ᠮᠢᠶᠸ

ᠴᠢᠯᠦᠭᠡᠲᠦ ᠨᠡᠪᠲᠡᠷᠬᠡᠢ ᠲᠣᠯᠢ — ᠸᠢᠺᠢᠫᠧᠳᠢᠶ᠎ᠠ ᠠᠴᠠ
ᠬᠠᠷᠠᠶᠢᠬᠤ: ᠤᠳᠤᠷᠢᠳᠬᠤ, ᠬᠠᠶᠢᠯᠲᠠ

ᠮᠢᠶᠸ ᠮᠤᠵᠢ ᠲᠤᠰ ᠮᠤᠵᠢ ᠨᠢ ᠤᠮᠠᠷ᠎ᠠ ᠠᠴᠠ ᠡᠮᠦᠨ᠎ᠡ ᠷᠦᠦ 170 ᠺᠮ᠂ ᠳᠣᠷᠣᠨ᠎ᠠ ᠠᠴᠠ ᠥᠷᠥᠨ᠎ᠡ ᠲᠡᠰᠢ 80 km ᠦᠷᠭᠦᠯᠵᠢᠯᠡᠭᠰᠡᠨ᠂ ᠭᠠᠵᠠᠷ ᠣᠷᠣᠨ ᠤ ᠪᠠᠶᠢᠳᠠᠯ ᠤᠨ ᠬᠤᠪᠢ ᠳᠤ ᠠᠭᠤᠯᠠ᠂ ᠲᠠᠯ᠎ᠠ᠂ ᠬᠥᠨᠳᠡᠢ᠂ ᠡᠯᠡᠰᠦᠨ ᠡᠷᠭᠢ ᠪᠦᠬᠦᠢ ᠳᠠᠯᠠᠢ ᠲᠡᠩᠭᠢᠰ ᠦᠨ ᠡᠷᠭᠢ ᠬᠣᠣᠰᠯᠠᠮᠠᠯ ᠨᠤᠲᠤᠭ ᠲᠠᠢ᠃ ᠨᠤᠲᠤᠭ ᠳᠡᠪᠢᠰᠬᠡᠷ ᠦᠨ ᠬᠡᠮᠵᠢᠶ᠎ᠡ ᠪᠡᠷ 5.776.56 ᠭᠠ ᠠᠭᠠᠳ ᠮᠤᠵᠢᠭᠤᠳᠠ ᠳᠣᠲᠣᠷ᠎ᠠ ᠪᠠᠨ 25 ᠍ ᠳᠦ ᠣᠷᠣᠳᠠᠭ᠂ ᠬᠣᠩᠰᠶᠦ ᠠᠷᠠᠯ ᠤᠨ ᠲᠥᠪ ᠳᠤᠮᠳᠠ ᠬᠡᠰᠡᠭ ᠦᠨ ᠶᠡᠬᠡᠬᠡᠨ ᠲᠣᠬᠢᠷᠠᠮᠵᠢᠲᠠᠢ ᠪᠠᠶᠢᠷᠢᠯᠠᠯ ᠲᠠᠢ᠃ ᠲᠣᠣᠺᠶ᠎ᠠ ᠠᠴᠠ 2,5, ᠺᠶᠣᠣᠲ᠋ᠣ ᠠᠴᠠ 2, ᠣ ᠠᠴᠠᠺᠠ᠂ ᠨᠠᠷᠠᠭ ᠠᠴᠠ 1 ᠴᠠᠭ ᠶᠠᠪᠤᠵᠤ ᠬᠦᠷᠡᠳᠡᠭ᠃ ᠮᠢᠶᠸ ᠮᠤᠵᠢ ᠬᠡᠳᠦᠨ ᠮᠢᠩᠭᠠᠨ ᠤ ᠲᠡᠷᠲᠡᠭᠡ ᠡᠴᠡ 《ᠤᠮᠠᠰᠢᠭᠦ ᠺᠥᠩᠢ》 ᠪᠤᠶᠤ ᠭᠣᠸ᠎ᠠ ᠰᠠᠶᠢᠬᠠᠨ ᠤ ᠡᠬᠡ ᠣᠷᠣᠨ ᠭᠡᠳᠡᠭ ᠢᠶᠡᠷ ᠢᠶᠡᠨ ᠠᠯᠳᠠᠷᠰᠢᠭᠰᠠᠨ ᠨᠢ ᠭᠠᠭᠴᠠᠬᠦ ᠪᠠᠶᠢᠭᠠᠯᠢ ᠶᠢᠨ ᠦᠵᠡᠰᠬᠦᠯᠡᠩ ᠲᠡᠢ ᠨᠢ ᠲᠡᠳᠦᠢ ᠦᠭᠡᠢ ᠵᠠᠷ ᠲᠠᠢ ᠰᠠᠶᠢᠬᠠᠨ ᠬᠣᠭᠣᠯᠠ ᠬᠦᠨᠡᠰᠦ ᠲᠡᠢ ᠨᠢ ᠬᠣᠯᠪᠣᠭ᠎ᠠ ᠲᠠᠢ ᠠᠵᠢ᠃ ᠡᠨᠳᠡ ᠬᠦᠮᠦᠰ ᠠᠩᠬ᠎ᠠ 10 ᠮᠢᠩᠭᠠᠨ ᠵᠢᠯ ᠦᠨ ᠲᠡᠷᠲᠡᠭᠡ ᠰᠠᠭᠤᠷᠢᠰᠢᠭᠰᠠᠨ ᠪᠠ VII ᠵᠠᠭᠤᠨ ᠤ ᠡᠴᠦᠰ ᠢᠶᠡᠷ᠂ ᠺᠣᠹᠦᠨ ᠤ ᠦᠶ᠎ᠡ ᠶᠢᠨ ᠳᠠᠷᠠᠭ᠎ᠠ ᠡᠨᠳᠡ ᠡᠵᠡᠨ ᠬᠠᠭᠠᠨ ᠰᠢᠭᠦ ᠶᠢᠨ ᠣᠷᠳᠣᠨ ᠢ ᠪᠠᠷᠢᠵᠤ ᠪᠣᠰᠬᠠᠭᠰᠠᠨ ᠨᠢ ᠣᠳᠣ ᠶᠢᠨ ᠮᠢᠸᠠ ᠬᠣᠲᠠ ᠪᠣᠯᠤᠨ᠎ᠠ᠃ ᠡᠳ᠋᠎ᠠ ᠶᠢᠨ ᠦᠶ᠎ᠡ ᠳᠦ ᠡᠳᠦᠭᠡ ᠶᠢᠨ ᠮᠤᠵᠢ ᠶᠢᠨ ᠨᠤᠲᠤᠭ ᠳᠡᠪᠢᠰᠬᠡᠷ ᠢ ᠹᠧᠣᠳᠠᠯ ᠤᠨ ᠬᠡᠳᠦ ᠬᠡᠳᠦᠨ ᠡᠵᠡᠮᠰᠢᠯ ᠳᠦ ᠬᠤᠪᠢᠶᠠᠭᠰᠠᠨ ᠠᠭᠠᠳ ᠺᠥᠪᠤᠨ ᠤ ᠪᠣᠯᠤᠨ ᠠᠨᠨᠣᠴᠦ ᠪᠣᠭᠣᠮᠲᠠ ᠶᠢ ᠪᠠᠷᠢᠭᠰᠠᠨ᠂ ᠲᠡᠭᠡᠭᠡᠪᠦᠷᠢ ᠶᠢᠨ ᠭᠣᠣᠯ ᠰᠤᠳᠠᠰᠤ ᠨᠢ ᠲᠣᠣᠺᠠᠶᠢᠳᠠ ᠪᠣᠯᠤᠨ ᠢᠰᠦᠭ ᠵᠣᠷᠢᠬᠤ ᠮᠥᠷᠭᠥᠯᠴᠢᠳ ᠦᠨ ᠵᠠᠮ ᠲᠤᠰ ᠮᠤᠵᠢ ᠪᠠᠷ ᠳᠠᠮᠵᠢᠳᠠᠭ᠃ ᠮᠤᠵᠢ ᠶᠢᠨ ᠦᠢᠯᠡᠳᠪᠦᠷᠢᠯᠡᠯ ᠦᠨ ᠦᠨᠳᠦᠰᠦᠨ ᠬᠦᠴᠦᠨ ᠵᠦᠢᠯ ᠨᠢ ᠣᠢ ᠮᠣᠳᠣ᠂ ᠤᠰᠤᠨ ᠣᠩᠭᠣᠴᠠ᠂ ᠬᠥᠳᠡᠭᠡ ᠠᠵᠤ ᠠᠬᠤᠢ᠂ ᠵᠢᠭᠠᠰᠤ ᠠᠩᠨᠠᠭᠤᠷ ᠤᠨ ᠠᠵᠤ ᠦᠢᠯᠡᠳᠪᠦᠷᠢ ᠶᠤᠮ᠃ ᠮᠢᠶᠸ ᠨᠢ ᠶᠠᠫᠣᠨ ᠳᠠᠶᠠᠭᠠᠷ ᠢᠰᠡ ᠬᠠᠪᠴᠢ᠂ ᠮᠠᠴᠡᠰᠦᠺᠠ ᠶᠢᠨ ᠦᠬᠡᠷ ᠦᠨ ᠮᠢᠬ᠎ᠠ᠂ ᠣᠸᠠᠰᠡ ᠠᠭᠠᠷᠤ ᠪᠠᠷ ᠢᠶᠠᠨ ᠵᠠᠷᠲᠠᠢ ᠶᠢᠨ ᠳᠡᠭᠡᠷ᠎ᠡ ᠰᠤᠪᠤᠳ ᠢᠶᠠᠷ ᠢᠶᠠᠨ ᠪᠣᠯ ᠶᠠᠫᠣᠨ ᠢᠶᠠᠷ ᠲᠣᠭᠲᠠᠬᠤ ᠦᠭᠡᠢ ᠭᠠᠳᠠᠭᠠᠳᠤ ᠶᠢᠷᠲᠢᠨᠴᠦᠳ ᠬᠠᠮᠤᠭ ᠤᠨ ᠶᠡᠬᠡ ᠠᠯᠳᠠᠷᠰᠢᠭᠰᠠᠨ᠃ ᠲᠤᠰ ᠮᠤᠵᠢ ᠳᠤ ᠵᠢᠯ ᠪᠦᠷᠢ ᠠᠰᠤᠷᠤ ᠣᠯᠠᠨ ᠵᠢᠭᠤᠯᠴᠢᠳ ᠶᠠᠫᠣᠨ ᠳᠠᠶᠠᠭᠠᠷ ᠠᠴᠠ ᠪᠣᠯᠤᠨ ᠤᠯᠤᠰ ᠣᠷᠣᠨ ᠨᠤᠭᠤᠳ ᠠᠴᠠ ᠢᠷᠡᠳᠡᠭ᠂ ᠦᠵᠡᠬᠦ ᠴᠤ ᠶᠠᠭᠤᠮᠠᠲᠠᠢ ᠶᠢᠨ ᠡᠩ ᠲᠡᠷᠢᠭᠦᠨ ᠳᠦ ᠪᠠᠶᠢᠭᠠᠯᠢ ᠶᠢᠨ ᠴᠣᠭᠴᠠᠯᠠᠪᠤᠷᠢ ᠨᠤᠭᠤᠳ ᠣᠷᠣᠨ᠎ᠠ᠃ ᠮᠢᠶᠸ ᠳ᠋ᠡᠬᠢ ᠦᠨᠳᠦᠰᠦᠲᠡᠨ ᠦ ᠬᠡᠮᠵᠢᠶᠡᠨ ᠦ 2, ᠮᠤᠵᠢ ᠶᠢᠨ 5 ᠫᠠᠷᠺ ᠨᠡᠶᠢᠲᠡ ᠨᠤᠲᠤᠭ ᠳᠡᠪᠢᠰᠬᠡᠷ ᠦᠨ 1\3 ᠍ ᠶᠢ ᠡᠵᠡᠯᠡᠳᠡᠭ᠃ ᠳᠠᠷᠠᠭ᠎ᠠ ᠨᠢ ᠲᠡᠦᠬᠡ ᠰᠤᠶᠤᠯ ᠤᠨ ᠳᠤᠷᠠᠰᠬᠠᠯ ᠤᠳ ᠣᠷᠣᠨ᠎ᠠ᠃ ᠡᠨᠳᠡ ᠲᠠ ᠰᠢᠩᠲᠠ ᠱᠠᠰᠢᠨ ᠤ ᠭᠣᠣᠯ ᠰᠢᠲᠦᠭᠡᠨ ᠪᠣᠯᠬᠤ ᠳᠡᠯᠡᠬᠡᠢ ᠳᠦ ᠠᠯᠳᠠᠷᠲᠠᠢ ᠢᠰᠡ ᠰᠦᠮ᠎ᠡ᠂ ᠨᠢᠩᠵᠢᠶᠠᠭ ᠢᠶᠠᠷ ᠢᠶᠠᠨ ᠵᠠᠷ ᠲᠠᠢ ᠢᠭᠠ ᠨᠤᠲᠤᠭ᠂ ᠱᠤᠩᠪᠠᠭᠴᠢ ᠬᠡᠦᠬᠡᠨ ᠨᠦᠭᠦᠳ ᠠᠮ᠎ᠠ᠂ ᠮᠢᠺᠢᠮᠣᠲ᠋ᠣ ᠠᠷᠠᠯ ᠳᠡᠭᠡᠷᠡᠬᠢ ᠰᠤᠪᠤᠳᠠᠨ ᠤ ᠹᠧᠷᠮ᠂ ᠦᠵᠡᠨᠠ ᠴᠠᠶᠢᠵᠠ ᠭᠡᠳ ᠣᠯᠠᠨ ᠭᠠᠵᠠᠷ ᠢ ᠦᠵᠡᠵᠦ ᠬᠠᠷᠠᠬᠤ ᠪᠣᠯᠤᠮᠵᠢ ᠲᠠᠢ᠃ ᠲᠤᠰ ᠳᠡᠭᠦᠷᠭᠡ ᠳᠤᠷᠠᠰᠬᠠᠯᠲᠤ ᠭᠠᠵᠠᠷ ᠤᠳ ᠠᠴᠠ ᠪᠠᠨ ᠭᠠᠳᠠᠨ᠎ᠠ ᠠᠯᠳᠠᠷ ᠴᠤᠤᠲᠠᠢ ᠬᠦᠮᠦᠰ ᠢᠶᠡᠷ ᠢᠶᠡᠨ ᠨᠡᠷ᠎ᠡ ᠳᠦ ᠭᠠᠷᠤᠭᠰᠠᠨ ᠠᠭᠠᠳ ᠬᠠᠶᠢᠺᠦ ᠰᠢᠯᠦᠭ ᠢᠶᠡᠷ ᠢᠶᠡᠨ ᠠᠯᠳᠠᠷᠰᠢᠭᠰᠠᠨ ᠨᠠᠶᠢᠷᠠᠭᠴᠢ ᠮᠠᠼᠣ ᠪᠠᠰᠶ᠎ᠠ᠂ mitsui corp ᠍ ᠦᠨ ᠦᠨᠳᠦᠰᠦᠯᠡᠭᠴᠢ ᠲᠠᠺᠠᠲ᠋ᠣᠰᠢ ᠮᠢᠼᠢ᠂ ᠬᠣᠺᠠᠶᠢᠳᠠ ᠠᠷᠠᠯ ᠤᠨ ᠨᠡᠷ᠎ᠡ ᠶᠢ ᠨᠢ ᠥᠭᠭᠦᠭᠰᠡᠨ ᠠᠯᠳᠠᠷᠲᠠᠢ ᠠᠶᠠᠯᠠᠭᠴᠢ ᠲᠠᠺᠡᠰᠢ ᠮᠠᠴᠡᠦᠷᠠ᠂ ᠰᠤᠪᠤᠳᠠᠨ ᠤ ᠹᠧᠷᠮ ᠢ ᠦᠨᠳᠦᠰᠦᠯᠡᠭᠴᠢ ᠺᠣᠺᠢᠴᠢ ᠮᠢᠺᠢᠮᠣᠲ᠋ᠣ ᠭᠡᠳ ᠣᠯᠠᠨ ᠠᠯᠳᠠᠷᠠᠨ ᠨᠤᠭᠤᠳ ᠴᠤᠬᠤᠮ ᠡᠨᠳᠡ ᠲᠥᠷᠦᠵᠢᠭᠡ᠃ ᠮᠤᠵᠢ ᠶᠢᠨ ᠰᠦᠯᠳᠡ ᠲᠡᠮᠳᠡᠭᠡᠨ ᠳᠡᠭᠡᠷ᠎ᠡ ᠬᠢᠷᠤᠭᠤᠨ᠎ᠠ ᠴᠠᠭᠠᠨ ᠲᠣᠯᠣᠭᠠᠢ ᠶᠢᠨ 《ᠮᠢ》 ᠦᠶ᠎ᠡ ᠶᠢ ᠤᠷᠠᠨ ᠢᠶᠠᠷ ᠤᠭᠠᠯᠵᠠᠯᠠᠭᠤᠯᠤᠨ ᠳᠦᠷᠰᠦᠯᠡᠭᠰᠡᠨ ᠨᠢ ᠮᠤᠵᠢ ᠶᠢᠨ ᠨᠡᠷᠡᠨ ᠦ ᠡᠬᠢᠨ ᠦ ᠦᠶ᠎ᠡ ᠪᠣᠯᠤᠨ᠎ᠠ᠃ ᠰᠤᠮᠤ ᠬᠡᠯᠪᠡᠷᠢ ᠶᠢᠨ ᠭᠤᠷᠪᠠᠯᠵᠢᠨ ᠨᠢ ᠬᠥᠭᠵᠢᠯ ᠳᠡᠪᠰᠢᠯ ᠢ᠂ ᠳᠤᠭᠤᠢ ᠬᠡᠰᠡᠭ ᠨᠢ ᠠᠯᠳᠠᠷᠲᠤ ᠰᠤᠪᠤᠳᠠᠨ ᠤ ᠦᠢᠯᠡᠳᠪᠦᠷᠢᠯᠡᠯ ᠢ ᠪᠡᠯᠭᠡᠳᠡᠨ᠎ᠡ᠃

http://wiki.uhaan.com/index.php?title=ᠮᠢᠶᠸ&oldid=277243》 ᠍  ᠡᠴᠡ ᠠᠪᠤᠭᠰᠠᠨ

ᠪᠢᠴᠢᠭᠡᠰᠦ