬᠠᠭᠠᠳ ᠮᠣᠩᠭᠣᠯ ᠳᠤ ᠡᠷᠭᠢᠨ ᠢᠷᠡᠭᠰᠡᠨ ᠦ ᠳᠠᠷᠠᠭ᠎ᠠ ᠮᠣᠩᠭᠣᠯ ᠤᠨ ᠬᠠᠭᠠᠨ ᠠᠶᠤᠱᠢᠷᠢᠳᠠᠷ ᠶᠤᠸᠠᠨ ᠤᠯᠤᠰ ᠤᠨ ᠴᠠᠭᠠᠨ ᠬᠡᠷᠡᠮᠦᠨ ᠡᠴᠡ ᠬᠣᠶᠢᠰᠢᠬᠢ ᠨᠤᠲᠤᠭ ᠢ ᠡᠷᠬᠡ ᠮᠡᠳᠡᠯ ᠳᠦ ᠪᠡᠨ ᠪᠠᠷᠢᠭᠰᠠᠭᠠᠷ ᠪᠠᠶᠢᠯ᠎ᠠ᠃ ᠭᠡᠪᠡᠴᠦ 1389 ᠣᠨ ᠳᠤ ᠲᠡᠭᠦᠰᠲᠡᠮᠦᠷ ᠬᠠᠭᠠᠨ ᠮᠢᠩ ᠦᠨ ᠴᠡᠷᠢᠭ ᠲᠦ ᠢᠯᠠᠭᠳᠠᠨ ᠵᠤᠭᠠᠲᠠᠵᠤ ᠶᠠᠪᠤᠭᠠᠳ ᠠᠷᠭᠦᠪᠦᠬᠦ ᠶᠢᠨ ᠤᠭᠰᠠᠭᠠᠨ ᠤ ᠶᠡᠰᠦᠳᠡᠷ ᠨᠣᠶᠠᠨ ᠳᠤ ᠠᠯᠠᠭᠳᠠᠭᠰᠠᠨ ᠢᠶᠠᠷ ᠶᠤᠸᠠᠨ ᠤᠯᠤᠰ ᠤᠨ ᠨᠢᠭᠡᠳᠦᠮᠡᠯ ᠬᠦᠴᠦ ᠦᠭᠡᠢ ᠪᠣᠯᠤᠯ᠎ᠠ᠃ ᠮᠣᠩᠭᠣᠯᠴᠤᠳ ᠣᠯᠠᠨ ᠵᠢᠵᠢᠭ ᠨᠣᠶᠠᠳ ᠤᠨ ᠡᠵᠡᠮᠰᠢᠯ ᠦᠳ ᠲᠦ ᠬᠤᠪᠢᠶᠠᠭᠳᠠᠵᠠᠢ᠃ ᠡᠳᠡᠭᠡᠷ ᠡᠴᠡ ᠬᠤᠪᠢᠯᠠᠢ ᠶᠢᠨ ᠤᠳᠤᠮ ᠤᠨ ᠬᠢᠨ ᠤ ᠲᠣᠯᠣᠭᠠᠶᠢᠯᠠᠭᠰᠠᠨ ᠮᠣᠩᠭᠣᠯᠴᠤᠳ᠂ ᠴᠣᠷᠣᠰ ᠠᠶᠢᠮᠠᠭ ᠤᠨ ᠨᠣᠶᠠᠳ ᠤᠨ ᠲᠣᠯᠣᠭᠠᠶᠢᠯᠠᠭᠰᠠᠨ ᠣᠶᠢᠷᠠᠳ ᠦᠳ ᠳᠠᠪᠠᠮᠠᠭᠠᠶᠢᠯᠠᠨ ᠭᠠᠷᠴᠤ ᠢᠷᠡᠵᠦ᠂ ᠬᠣᠭᠣᠷᠣᠨᠳᠣ ᠪᠠᠨ ᠲᠡᠮᠡᠴᠡᠯᠳᠦᠬᠦ ᠪᠣᠯᠵᠠᠢ᠃ ᠡᠨᠡ ᠬᠣᠶᠠᠷ ᠬᠦᠴᠦᠨ ᠵᠠᠷᠢᠮ ᠦᠶ᠎ᠡ ᠳᠦ ᠨᠢᠭᠡᠳᠴᠦ ᠪᠠᠶᠢᠭᠰᠠᠨ ᠪᠣᠯᠪᠠᠴᠤ ᠤᠳᠠᠯ ᠦᠭᠡᠢ ᠵᠠᠳᠠᠷᠠᠳᠠᠭ ᠪᠠᠶᠢᠯ᠎ᠠ᠃ ᠠᠷᠪᠠᠨ ᠳᠣᠯᠤᠳᠤᠭᠠᠷ ᠵᠠᠭᠤᠨ ᠤ ᠦᠶ᠎ᠡ ᠳᠦ ᠬᠤᠪᠢᠯᠠᠢ ᠶᠢᠨ ᠤᠳᠤᠮ ᠤᠨ ᠬᠢᠨ ᠤ ᠲᠣᠯᠣᠭᠠᠶᠢᠯᠠᠭᠰᠠᠨ ᠮᠣᠩᠭᠣᠯᠴᠤᠳ ᠮᠠᠨᠵᠤ ᠴᠢᠩ ᠤᠯᠤᠰᠠᠳᠠ ᠳᠠᠭᠠᠷ᠎ᠠ ᠣᠷᠣᠰᠣᠨ ᠢᠶᠠᠷ ᠶᠤᠸᠠᠨ ᠤᠯᠤᠰ ᠤᠨ ᠤᠯᠪᠠᠭ᠎ᠠ ᠠᠷᠢᠯᠤᠯ᠎ᠠ᠃ ᠠᠷᠪᠠᠨ ᠨᠠᠢ᠍ᠮᠠᠳᠤᠭᠠᠷ ᠵᠠᠭᠤᠨ ᠳᠤ ᠣᠶᠢᠷᠠᠳ ᠤᠳ ᠤᠨ ᠪᠠᠶᠢᠭᠤᠯᠤᠭᠰᠠᠨ ᠵᠦᠩᠭᠠᠷ ᠤᠨ ᠬᠠᠭᠠᠨᠲᠤ ᠤᠯᠤᠰ ᠮᠠᠨᠵᠤ ᠴᠢᠩ ᠤᠯᠤᠰ ᠲᠤ ᠡᠵᠡᠯᠡᠭᠳᠡᠭᠰᠡᠨ ᠢᠶᠡᠷ ᠧᠦ᠋ᠷᠠᠽᠢ ᠶᠢᠨ ᠶᠡᠬᠡ ᠲᠠᠯ᠎ᠠ ᠨᠤᠲᠤᠭ ᠲᠤ ᠮᠣᠩᠭᠣᠯᠴᠤᠳ ᠨᠣᠶᠠᠷᠬᠠᠬᠤ ᠶᠠᠪᠤᠳᠠᠯ ᠦᠭᠡᠢ ᠪᠣᠯᠵᠠᠢ᠃

