ᠮᠢᠩ ᠤᠯᠤᠰ

ᠴᠢᠯᠦᠭᠡᠲᠦ ᠨᠡᠪᠲᠡᠷᠬᠡᠢ ᠲᠣᠯᠢ — ᠸᠢᠺᠢᠫᠧᠳᠢᠶ᠎ᠠ ᠠᠴᠠ
ᠬᠠᠷᠠᠶᠢᠬᠤ: ᠤᠳᠤᠷᠢᠳᠬᠤ, ᠬᠠᠶᠢᠯᠲᠠ
ᠮᠢᠩ ᠤᠯᠤᠰ ᠤᠨ ᠠᠩᠬᠠᠨ ᠤ ᠬᠠᠭᠠᠨ ᠬᠦᠮᠦᠨᠢ ᠦ (1368–1398) ᠍ ᠦᠨ ᠬᠥᠷᠥᠭ
ᠬᠠᠳᠠᠮᠠᠯ
ᠮᠣᠩᠭᠣᠯ ᠦᠰᠦᠭ ᠢᠶᠡᠷ
ᠵᠢᠵᠢᠭ ᠵᠢᠷᠤᠭ ᠢ ᠡᠭᠦᠰᠭᠡᠬᠦ ᠳ᠋ᠦ ᠠᠯᠳᠠᠭ᠎ᠠ ᠭᠠᠷᠤᠯ᠎ᠠ: Unable to save thumbnail to destination
ᠮᠣᠩᠭᠣᠯ ᠺᠢᠷᠢᠯ ᠢᠶᠡᠷ ᠮᠢᠩ ᠤᠯᠤᠰ

ᠮᠢᠩ ᠤᠯᠤᠰ ᠨᠢ (ᠬᠢᠲᠠᠳ ᠢᠶᠠᠷ 大明帝國 Da Míng Di Guo) 1368-1644 ᠣᠨ ᠤ ᠦᠶ᠎ᠡ ᠳᠦ ᠬᠢᠲᠠᠳᠠᠳᠠ ᠣᠷᠣᠰᠢᠨ ᠲᠣᠭᠲᠠᠨᠢᠵᠤ ᠪᠠᠶᠢᠭᠰᠠᠨ ᠤᠯᠤᠰ ᠶᠤᠮ᠃

ᠮᠣᠩᠭᠣᠯᠴᠤᠳ ᠤᠨ ᠪᠠᠶᠢᠭᠤᠯᠤᠭᠰᠠᠨ ᠶᠤᠸᠠᠨ ᠤᠯᠤᠰ ᠍ ᠤᠨ ᠡᠰᠡᠷᠬᠦ 1351 ᠣᠨ ᠳᠤ ᠡᠬᠢᠯᠡᠭᠰᠡᠨ "ᠤᠯᠠᠭᠠᠨ ᠠᠯᠴᠢᠭᠤᠷᠲᠠᠨ ᠤ ᠪᠣᠰᠤᠯᠭ᠎ᠠ" ᠍ ᠤᠨ ᠲᠣᠯᠣᠭᠠᠶᠢᠯᠠᠭᠴᠢᠳ ᠤᠨ ᠨᠢᠭᠡ ᠪᠣᠯᠬᠤ ᠵᠤ ᠶᠤᠸᠠᠨ ᠵᠠᠩ ᠤᠯᠤᠰ ᠢ ᠪᠠᠶᠢᠭᠤᠯᠵᠠᠢ᠃ ᠲᠡᠭᠦᠨ ᠦ ᠳᠠᠷᠠᠭ᠎ᠠ ᠥᠪᠡᠷ ᠦᠨ ᠥᠷᠢᠰᠦᠯᠳᠥᠭᠴᠢᠳ ᠢ ᠤᠰᠠᠳᠬᠠᠵᠤ᠂ ᠡᠮᠦᠨᠡᠲᠦ ᠬᠢᠲᠠᠳ ᠢ ᠡᠵᠡᠯᠡᠨ ᠠᠪᠴᠤ᠂ ᠤᠯᠤᠰ ᠤᠨ ᠨᠡᠷ᠎ᠡ ᠶᠢ "ᠮᠢᠩ" ᠬᠡᠮᠡᠨ ᠥᠭᠡᠷᠡᠴᠢᠯᠡᠨ ᠨᠡᠷᠡᠯᠡᠵᠡᠢ᠃ 1368 ᠣᠨ ᠳᠤ ᠮᠢᠩ ᠤᠯᠤᠰ ᠤᠨ ᠴᠡᠷᠢᠭ ᠶᠤᠸᠠᠨ ᠤᠯᠤᠰ ᠤᠨ ᠨᠡᠶᠢᠰᠯᠡᠯ ᠳᠠᠶᠢᠳᠤ ᠬᠣᠲᠠ ᠶᠢ ᠡᠵᠡᠯᠡᠨ ᠠᠪᠴᠤ᠂ ᠴᠠᠭᠠᠨ ᠬᠡᠷᠡᠮ ᠬᠦᠷᠲᠡᠯᠡᠬᠢ ᠶᠡᠬᠡᠩᠬᠢ ᠨᠤᠲᠤᠭ ᠢ ᠡᠷᠬᠡᠰᠢᠶᠡᠯ ᠳᠦ ᠪᠡᠨ ᠣᠷᠣᠭᠤᠯᠵᠠᠢ᠃ 1382 ᠣᠨ ᠳᠤ ᠶᠤᠸᠠᠨ ᠤᠯᠤᠰ ᠤᠨ ᠬᠢᠲᠠᠳ ᠳᠠᠬᠢ ᠡᠴᠦᠰ ᠦᠨ ᠲᠤᠯᠭᠠᠭᠤᠷᠢ ᠪᠣᠯᠬᠤ ᠶᠦᠨᠨᠠᠨ ᠶᠢᠨ ᠮᠣᠩᠭᠣᠯ ᠴᠡᠷᠢᠭ ᠦᠨ ᠦᠯᠡᠳᠡᠭᠳᠡᠯ ᠢ ᠡᠷᠬᠡᠰᠢᠶᠡᠯ ᠳᠦ ᠪᠡᠨ ᠣᠷᠣᠭᠤᠯᠤᠭᠰᠠᠨ ᠢᠶᠠᠷ ᠪᠦᠬᠦ ᠬᠢᠲᠠᠳ ᠢ ᠡᠷᠬᠡᠨ ᠳᠦ ᠪᠡᠨ ᠣᠷᠣᠭᠤᠯᠤᠭᠰᠠᠨ ᠶᠤᠮ᠃

ᠮᠢᠩ ᠤᠯᠤᠰ ᠤᠨ ᠦᠶ᠎ᠡ ᠳᠦ ᠴᠠᠭᠠᠨ ᠬᠡᠷᠡᠮ ᠦᠨ ᠶᠡᠬᠡᠩᠬᠢ ᠬᠡᠰᠡᠭ ᠢ ᠰᠡᠷᠭᠦᠭᠡᠨ ᠪᠣᠰᠬᠠᠭᠰᠠᠨ᠂ ᠬᠣᠷᠢᠭᠠᠲᠠᠢ ᠬᠣᠲᠠ ᠍ ᠢ ᠪᠠᠷᠢᠵᠤ ᠪᠠᠶᠢᠭᠤᠯᠤᠭᠰᠠᠨ ᠵᠡᠷᠭᠡ ᠪᠠᠷᠢᠯᠭ᠎ᠠ ᠪᠠᠶᠢᠭᠤᠯᠤᠯᠲᠠ ᠶᠢᠨ ᠣᠨᠴᠠᠭᠠᠢ ᠪᠦᠲᠦᠭᠡᠯ ᠦᠳ ᠬᠢᠭᠳᠡᠭᠰᠡᠨ ᠪᠠᠶᠢᠳᠠᠭ᠃

17 ᠍ ᠳᠦᠭᠡᠷ ᠡᠬᠢᠨ ᠬᠠᠭᠠᠰ ᠲᠤ ᠮᠠᠨᠵᠤ ᠤᠭᠰᠠᠭᠠᠲᠠᠨ ᠨᠤᠭᠤᠳ ᠮᠢᠩ ᠤᠯᠤᠰ ᠤᠨ ᠤᠮᠠᠷᠠᠳᠤ ᠭᠠᠵᠠᠷ ᠨᠤᠲᠤᠭ ᠢ ᠡᠵᠡᠯᠡᠨ ᠠᠪᠴᠤ᠂ ᠤᠯᠠᠮ ᠢᠶᠠᠷ ᠪᠡᠭᠡᠵᠢᠩ ᠳᠤ ᠣᠶᠢᠷᠠᠳᠴᠤ ᠢᠷᠡᠬᠦ ᠳᠦ ᠯᠢ ᠽᠢ ᠴᠢᠨ ᠭᠡᠭᠴᠢ ᠪᠣᠰᠤᠯᠭ᠎ᠠ ᠭᠠᠷᠭᠠᠨ ᠪᠡᠭᠡᠵᠢᠩ ᠢ ᠡᠵᠡᠯᠡᠨ ᠠᠪᠴᠤ ᠮᠢᠩ ᠤᠯᠤᠰ ᠤᠨ ᠲᠥᠷᠥ ᠶᠢ ᠮᠥᠬᠥᠭᠡᠵᠡᠢ᠃ ᠡᠨᠡ ᠮᠡᠳᠡᠭᠡ ᠶᠢ ᠰᠣᠨᠣᠰᠤᠭᠠᠳ ᠮᠢᠩ ᠤᠯᠤᠰ ᠤᠨ ᠴᠡᠷᠢᠭ ᠦᠨ ᠵᠠᠩᠵᠤᠨ ᠦ ᠰᠠᠨᠢ ᠭᠦᠢ ᠮᠢᠩ ᠤᠯᠤᠰ ᠤᠨ ᠬᠣᠶᠢᠳᠤ ᠲᠠᠯ᠎ᠠ ᠠᠴᠠ ᠳᠣᠪᠲᠣᠯᠵᠤ ᠪᠠᠶᠢᠭᠰᠠᠨ ᠮᠠᠨᠵᠤ ᠨᠠᠷ ᠲᠠᠢ ᠬᠣᠯᠪᠣᠭᠠᠯᠠᠨ ᠪᠡᠭᠡᠵᠢᠩ ᠢ ᠡᠵᠡᠯᠡᠨ ᠠᠪᠤᠪᠠ᠃ ᠯᠢ ᠽᠢ ᠴᠢᠨ 1645 ᠣᠨ ᠳᠤ ᠮᠠᠨᠵᠤ ᠨᠠᠷ ᠲᠠᠢ ᠲᠤᠯᠤᠯᠳᠤᠵᠤ ᠪᠠᠶᠢᠭᠠᠳ ᠠᠯᠠᠭᠳᠠᠵᠠᠢ᠃ 1662 ᠣᠨ ᠳᠤ ᠡᠮᠦᠨᠡᠲᠦ ᠬᠢᠲᠠᠳ ᠲᠤ ᠮᠢᠩ ᠤᠯᠤᠰ ᠤᠨ ᠰᠡᠭᠦᠯᠴᠢ ᠶᠢᠨ ᠬᠦᠴᠦ ᠨᠢ ᠮᠠᠨᠵᠢ ᠨᠤᠭᠤᠳ ᠲᠤ ᠡᠵᠡᠯᠡᠭᠳᠡᠭᠰᠡᠨ ᠪᠠᠶᠢᠨ᠎ᠠ᠃

ᠲᠡᠦᠬᠡ[ᠵᠠᠰᠠᠪᠤᠷᠢᠯᠠᠬᠤ | ᠺᠣᠳ᠋ ᠢᠶᠠᠷ ᠵᠠᠰᠠᠬᠣ]

ᠡᠭᠦᠰᠦᠯ[ᠵᠠᠰᠠᠪᠤᠷᠢᠯᠠᠬᠤ | ᠺᠣᠳ᠋ ᠢᠶᠠᠷ ᠵᠠᠰᠠᠬᠣ]

ᠪᠣᠰᠤᠯᠭ᠎ᠠ᠂ ᠪᠣᠰᠤᠭᠴᠢᠳ ᠤᠨ ᠵᠥᠷᠢᠴᠡᠯ[ᠵᠠᠰᠠᠪᠤᠷᠢᠯᠠᠬᠤ | ᠺᠣᠳ᠋ ᠢᠶᠠᠷ ᠵᠠᠰᠠᠬᠣ]

ᠭᠠᠯᠲᠤ ᠯᠤᠤᠨ ᠤ ᠭᠠᠷ ᠤᠨ ᠠᠪᠤᠯᠭ᠎ᠠ ᠨᠣᠮᠣᠨ ᠳᠠᠬᠢ ᠦᠬᠡᠷ ᠪᠤᠤ

ᠮᠣᠩᠭᠣᠯᠴᠤᠳ ᠤᠨ ᠪᠠᠶᠢᠭᠤᠯᠤᠭᠰᠠᠨ ᠶᠤᠸᠠᠨ ᠤᠯᠤᠰ (1271–1368) ᠨᠢ ᠮᠢᠩ ᠤᠯᠤᠰ ᠤᠨ ᠡᠮᠦᠨ᠎ᠡ ᠣᠷᠣᠰᠢᠨ ᠲᠣᠭᠲᠠᠨᠢᠵᠤ ᠪᠠᠶᠢᠪᠠ᠃ ᠬᠢᠲᠠᠳ ᠤᠳ ᠢ ᠵᠣᠬᠢᠶᠠᠨ ᠪᠠᠶᠢᠭᠤᠯᠤᠯᠲᠠ ᠲᠠᠢ ᠢᠯᠭᠠᠪᠤᠷᠢᠯᠠᠨ ᠭᠠᠳᠠᠭᠤᠷᠬᠠᠵᠤ ᠪᠠᠶᠢᠭᠰᠠᠨ ᠠᠴᠠ ᠦᠢᠮᠡᠭᠡᠨ ᠳᠡᠭᠳᠡᠵᠦ ᠪᠣᠰᠤᠯᠭ᠎ᠠ ᠭᠠᠷᠭᠠᠳᠠᠭ ᠪᠠᠶᠢᠪᠠ᠃ ᠶᠤᠸᠠᠨ ᠬᠠᠭᠠᠨᠲᠤ ᠵᠠᠰᠠᠭᠯᠠᠯ ᠨᠤᠷᠠᠵᠤ ᠤᠨᠠᠭᠰᠠᠨ ᠤ ᠪᠠᠰᠠ ᠨᠢᠭᠡᠨ ᠰᠢᠯᠲᠠᠭᠠᠨ ᠢ ᠥᠨᠳᠥᠷ ᠲᠠᠲᠠᠪᠤᠷᠢ ᠨᠣᠭᠳᠠᠭᠤᠯᠤᠭᠰᠠᠨ ᠭᠠᠵᠠᠷ ᠤᠳ ᠲᠤ ᠦᠨ᠎ᠡ ᠶᠢᠨ ᠬᠥᠭᠡᠷᠭᠡᠳᠡᠯ ᠪᠤᠢ ᠪᠣᠯᠵᠤ᠂ ᠤᠰᠤᠵᠢᠭᠤᠯᠬᠤ ᠲᠥᠰᠥᠯ ᠦᠳ ᠢ ᠬᠡᠷᠡᠭᠵᠢᠭᠦᠯᠬᠦ ᠡᠴᠡ ᠪᠣᠯᠢᠭᠰᠠᠨ ᠠᠴᠠ ᠬᠠᠲᠤᠨ ᠭᠣᠣᠯ ᠶᠡᠬᠡᠬᠡᠨ ᠬᠦᠴᠦᠲᠡᠢ ᠦᠶᠡᠷᠯᠡᠭᠰᠡᠨ ᠡᠴᠡ ᠪᠣᠯᠤᠭᠰᠠᠨ ᠬᠡᠮᠡᠨ ᠲᠠᠶᠢᠯᠪᠤᠷᠢᠯᠠᠳᠠᠭ ᠶᠤᠮ᠃ ᠡᠭᠦᠨ ᠦ ᠦᠷ᠎ᠡ ᠳ᠋ᠦᠩ ᠳᠦ ᠭᠠᠵᠠᠷ ᠲᠠᠷᠢᠶᠠᠯᠠᠩ ᠪᠠ ᠡᠳ᠋ ᠍ ᠦᠨ ᠵᠠᠰᠠᠭ ᠤᠨᠠᠯᠲᠠ ᠳᠤ ᠣᠷᠣᠵᠤ᠂ ᠬᠠᠲᠤᠨ ᠭᠣᠣᠯ ᠤᠨ ᠳᠠᠯᠠᠨ ᠢ ᠪᠣᠰᠬᠠᠬᠤ ᠪᠠᠷ ᠳᠠᠶᠢᠴᠢᠯᠠᠭᠳᠠᠭᠠᠳ ᠪᠠᠶᠢᠭᠰᠠᠨ ᠶᠠᠳᠠᠭᠤ ᠲᠠᠷᠢᠶᠠᠴᠢᠳ ᠪᠣᠰᠤᠯᠭ᠎ᠠ ᠭᠠᠷᠭᠠᠬᠤ ᠪᠣᠯᠤᠭᠰᠠᠨ᠃

ᠢᠩᠭᠢᠭᠡᠳ 1351 ᠣᠨ ᠳᠤ ᠬaᠨᠢ ᠱᠠᠨᠢ ᠲᠤᠩ ᠢᠶᠠᠷ ᠤᠳᠤᠷᠢᠳᠤᠭᠤᠯᠤᠭᠰᠠᠨ ᠲᠠᠷᠢaᠴᠢ ᠳᠦ ᠾᠸᠨᠠᠨ ᠮᠤᠵᠢ ᠶᠢᠨ ᠢᠨᠢᠵᠢᠤ ᠳᠤ ᠪᠣᠰᠤᠯᠭ᠎ᠠ ᠭᠠᠷᠭᠠᠵᠤ᠂ ᠤᠯᠠᠭᠠᠨ ᠠᠯᠴᠢᠭᠤᠷ ᠢᠶᠠᠷ ᠲᠣᠯᠣᠭᠠᠢ ᠶᠢ ᠪᠠᠨ ᠪᠣᠭᠣᠭᠰᠠᠨ ᠠᠴᠠ ᠡᠭᠦᠳᠡᠨ ᠲᠡᠳᠡᠨ ᠢ ᠲᠡᠦᠬᠡᠨ ᠳᠦ ᠤᠯᠠᠭᠠᠨ ᠠᠯᠴᠢᠭᠤᠷᠲᠠᠨ ᠤ ᠪᠣᠰᠤᠯᠭ᠎ᠠ ᠬᠡᠮᠡᠨ ᠨᠡᠷᠡᠶᠢᠳᠬᠦ ᠪᠣᠯᠵᠠᠢ᠃ ᠵᠤ ᠶᠤᠸᠠᠨ ᠵᠠᠩ ᠭᠡᠭᠴᠢ ᠰᠣᠬᠣᠷ ᠵᠣᠭᠣᠰᠣ ᠦᠭᠡᠢ ᠶᠠᠳᠠᠭᠤ ᠲᠠᠷᠢᠶᠠᠴᠢᠨ ᠪᠠᠶᠢᠭᠰᠠᠨ ᠪᠥᠭᠡᠳ 1352 ᠣᠨ ᠳᠤ ᠤᠯᠠᠭᠠᠨ ᠠᠯᠴᠢᠭᠤᠷᠠᠲᠠᠨ ᠨᠤᠭᠤᠳ ᠤᠨ ᠵᠡᠭᠦᠨ ᠵᠢᠭᠦᠷ ᠦᠨ ᠵᠠᠩᠵᠤᠨ ᠭᠤᠣ ᠽᠢ ᠰᠡᠨᠢᠢ ᠴᠡᠷᠢᠭ ᠲᠦ ᠡᠯᠰᠡᠵᠦ ᠣᠷᠣᠭᠰᠠᠨ᠃ ᠲᠡᠷᠡᠪᠡᠷ ᠠᠪᠢᠶᠠᠰ ᠴᠢᠳᠠᠪᠤᠷᠢ ᠲᠠᠢ ᠪᠠᠶᠢᠭᠰᠠᠨ ᠲᠤᠯᠠ ᠭᠤᠣ ᠽᠢ ᠰᠡᠨ ᠲᠡᠭᠦᠨ ᠳᠦ ᠥᠪᠡᠷ ᠦᠨ ᠡᠷᠭᠦᠮᠡᠯ ᠥᠬᠢᠨ ᠲᠠᠢ ᠪᠠᠨ ᠭᠡᠷᠯᠡᠭᠦᠯᠦᠭᠰᠡᠨ ᠡᠴᠡ ᠬᠣᠶᠢᠰᠢ ᠨᠡᠷ᠎ᠡ ᠠᠯᠳᠠᠷᠲᠤ ᠬᠦᠷᠦᠭᠰᠡᠨ ᠶᠤᠮ᠃ 1356 ᠣᠨ ᠳᠤ ᠵᠤ ᠶᠤᠸᠠᠨ ᠵᠠᠨ ᠤ ᠪᠣᠰᠤᠯᠭ᠎ᠠ ᠭᠠᠷᠭᠠᠭᠴᠢᠳ ᠨᠠᠨᠵᠢᠩ ᠬᠣᠲᠠ ᠶᠢ ᠡᠵᠡᠯᠡᠨ ᠠᠪᠤᠭᠰᠠᠨ ᠨᠢ ᠬᠣᠵᠢᠮ ᠮᠢᠩ ᠤᠯᠤᠰ ᠍ ᠤᠨ ᠨᠡᠶᠢᠰᠯᠡᠯ ᠪᠣᠯᠤᠭᠰᠠᠨ᠃ ᠬᠣᠭᠣᠷᠣᠨᠳᠣ ᠪᠠᠨ ᠥᠷᠢᠰᠦᠯᠳᠦᠵᠦ ᠲᠡᠮᠡᠴᠡᠵᠦ ᠪᠠᠶᠢᠭᠰᠠᠨ ᠪᠣᠰᠤᠭᠴᠢᠳ ᠤᠨ ᠪᠦᠯᠦᠭ ᠦᠳ ᠶᠤᠸᠠᠨ ᠤᠯᠤᠰ ᠢ ᠥᠪᠡᠷ ᠦᠨ ᠬᠢᠨᠠᠯᠲᠠ ᠳᠤ ᠪᠠᠨ ᠪᠠᠶᠢᠯᠭᠠᠵᠤ᠂ ᠤᠯᠠᠮ ᠢᠶᠠᠷ ᠰᠢᠨ᠎ᠡ ᠬᠠᠭᠠᠨᠲᠤ ᠤᠯᠤᠰ ᠢ ᠪᠤᠢ ᠪᠣᠯᠭᠠᠬᠤ ᠶᠢᠨ ᠲᠥᠯᠥᠭᠡ ᠲᠡᠮᠡᠴᠡᠵᠦ ᠪᠠᠶᠢᠪᠠ᠃1363 ᠣᠨ ᠳᠤ ᠵᠤ ᠶᠤᠸᠠᠨ ᠵᠠᠩ ᠨᠢ ᠲᠡᠦᠬᠡᠨ ᠳᠦ ᠬᠠᠮᠤᠭ ᠤᠨ ᠲᠣᠮᠣ ᠤᠰᠤᠨ ᠳᠠᠬᠢ ᠲᠤᠯᠤᠯᠳᠤᠭᠠᠨ ᠪᠣᠯᠬᠤ ᠫᠣᠢᠶᠠᠨ ᠨᠠᠭᠤᠷᠠᠨ ᠳᠠᠬᠢ ᠲᠤᠯᠤᠯᠳᠤᠭᠠᠨ ᠳᠤ ᠳᠠ ᠬᠠᠨᠢ ᠤᠯᠤᠰ ᠤᠨ ᠲᠣᠯᠣᠭᠠᠶᠢᠯᠠᠭᠴᠢ ᠴᠢᠨᠢ ᠶᠠᠣ ᠯᠢᠨᠢ ᠭᠡᠭᠴᠢ ᠥᠷᠢᠰᠦᠯᠳᠦᠭᠴᠢ ᠪᠡᠨ ᠤᠰᠠᠳᠬᠠᠵᠠᠢ᠃ ᠭᠠᠯᠲᠤ ᠵᠡᠪᠰᠡᠭ ᠲᠡᠢ ᠤᠰᠤᠨ ᠣᠩᠭᠣᠴᠠᠨ ᠨᠤᠭᠤᠳ ᠢ ᠬᠡᠷᠡᠭᠯᠡᠳᠡᠭ ᠢᠶᠡᠷ ᠢᠶᠡᠨ ᠠᠯᠳᠠᠷᠰᠢᠭᠰᠠᠨᠲᠡᠭᠦᠨ ᠢ ᠢᠯᠠᠭᠰᠠᠨ ᠢᠶᠠᠷ ᠵᠤ ᠶᠤᠸᠠᠨ ᠵᠠᠩ ᠪᠣᠰᠤᠭᠴᠢᠳ ᠤᠨ ᠪᠦᠯᠦᠭᠯᠡᠯ ᠢ ᠤᠰᠠᠳᠬᠠᠵᠤ ᠢᠯᠠᠯᠲᠠ ᠪᠠᠶᠢᠭᠤᠯᠤᠨ᠂ ᠬᠥᠬᠡ ᠮᠥᠷᠡᠨ ᠦ ᠡᠷᠭᠢ ᠳᠦ ᠬᠢᠵᠠᠭᠠᠷ ᠦᠭᠡᠢ ᠡᠷᠬᠡ ᠮᠡᠳᠡᠯ ᠢᠶᠡᠨ ᠲᠣᠭᠲᠠᠭᠠᠵᠤ ᠴᠢᠳᠠᠭᠰᠠᠨ ᠶᠤᠮ᠃ 1367 ᠣᠨ ᠳᠤ ᠤᠯᠠᠭᠠᠨ ᠠᠯᠴᠢᠭᠤᠷᠲᠠᠨ ᠤ ᠡᠵᠡᠨ ᠬᠠᠨᠢ ᠯᠢᠨᠢ ᠡᠷ ᠵᠤ ᠶᠤᠸᠠᠨ ᠵᠠᠨᠠᠭ ᠤᠨ ᠳᠤ ᠵᠣᠴᠢᠯᠠᠬᠤ ᠦᠶ᠎ᠡ ᠳᠦ ᠲᠡᠭᠦᠨ ᠦ ᠬᠠᠷᠠᠭᠠᠲᠤ ᠵᠠᠩᠵᠤᠨ ᠤᠰᠤᠨ ᠳᠤ ᠵᠢᠪᠡᠭᠦᠯᠵᠦ ᠬᠣᠷᠢᠶᠠᠭᠰᠠᠨ ᠢᠶᠠᠷ ᠵᠤ ᠶᠤᠸᠠᠨ ᠵᠠᠨ ᠤ ᠬᠠᠭᠠᠨ ᠰᠢᠷᠡᠭᠡ ᠷᠦᠦ ᠵᠠᠯᠠᠬᠤ ᠠᠶᠠᠨ ᠳᠤ ᠰᠠᠭᠠᠳ ᠤᠴᠠᠷᠠᠭᠤᠯᠵᠤ ᠲᠤᠤᠱᠲᠠᠢ ᠲᠡᠮᠡᠴᠡᠬᠦ ᠴᠢᠳᠠᠪᠤᠷᠢ ᠲᠠᠢ ᠬᠦᠮᠦᠨ ᠭᠠᠷᠴᠤ ᠢᠷᠡᠭᠡ ᠦᠭᠡᠢ ᠶᠤᠮ᠃ 1368 ᠣᠨ ᠤ 1 ᠰᠠᠷ᠎ᠠ ᠳᠤ ᠵᠤ ᠶᠤᠸᠠᠨ ᠵᠠᠩ ᠨᠠᠨᠵᠢᠩ ᠬᠣᠲᠣᠩ ᠢᠶᠠᠨ ᠮᠢᠩ ᠤᠯᠤᠰ ᠍ ᠢ ᠲᠤᠩᠬᠠᠭᠯᠠᠨ ᠵᠠᠷᠯᠠᠵᠤ᠂ ᠣᠨ ᠤ ᠴᠣᠯᠠ ᠪᠠᠨ ᠬᠤᠨ ᠤ ᠪᠤᠶᠤ 《ᠡᠷᠬᠡ ᠮᠡᠳᠡᠯ ᠲᠡᠢ ᠴᠡᠷᠢᠭ ᠦᠨ ᠬᠦᠮᠦᠨ》 ᠬᠡᠮᠡᠨ ᠡᠷᠭᠦᠮᠵᠢᠯᠡᠭᠰᠡᠨ ᠪᠠᠶᠢᠳᠠᠭ᠃ 1368 ᠣᠨ ᠤ 9 ᠰᠠᠷ᠎ᠠ ᠶᠢᠨ 24 ᠨᠳ ᠶᠤᠸᠠᠨ ᠤᠯᠤᠰ ᠍ ᠤᠨ ᠨᠡᠶᠢᠰᠯᠡᠯ ᠬᠣᠲᠠ ᠳᠠᠶᠢᠳᠤ ᠶᠢ /ᠥᠨᠥ ᠶᠢᠨ ᠪᠡᠭᠡᠵᠢᠩ ᠬᠣᠲᠠ/ ᠡᠵᠡᠯᠡᠭᠰᠡᠨ ᠢᠶᠡᠷ ᠪᠦᠬᠦ ᠬᠢᠲᠠᠳ ᠢ ᠨᠢᠭᠡᠳᠬᠡᠵᠡᠢ᠃ ᠲᠣᠭᠠᠨᠲᠡᠮᠦᠷ ᠬᠠᠭᠠᠨ ᠬᠣᠶᠢᠳᠤ ᠵᠦᠭ ᠵᠢᠭᠤᠳᠠᠵᠤ ᠱᠠᠩᠳᠤᠳ ᠣᠴᠢᠭᠰᠠᠨ ᠲᠤᠯ ᠵᠤ ᠶᠤᠸᠠᠨ ᠵᠠᠩ ᠳᠠᠶᠢᠳᠤ ᠳᠠᠬᠢ ᠬᠠᠭᠠᠨ ᠤ ᠣᠷᠳ᠋ ᠍ ᠤᠳ ᠢ ᠭᠠᠵᠠᠷ ᠲᠠᠢ ᠲᠡᠭᠰᠢᠯᠡᠨ ᠤᠭ ᠬᠣᠲᠠ ᠶᠢ ᠪᠡᠶᠢᠫᠠᠨ ᠬᠡᠮᠡᠨ ᠨᠡᠷᠡᠯᠡᠵᠡᠢ᠃

ᠪᠠᠷᠠᠭᠤᠨ ᠬᠣᠶᠢᠳᠤ ᠬᠢᠵᠠᠭᠠᠷ ᠢ ᠲᠥᠪᠰᠢᠳᠬᠡᠭᠰᠡᠨ ᠢᠨᠦ[ᠵᠠᠰᠠᠪᠤᠷᠢᠯᠠᠬᠤ | ᠺᠣᠳ᠋ ᠢᠶᠠᠷ ᠵᠠᠰᠠᠬᠣ]

ᠡᠷᠲᠡᠨ ᠦ ᠳᠠᠯᠢ ᠤᠯᠤᠰ ᠤᠨ ᠶᠦᠨᠨᠠᠨ ᠬᠣᠲᠠ ᠶᠢᠨ ᠤᠷᠳᠤ ᠬᠠᠭᠠᠯᠭ᠎ᠠ

ᠬᠥᠬᠡ ᠨᠠᠭᠤᠷ ᠤᠨ ᠰᠠᠯᠠᠷ ᠮᠦᠰᠦ᠋ᠯᠮᠠᠨᠴᠤᠳ ᠰᠠᠶᠢᠨ ᠳᠤᠷ᠎ᠠ ᠪᠠᠷ ᠢᠶᠠᠨ ᠮᠢᠩ ᠵᠠᠰᠠᠭᠯᠠᠯ ᠳᠤ ᠵᠠᠬᠢᠷᠤᠭᠳᠠᠬᠤ ᠪᠣᠯᠵᠤ ᠲᠡᠳᠡᠨ ᠦ ᠣᠮᠤᠭ ᠤᠨ ᠠᠬᠠᠯᠠᠭᠴᠢ ᠳᠤ 1370 ᠣᠨ ᠤ ᠦᠶ᠎ᠡ ᠪᠡᠷ ᠪᠠᠭᠤᠵᠤ ᠥᠭᠴᠡᠢ᠃ ᠵᠠᠩᠵᠤᠨ ᠬᠠᠯ ᠪᠠᠰᠢᠢᠨ ᠤᠳᠤᠷᠢᠳᠤᠯᠭ᠎ᠠ ᠳᠣᠣᠷ᠎ᠠ ᠤᠶᠢᠭᠤᠷ ᠤᠨ ᠴᠡᠷᠢᠭ ᠦᠳ ᠮᠢᠶᠣᠤ ᠦᠨᠳᠦᠰᠦᠲᠡᠨ ᠦ ᠪᠣᠰᠤᠯᠭ᠎ᠠ ᠶᠢ 1370 ᠍ ᠊ᠭᠠᠳ ᠣᠨ ᠤ ᠦᠶ᠎ᠡ ᠳᠦ ᠨᠠᠮ ᠳᠠᠷᠤᠵᠤ ᠬᠤᠨᠠᠨᠢ ᠮᠤᠵᠢ ᠶᠢᠨ ᠴᠢᠨᠠᠳᠤ ᠳᠤ ᠰᠠᠭᠤᠷᠢᠰᠢᠭᠰᠠᠨ ᠶᠤᠮ᠃ ᠬᠤᠢ ᠮᠦᠰᠦ᠋ᠯᠮᠠᠨᠴᠤᠳ ᠮᠢᠩ ᠭᠦᠷᠦᠨ ᠦ ᠲᠥᠯᠥᠭᠡ ᠪᠤᠰᠤᠳ ᠨᠤᠲᠤᠭ ᠤᠨ ᠣᠮᠣᠭᠡᠶᠢᠬᠠᠨ᠎ᠠ ᠲᠠᠢ ᠲᠡᠮᠡᠴᠡᠵᠦ᠂ ᠮᠥᠨ ᠠᠳᠠᠯᠢ ᠬᠤᠨᠠᠨᠢ ᠮᠤᠵᠢ ᠶᠢᠨ ᠴᠢᠩᠳᠡ ᠬᠣᠳᠠ ᠳᠤ ᠰᠠᠭᠤᠷᠢᠰᠢᠵᠠᠢ᠃ 1381 ᠣᠨ ᠳᠤ ᠮᠢᠩ ᠦᠨ ᠬᠤᠢ ᠮᠦᠰᠦ᠋ᠯᠮᠠᠨᠴᠤᠳ ᠶᠦᠨᠨᠠᠨ ᠠᠶᠢᠮᠠᠭ ᠲᠤ ᠶᠤᠸᠠᠨ ᠤᠯᠤᠰ ᠤᠨ ᠲᠥᠯᠥᠭᠡ ᠦᠨᠡᠨᠴᠢ ᠪᠡᠷ ᠵᠢᠳᠬᠦᠳᠡᠭ ᠪᠠᠶᠢᠭᠰᠠᠨ ᠮᠣᠩᠭᠣᠯ ᠪᠠ ᠬᠤᠢ ᠮᠦᠰᠦ᠋ᠯᠮᠠᠨᠴᠤᠳ ᠤᠨ ᠴᠡᠷᠢᠭ ᠢ ᠲᠤᠯᠤᠯᠳᠤᠭᠠᠨ ᠳᠤ ᠢᠯᠠᠭᠰᠠᠨ ᠤ ᠳᠠᠷᠠᠭᠠᠬᠠᠨ ᠮᠢᠩ ᠭᠦᠷᠦᠨ ᠦ ᠨᠤᠲᠤᠭ ᠳᠡᠪᠢᠰᠬᠡᠷ ᠲᠦ ᠳᠠᠯᠢ ᠸᠠᠩᠲᠤ ᠤᠯᠤᠰ ᠤᠨ ᠡᠵᠡᠮᠰᠢᠯ ᠳᠦ ᠪᠠᠶᠢᠭᠰᠠᠨ ᠪᠠᠷᠠᠭᠤᠨ ᠬᠣᠶᠢᠳᠤ ᠬᠡᠰᠡᠭ ᠣᠷᠣᠭᠰᠠᠨ ᠶᠤᠮ᠃ ᠬᠣᠵᠢᠮ ᠶᠨᠠᠨ ᠤ ᠵᠠᠬᠢᠷᠤᠭᠴᠢ ᠪᠣᠯᠤᠭᠰᠠᠨ ᠮᠤ ᠶᠢᠨ ᠵᠠᠩᠵᠤᠨ ᠤ ᠤᠳᠤᠷᠢᠳᠤᠯᠭ᠎ᠠ ᠳᠣᠣᠷ᠎ᠠ ᠬᠤᠢ ᠴᠡᠷᠢᠭ ᠦᠳ ᠡᠨᠡ ᠪᠥᠰᠡ ᠨᠤᠲᠤᠭ ᠢ ᠡᠵᠡᠯᠡᠨ ᠰᠠᠭᠤᠷᠢᠰᠢᠬᠤ ᠪᠣᠯᠵᠠᠢ᠃ 14 ᠍ ᠳᠦᠭᠡᠷ ᠵᠠᠭᠤᠨ ᠤ ᠡᠴᠦᠰ ᠭᠡᠬᠦ ᠳᠦ ᠣᠶᠢᠷᠠᠯᠴᠠᠭ᠎ᠠ ᠪᠠᠷ 200,000 ᠴᠡᠷᠢᠭ ᠦᠨ ᠪᠤᠯᠢᠶᠠᠨ ᠡᠵᠡᠯᠡᠭᠴᠢᠳ 2,000,000 ᠮᠡᠶᠤ /350,000 ᠠᠺᠷ/ ᠭᠠᠵᠠᠷ ᠢ ᠡᠵᠡᠯᠡᠨ ᠰᠠᠭᠤᠷᠢᠰᠢᠭᠰᠠᠨ ᠨᠢ ᠥᠨᠥ ᠶᠢᠨ ᠶᠦᠨᠨᠠᠨ ᠪᠠ ᠭᠡᠶᠵᠢᠤ ᠪᠣᠯᠤᠨ᠎ᠠ᠃ ᠬᠠᠷᠢᠨ ᠬᠣᠵᠢᠮ ᠬᠠᠭᠠᠰ ᠰᠠᠶ᠎ᠠ ᠣᠷᠴᠢᠮ ᠬᠢᠲᠠᠳ ᠰᠢᠯᠵᠢᠨ ᠰᠠᠭᠤᠷᠢᠰᠢᠭᠴᠢ ᠡᠨᠳᠡ ᠨᠡᠭᠦᠨ ᠢᠷᠡᠭᠰᠡᠨ ᠪᠠ ᠡᠨᠡᠬᠦ ᠰᠢᠯᠵᠢᠨ ᠰᠠᠭᠤᠷᠢᠰᠢᠯᠲᠠ ᠠᠴᠠ ᠡᠮᠦᠨ᠎ᠡ ᠬᠦᠮᠦᠨ ᠠᠮᠠ ᠨᠢ ᠭᠣᠣᠯ ᠲᠥᠯᠥᠪ ᠬᠠᠨᠢ ᠪᠤᠰᠤ ᠦᠨᠳᠦᠰᠦᠲᠡᠨ ᠡᠴᠡ ᠪᠥᠷᠢᠳᠴᠦ ᠪᠠᠶᠢᠭᠰᠠᠨ ᠡᠨᠡ ᠪᠤᠰᠤ ᠨᠤᠲᠤᠭ ᠤᠨ ᠦᠨᠳᠦᠰᠦ ᠤᠭᠰᠠᠭ᠎ᠠ ᠥᠭᠡᠷᠡᠴᠢᠯᠡᠭᠳᠡᠬᠦ ᠳᠦ ᠬᠦᠷᠴᠡᠢ᠃ ᠬᠦᠮᠦᠨ ᠠᠮᠠ ᠪᠣᠯᠤᠨ ᠲᠥᠷᠥ ᠵᠠᠰᠠᠭ ᠲᠤ ᠡᠶᠢᠨᠬᠦᠦ ᠥᠭᠡᠷᠡᠴᠢᠯᠡᠯᠲᠡ ᠭᠠᠷᠤᠭᠰᠠᠨ ᠤ ᠤᠯᠠᠮ ᠠᠴᠠ 1464-1466 ᠣᠨ ᠨᠤᠭᠤᠳ ᠲᠤ Mᠶᠠᠣ ᠪᠣᠯᠤᠨ ᠶᠠᠣ ᠦᠨᠳᠦᠰᠦᠲᠡᠨ ᠨᠦᠭᠦᠳ ᠡᠰᠡᠷᠭᠦᠴᠡᠯ ᠢᠶᠡᠨ ᠦᠵᠡᠭᠦᠯᠦᠭᠰᠡᠨ ᠢ ᠮᠢᠩ ᠤᠯᠤᠰ ᠤᠨ 30,000 ᠴᠡᠷᠢᠭ /1,000 ᠮᠣᠩᠭᠣᠯ ᠴᠡᠷᠢᠭ ᠢ ᠣᠷᠣᠭᠤᠯᠤᠭᠠᠳ/ ᠨᠤᠲᠤᠭ ᠤᠨ 160,000 ᠭᠤᠸᠠᠩᠰᠢ ᠮᠤᠵᠢ ᠶᠢᠨ ᠴᠡᠷᠢᠭ ᠦᠳ ᠲᠡᠢ ᠨᠠᠮ ᠳᠠᠷᠤᠭᠰᠠᠨ ᠶᠤᠮ᠃ ᠡᠷᠳᠡᠮᠲᠡᠨ᠂ ᠭᠦᠨ ᠤᠬᠠᠭᠠᠨᠲᠠᠨ ᠸᠠᠩ ᠶᠠᠩ ᠮᠢᠩ /1472-1529/ ᠲᠤᠰ ᠨᠤᠲᠤᠭ ᠲᠤ ᠪᠠᠰᠠ ᠨᠢᠭᠡᠨ ᠬᠥᠳᠡᠯᠭᠡᠭᠡᠨ ᠢ ᠨᠠᠮᠳᠠᠭᠠᠭᠰᠠᠨ ᠤ ᠪᠠᠨ ᠳᠠᠷᠠᠭ᠎ᠠ ᠬᠢᠲᠠᠳ ᠪᠠ ᠨᠤᠲᠤᠭ ᠤᠨ ᠦᠨᠳᠦᠰᠦᠨ ᠦ ᠪᠦᠯᠦᠭ ᠦᠳ ᠦᠨ ᠳᠠᠩ ᠪᠠ ᠨᠢᠭᠡᠳᠦᠭᠰᠡᠨ ᠵᠠᠰᠠᠭ ᠵᠠᠬᠢᠷᠭ᠎ᠠ ᠶᠢ ᠥᠮᠥᠭᠡᠯᠡᠬᠦ ᠪᠣᠯᠪᠠ᠃

