ᠮᠢᠯᠤᠰ ᠣᠪᠢᠯᠢᠴᠢ

ᠴᠢᠯᠦᠭᠡᠲᠦ ᠨᠡᠪᠲᠡᠷᠬᠡᠢ ᠲᠣᠯᠢ — ᠸᠢᠺᠢᠫᠧᠳᠢᠶ᠎ᠠ ᠠᠴᠠ
ᠬᠠᠷᠠᠶᠢᠬᠤ: ᠤᠳᠤᠷᠢᠳᠬᠤ, ᠬᠠᠶᠢᠯᠲᠠ

ᠮᠢᠯᠤᠰ ᠣᠪᠢᠯᠢᠴᠢ ᠪᠤᠶᠤ ᠺᠣᠪᠢᠯᠢᠴᠢ (ᠰᠧᠷᠪ ᠬᠡᠯᠡ:ᠮᠢᠯᠤᠰ ᠣᠪᠢᠯᠢћ) ᠨᠢ ᠽᠧᠲ᠋ᠠ ᠮᠤᠵᠢ ᠪᠤᠶᠤ ᠥᠨᠥ ᠶᠢᠨ ᠮᠣᠨᠲ᠋ᠧᠨᠧᠭᠷᠣ᠋ ᠶᠢ ᠠᠴᠠ ᠭᠠᠷᠤᠯ ᠲᠠᠢ ᠬᠥᠯᠥᠭ ᠪᠠᠭᠠᠲᠤᠷ ᠪᠥᠭᠡᠳ ᠰᠧᠷᠪᠢ ᠶᠢᠨ ᠡᠵᠡᠨᠲᠦ ᠤᠯᠤᠰᠲᠦᠷᠺᠡᠶᠢᠨ ᠣᠳᠲᠠᠮᠠᠨ ᠤ ᠡᠵᠡᠨᠲᠦ ᠤᠯᠤᠰᠲᠠᠢ ᠬᠢᠭᠰᠡᠨ ᠺᠣᠰᠪᠤᠭ ᠤᠨ ᠲᠤᠯᠤᠭᠠᠨ ᠳᠤ ᠰᠤᠯᠲᠠᠨ ᠮᠤᠷ ᠲᠤ I ᠍ ᠢ ᠬᠥᠨᠥᠭᠡᠭᠰᠡᠨ ᠢᠶᠡᠷ ᠢᠶᠡᠨ ᠶᠡᠬᠡᠳᠡ ᠠᠯᠳᠠᠷᠰᠢᠭᠰᠠᠨ ᠬᠦᠮᠦᠨ ᠶᠤᠮ᠃ ᠲᠡᠷᠡᠪᠡᠷ ᠽᠧᠲ᠋ᠠ ᠶᠢᠨ ᠪᠠᠯᠠᠰᠢᠴᠢ ᠶᠢᠨ ᠣᠷᠳᠣᠨ ᠤ ᠵᠠᠬᠢᠷᠤᠭᠴᠢ ᠳᠵᠢᠷᠤᠳᠠᠵᠤ II ᠰᠲᠷᠠᠼᠢᠮᠢᠷᠣᠸᠢᠴᠢ ᠶᠢᠨ ᠬᠥᠯᠥᠭ ᠪᠠᠭᠠᠲᠤᠷ ᠪᠠᠶᠢᠭᠰᠠᠨ ᠭᠡᠬᠦ ᠪᠥᠭᠡᠳ ᠺᠣᠰᠪᠤᠭ ᠤᠨ ᠲᠤᠯᠤᠭᠠᠨ ᠳᠤ ᠣᠷᠣᠯᠴᠠᠭᠰᠠᠨ ᠠᠴᠠ ᠥᠭᠡᠷ᠎ᠡ ᠪᠡᠷ ᠲᠡᠭᠦᠨ ᠦ ᠲᠠᠯ᠎ᠠ ᠪᠠᠷ ᠬᠢ ᠮᠡᠳᠡᠭᠡᠯᠡᠯ ᠲᠤᠩ ᠬᠣᠪᠣᠷ ᠪᠠᠶᠢᠳᠠᠭ᠃ ᠰᠧᠷᠪᠡᠶᠢᠨ ᠳᠣᠮᠣᠭᠣᠴᠢᠯᠠᠭᠰᠠᠨ ᠲᠤᠤᠯᠢᠰ᠂ ᠢᠷᠠᠭᠤ ᠨᠠᠶᠢᠷᠠᠭ ᠤᠨ ᠪᠦᠲᠦᠭᠡᠯ ᠦᠳ ᠲᠦ ᠣᠪᠢᠯᠢᠴᠢ ᠶᠢᠨ ᠲᠠᠯ᠎ᠠ ᠪᠠᠷ ᠮᠠᠰᠢ ᠶᠡᠬᠡ ᠭᠠᠷᠳᠠᠭ᠃ ᠲᠡᠭᠦᠨ ᠢ ᠭᠡᠭᠡᠨ ᠭᠧᠣᠷᠭ᠎ᠠ ᠶᠢᠨ ᠯᠤᠤᠨ ᠤ ᠨᠡᠶᠢᠭᠡᠮᠯᠢᠭᠡᠶᠢᠭ ᠦᠨᠳᠦᠰᠦᠯᠡᠭᠴᠢ – ᠬᠥᠯᠥᠭ ᠪᠠᠭᠠᠲᠤᠷ ᠪᠠᠶᠢᠭᠰᠠᠨ ᠭᠡᠬᠦ ᠳᠣᠮᠣᠭ ᠪᠠᠶᠢᠳᠠᠭ ᠴᠤ ᠡᠨᠡ ᠨᠡᠶᠢᠭᠡᠮᠯᠢᠭ ᠢ ᠬᠠᠩᠭᠠᠷᠢ ᠍ ᠤᠨ ᠬᠠᠭᠠᠨ ᠰᠢᠭᠢᠰᠦᠮᠤᠨ ᠳᠤ ᠦᠨᠳᠦᠰᠦᠯᠡᠭᠰᠡᠨ ᠭᠡᠳᠡᠭ ᠨᠢ ᠪᠠᠲᠤᠯᠠᠭᠳᠠᠭᠰᠠᠨ ᠪᠠᠶᠢᠳᠠᠭ ᠪᠠᠶᠢᠨ᠎ᠠ᠃ ᠡᠨᠡ ᠨᠡᠶᠢᠭᠡᠮᠯᠢᠭ ᠦᠨ ᠳᠠᠶᠢᠴᠢᠳ ᠤᠨ ᠪᠠᠮᠪᠠᠢ ᠳᠡᠭᠡᠷ᠎ᠡ ᠨᠢ ᠨᠠᠷ ᠤᠨ 12 ᠰᠠᠴᠤᠷᠠᠭ ᠢ ᠳᠦᠷᠰᠦᠯᠡᠭᠰᠡᠨ ᠪᠠᠶᠢᠳᠠᠭ ᠪᠠ ᠲᠡᠭᠦᠨ ᠳᠡᠭᠡᠷ᠎ᠡ ᠨᠢ ᠣᠪᠢᠯᠢᠴᠢ ᠶᠢ ᠣᠷᠣᠭᠤᠯᠤᠭᠰᠠᠨ 12 ᠬᠥᠯᠥᠭ ᠪᠠᠭᠠᠲᠤᠷ ᠢ ᠳᠦᠷᠰᠦᠯᠡᠭᠰᠡᠨ ᠪᠠᠶᠢᠳᠠᠭ ᠪᠠᠶᠢᠪᠠ᠃ ᠲᠡᠳᠡᠨ ᠦ ᠳᠤᠭᠤᠯᠠᠭ᠎ᠠ ᠨᠢ ᠯᠤᠤᠨ ᠤ ᠳᠦᠷᠰᠦ ᠲᠡᠢ ᠪᠠᠶᠢᠳᠠᠭ ᠪᠥᠭᠡᠳ ᠡᠨᠡ ᠨᠢ ᠮᠤᠷ ᠲᠤ I ᠰᠤᠯᠲᠠᠨ ᠤ ᠦᠬᠦᠯ ᠢ ᠪᠡᠯᠡᠭᠳᠡᠭᠰᠡᠨ ᠪᠠᠶᠢᠳᠠᠭ ᠠᠵᠢ᠃ ᠡᠨᠡ ᠨᠡᠶᠢᠭᠡᠮᠯᠢᠭ ᠦᠨ ᠬᠥᠯᠥᠭ ᠪᠠᠭᠠᠲᠤᠷ ᠤᠳ ᠢ ᠧᠦ᠋ᠷᠣᠫᠠ ᠍ ᠤᠨ ᠲᠡᠦᠬᠡᠨ ᠳ᠋ᠡᠬᠢ ᠬᠠᠮᠤᠭ ᠤᠨ ᠬᠦᠴᠦᠷᠬᠡᠭ ᠬᠥᠯᠥᠭ ᠪᠠᠭᠠᠲᠤᠷ ᠤᠳ ᠭᠡᠵᠦ ᠨᠡᠷᠡᠯᠡᠳᠡᠭ ᠪᠠᠶᠢᠨ᠎ᠠ᠃