ᠮᠥᠨ ᠦᠵᠡᠬᠦ[ᠵᠠᠰᠠᠪᠤᠷᠢᠯᠠᠬᠤ | ᠺᠣᠳ᠋ ᠢᠶᠠᠷ ᠵᠠᠰᠠᠬᠣ]

ᠸᠢᠭᠮᠧᠳᠢᠶᠠ ᠵᠢᠷᠤᠭ ᠤᠨ ᠰᠠᠩ:
«ᠶᠡᠬᠡ ᠮᠣᠩᠭᠣᠯ ᠤᠯᠤᠰ»

ᠵᠢᠷᠤᠭ[ᠵᠠᠰᠠᠪᠤᠷᠢᠯᠠᠬᠤ | ᠺᠣᠳ᠋ ᠢᠶᠠᠷ ᠵᠠᠰᠠᠬᠣ]

ᠨᠣᠮ ᠵᠦᠢ[ᠵᠠᠰᠠᠪᠤᠷᠢᠯᠠᠬᠤ | ᠺᠣᠳ᠋ ᠢᠶᠠᠷ ᠵᠠᠰᠠᠬᠣ]

 • "HISTORIA MONGALORUM" Fra Giovanni da Pian del Carpini, 1245-1247, "ᠮᠣᠩᠭᠣᠯᠴᠤᠳ ᠤᠨ ᠲᠡᠦᠬᠡ" ᠫᠯᠠᠨ᠎ᠠ ᠺᠠᠷᠫᠢᠨᠢ᠂ ᠢᠲ᠋ᠠᠯᠢ ᠬᠡᠯᠡᠨ ᠡᠴᠡ ᠣᠷᠴᠢᠭᠤᠯᠤᠭᠰᠠᠨ ᠯᠠ᠃ᠨᠢᠮ᠎ᠠ ᠪᠠᠨ᠂ 2006, ISBN 99929-2-214-1

ᠡᠰᠢᠯᠡᠯ[ᠵᠠᠰᠠᠪᠤᠷᠢᠯᠠᠬᠤ | ᠺᠣᠳ᠋ ᠢᠶᠠᠷ ᠵᠠᠰᠠᠬᠣ]