ᠲᠥᠪᠡᠳ ᠲᠡᠢ ᠲᠣᠭᠲᠠᠭᠠᠭᠰᠠᠨ ᠬᠠᠷᠢᠴᠠᠭ᠎ᠠ[ᠵᠠᠰᠠᠪᠤᠷᠢᠯᠠᠬᠤ | ᠺᠣᠳ᠋ ᠢᠶᠠᠷ ᠵᠠᠰᠠᠬᠣ]

17 ᠍ ᠳᠦᠭᠡᠷ ᠵᠠᠭᠤᠨ ᠤ ᠦᠶ᠎ᠡ ᠶᠢᠨ ᠲᠥᠪᠡᠳ ᠲᠦ ᠪᠦᠲᠦᠭᠡᠭᠰᠡᠨ Guhyasamaja Akshobhyavajra ᠪᠤᠷᠬᠠᠨ ᠤ [ᠲᠠᠩᠺᠠ
ᠵᠢᠷᠤᠭ]]

ᠮᠢᠩ ᠱᠢ ᠪᠤᠶᠤ ᠮᠢᠩ ᠡᠵᠡᠨ ᠳᠦ ᠭᠦᠷᠦᠨ ᠦ ᠠᠯᠪᠠᠨ ᠶᠣᠰᠣᠨ ᠤ ᠲᠡᠦᠬᠡ ᠶᠢ 1739 ᠣᠨ ᠳᠤ ᠬᠠᠭᠠᠨ ᠳᠤ ᠵᠠᠰᠠᠭᠯᠠᠯ ᠪᠣᠯᠭᠠᠨ ᠡᠮᠬᠢᠳᠬᠡᠭᠰᠡᠨ ᠪᠠᠶᠢᠳᠠᠭ ᠪᠥᠭᠡᠳ ᠡᠭᠦᠨ ᠳᠦ ᠮᠢᠩ ᠭᠦᠷᠦᠨ ᠲᠥᠪᠡᠳ ᠦᠨ ᠵᠠᠰᠠᠭ ᠵᠠᠬᠢᠷᠭ᠎ᠠ ᠶᠢ ᠬᠢᠨᠠᠳᠠᠭ ᠶᠠᠪᠠᠭᠠᠨ ᠤᠳᠤᠷᠢᠳᠤᠭᠠᠴᠢᠳ ᠢ ᠪᠤᠢ ᠪᠣᠯᠭᠠᠵᠤ᠂ ᠢᠩᠭᠦᠬᠦ ᠳᠦ ᠪᠡᠨ ᠲᠥᠪᠡᠳ ᠡᠴᠡ ᠬᠠᠭᠤᠴᠢᠨ ᠶᠤᠸᠠᠨ ᠤᠨ ᠬᠠᠭᠠᠨ ᠤ ᠴᠣᠯᠠ ᠬᠡᠷᠭᠡᠮ ᠦᠳ ᠢ ᠰᠢᠨᠡᠴᠢᠯᠡᠨ ᠪᠤᠢ ᠪᠣᠯᠭᠠᠵᠤ᠂ ᠲᠥᠪᠡᠳ ᠦᠨ ᠪᠤᠳ᠋ᠳ᠋ᠾᠠ ᠶᠢᠨ ᠱᠠᠰᠢᠨ ᠤ ᠤᠳᠤᠷᠢᠳᠤᠭᠠᠴᠢᠳ ᠲᠤ ᠬᠠᠭᠠᠨ ᠤ ᠭᠡᠷ ᠪᠦᠯᠢ ᠶᠢᠨ ᠴᠣᠯᠠ ᠬᠡᠷᠭᠡᠮ ᠢ ᠡᠷᠭᠦᠮᠵᠢᠯᠡᠬᠦ ᠪᠣᠯᠤᠭᠰᠠᠨ ᠶᠤᠮ᠃ ᠬᠠᠷᠢᠨ ᠲᠶᠷᠷᠧᠯᠯ ᠸ᠃ᠸᠠᠶᠢᠯ ᠤᠨ ᠮᠡᠳᠡᠭᠳᠡᠰᠦᠨ ᠢᠶᠡᠷ ᠮᠢᠩ ᠱᠢ ᠳᠤ ᠪᠢᠴᠢᠭ ᠵᠣᠬᠢᠶᠠᠯ ᠢ ᠬᠢᠨᠠᠭᠰᠠᠨ ᠪᠠᠶᠢᠳᠠᠯ ᠨᠢ ᠮᠢᠩ ᠡᠵᠡᠨ ᠳᠦ ᠭᠦᠷᠦᠨ ᠦ ᠦᠶ᠎ᠡ ᠶᠢᠨ ᠬᠢᠲᠠᠳ-ᠲᠥᠪᠡᠳ ᠦᠨ ᠬᠠᠷᠢᠯᠴᠠᠭ᠎ᠠ ᠶᠢ ᠬᠠᠷᠠᠭᠤᠯᠤᠭᠰᠠᠨ ᠲᠡᠦᠬᠡ ᠶᠢ ᠵᠠᠮᠬᠠᠷᠠᠭᠤᠯᠤᠨ ᠬᠠᠷᠠᠭᠤᠯᠵᠠᠢ᠃ ᠮᠢᠩ ᠡᠵᠡᠨᠲᠦ ᠭᠦᠷᠦᠨ ᠲᠥᠪᠡᠳ ᠢ ᠪᠦᠬᠦᠯᠢ ᠪᠡᠷ ᠨᠢ ᠡᠷᠬᠡ ᠮᠡᠳᠡᠯ ᠳᠦ ᠪᠡᠨ ᠠᠪᠤᠭᠰᠠᠨ ᠪᠠᠶᠢᠭᠰᠠᠨ ᠡᠰᠡᠬᠦ ᠲᠠᠯ᠎ᠠ ᠪᠠᠷ ᠣᠷᠴᠢᠨ ᠦᠶ᠎ᠡ ᠶᠢᠨ ᠡᠷᠳᠡᠮᠲᠡᠨ ᠰᠤᠳᠤᠯᠤᠭᠠᠴᠢᠳ ᠮᠠᠷᠭᠤᠭᠰᠠᠭᠠᠷ ᠪᠠᠶᠢᠳᠠᠭ ᠶᠤᠮ᠃ ᠵᠠᠷᠢᠮ ᠰᠤᠳᠤᠯᠤᠭᠠᠴᠢᠳ ᠤᠨ ᠪᠣᠳᠣᠯ ᠢᠶᠠᠷ ᠮᠢᠩ ᠬᠠᠭᠠᠨ ᠤ ᠣᠷᠳᠣᠨ ᠪᠠ ᠲᠥᠪᠡᠳ ᠦᠨ ᠯᠠᠮ᠎ᠠ ᠨᠠᠷ ᠤᠨ ᠬᠣᠭᠣᠷᠣᠨᠳᠣ ᠶᠢᠨ ᠬᠠᠷᠢᠴᠠᠭᠠᠨ ᠤ ᠱᠠᠰᠢᠨ ᠤ ᠴᠢᠬᠤᠯᠠ ᠴᠢᠨᠠᠷ ᠤᠳ ᠢ ᠣᠷᠴᠢᠨ ᠦᠶ᠎ᠡ ᠶᠢᠨ ᠨᠣᠮ᠂ ᠬᠡᠪᠯᠡᠯ ᠳᠦ ᠬᠡᠲᠦᠷᠡᠭᠦᠯᠦᠨ ᠲᠣᠯᠢᠯᠠᠭᠤᠯᠤᠭᠰᠠᠨ ᠪᠠᠶᠢᠳᠠᠭ ᠶᠤᠮ ᠪᠠᠶᠢᠨ᠎ᠠ᠃ ᠲᠡᠭᠡᠪᠡᠯ ᠪᠤᠰᠤᠳ ᠰᠤᠳᠤᠯᠤᠭᠠᠴᠢᠳ ᠤᠨ ᠦᠵᠡᠵᠦ ᠪᠤᠢ ᠪᠠᠷ ᠮᠢᠩ ᠡᠵᠡᠨᠲᠦ ᠭᠦᠷᠦᠨ ᠮᠣᠷᠢ ᠪᠠᠷ ᠳᠤᠲᠠᠭᠳᠠᠵᠤ ᠪᠠᠶᠢᠭᠰᠠᠨ ᠲᠤᠯᠠ ᠲᠥᠪᠡᠳ ᠲᠡᠢ ᠴᠠᠢ᠂ ᠮᠣᠷᠢᠨ ᠤ ᠨᠠᠶᠢᠮᠠᠭ᠎ᠠ ᠬᠢᠬᠦ ᠱᠠᠭᠠᠷᠳᠠᠯᠭ᠎ᠠ ᠭᠠᠷᠴᠤ ᠪᠠᠶᠢᠭᠰᠠᠨ ᠪᠠᠶᠢᠨ᠎ᠠ᠃ 14 ᠍ ᠳᠦᠭᠡᠷ ᠵᠠᠭᠤᠨ ᠤ ᠦᠶ᠎ᠡ ᠳᠦ ᠮᠢᠩ ᠭᠦᠷᠦᠨ ᠦ ᠴᠡᠷᠢᠭ ᠦᠳ ᠲᠥᠭᠡᠪᠡᠳ ᠷᠦᠦ ᠳᠣᠪᠲᠣᠯᠤᠭᠰᠠᠨ ᠪᠠ ᠡᠨᠡ ᠦᠶ᠎ᠡ ᠳᠦ ᠲᠥᠪᠡᠳ ᠦᠳ ᠬᠦᠴᠦᠲᠡᠢ ᠵᠡᠪᠰᠡᠭᠲᠦ ᠡᠰᠡᠷᠭᠦᠴᠡᠯ ᠦᠵᠡᠭᠦᠯᠵᠦ ᠪᠠᠶᠢᠴᠠᠢ᠃ ᠫᠠᠲᠷᠢᠰᠢᠶᠠ ᠡᠪᠷᠢ᠂ ᠲᠣᠮᠠᠰ ᠯᠡᠶᠢᠷᠠᠳ᠂ ᠸᠠᠩ ᠵᠶ᠋ᠢᠪᠡᠢ᠂ ᠨᠢᠮ᠎ᠠ ᠭᠢᠢᠨᠴᠠᠢ ᠶᠢᠨ ᠨᠠᠷ ᠪᠦᠭᠦᠳᠡ ᠮᠢᠩ ᠡᠵᠡᠨᠲᠦ ᠭᠦᠷᠦᠨ ᠢ ᠲᠥᠪᠡᠳ ᠲᠦ ᠬᠠᠭᠤᠴᠢᠨ ᠮᠣᠩᠭᠣᠯ ᠶᠤᠸᠠᠨ ᠡᠵᠡᠨ ᠳᠦ ᠭᠦᠷᠦᠨ ᠦ ᠠᠳᠠᠯᠢ ᠲᠣᠭᠲᠠᠮᠠᠯ ᠴᠡᠷᠢᠭ ᠦᠨ ᠠᠩᠭᠢ ᠪᠠᠨ ᠪᠠᠶᠢᠷᠢᠯᠠᠭᠤᠯᠤᠭ᠎ᠠ ᠦᠭᠡᠢ ᠬᠡᠮᠡᠨ ᠦᠵᠡᠳᠡᠭ᠃ ᠸᠠᠩᠯᠢ ᠡᠵᠡᠨ ᠬᠠᠭᠠᠨ /1572-620 ᠣᠨ ᠳᠤ ᠵᠠᠰᠠᠭ ᠢ ᠪᠠᠷᠢᠵᠤ ᠪᠠᠶᠢᠭᠰᠠᠨ/ 1578 ᠣᠨ ᠳᠤ ᠮᠣᠩᠭᠣᠯ-ᠲᠥᠪᠡᠳ ᠦᠨ ᠬᠣᠯᠪᠣᠭ᠎ᠠ ᠪᠤᠢ ᠪᠣᠯᠤᠭᠰᠠᠨ ᠤ ᠬᠠᠷᠢᠭᠤ ᠳᠤ ᠬᠢᠲᠠᠳ-ᠲᠥᠪᠡᠳ ᠦᠨ ᠬᠠᠷᠢᠴᠠᠭ᠎ᠠ ᠶᠢ ᠰᠡᠷᠭᠦᠭᠡᠬᠦ ᠣᠷᠣᠯᠳᠤᠯᠭ᠎ᠠ ᠶᠢ ᠬᠢᠭᠰᠡᠨ ᠡᠴᠡ ᠰᠡᠭᠦᠯ ᠦᠨ ᠬᠢ ᠨᠢ ᠤᠳᠠᠭ᠎ᠠ ᠳᠠᠷᠠᠭ᠎ᠠ ᠪᠤᠢ ᠪᠣᠯᠤᠭᠰᠠᠨ ᠮᠠᠨᠵᠤ ᠴᠢᠩ ᠤᠯᠤᠰ ᠤᠨ (1644–1912) ᠭᠠᠳᠠᠭᠠᠳᠤ ᠪᠣᠳᠣᠯᠭ᠎ᠠ ᠳᠤ ᠶᠡᠬᠡᠬᠡᠨ ᠨᠥᠯᠥᠭᠡ ᠦᠵᠡᠭᠦᠯᠦᠭᠰᠡᠨ ᠶᠤᠮ᠃ 16 ᠍ ᠳᠦᠭᠡᠷ ᠵᠠᠭᠤᠨ ᠤ ᠡᠴᠦᠰ ᠭᠡᠬᠦ ᠳᠦ ᠮᠣᠩᠭᠣᠯᠴᠤᠳ Aᠮᠳᠠ ᠪᠥᠰᠡ ᠳᠦ ᠣᠯᠠᠰᠢᠷᠠᠭᠰᠠᠨ ᠢᠶᠠᠷ ᠰᠢᠷ᠎ᠠ ᠪᠦᠷᠬᠡ ᠮᠠᠯᠠᠭᠠᠢ ᠳᠤ ᠳᠠᠯᠠᠢ ᠯᠠᠮᠠ ᠶᠢ ᠬᠠᠮᠠᠭᠠᠯᠠᠬᠤ ᠪᠣᠯᠵᠠᠢ᠃