ᠳᠣᠮᠣᠭᠲᠤ[ᠵᠠᠰᠠᠪᠤᠷᠢᠯᠠᠬᠤ | ᠺᠣᠳ᠋ ᠢᠶᠠᠷ ᠵᠠᠰᠠᠬᠣ]

ᠠᠷᠠᠳ ᠤᠨ ᠳᠣᠮᠣᠭ᠂ ᠦᠯᠢᠭᠡᠷ᠂ ᠲᠤᠤᠯᠢᠰ ᠲᠤ ᠮᠢᠯᠤᠰ ᠬᠦᠦ ᠲᠥᠷᠥᠬᠦ ᠳᠦ ᠪᠡᠨ ᠯᠠ ᠶᠡᠷᠦ ᠪᠤᠰᠤ ᠶᠢᠨ ᠣᠨᠴᠠᠭᠠᠢ ᠪᠠᠶᠢᠵᠠᠢ ᠭᠡᠵᠦ ᠭᠠᠷᠳᠠᠭ ᠪᠠᠶᠢᠨ᠎ᠠ᠃ ᠲᠡᠭᠦᠨ ᠦ ᠡᠬᠡ ᠨᠢ ᠰᠠᠶᠢᠨ ᠰᠠᠨᠠᠭᠠᠲᠤ ᠰᠢᠳᠢᠲᠡᠨ ᠪᠠᠶᠢᠭᠰᠠᠨ ᠡᠰᠡᠪᠡᠯ ᠡᠴᠢᠭᠡ ᠨᠢ ᠯᠤᠤ ᠪᠠᠶᠢᠭᠰᠠᠨ ᠭᠡᠬᠦ ᠠᠵᠡᠢ᠃ ᠲᠡᠷᠡ ᠪᠡᠷ ᠭᠡᠭᠦᠦᠨ ᠦ ᠰᠦ᠋ ᠍ ᠪᠡᠷ ᠲᠡᠵᠢᠭᠡᠯᠭᠡᠵᠦ ᠥᠰᠦᠭᠰᠡᠨ ᠪᠠᠶᠢᠨ᠎ᠠ᠃ ᠮᠢᠯᠠᠨ ᠲᠣᠫᠯᠢᠺᠠ᠂ ᠢᠸᠠᠩ ᠺᠣᠰᠢᠨᠵᠤᠴᠢ ᠭᠡᠬᠦ ᠬᠥᠯᠥᠭ ᠪᠠᠭᠠᠲᠤᠷ ᠠᠬ᠎ᠠ ᠨᠠᠷᠠᠲᠠᠢ ᠪᠠᠶᠢᠭᠰᠠᠨ ᠪᠠ ᠡᠬᠡᠨᠡᠷ ᠨᠢ ᠬᠤᠩᠲᠠᠶᠢᠵᠢ ᠯᠠᠵᠠᠷ ᠍ ᠤᠨ ᠥᠬᠢᠨ ᠮᠠᠷᠠ ᠪᠠᠶᠢᠭᠰᠠᠨ ᠠᠵᠢ᠃ ᠣᠪᠢᠯᠢᠴᠢ ᠶᠢᠨ ᠦᠨᠡᠨᠴᠢ ᠬᠦᠯᠢᠭ ᠢ ᠽᠵᠢᠷᠠᠯ ᠭᠡᠳᠡᠭ ᠠᠵᠡᠢ᠃

ᠺᠣᠰᠪᠤᠭ ᠤᠨ ᠲᠤᠯᠤᠭᠠᠨ[ᠵᠠᠰᠠᠪᠤᠷᠢᠯᠠᠬᠤ | ᠺᠣᠳ᠋ ᠢᠶᠠᠷ ᠵᠠᠰᠠᠬᠣ]

