ᠮᠡᠷᠬᠢᠳ

ᠴᠢᠯᠦᠭᠡᠲᠦ ᠨᠡᠪᠲᠡᠷᠬᠡᠢ ᠲᠣᠯᠢ — ᠸᠢᠺᠢᠫᠧᠳᠢᠶ᠎ᠠ ᠠᠴᠠ
ᠬᠠᠷᠠᠶᠢᠬᠤ: ᠤᠳᠤᠷᠢᠳᠬᠤ, ᠬᠠᠶᠢᠯᠲᠠ
Mongol Empire c.1207.png

ᠮᠡᠷᠬᠢᠳ(蔑儿乞) ᠨᠢ 12 ᠳᠦᠭᠡᠷ ᠵᠠᠭᠤᠨ ᠤ ᠦᠶ᠎ᠡ ᠶᠢᠨ ᠮᠣᠩᠭᠣᠯ ᠤᠨ ᠲᠠᠪᠤᠨ ᠲᠣᠮᠣ ᠬᠠᠨᠯᠢᠭ ᠤᠳ ᠤᠨ ᠨᠢᠭᠡ ᠶᠤᠮ᠃ ᠮᠡᠷᠬᠢᠳ ᠨᠢ ᠰᠡᠯᠡᠩᠭᠡ ᠮᠥᠷᠡᠨ ᠦ ᠬᠥᠨᠳᠡᠢ ᠪᠣᠯᠤᠨ ᠣᠷᠬᠣᠨ ᠭᠣᠣᠯ ᠤᠨ ᠳᠣᠣᠷᠠᠳᠤ ᠬᠡᠰᠡᠭ ᠢᠶᠡᠷ ᠠᠮᠢᠳᠤᠷᠠᠵᠤ ᠪᠠᠶᠢᠵᠠᠢ᠃ ᠯᠢᠶᠣᠣ ᠤᠯᠤᠰ ᠤᠨ ᠲᠡᠦᠬᠡ ᠳᠦ ᠮᠡᠷᠭᠢ ᠭᠡᠵᠦ ᠭᠠᠷᠳᠠᠭ(梅里急᠂密儿纪)ᠨᠢ ᠮᠡᠷᠭᠢᠳ ᠠᠶᠢᠮᠠᠭ ᠮᠥᠨ᠃ ᠲᠡᠳᠡ 20 ᠵᠢᠯ ᠦᠨ ᠲᠤᠷᠰᠢ ᠲᠡᠮᠦᠵᠢᠨ ᠲᠡᠢ ᠲᠡᠮᠡᠴᠡᠯᠳᠦᠭᠰᠡᠨ ᠦ ᠡᠴᠦᠰ ᠲᠦ 1200 ᠤᠨ ᠳᠤ ᠪᠤᠲᠠ ᠴᠣᠬᠢᠭᠳᠠᠨ ᠶᠡᠬᠡ ᠮᠣᠩᠭᠣᠯ ᠤᠯᠤᠰ ᠲᠤ ᠨᠢᠭᠡᠳᠦᠨ ᠣᠷᠣᠵᠠᠢ᠃

ᠭᠤᠷᠪᠠᠨ ᠮᠡᠷᠬᠢᠳ[ᠵᠠᠰᠠᠪᠤᠷᠢᠯᠠᠬᠤ | ᠺᠣᠳ᠋ ᠢᠶᠠᠷ ᠵᠠᠰᠠᠬᠣ]

ᠮᠡᠷᠬᠢᠳ ᠦᠳ ᠨᠢ ᠣᠷᠬᠣᠨ ᠭᠣᠣᠯ ᠪᠣᠯᠤᠨ ᠰᠡᠯᠡᠩᠭᠡ ᠮᠥᠷᠡᠨ ᠦ ᠬᠥᠪᠡᠭᠡ ᠪᠡᠷ ᠣᠷᠣᠰᠢᠨ ᠰᠠᠭᠤᠬᠤ 3 ᠠᠶᠢᠮᠠᠭ ᠠᠴᠠ ᠪᠦᠷᠢᠳᠳᠡᠭ᠃