 1. ЛЮДИ ᠢ ПРИРОДА ВЕЛИКОЙ СТЕПИ "ᠫᠷᠢᠮᠧᠴᠠᠲ᠋ᠧᠯᠢᠨ᠎ᠠ ᠣᠪᠱᠧᠧ ᠳᠯᠶᠠ ᠸᠰᠧᠬ ᠨᠠᠷᠣᠳᠣᠪ ᠼᠧᠨᠲᠷᠠᠯᠨᠨᠠᠢ ᠠᠽᠢᠶ᠎ᠠ ᠨᠧᠫᠷᠢᠶᠳᠡᠶ᠎ᠡ ᠺᠢ ᠲᠠᠢ=ᠰᠺᠣᠢ ᠺᠦᠶᠢᠯᠢᠲ᠋ᠣᠷ ᠤ᠃ ᠲᠠᠺ᠂ ᠲᠶᠦᠺᠢ ᠢᠮᠧᠯ ᠰᠣᠪᠰᠲᠸᠧᠨᠨᠤᠶᠤ ᠢᠳᠧᠣᠯᠣᠭᠢᠴᠧᠰᠺᠦ᠋ᠶᠤ ᠰᠢᠰᠲ᠋ᠧᠮᠤ᠂ ᠺᠣᠲ᠋ᠣᠷᠣᠶᠤ ᠣᠨᠢ ᠣᠲ᠋ᠴᠧᠲ᠋ᠯᠢᠪᠠ ᠫᠷᠣᠲ᠋ᠢᠣᠣᠫᠣᠰᠲᠠᠪᠠᠯᠢᠯ ᠺᠢ ᠲᠠᠢ=ᠰᠺᠣᠢ᠃ ᠫᠣᠰᠯᠧ ᠫᠠᠳᠧᠨᠢᠶ᠎ᠠ ᠤᠶᠢᠭᠤᠷᠰᠺᠣᠭᠣ ᠺᠠᠩᠨᠠᠲᠠ ᠤᠶᠢᠭᠤᠷ ᠤ ᠫᠷᠢᠨᠢᠯ ᠮᠠᠨᠢᠬᠠᠶᠢᠰᠳᠪᠠ᠂ ᠺᠠᠷᠯᠤᠺᠢ - ᠢᠰᠯᠠᠮ᠂ ᠪᠠᠰᠠᠮᠠᠯ ᠤ ᠢ ᠣᠩ ᠢᠶᠢᠲ᠋ ᠍ ᠤ - ᠨᠧᠰᠲ᠋ᠣᠷᠢᠶᠠᠩᠰᠠᠳᠪᠠ᠂ ᠲᠢᠪᠧᠲ᠋ᠼ ᠤ - ᠪᠤᠳ᠋ᠳ᠋ᠾᠠᠶᠢᠰᠮ ᠸ ᠶᠥᠭᠣ ᠢᠨᠳᠢᠶᠢᠰᠺᠣᠢ ᠹᠣᠷᠮᠧ᠂ ᠺᠢ ᠲᠠᠢ=ᠰᠺᠠᠶ᠎ᠠ ᠵᠧ ᠢᠳᠧᠣᠯᠣᠭᠢᠶ᠎ᠠ ᠲᠠᠺ ᠢ ᠨᠧ ᠫᠧᠷᠧᠱᠠᠩᠨᠠᠯ ᠴᠧᠷᠧᠽ ᠸᠧᠯᠢᠺᠦ᠋ᠶᠤ ᠰᠲ᠋ᠧᠨᠤ"..."ᠲᠠᠺ ᠮᠠᠯᠤᠴᠢᠰᠯᠧᠨ ᠤᠧ ᠮᠣᠩᠭᠣᠯ ᠤ ᠫᠣᠪᠧᠳᠢᠯᠢ ᠣᠭᠷᠣᠮᠨᠢ ᠺᠢ ᠲᠠᠢ᠂ ᠣᠪᠶᠧᠳᠢᠨᠢᠪ ᠲᠧ ᠳᠠᠯᠨᠸᠠᠰᠤᠲᠠᠴᠢᠨ ᠤᠧ ᠨᠠᠷᠤᠳ᠋ ᠍ ᠤ᠂ ᠺᠣᠲ᠋ᠣᠷ ᠤᠧ ᠨᠧ ᠰᠤᠭᠯᠠᠰᠠᠯᠢᠰᠢ ᠰᠲ᠋ᠠᠲ ᠣᠪᠶᠧᠺᠲᠠᠮ ᠺᠢᠲ᠋ᠠᠢᠰᠠᠼᠢᠢ"..."ᠸᠣᠽᠸᠠᠷᠱᠠᠶ᠋ᠢᠰᠢ ᠺ ᠪᠣᠯᠧᠧ ᠷᠠᠨᠧᠢ ᠡᠫᠣᠬᠧ ᠢ ᠫᠣᠳᠪ ᠳᠦᠶ᠎ᠠ ᠨᠧᠺᠣᠲᠤᠷ ᠤᠧ ᠢᠲ᠋ᠣᠭᠢ ᠸ ᠤᠱᠧᠰᠺᠠᠽᠠᠨᠨᠣᠮᠤ᠂ ᠣᠲ᠋ᠮᠧᠲ᠋ᠢᠮ᠂ ᠴᠲ᠋ᠣ᠂ ᠬᠣᠲᠠᠶ᠎ᠠ ᠬᠤᠨ ᠤ᠂ ᠲᠶᠦᠺᠢ ᠢ ᠮᠣᠩᠭᠣᠯ ᠤ ᠸᠧᠰᠮᠠ ᠷᠠᠽᠠᠨᠢᠯᠢᠰᠢ ᠮᠧᠵᠳᠤ ᠰᠣᠪᠣᠢ᠂ ᠸᠰᠧ ᠣᠨᠢ ᠣᠺᠠᠽᠠᠯᠢᠰᠢ ᠸ ᠰᠪᠧ ᠸᠷᠧᠮᠢ ᠪᠠᠷᠢᠶᠡᠷᠣᠮ᠂ ᠤᠳᠧᠷᠵᠢᠪᠠᠪᠰᠢᠮ ᠨᠠᠲ᠋ᠢᠰᠺ ᠺᠢᠲ᠋ᠠᠶ᠎ᠠ ᠨᠠ ᠭᠠᠷᠨᠢᠼᠧ ᠰᠲ᠋ᠧᠫᠧᠢ"

ᠭᠠᠳᠠᠭᠠᠳᠤ ᠬᠣᠯᠪᠣᠭᠠᠰᠤ[ᠵᠠᠰᠠᠪᠤᠷᠢᠯᠠᠬᠤ | ᠺᠣᠳ᠋ ᠢᠶᠠᠷ ᠵᠠᠰᠠᠬᠣ]

ᠪᠢᠴᠢᠭᠡᠰᠦ