ᠮᠢᠩ ᠤᠯᠤᠰ ᠤᠨ ᠤᠨᠠᠯᠲᠠ ᠪᠠ ᠮᠥᠬᠥᠯ[ᠵᠠᠰᠠᠪᠤᠷᠢᠯᠠᠬᠤ | ᠺᠣᠳ᠋ ᠢᠶᠠᠷ ᠵᠠᠰᠠᠬᠣ]

ᠸᠠᠩᠯᠢ ᠬᠠᠭᠠᠨ ᠤ ᠵᠠᠰᠠᠭᠯᠠᠯ ᠤᠨ ᠵᠢᠯ ᠦᠳ[ᠵᠠᠰᠠᠪᠤᠷᠢᠯᠠᠬᠤ | ᠺᠣᠳ᠋ ᠢᠶᠠᠷ ᠵᠠᠰᠠᠬᠣ]

ᠶᠠᠫᠣᠨ ᠤᠯᠤᠰ ᠤᠨ ᠡᠰᠡᠷᠬᠦ ᠳᠡᠭᠳᠡᠭᠰᠡᠨ ᠰᠣᠯᠣᠩᠭᠣᠰ ᠳᠠᠬᠢ ᠢᠮᠵᠢᠨ ᠳᠠᠶᠢᠨ ᠤ ᠡᠳ᠋ ᠍ ᠦᠨ ᠵᠠᠰᠠᠭ ᠤᠨ ᠦᠷ᠎ᠡ ᠳᠠᠭᠠᠪᠤᠷᠢ ᠬᠠᠮᠤᠭ ᠤᠨ ᠬᠦᠨᠳᠦ ᠲᠤᠰᠬᠠᠯ ᠲᠠᠢ ᠪᠠᠶᠢᠭᠰᠠᠨ ᠨᠢ ᠸᠠᠩᠯᠢ ᠡᠵᠡᠨ ᠬᠠᠭᠠᠨ ᠤ ᠵᠠᠰᠠᠭᠯᠠᠯ ᠤᠨ /1572-1620/ ᠦᠶ᠎ᠡ ᠶᠢᠨ ᠬᠢᠲᠠᠳ ᠤᠨ ᠮᠢᠩ ᠭᠦᠷᠦᠨ ᠳᠦ ᠶᠡᠬᠡᠬᠡᠨ ᠨᠥᠯᠦᠭᠡᠯᠡᠭᠰᠡᠨ ᠶᠤᠮ᠃ ᠵᠠᠰᠠᠭᠯᠠᠯ ᠤᠨ ᠢᠶᠠᠨ ᠡᠬᠢᠨ ᠦᠶ᠎ᠡ ᠳᠦ ᠸᠠᠩᠯᠢ ᠨᠢ ᠥᠪᠡᠷ ᠢ ᠪᠡᠨ ᠴᠢᠳᠠᠪᠤᠷᠢᠯᠢᠭ ᠵᠥᠪᠯᠡᠬᠢ ᠨᠦᠭᠦᠳ ᠢᠶᠡᠷ ᠬᠦᠷᠢᠶᠡᠯᠡᠭᠦᠯᠵᠦ᠂ ᠤᠯᠤᠰ ᠣᠷᠣᠨ ᠢ ᠬᠠᠮᠢᠶᠠᠷᠤᠭᠰᠠᠨ ᠬᠡᠷᠡᠭ ᠦᠳ ᠢ ᠰᠢᠢᠳᠪᠦᠷᠢᠯᠡᠬᠦ ᠭᠡᠵᠦ ᠶᠡᠬᠡᠬᠡᠨ ᠬᠦᠴᠦᠨ ᠵᠢᠳᠬᠦᠵᠦ ᠪᠠᠶᠢᠪᠠ᠃ ᠲᠡᠭᠦᠨ ᠦ ᠲᠡᠷᠢᠭᠦᠨ ᠨᠠᠷᠢᠨ ᠪᠢᠴᠢᠭ ᠦᠨ ᠳᠠᠷᠤᠭ᠎ᠠ ᠵᠢᠶᠠᠩ ᠵᠤ ᠵᠢᠨᠢ (1572 -82 ᠬᠦᠷᠲᠡᠯ᠎ᠡ ᠠᠯᠪᠠ ᠬᠠᠰᠢᠵᠤ ᠪᠠᠶᠢᠭᠰᠠᠨ) ᠭᠡᠭᠴᠢ ᠨᠢ ᠠᠬᠠᠮᠠᠳ ᠲᠦᠰᠢᠮᠡᠳ ᠲᠡᠢ ᠪᠡᠨ ᠬᠠᠮᠲᠤᠷᠠᠨ ᠮᠠᠰᠢ ᠦᠷ᠎ᠡ ᠪᠦᠲᠦᠭᠡᠯ ᠲᠡᠢ ᠬᠣᠯᠪᠣᠭᠠᠲᠠᠨ ᠨᠤᠭᠤᠳ ᠤᠨ ᠰᠦᠯᠵᠢᠶ᠎ᠡ ᠶᠢ ᠪᠤᠢ ᠪᠣᠯᠭᠠᠵᠤ ᠴᠢᠳᠠᠭᠰᠠᠨ ᠶᠤᠮ᠃ ᠲᠡᠭᠦᠨ ᠡᠴᠡ ᠬᠣᠶᠢᠰᠢ ᠡᠳᠡᠭᠡᠷ ᠬᠣᠯᠪᠣᠭᠠᠲᠠᠨ ᠨᠤᠭᠤᠳ ᠤᠨ ᠬᠠᠷᠢᠯᠴᠠᠭ᠎ᠠ ᠶᠢ ᠲᠣᠭᠲᠠᠪᠤᠷᠢᠲᠠᠢ ᠪᠠᠶᠢᠯᠭᠠᠬᠤ ᠴᠢᠳᠠᠪᠤᠷᠢ ᠲᠠᠢ ᠡᠶᠢᠮᠦ ᠴᠢᠳᠠᠪᠤᠷᠢᠯᠢᠭ ᠬᠦᠮᠦᠨ ᠭᠠᠷᠴᠤ ᠢᠷᠡᠭᠡ ᠦᠭᠡᠢ ᠪᠥᠭᠡᠳ ᠤᠳᠠᠯ ᠦᠭᠡᠢ ᠡᠳᠡᠭᠡᠷ ᠬᠣᠯᠪᠣᠲᠣᠩ ᠤᠳ ᠬᠣᠭᠣᠷᠣᠨᠳᠣ ᠪᠠᠨ ᠨᠢᠭᠡᠳᠴᠦ ᠬᠦᠴᠦᠲᠡᠢ ᠰᠥᠷᠭᠦ ᠬᠦᠴᠦᠨ ᠪᠣᠯᠤᠭᠰᠠᠨ ᠶᠤᠮ᠃ ᠴᠠᠭ ᠬᠤᠭᠤᠴᠠᠭᠠᠨ ᠤ ᠶᠠᠪᠤᠴᠠ ᠳᠤ ᠸᠠᠩᠯᠢ ᠲᠥᠷᠥ ᠶᠢᠨ ᠠᠯᠪᠠ ᠪᠣᠯᠤᠨ ᠰᠠᠶᠢᠳ ᠨᠠᠷ ᠤᠨ ᠬᠣᠭᠣᠷᠣᠨᠳᠣ ᠪᠠᠶᠢᠩᠭᠤ ᠭᠠᠷᠳᠠᠭ ᠤᠯᠤᠰ ᠲᠥᠷᠥ ᠶᠢᠨ ᠮᠠᠷᠭᠤᠭᠠᠨ ᠠᠴᠠ ᠵᠠᠯᠬᠠᠵᠤ᠂ ᠬᠣᠷᠢᠭ᠎ᠠ ᠲᠠᠢ ᠬᠣᠲᠠ ᠶᠢᠨ ᠬᠠᠨᠠᠨ ᠤ ᠠᠷᠠᠳ ᠲᠦᠰᠢᠮᠡᠳ ᠦᠨ ᠢᠶᠡᠨ ᠬᠠᠷᠠᠭᠠᠨ ᠠᠴᠠ ᠬᠣᠯᠠ ᠵᠣᠭᠰᠣᠬᠤ ᠶᠢ ᠡᠷᠬᠢᠮᠯᠡᠵᠦ ᠪᠠᠶᠢᠪᠠ᠃ ᠲᠠᠶᠢᠭᠠᠨ ᠬᠦᠮᠦᠰ ᠬᠥᠨᠳᠡᠶᠢᠷᠡᠭᠰᠡᠨ ᠡᠵᠡᠨ ᠬᠠᠭᠠᠨ᠂ ᠲᠡᠭᠦᠨ ᠦ ᠲᠦᠰᠢᠮᠡᠳ ᠦᠨ ᠬᠣᠭᠣᠷᠣᠨᠳᠣ ᠵᠠᠭᠤᠴᠢᠯᠠᠬᠤ ᠪᠣᠯᠤᠭᠰᠠᠨ ᠲᠡᠷᠡ ᠴᠠᠭ ᠠᠴᠠ ᠬᠣᠶᠢᠰᠢ ᠡᠷᠳᠡᠮᠲᠡᠨ᠂ ᠮᠡᠷᠭᠡᠳ ᠲᠦᠰᠢᠮᠡᠳ ᠵᠠᠰᠠᠭ ᠵᠠᠬᠢᠷᠭᠠᠨ ᠳᠤ ᠨᠡᠷ᠎ᠡ ᠬᠦᠨᠳᠦ ᠭᠦᠢ ᠪᠣᠯᠵᠠᠢ᠃ ᠤᠯᠤᠰ ᠣᠷᠣᠨ ᠤ ᠠᠰᠠᠭᠤᠳᠠᠯ ᠢ ᠬᠡᠯᠡᠯᠴᠡᠬᠦ ᠬᠦᠰᠡᠯ ᠲᠡᠢ ᠶᠠᠮᠠᠷ ᠴᠤ ᠲᠦᠰᠢᠮᠡᠯ ᠠᠰᠠᠭᠤᠳᠠᠯ ᠢ ᠡᠵᠡᠨ ᠬᠠᠭᠠᠨ ᠳᠤ ᠲᠠᠨᠢᠯᠴᠠᠭᠤᠯᠬᠤ ᠶᠢᠨ ᠲᠤᠯᠠᠳᠠ ᠲᠠᠶᠢᠭᠠᠨ ᠬᠦᠮᠦᠨ ᠦ ᠭᠠᠷ ᠢ ᠴᠠᠶᠢᠯᠭᠠᠬᠤ ᠶᠣᠰᠣᠲᠠᠢ ᠪᠠᠶᠢᠪᠠ᠃

ᠲᠠᠶᠢᠭᠠᠨ ᠬᠦᠮᠦᠰ ᠦᠨ ᠡᠭᠦᠷᠭᠡ[ᠵᠠᠰᠠᠪᠤᠷᠢᠯᠠᠬᠤ | ᠺᠣᠳ᠋ ᠢᠶᠠᠷ ᠵᠠᠰᠠᠬᠣ]

ᠲᠢᠨᠼᠢ ᠬᠠᠭᠠᠨ ᠤ ᠦᠶ᠎ᠡ ᠶᠢᠨ ᠴᠠᠶᠢᠨ ᠤ ᠠᠶᠠᠭ᠎ᠠ (1568–1627).

ᠲᠢᠨᠼᠢ ᠬᠠᠭᠠᠨ ᠳᠤ ᠸᠡᠢ ᠽᠥᠩᠰᠢᠨ (1568–1627) ᠭᠡᠭᠴᠢ ᠲᠠᠶᠢᠭᠠᠨ ᠬᠦᠮᠦᠨ ᠶᠡᠬᠡᠬᠡᠨ ᠨᠥᠯᠥᠭᠡ ᠦᠵᠡᠭᠦᠯᠵᠦ ᠲᠡᠭᠦᠨ ᠢ ᠬᠢᠨᠠᠳᠠᠭ ᠪᠠᠶᠢᠪᠠ᠃ ᠵᠤ ᠶᠤᠸᠠᠨ ᠵᠠᠩ ᠬᠠᠭᠠᠨ ᠨᠢ ᠲᠠᠶᠢᠭᠠᠨ ᠬᠦᠮᠦᠰ ᠲᠦ ᠤᠯᠤᠰ ᠲᠥᠷᠥ ᠬᠥᠭᠡᠭᠡᠴᠡᠯᠳᠦᠬᠦ ᠶᠢ ᠬᠣᠷᠢᠭᠰᠠᠨ ᠭᠡᠳᠡᠭ᠃ ᠡᠨᠡ ᠨᠢ ᠬᠡᠷ ᠦᠷ᠎ᠡ ᠪᠦᠲᠦᠭᠡᠯ ᠲᠡᠢ ᠪᠠᠶᠢᠭᠰᠠᠨ ᠢ ᠨᠤᠲᠠᠯᠠᠬᠤ ᠪᠠᠷᠢᠮᠲᠠ ᠪᠠᠶᠢᠳᠠᠭ ᠦᠭᠡᠢ ᠴᠤ ᠶᠠᠮᠠᠷ ᠴᠤ ᠪᠠᠶᠢᠭᠰᠠᠨ ᠲᠠᠶᠢᠭᠠᠨ ᠬᠦᠮᠦᠰ ᠤᠯᠤᠰ᠂ ᠣᠷᠣᠨ ᠤ ᠠᠵᠢᠯ ᠢ ᠵᠣᠬᠢᠴᠠᠭᠤᠯᠵᠤ᠂ ᠴᠡᠷᠢᠭ᠂ ᠠᠷᠮᠢ ᠶᠢ ᠤᠳᠤᠷᠢᠳᠥᠵᠤ ᠲᠦᠰᠢᠮᠡᠳ ᠢ ᠲᠤᠮᠢᠯᠠᠬᠤ᠂ ᠬᠠᠯᠬᠤ ᠳᠤ ᠣᠷᠣᠯᠴᠠᠵᠤ ᠪᠠᠶᠢᠪᠠ᠃ ᠲᠠᠶᠢᠭᠠᠨ ᠬᠦᠮᠦᠰ ᠥᠪᠡᠷ ᠦᠨ ᠭᠡᠰᠡᠨ ᠬᠦᠨᠳᠦ ᠰᠤᠷᠲᠠᠯ ᠲᠠᠢ ᠪᠣᠯᠪᠠ᠃ ᠮᠢᠩ ᠤᠯᠤᠰ ᠍ ᠤᠨ ᠦᠶ᠎ᠡ ᠳᠦ ᠸᠠᠩ ᠵᠢᠨᠸᠠᠩ ᠵᠢᠯᠶᠤᠶᠢ ᠵᠢᠩ ᠭᠡᠳ ᠣᠯᠠᠨ ᠳᠠᠷᠤᠩᠭᠤᠶᠢᠯᠠᠭᠴᠢ ᠲᠠᠶᠢᠭᠠᠨ ᠬᠦᠮᠦᠰ ᠪᠠᠶᠢᠭᠰᠠᠨ ᠴᠤ ᠬᠡᠲᠦ ᠳᠠᠷᠤᠩᠭᠤᠶᠢᠯᠠᠯ ᠤᠨ ᠰᠢᠨᠵᠢ ᠴᠢᠨᠠᠷ ᠨᠢ 1590 ᠣᠨ ᠬᠦᠷᠲᠡᠯ᠎ᠡ ᠢᠯᠡᠷᠡᠭᠡ ᠦᠭᠡᠢ ᠪᠠᠶᠢᠨ᠎ᠠ᠃ ᠸᠡᠢ ᠽᠥᠩᠰᠢᠨ (1568–1627) ᠭᠡᠭᠴᠢ ᠲᠠᠶᠢᠭᠠᠨ ᠬᠦᠮᠦᠨ ᠲᠢᠨᠴᠢ ᠡᠵᠡᠨ ᠬᠠᠭᠠᠨ (1620–1627 ᠣᠨ ᠨᠤᠭᠤᠳ ᠲᠤ ᠵᠠᠰᠠᠭ ᠪᠠᠷᠢᠵᠤ ᠪᠠᠶᠢᠭᠰᠠᠨ) ᠍ ᠤ ᠣᠷᠳᠣᠨ ᠢ ᠤᠳᠤᠷᠢᠳᠥᠵᠤ᠂ ᠡᠷᠬᠡ ᠮᠡᠳᠡᠯ ᠢᠶᠡᠨ ᠪᠦᠷᠢᠨ ᠳᠦᠭᠦᠷᠡᠩ ᠠᠰᠢᠭᠯᠠᠵᠤ ᠪᠠᠶᠢᠪᠠ᠃ ᠲᠡᠷᠡ ᠬᠤᠪᠢᠳᠠᠭ᠎ᠠ ᠣᠯᠠᠨ ᠣᠷᠳᠣ ᠬᠠᠷᠰᠢ ᠪᠠᠷᠢᠭᠤᠯᠵᠤ᠂ ᠨᠠᠶᠢᠵᠠ ᠨᠥᠬᠥᠳ᠂ ᠲᠥᠷᠥᠯ ᠰᠠᠳᠠᠩᠭᠠᠨ ᠥᠨᠳᠥᠷ ᠠᠯᠪᠠᠨ ᠲᠤᠰᠢᠶᠠᠯ ᠳᠤ ᠲᠣᠮᠢᠯᠠᠳᠠᠭ ᠪᠠᠶᠢᠪᠠ᠃