  • ᠣᠷᠬᠣᠨ ᠭᠣᠣᠯ ᠤᠨ ᠳᠣᠣᠷᠠᠳᠤ ᠤᠷᠤᠰᠬᠠᠯ ᠳᠠᠭᠠᠤ ᠪᠤᠤᠷ᠎ᠠ ᠬᠡᠭᠡᠷ᠎ᠡ ᠶᠢᠨ ᠣᠷᠴᠢᠮ ᠤᠳᠤᠶᠢᠳ ᠮᠡᠷᠬᠢᠳ
  • ᠣᠷᠬᠣᠨ ᠰᠡᠯᠡᠩᠭᠡ ᠮᠥᠷᠡᠨ ᠦ ᠬᠣᠭᠣᠷᠣᠨᠳᠣᠬᠢ ᠲᠠᠯᠬᠤᠨ ᠠᠷᠠᠯ ᠬᠠᠪᠢ ᠪᠠᠷ ᠤᠸᠠᠰ ᠮᠡᠷᠬᠢᠳ
  • ᠰᠡᠯᠡᠩᠭᠡ ᠮᠥᠷᠡᠨ ᠦ ᠬᠠᠷᠠᠵᠢ-ᠬᠡᠭᠡᠷ᠎ᠡ ᠶᠢᠨ ᠣᠷᠴᠢᠮ ᠬᠠᠭᠠᠳ ᠮᠡᠷᠬᠢᠳ ᠠᠶᠢᠮᠠᠭ