ᠭᠷᠧᠭᠣᠷᠢᠶᠠᠨ ᠤ ᠲᠣᠭᠠᠯᠠᠯ ᠤᠨ 1389 ᠣᠨ ᠤ 6 ᠰᠠᠷ᠎ᠠ ᠶᠢᠨ 28 ᠍ ᠳᠦ (ᠶᠦᠯ ᠦᠨ ᠲᠣᠭᠠᠯᠠᠯ ᠤᠨ 6 ᠰᠠᠷ᠎ᠠ ᠶᠢᠨ 15) ᠠᠯᠳᠠᠷᠲᠤ ᠺᠣᠰᠪᠤᠭ ᠤᠨ ᠲᠤᠯᠤᠭᠠᠨ ᠪᠣᠯᠵᠠᠢ᠃

ᠴᠠᠷᠢ ᠰᠲ᠋ᠧᠹᠠᠨ ᠯᠠᠵᠠᠷ ᠢᠶᠠᠷ ᠤᠳᠤᠷᠢᠳᠤᠭᠤᠯᠤᠭᠰᠠᠨ ᠰᠧᠷᠪᠢ ᠍ ᠶᠢᠨ ᠬᠣᠯᠪᠣᠭ᠎ᠠ 3 ᠣᠷᠴᠢᠮ ᠲᠦᠮᠡᠨ ᠴᠡᠷᠢᠭ ᠲᠡᠢ ᠪᠠᠶᠢᠭᠰᠠᠨ ᠪᠣᠯ ᠲᠦᠷᠺ ᠦᠳ ᠰᠤᠯᠲᠠᠨ I ᠮᠤᠷ ᠲᠤ ᠢᠶᠠᠷ ᠤᠳᠤᠷᠢᠳᠤᠭᠤᠯᠤᠭᠰᠠᠨ 4 ᠲᠦᠮᠡᠨ ᠴᠡᠷᠢᠭ ᠲᠡᠢ ᠬᠦᠷᠦᠯᠴᠡᠨ ᠢᠷᠡᠵᠡᠭᠡᠵᠢ ᠪᠡᠨ᠃ ᠲᠤᠯᠤᠭᠠᠨ ᠢ ᠲᠦᠷᠺ ᠤᠨ ᠬᠠᠷᠪᠤᠭᠠᠴᠢᠳ ᠰᠧᠷᠪᠢ ᠶᠢᠨ ᠬᠦᠨᠳᠦ ᠮᠣᠷᠢᠨ ᠠᠩᠭᠢ ᠷᠤ ᠰᠤᠮᠤᠨ ᠮᠥᠨᠳᠥᠷ ᠪᠠᠭᠤᠯᠭᠠᠭᠰᠠᠨ ᠢᠶᠠᠷ ᠡᠬᠢᠯᠡᠭᠦᠯᠦᠭᠰᠡᠨ ᠪᠠᠶᠢᠨ᠎ᠠ᠃ ᠰᠧᠷᠪᠢ ᠶᠢᠨ ᠬᠥᠯᠥᠭ ᠪᠠᠭᠠᠲᠤᠷ ᠤᠳ V ᠬᠡᠯᠪᠡᠷᠢ ᠶᠢᠨ ᠵᠢᠭ᠌ᠰᠠᠭᠠᠯ ᠡᠭᠦᠰᠬᠡᠨ ᠳᠣᠪᠲᠣᠯᠵᠤ᠂ ᠳᠠᠶᠢᠰᠤᠨ ᠤ ᠪᠠᠨ ᠵᠡᠭᠦᠨ ᠵᠢᠭᠦᠷ ᠶᠠᠺᠦᠪ ᠺᠧᠯᠧᠪᠡᠶᠢᠨ ᠠᠩᠭᠢ ᠶᠢ ᠪᠤᠲᠠ ᠨᠢᠷᠭᠡᠭᠰᠡᠨ ᠴᠤ ᠮᠤᠷᠠᠳ ᠤᠨ ᠬᠦᠦ ᠢᠷᠡᠭᠡᠳᠦᠢ ᠶᠢᠨ ᠰᠤᠯᠲᠠᠨ I ᠪᠠᠶᠠᠽᠢ ᠳᠤ ᠍ ᠤᠨ ᠤᠳᠤᠷᠢᠳᠤᠭᠰᠠᠨ ᠲᠥᠪ ᠪᠣᠯᠤᠨ ᠪᠠᠷᠠᠭᠤᠨ ᠵᠢᠭᠦᠷ ᠲᠦ ᠠᠮᠵᠢᠯᠲᠠ ᠣᠯᠤᠭᠰᠠᠨ ᠦᠭᠡᠢ᠃ ᠲᠦᠷᠺ ᠤᠳ ᠬᠥᠯᠥᠭ ᠪᠠᠭᠠᠲᠤᠷ ᠤᠳ ᠤᠨ ᠳᠠᠭᠠᠷᠢᠯᠲᠠ ᠶᠢ ᠨᠢᠴᠤᠭᠠᠮᠠᠭᠴᠠ ᠪᠠᠨ ᠰᠥᠷᠭᠦ ᠳᠣᠪᠲᠣᠯᠭᠠᠨ ᠢ ᠡᠬᠢᠯᠡᠭᠦᠯᠪᠡ᠃ ᠡᠨᠡ ᠳᠣᠪᠲᠣᠯᠭ᠎ᠠ ᠨᠢ ᠰᠧᠷᠪᠢ ᠶᠢᠨ ᠠᠷᠮᠢ ᠶᠢ ᠪᠤᠲᠠ ᠨᠢᠷᠭᠡᠵᠦ᠂ ᠪᠠᠯᠺᠠᠨ ᠳᠤ ᠲᠦᠷᠺ ᠤᠨ ᠨᠣᠶᠠᠷᠬᠠᠯ ᠲᠣᠭᠲᠠᠵᠤ ᠪᠠᠶᠢᠭ᠎ᠠ ᠶᠢ ᠲᠤᠩᠬᠠᠭᠯᠠᠭᠰᠠᠨ ᠪᠠᠶᠢᠨ᠎ᠠ᠃ ᠲᠦᠷᠺ ᠤᠳ ᠤᠨ ᠪᠠᠶᠢᠯᠳᠤᠭᠠᠨ ᠤ ᠵᠡᠪᠰᠡᠭᠯᠡᠯ ᠰᠧᠷᠪ ᠦᠳ ᠡᠴᠡ ᠳᠠᠪᠠᠭᠤ ᠪᠠᠶᠢᠳᠠᠯ ᠲᠠᠢ ᠪᠠᠶᠢᠭᠰᠠᠨ ᠨᠢ ᠡᠨᠡ ᠲᠤᠯᠤᠭᠠᠨ ᠤ ᠦᠷ᠎ᠡ ᠳ᠋ᠦᠩ ᠢ ᠰᠢᠭᠤᠳ ᠲᠣᠳᠣᠬᠣᠶᠢᠯᠠᠭᠰᠠᠨ ᠪᠥᠭᠡᠳ ᠮᠠᠰᠢ ᠬᠦᠴᠢᠲᠡᠢ᠂ ᠬᠤᠷᠳᠤ ᠲᠠᠢ᠂ ᠠᠮᠵᠢᠯᠲᠠ ᠲᠠᠢ ᠰᠥᠷᠭᠦ ᠳᠣᠪᠲᠣᠯᠭᠠᠨ ᠢ ᠤᠳᠤᠷᠢᠳᠤᠭᠰᠠᠨ ᠪᠠᠶᠠᠽᠢ ᠳᠤ ᠰᠤᠯᠲᠠᠨ 《ᠠᠶᠤᠩᠭ᠎ᠠ》 ᠨᠡᠷ᠎ᠡ ᠶᠢ ᠠᠪᠴᠠᠢ᠃ ᠲᠦᠷᠺ ᠤᠨ ᠲᠡᠦᠬᠡᠨ ᠳᠦ ᠲᠡᠮᠳᠡᠭᠯᠡᠭᠰᠡᠨ ᠢᠶᠡᠷ ᠮᠤᠷ ᠲᠤ ᠰᠤᠯᠲᠠᠨ ᠲᠤᠯᠤᠯᠳᠤᠭᠠᠨ ᠤ ᠳᠠᠷᠠᠭ᠎ᠠ ᠳᠠᠶᠢᠨ ᠤ ᠲᠠᠯᠠᠪᠤᠷ ᠲᠤ ᠠᠯᠬᠤᠵᠤ ᠪᠠᠶᠢᠬᠤ ᠳᠤ᠂ ᠦᠬᠦᠭᠰᠡᠨ ᠳᠦᠷᠢ ᠦᠵᠡᠭᠦᠯᠦᠨ ᠬᠡᠪᠲᠡᠵᠦ ᠪᠠᠶᠢᠭᠰᠠᠨ ᠰᠧᠷᠪᠢ ᠴᠡᠷᠢᠭ ᠮᠢᠯᠤᠰ ᠭᠡᠨᠡᠳᠡᠭᠦᠯᠦᠨ ᠳᠠᠭᠠᠷᠢᠵᠤ ᠬᠥᠨᠥᠭᠡᠭᠰᠡᠨ ᠭᠡᠵᠦ ᠪᠢᠴᠢᠭᠰᠡᠨ ᠪᠠᠶᠢᠳᠠᠭ ᠪᠣᠯ ᠰᠧᠷᠪᠢ ᠶᠢᠨ ᠡᠬᠢ ᠰᠤᠷᠪᠤᠯᠵᠢ ᠨᠤᠭᠤᠳ ᠲᠤ ᠮᠢᠯᠤᠰ ᠣᠪᠢᠯᠢᠴᠢ ᠲᠤᠯᠤᠭᠠᠨ ᠤ ᠳᠠᠷᠤᠭ᠎ᠠ ᠪᠠᠭᠤᠵᠤ ᠥᠭᠬᠦ ᠪᠡᠷ ᠲᠦᠷᠺ ᠤᠨ ᠴᠡᠷᠢᠭ ᠦᠨ ᠬᠤᠸᠠᠷᠠᠨ ᠳᠤ ᠣᠷᠣᠵᠤ᠂ ᠮᠤᠷᠠᠳ ᠤᠨ ᠡᠮᠦᠨ᠎ᠡ ᠰᠥᠭᠥᠳᠦᠨ ᠪᠠᠭᠤᠵᠤ ᠥᠭᠴᠦ ᠪᠠᠶᠢᠭ᠎ᠠ ᠳᠦᠷᠢ ᠡᠰᠬᠡᠵᠦ ᠪᠠᠶᠢᠬᠤ ᠳᠤ ᠪᠠᠨ ᠥᠪᠡᠷ ᠲᠦ ᠣᠯᠳᠠᠭᠰᠠᠨ ᠪᠣᠯᠤᠮᠵᠢ ᠶᠢ ᠠᠰᠢᠭᠯᠠᠨ ᠭᠡᠳᠡᠰᠦ ᠷᠦᠦ ᠬᠢᠲᠤᠭᠠᠯᠠᠨ ᠬᠣᠷᠢᠶᠠᠭᠰᠠᠨ ᠭᠡᠳᠡᠭ ᠪᠠᠶᠢᠨ᠎ᠠ᠃ ᠲᠡᠭᠦᠨ ᠢ ᠰᠤᠯᠲᠠᠨ ᠤ ᠪᠡᠶ᠎ᠡ ᠬᠠᠮᠠᠭᠠᠯᠠᠭᠴᠢᠳ ᠨᠡᠩ ᠳᠠᠷᠤᠢ ᠬᠣᠷᠢᠶᠠᠭᠰᠠᠨ ᠴᠤ ᠮᠤᠷ ᠲᠤ I ᠰᠤᠯᠲᠠᠨ ᠨᠢᠭᠡᠨᠲᠡ ᠨᠠᠰᠤ ᠡᠴᠦᠰᠯᠡᠨ ᠪᠠᠶᠢᠨ᠎ᠠ᠃ ᠰᠤᠯᠲᠠᠨ ᠤ ᠦᠬᠦᠯ ᠢ ᠳᠠᠭᠤᠯᠠᠭᠠᠳ ᠠᠯᠪᠠᠨ ᠪᠤᠰᠤ ᠪᠠᠷ ᠵᠠᠯᠭᠠᠮᠵᠢᠯᠠᠭᠴᠢ ᠭᠡᠵᠦ ᠲᠣᠳᠣᠷᠬᠠᠶᠢᠯᠠᠭᠳᠠᠵᠤ ᠪᠠᠶᠢᠭᠰᠠᠨ ᠲᠣᠮᠣ ᠬᠦᠦ ᠶᠠᠺᠦᠪ ᠨᠢ ᠲᠤᠯᠤᠭᠠᠨ ᠤ ᠲᠠᠯᠠᠪᠤᠷ ᠠᠴᠠ ᠶᠠᠭᠠᠷᠠᠨ ᠪᠤᠴᠠᠵᠤ ᠢᠷᠡᠭᠰᠡᠨ ᠴᠤ I ᠪᠠᠶᠠᠽᠢ ᠳᠤ ᠲᠡᠭᠦᠨ ᠢ ᠬᠣᠷᠢᠶᠠᠵᠤ ᠬᠠᠭᠠᠨ ᠰᠢᠷᠡᠭᠡᠨ ᠳᠦ ᠥᠪᠡᠷ ᠢᠶᠡᠨ ᠰᠠᠭᠤᠭᠰᠠᠨ ᠭᠡᠳᠡᠭ᠃