ᠡᠳ᠋ ᠍ ᠦᠨ ᠵᠠᠰᠠᠭ ᠤᠨ ᠤᠨᠠᠯᠲᠠ ᠪᠠ ᠭᠠᠮᠰᠢᠭ[ᠵᠠᠰᠠᠪᠤᠷᠢᠯᠠᠬᠤ | ᠺᠣᠳ᠋ ᠢᠶᠠᠷ ᠵᠠᠰᠠᠬᠣ]

ᠬᠠᠨᠢ ᠣᠷᠳᠣᠨ ᠤ ᠬᠠᠪᠤᠷ ᠤᠨ ᠥᠷᠯᠥᠭᠡ , ᠵᠢᠷᠤᠭᠰᠠᠨ ᠴᠦᠢ ᠶᠢᠨ (1494–1552);

ᠮᠢᠩ ᠤᠯᠤᠰ ᠤᠨ ᠬᠣᠵᠢᠭᠤ ᠦᠶ᠎ᠡ ᠳᠦ ᠰᠤᠶᠤᠯ᠂ ᠤᠷᠠᠯᠢᠭ ᠤᠨ ᠵᠠᠪᠬᠠᠷᠠᠯ ᠳᠤ ᠶᠡᠬᠡᠬᠡᠨ ᠣᠷᠣᠭᠰᠠᠨ ᠪᠠᠶᠢᠯ᠎ᠠ᠃ ᠢᠯᠠᠩᠭᠤᠶ᠎ᠠ ᠸᠠᠩᠯᠢ ᠬᠠᠭᠠᠨ ᠤ ᠵᠠᠰᠠᠭᠯᠠᠯ ᠤᠨ ᠰᠡᠭᠦᠯᠴᠢ ᠶᠢᠨ ᠵᠢᠯ ᠦᠳ ᠭᠡᠬᠦ ᠳᠦ ᠡᠳ᠋ ᠍ ᠦᠨ ᠵᠠᠰᠠᠭ ᠤᠨ ᠤᠨᠠᠯᠲᠠ ᠳᠤ ᠣᠷᠣᠵᠤ᠂ ᠠᠷᠠᠯᠵᠢᠶ᠎ᠠ ᠮᠠᠶᠢᠮᠠᠭ᠎ᠠ ᠶᠢ ᠶᠠᠪᠤᠭᠤᠯᠳᠠᠭ ᠭᠠᠭᠴᠠ ᠴᠢᠬᠤᠯᠠ ᠬᠡᠷᠡᠭᠰᠡᠯ ᠪᠣᠯᠬᠤ ᠮᠥᠩᠭᠥᠨ ᠦ ᠬᠣᠮᠰᠠᠳᠠᠯ ᠳᠤ ᠣᠷᠣᠵᠤ᠂ ᠮᠥᠩᠭᠥ ᠶᠢ ᠮᠧᠺᠰᠢᠺ᠂ ᠫᠧᠷᠤ ᠪᠣᠯᠤᠨ ᠨᠣᠮᠣᠬᠠᠨ ᠳᠠᠯᠠᠢ ᠶᠢᠨ ᠣᠷᠣᠨ ᠨᠤᠭᠤᠳ ᠠᠴᠠ ᠬᠢᠲᠠᠳ ᠷᠤ ᠬᠠᠤᠯᠢ ᠪᠤᠰᠤ ᠪᠠᠷ ᠵᠥᠭᠡᠬᠦ ᠪᠣᠯᠤᠭᠰᠠᠨ ᠪᠠᠶᠢᠪᠠ᠃ 1639 ᠣᠨ ᠳᠤ ᠶᠠᠫᠣᠨ ᠳᠤᠲᠣᠺᠥᠭᠪᠠ ᠣᠪᠤᠭ ᠤᠨ ᠬᠢᠨ ᠤ ᠳᠢᠭᠯᠢᠮ ᠲᠣᠭᠲᠠᠵᠤ᠂ ᠧᠦ᠋ᠷᠣᠫᠠ ᠶᠢᠨ ᠭᠦᠷᠦᠨ ᠨᠦᠭᠦᠳ ᠲᠡᠢ ᠭᠠᠳᠠᠭᠠᠳᠤ ᠬᠤᠳᠠᠯᠳᠤᠭ᠎ᠠ ᠶᠢ ᠵᠣᠭᠰᠣᠭᠠᠭᠰᠠᠨ ᠢᠶᠠᠷ ᠬᠢᠲᠠᠳ ᠷᠤ ᠮᠥᠩᠭᠥ ᠶᠢ ᠵᠥᠭᠡᠬᠦ ᠥᠭᠡᠷ᠎ᠡ ᠨᠢᠭᠡᠨ ᠡᠬᠢ ᠰᠤᠷᠪᠤᠯᠵᠢ ᠶᠢ ᠪᠤᠢ ᠪᠣᠯᠭᠠᠬᠤ ᠳᠤ ᠬᠦᠷᠭᠡᠭᠰᠡᠨ ᠶᠤᠮ᠃ 1630 ᠣᠨ ᠭᠡᠬᠦ ᠳᠦ ᠬᠡᠳᠦᠨ ᠮᠢᠩᠭᠠᠨ ᠵᠡᠰ ᠵᠣᠭᠣᠰ ᠨᠢᠭᠡ ᠦᠨᠴᠢ ᠮᠥᠩᠭᠥ ᠲᠡᠢ ᠲᠡᠩᠴᠡᠵᠦ ᠪᠠᠶᠢᠭᠠᠳ 1640 ᠣᠨ ᠭᠡᠬᠦ ᠳᠦ ᠬᠠᠭᠠᠰ ᠦᠨᠴᠢ᠂ 1643 ᠣᠨ ᠭᠡᠬᠦ ᠳᠦ ᠨᠢᠭᠡ ᠤᠨᠠᠴᠠ ᠶᠢᠨ ᠭᠤᠷᠪᠠᠨ ᠤ ᠨᠢᠭᠡ ᠲᠡᠢ ᠲᠡᠩᠴᠡᠬᠦ ᠪᠣᠯᠵᠠᠢ᠃ ᠡᠨᠡ ᠨᠢ ᠶᠠᠳᠠᠭᠤ ᠲᠠᠷᠢᠶᠠᠴᠢᠳ ᠤᠨ ᠬᠤᠪᠢ ᠳᠤ ᠡᠳ᠋ ᠍ ᠦᠨ ᠵᠠᠰᠠᠭ ᠤᠨ ᠭᠠᠮᠰᠢᠭ ᠪᠠᠶᠢᠭᠰᠠᠨ ᠪᠥᠭᠡᠳ ᠲᠡᠳᠡ ᠮᠥᠩᠭᠥ ᠪᠡᠷ ᠲᠠᠲᠠᠪᠤᠷᠢ ᠪᠠᠨ ᠲᠥᠯᠦᠵᠦ ᠤᠷᠭᠤᠴᠠ ᠪᠠᠨ ᠵᠡᠰ ᠵᠣᠭᠣᠰ ᠢᠶᠠᠷ ᠨᠠᠶᠢᠮᠠᠶᠢᠯᠠᠳᠠᠭ ᠪᠠᠶᠢᠪᠠ᠃

ᠨᠡᠮᠡᠷᠢ[ᠵᠠᠰᠠᠪᠤᠷᠢᠯᠠᠬᠤ | ᠺᠣᠳ᠋ ᠢᠶᠠᠷ ᠵᠠᠰᠠᠬᠣ]

ᠵᠢᠷᠤᠭ ᠤᠨ ᠴᠣᠮᠣᠭ[ᠵᠠᠰᠠᠪᠤᠷᠢᠯᠠᠬᠤ | ᠺᠣᠳ᠋ ᠢᠶᠠᠷ ᠵᠠᠰᠠᠬᠣ]

http://wiki.uhaan.com/index.php?title=ᠮᠢᠩ_ᠤᠯᠤᠰ&oldid=443825》 ᠍  ᠡᠴᠡ ᠠᠪᠤᠭᠰᠠᠨ

ᠪᠢᠴᠢᠭᠡᠰᠦ