ᠮᠢᠺᠷᠣ᠋ ᠡᠳ᠋ ᠍ ᠦᠨ ᠵᠠᠰᠠᠭ

ᠴᠢᠯᠦᠭᠡᠲᠦ ᠨᠡᠪᠲᠡᠷᠬᠡᠢ ᠲᠣᠯᠢ — ᠸᠢᠺᠢᠫᠧᠳᠢᠶ᠎ᠠ ᠠᠴᠠ
ᠬᠠᠷᠠᠶᠢᠬᠤ: ᠤᠳᠤᠷᠢᠳᠬᠤ, ᠬᠠᠶᠢᠯᠲᠠ

ᠮᠢᠺᠷᠣ᠋ ᠡᠳ᠋ ᠍ ᠦᠨ ᠵᠠᠰᠠᠭ ᠨᠢ ᠬᠡᠷᠡᠭᠯᠡᠭᠴᠢ ᠵᠢᠵᠢᠭᠯᠡᠨ ᠬᠤᠳᠠᠯᠳᠤᠭᠠᠴᠢ᠂ ᠲᠣᠳᠣᠷᠬᠠᠢ ᠦᠢᠯᠡᠳᠪᠦᠷᠢᠯᠡᠭᠴᠢ (ᠫᠦᠰᠡᠺᠣᠮᠫᠠᠨᠢ᠂ ᠰᠠᠯᠪᠤᠷᠢ) ᠵᠡᠷᠭᠡ ᠶᠢᠨ ᠲᠤᠰ ᠲᠤᠰ ᠤᠨ ᠦᠢᠯᠡ ᠠᠵᠢᠯᠯᠠᠭ᠎ᠠ ᠲᠠᠢ ᠬᠣᠯᠪᠣᠭ᠎ᠠ ᠲᠠᠢ ᠡᠳ᠋ ᠍ ᠦᠨ ᠵᠠᠰᠠᠭ ᠤᠨ ᠰᠤᠳᠤᠯᠤᠯ ᠢ ᠬᠡᠯᠡᠨ᠎ᠡ᠃ ᠬᠦᠮᠦᠨ ᠲᠥᠷᠥᠯᠬᠢᠲᠡᠨ ᠨᠡᠶᠢᠭᠡᠮᠰᠢᠭᠰᠡᠨ ᠴᠠᠭ ᠠᠴᠠ ᠪᠠᠨ ᠡᠬᠢᠯᠡᠨ ᠡᠳ᠋ ᠍ ᠦᠨ ᠵᠠᠰᠠᠭ ᠤᠨ ᠶᠠᠮᠠᠷ ᠨᠢᠭᠡᠨ ᠬᠠᠷᠢᠴᠠᠭᠠᠨ ᠳᠤ ᠣᠷᠣᠵᠤ ᠡᠬᠢᠯᠡᠭᠰᠡᠨ᠃ ᠲᠡᠳᠡᠨ ᠳᠦ ᠡᠮᠥᠰᠬᠦ ᠬᠤᠪᠴᠠᠰᠤ᠂ ᠪᠠᠶᠢᠷᠢᠯᠠᠬᠤ ᠪᠠᠶᠢᠷᠢ᠂ ᠢᠳᠡᠬᠦ ᠬᠣᠭᠣᠯᠠ ᠬᠡᠷᠡᠭ ᠪᠣᠯᠤᠭᠰᠠᠨ ᠨᠢ ᠡᠳ᠋ ᠍ ᠦᠨ ᠵᠠᠰᠠᠭ ᠤᠨ ᠬᠠᠷᠢᠴᠠᠭ᠎ᠠ ᠶᠢ ᠡᠭᠦᠰᠬᠡᠭᠰᠡᠨ᠃ ᠨᠢᠭᠡᠨᠲᠡ ᠪᠢᠳᠡ ᠶᠡᠬᠡ ᠪᠠᠭ᠎ᠠ ᠶᠠᠮᠠᠷ ᠨᠢᠭᠡᠨ ᠬᠡᠮᠵᠢᠶ᠎ᠡ ᠪᠡᠷ ᠡᠳ᠋ ᠍ ᠦᠨ ᠵᠠᠰᠠᠭ ᠤᠨ ᠬᠠᠷᠢᠴᠠᠭᠠᠨ ᠳᠤ ᠣᠷᠣᠵᠤ ᠯᠠ ᠪᠠᠶᠢᠭ᠎ᠠ ᠪᠣᠯᠬᠣᠷ ᠡᠳ᠋ ᠍ ᠦᠨ ᠵᠠᠰᠠᠭ ᠢ ᠵᠠᠶᠢᠯᠠᠰᠢ ᠦᠭᠡᠢ ᠰᠤᠳᠤᠯᠬᠤ ᠱᠠᠭᠠᠷᠳᠠᠯᠭ᠎ᠠ ᠲᠠᠢ᠃ ᠪᠢᠳᠡ ᠮᠢᠺᠷᠣ᠋ ᠡᠳ᠋ ᠍ ᠦᠨ ᠵᠠᠰᠠᠭ ᠢ ᠰᠤᠳᠤᠯᠤᠭᠰᠠᠨ ᠢᠶᠠᠷ ᠰᠲ᠋ᠠᠲ᠋ᠢᠰᠲ᠋ᠢᠺ᠂ ᠡᠺᠣᠨᠣᠮᠧᠲ᠋ᠷᠢᠺ᠂ ᠣᠯᠠᠨ ᠤᠯᠤᠰ ᠤᠨ ᠬᠤᠳᠠᠯᠳᠤᠭ᠎ᠠ᠂ ᠮᠠᠺᠷᠣ ᠡᠳ᠋ ᠍ ᠦᠨ ᠵᠠᠰᠠᠭ ᠭᠡᠬᠦ ᠮᠡᠲᠦ ᠮᠡᠷᠭᠡᠵᠢᠯ ᠦᠨ ᠰᠠᠭᠤᠷᠢ ᠬᠢᠴᠢᠶᠡᠯ ᠦᠳ ᠦᠨ ᠰᠠᠭᠤᠷᠢ ᠶᠢ ᠮᠡᠳᠡᠳᠡᠭ ᠪᠣᠯᠤᠨ᠎ᠠ᠃ ᠮᠥᠨ ᠡᠨᠡ ᠬᠢᠴᠢᠶᠡᠯ ᠢᠶᠡᠷ ᠵᠠᠬ᠎ᠠ ᠵᠡᠭᠡᠯᠢ ᠶᠢᠨ ᠡᠳ᠋ ᠍ ᠦᠨ ᠵᠠᠰᠠᠭ ᠤᠨ ᠤᠬᠠᠭᠠᠨ ᠤ ᠠᠩᠬᠠᠨ ᠤ ᠡᠮᠬᠢ ᠴᠡᠭᠴᠡ ᠲᠡᠢ ᠣᠶᠢᠯᠠᠭᠠᠯᠲᠠ ᠶᠢ ᠥᠭᠬᠦ ᠪᠠ ᠡᠭᠦᠪᠡᠷ ᠢᠶᠡᠨ ᠪᠡᠯᠡᠳᠬᠡᠵᠦ ᠪᠤᠢ ᠮᠡᠷᠭᠡᠵᠢᠯᠲᠡᠨ ᠨᠦᠭᠦᠳ ᠲᠦ ᠡᠳ᠋ ᠍ ᠦᠨ ᠵᠠᠰᠠᠭ ᠤᠨ ᠦᠨᠳᠦᠰᠦᠨ ᠰᠦᠪᠶᠧᠺᠲ ᠪᠣᠯᠬᠤ ᠦᠢᠯᠡᠳᠪᠦᠷᠢᠯᠡᠭᠴᠢ᠂ ᠬᠡᠷᠡᠭᠯᠡᠭᠴᠢᠳ ᠦᠨ ᠦᠢᠯᠡ ᠬᠥᠳᠡᠯᠦᠯ ᠢ ᠣᠨᠣᠯ ᠤᠨ ᠬᠤᠪᠢ ᠳᠤ ᠲᠠᠨᠢᠨ ᠮᠡᠳᠡᠨ᠎ᠡ᠃ ᠪᠢᠳᠡ ᠡᠨᠡ ᠬᠢᠴᠢᠶᠡᠯ ᠢ ᠦᠵᠡᠭᠰᠡᠨ ᠢᠶᠡᠷ ᠮᠢᠺᠷᠣ᠋ ᠡᠳ᠋ ᠍ ᠦᠨ ᠵᠠᠰᠠᠭ ᠤᠨ ᠡᠩ ᠦᠨ ᠬᠠᠷᠢᠯᠴᠠᠭ᠎ᠠ᠂ ᠥᠭᠡᠷᠡᠴᠢᠯᠡᠯᠲᠡ᠂ ᠰᠦᠪᠶᠧᠺᠲ ᠤᠳ ᠤᠨ ᠦᠢᠯᠡ ᠬᠥᠳᠡᠯᠦᠯ ᠢ ᠡᠳ᠋ ᠍ ᠦᠨ ᠵᠠᠰᠠᠭ ᠤᠨ ᠣᠨᠣᠯ ᠤᠨ ᠦᠨᠳᠦᠰᠦᠯᠡᠯ ᠲᠡᠢ ᠪᠡᠷ ᠬᠠᠷᠠᠵᠤ᠂ ᠲᠠᠶᠢᠯᠪᠤᠷᠢᠯᠠᠨ ᠪᠢᠴᠢᠯ ᠰᠢᠢᠳᠪᠦᠷᠢ ᠭᠠᠷᠭᠠᠬᠤ ᠴᠢᠳᠠᠪᠤᠷᠢ ᠶᠢ ᠡᠵᠡᠮᠰᠢᠨ᠎ᠡ᠃ ᠮᠥᠨ ᠡᠳ᠋ ᠍ ᠦᠨ ᠵᠠᠰᠠᠭ ᠤᠨ ᠣᠨᠣᠯ ᠤᠨ ᠪᠤᠰᠤᠳ ᠬᠢᠴᠢᠶᠡᠯ ᠦᠳ ᠦᠨ ᠰᠠᠭᠤᠷᠢ ᠶᠢ ᠣᠯᠵᠤ ᠠᠪᠬᠤ ᠪᠥᠭᠡᠳ ᠪᠢᠽᠢᠨ᠋ᠧᠰ ᠦᠨ ᠤᠳᠤᠷᠢᠳᠤᠯᠭ᠎ᠠ ᠶᠢᠨ ᠰᠠᠯᠪᠤᠷᠢ ᠶᠢᠨ ᠬᠢᠴᠢᠶᠡᠯ᠂ ᠰᠡᠳᠦᠪ ᠦᠳ ᠲᠦ ᠮᠢᠺᠷᠣ᠋ ᠡᠳ᠋ ᠍ ᠦᠨ ᠵᠠᠰᠠᠭ ᠤᠨ ᠣᠨᠣᠯ ᠤᠨ ᠠᠰᠠᠭᠤᠳᠠᠯ ᠤᠳ ᠢ ᠬᠣᠯᠪᠣᠭᠳᠠᠭᠤᠯᠤᠨ ᠠᠪᠴᠤ ᠦᠵᠡᠬᠦ ᠳᠠᠳᠤᠯ ᠡᠵᠡᠮᠰᠢᠨ᠎ᠡ᠃ ᠬᠡᠳᠦᠢ ᠪᠡᠷ ᠡᠳ᠋ ᠍ ᠦᠨ ᠵᠠᠰᠠᠭ ᠬᠦᠮᠦᠰ ᠦᠨ ᠣᠷᠣᠰᠢᠨ ᠠᠮᠢᠳᠤᠷᠠᠬᠤ ᠬᠡᠷᠡᠭᠰᠡᠯ ᠢ ᠪᠤᠢ ᠪᠣᠯᠭᠠᠳᠠᠭ ᠴᠤ ᠬᠡᠨ ᠶᠠᠭᠤ ᠪᠠᠷ᠂ ᠶᠠᠭᠤᠨ ᠤ ᠲᠤᠰᠠᠯᠠᠮᠵᠢ ᠲᠠᠢ ᠪᠠᠷ ᠬᠦᠮᠦᠰ ᠲᠦ ᠵᠠᠶᠢᠯᠠᠰᠢ ᠦᠭᠡᠢ ᠬᠡᠷᠡᠭᠴᠡᠭᠡᠲᠡᠢ ᠵᠦᠢᠯ ᠢ ᠰᠢᠢᠳᠪᠦᠷᠢᠯᠡᠵᠦ ᠪᠠᠶᠢᠨ᠎ᠠ ᠪᠤᠢ ᠭᠡᠳᠡᠭ ᠢ ᠲᠣᠭᠲᠠᠭᠠᠬᠤ ᠬᠡᠷᠡᠭᠲᠡᠢ᠃ ᠡᠶᠢᠮᠦ ᠳᠦ ᠡᠳ᠋ ᠍ ᠦᠨ ᠵᠠᠰᠠᠭ᠂ ᠨᠡᠶᠢᠭᠡᠮ ᠤᠨ ᠲᠣᠳᠣᠷᠬᠠᠢ ᠵᠣᠷᠢᠯᠭ᠎ᠠ ᠳᠤ ᠠᠰᠢᠭᠯᠠᠭᠳᠠᠵᠤ ᠪᠠᠶᠢᠭ᠎ᠠ ᠪᠦᠬᠦᠢ ᠯᠠ ᠵᠦᠢᠯᠡᠰ ᠢ ᠡᠳ᠋ ᠍ ᠦᠨ ᠵᠠᠰᠠᠭ ᠤᠨ ᠨᠥᠭᠡᠴᠡ ᠭᠡᠳᠡᠭ ᠪᠠᠶᠢᠨ᠎ᠠ᠃ ᠡᠨᠡ ᠨᠢ ᠡᠳ᠋ ᠍ ᠦᠨ ᠵᠠᠰᠠᠭ ᠤᠨ ᠪᠠᠶᠢᠭᠤᠯᠤᠯᠲᠠ ᠶᠢᠨ ᠦᠨᠳᠦᠰᠦ ᠪᠣᠯᠳᠠᠭ᠃ ᠮᠢᠺᠷᠣ᠋ ᠡᠳ᠋ ᠍ ᠦᠨ ᠵᠠᠰᠠᠭ-ᠡᠳ᠋ ᠍ ᠦᠨ ᠵᠠᠰᠠᠭ ᠤᠨ ᠠᠯᠢ ᠨᠢᠭᠡ ᠡᠳ᠋ ᠡᠰ ᠢ ᠪᠤᠰᠤ ᠪᠦᠬᠦᠯᠢ ᠳᠦ ᠨᠢ ᠠᠪᠴᠤ ᠰᠤᠳᠤᠯᠳᠠᠭ᠃ ᠲᠤᠬᠠᠶᠢᠯᠠᠪᠠᠯ᠂ ᠡᠳ᠋ ᠍ ᠦᠨ ᠵᠠᠰᠠᠭ ᠤᠨ ᠥᠰᠦᠯᠲᠡ᠂ ᠦᠨᠳᠦᠰᠦᠨ ᠦ ᠨᠡᠶᠢᠲᠡ ᠪᠦᠲᠦᠭᠡᠭᠳᠡᠬᠦᠨ᠂ ᠢᠨᠹᠯᠢᠶᠠᠼᠢ᠂ ᠠᠵᠢᠯᠭᠦᠶᠢᠳᠡᠯ᠂ ᠲᠥᠷᠥ ᠶᠢᠨ ᠲᠥᠰᠥᠪ᠂ ᠵᠠᠷᠤᠯ ᠢᠨ ᠬᠡᠮᠵᠢᠶ᠎ᠡ᠂ ᠭᠠᠳᠠᠭᠠᠳᠤ ᠬᠤᠳᠠᠯᠳᠤᠭᠠᠨ ᠤ ᠪᠠᠯᠠᠨᠰ ᠵᠡᠷᠭᠡ ᠨᠢ ᠮᠠᠺᠷᠣ ᠡᠳ᠋ ᠍ ᠦᠨ ᠵᠠᠰᠠᠭ ᠤᠨ ᠰᠤᠳᠤᠯᠬᠤ ᠵᠦᠢᠯ ᠶᠤᠮ᠃ ᠮᠠᠺᠷᠣ ᠲᠦᠪᠰᠢᠨ ᠦ ᠵᠠᠩᠭᠢᠯᠠᠭ᠎ᠠ ᠠᠰᠠᠭᠤᠳᠠᠯ ᠢᠶᠠᠷ ᠭᠣᠣᠯ ᠰᠢᠢᠳᠪᠦᠷᠢ ᠶᠢ ᠵᠠᠰᠠᠭ ᠤᠨ ᠭᠠᠵᠠᠷ ᠭᠠᠷᠭᠠᠵᠤ ᠪᠠᠶᠢᠳᠠᠭ᠃


ᠮᠥᠨ ᠦᠵᠡᠬᠦ[ᠵᠠᠰᠠᠪᠤᠷᠢᠯᠠᠬᠤ | ᠺᠣᠳ᠋ ᠢᠶᠠᠷ ᠵᠠᠰᠠᠬᠣ]

ᠪᠢᠴᠢᠭᠡᠰᠦ