ᠠᠷᠠᠳ ᠲᠦᠮᠡᠨ ᠦ ᠤᠷᠠᠨ ᠰᠡᠳᠬᠢᠮᠵᠢ ᠶᠢᠨ ᠳᠦᠷᠰᠦᠯᠡᠯ ᠪᠣᠯᠤᠭᠰᠠᠨ ᠨᠢ[ᠵᠠᠰᠠᠪᠤᠷᠢᠯᠠᠬᠤ | ᠺᠣᠳ᠋ ᠢᠶᠠᠷ ᠵᠠᠰᠠᠬᠣ]

ᠺᠣᠰᠪᠤᠭ ᠤᠨ ᠲᠤᠯᠤᠭᠠᠨ ᠤ ᠳᠠᠷᠤᠭ᠎ᠠ ᠪᠣᠯᠤᠭᠰᠠᠨ ᠡᠨᠡ ᠶᠠᠪᠤᠳᠠᠯ ᠨᠢ ᠰᠧᠷᠪ ᠲᠡᠳᠦᠢ ᠦᠭᠡᠢ ᠡᠮᠦᠨᠡᠲᠦ ᠰᠯᠠᠸᠶᠠᠨᠴᠤᠳ ᠤᠨ ᠦᠨᠳᠦᠰᠦᠨ ᠦ ᠤᠬᠠᠮᠰᠠᠷ᠂ ᠲᠡᠦᠬᠡ᠂ ᠤᠷᠠᠯᠢᠭ᠂ ᠢᠷᠠᠭᠤ ᠨᠠᠶᠢᠷᠠᠭ ᠲᠤ ᠭᠦᠨ ᠲᠤᠰᠬᠠᠯ ᠢᠶᠠᠨ ᠣᠯᠤᠭᠰᠠᠨ ᠪᠠᠶᠢᠳᠠᠭ᠃ ᠮᠢᠯᠤᠰ ᠣᠪᠢᠯᠢᠴᠢ ᠶᠢᠨ ᠡᠨᠡ ᠦᠢᠯᠡᠳᠦᠯ ᠨᠢ ᠢᠰᠯᠠᠮ ᠍ ᠤᠨ ᠳᠠᠷᠤᠯᠠᠯ ᠤᠨ ᠡᠰᠡᠷᠬᠦ ᠾᠷᠢᠰᠤᠰ ᠤᠨ ᠱᠠᠰᠢᠨ ᠲᠤ ᠠᠷᠠᠳ ᠲᠦᠮᠡᠨ ᠦ ᠪᠡᠨ ᠲᠥᠯᠥᠭᠡ ᠥᠪᠡᠷ ᠢ ᠪᠡᠨ ᠵᠣᠷᠢᠭᠤᠯᠤᠭᠰᠠᠨ ᠡᠷ᠎ᠡ ᠵᠣᠷᠢᠭ ᠤᠨ ᠢᠯᠡᠷᠬᠡᠶᠢᠯᠡᠯ ᠪᠣᠯᠤᠭᠰᠠᠨ ᠪᠥᠭᠡᠳ ᠮᠢᠯᠣᠰᠢ ᠶᠢ ᠡᠷᠬᠡ ᠴᠢᠯᠦᠭᠡᠨ ᠦ ᠲᠥᠯᠥᠭᠡ ᠲᠡᠮᠡᠴᠡᠭᠴᠢ᠂ ᠣᠶᠤᠨ ᠰᠠᠨᠠᠭᠠᠨ ᠤ ᠤᠳᠤᠷᠢᠳᠤᠭᠴᠢ ᠪᠠᠨ ᠬᠡᠮᠡᠨ ᠦᠵᠡᠬᠦ ᠪᠣᠯᠤᠭᠰᠠᠨ ᠪᠠᠶᠢᠨ᠎ᠠ᠃

ᠪᠢᠴᠢᠭᠡᠰᠦ