ᠤᠳᠤᠶᠢᠳ ᠠᠶᠢᠮᠠᠭ ᠣᠷᠬᠣᠨ ᠤ ᠠᠳᠠᠭ ᠪᠤᠤᠷ᠎ᠠ ᠬᠡᠭᠡᠷ᠎ᠡ ᠪᠡᠷ ᠨᠤᠲᠤᠭᠯᠠᠵᠤ ᠪᠠᠶᠢᠭᠰᠠᠨ ᠪᠥᠭᠡᠳ ᠬᠦᠮᠦᠨ ᠠᠮᠠ ᠣᠯᠠᠨ ᠲᠠᠢ ᠬᠠᠨᠯᠢᠭ ᠲᠤ ᠪᠠᠨ ᠲᠡᠷᠢᠭᠦᠯᠡᠬᠦ ᠡᠭᠦᠷᠭᠡ ᠲᠡᠢ ᠡᠨᠡ ᠠᠶᠢᠮᠠᠭ ᠢ ᠳᠣᠯᠤᠳᠤᠭᠠᠷ ᠵᠠᠭᠤᠨ ᠤ ᠰᠡᠭᠦᠯ ᠦᠶ᠎ᠡ ᠳᠦ ᠲᠣᠳᠦᠷ ᠪᠢᠯᠭᠡ ᠴᠢᠭᠢᠨ ᠲᠡᠭᠦᠨ ᠦ ᠬᠦᠦ ᠲᠣᠭᠲᠣᠭ᠎ᠠ ᠪᠡᠬᠢ ᠨᠠᠷ ᠵᠠᠬᠢᠷᠴᠤ ᠪᠠᠶᠢᠪᠠ᠃ ᠤᠸᠠᠰ ᠮᠡᠷᠬᠢᠳ ᠢ ᠳᠠᠶᠢᠷ ᠤᠰᠤᠨ ᠵᠠᠬᠢᠷᠴᠤ ᠪᠠᠶᠢᠭᠰᠠᠨ᠃ ᠰᠡᠯᠡᠩᠭᠡ ᠶᠢᠨ ᠳᠤᠮᠳᠠ ᠪᠡᠶ᠎ᠡ ᠬᠠᠷᠠᠵᠢ ᠬᠡᠭᠡᠷ᠎ᠡ ᠳᠦ ᠬᠠᠭᠠᠳ ᠮᠡᠷᠬᠢᠳ ᠨᠤᠲᠤᠭᠯᠠᠵᠤ ᠬᠠᠭᠠᠳᠠᠢ ᠳᠠᠷᠮᠠᠯᠠ ᠭᠡᠭᠴᠢ ᠵᠠᠬᠢᠷᠴᠤ ᠪᠠᠶᠢᠪᠠ᠃ ᠡᠨᠡ ᠭᠤᠷᠪᠠᠨ ᠠᠶᠢᠮᠠᠭ ᠲᠤ ᠠᠯᠳᠠᠷᠲᠠᠢ ᠮᠡᠷᠭᠡᠨ ᠬᠠᠷᠪᠤᠭᠠᠴᠢ ᠣᠯᠠᠨ ᠲᠠᠢ ᠪᠠᠶᠢᠭᠰᠠᠨ ᠠᠴᠠ ᠬᠠᠨᠯᠢᠭ ᠢᠶᠠᠨ ᠭᠤᠷᠪᠠᠨ ᠮᠡᠷᠬᠢᠳ ᠭᠡᠵᠦ ᠨᠡᠷᠡᠯᠡᠭᠰᠡᠨ ᠪᠠᠶᠢᠨ᠎ᠠ᠃ 《ᠰᠤᠳᠤᠷ ᠤᠨ ᠴᠢᠭᠤᠯᠭᠠᠨ》 ᠍ ᠍ ᠳᠦ ᠮᠡᠷᠭᠡᠳ ᠤᠯᠤᠰ ᠭᠡᠳᠡᠭ ᠢ ᠶᠡᠬᠡᠰ ᠳᠡᠭᠡᠳᠦᠰ ᠦᠨ ᠵᠢᠨᠳᠠᠭᠠᠨ ᠤ ᠨᠡᠷ᠎ᠡ ᠪᠠᠶᠢᠭᠰᠠᠨ ᠪᠠᠶᠢᠵᠤ ᠮᠠᠭᠠᠳ ᠦᠭᠡᠢ ᠭᠡᠰᠡᠨ ᠰᠠᠨᠠᠭ᠎ᠠ ᠪᠠᠶᠢᠳᠠᠭ ᠶᠤᠮ᠃ ᠬᠠᠮᠤᠭ ᠮᠣᠩᠭᠣᠯ ᠲᠠᠢ ᠳᠣᠯᠤᠳᠤᠭᠠᠷ ᠵᠠᠭᠤᠨ ᠤ ᠳᠤᠮᠳᠠ ᠦᠶ᠎ᠡ ᠬᠦᠷᠲᠡᠯ᠎ᠡ ᠡᠪᠲᠡᠢ ᠨᠠᠶᠢᠷᠲᠠᠢ ᠶᠠᠪᠤᠵᠤ ᠢᠷᠡᠭᠰᠡᠨ ᠮᠣᠩᠭᠣᠯ ᠣᠪᠣᠭᠲᠠᠨ ᠤ ᠨᠢᠭᠡ ᠪᠣᠯ ᠮᠡᠷᠬᠢᠳ ᠦᠳ ᠪᠥᠭᠡᠳ ᠲᠡᠭᠦᠨ ᠦ ᠵᠠᠬᠢᠷᠤᠭᠴᠢ ᠲᠤᠳᠤᠷ ᠪᠢᠯᠢᠭᠡ᠂ ᠠᠮᠪᠠᠭᠠᠢ ᠬᠠᠭᠠᠨ ᠤ ᠬᠦᠦ ᠬᠠᠳᠠᠭᠠᠨ ᠲᠠᠶᠢᠰᠢ ᠬᠣᠶᠠᠷ ᠠᠨᠳᠠ ᠶᠢᠨ ᠬᠣᠯᠪᠣᠭ᠎ᠠ ᠲᠠᠢ ᠪᠠᠶᠢᠭᠰᠠᠨ ᠪᠠᠶᠢᠨ᠎ᠠ᠃ ᠳᠣᠯᠤᠳᠤᠭᠠᠷ ᠵᠠᠭᠤᠨ ᠤ II ᠬᠠᠭᠠᠰ ᠤᠨ ᠡᠬᠢᠨ ᠳᠦ ᠬᠠᠳᠠᠭᠠᠨ ᠭᠤᠷᠪᠠᠨ ᠮᠡᠷᠬᠢᠳ ᠦᠨ ᠵᠣᠩᠬᠢᠯᠠᠬᠤ ᠡᠷᠬᠡ ᠲᠡᠢ ᠠᠨᠳᠠ ᠨᠥᠬᠥᠷ ᠲᠦ ᠪᠡᠨ ᠡᠯᠴᠢ ᠢᠯᠡᠭᠡᠵᠦ ᠨᠢᠭᠡᠳᠦᠶ᠎ᠡ ᠭᠡᠵᠦ ᠬᠡᠯᠡᠭᠦᠯᠦᠭᠰᠡᠨ ᠳᠦ ᠪᠡᠶ᠎ᠡ ᠳᠠᠭᠠᠭᠰᠠᠨ ᠪᠠᠶᠢᠳᠠᠯ ᠢᠶᠠᠨ ᠬᠠᠳᠠᠭᠠᠯᠠᠬᠤ ᠶᠢ ᠡᠷᠬᠢᠮᠯᠡᠭᠴᠢ ᠲᠤᠳᠤᠷ ᠪᠢᠯᠢᠭᠡ ᠴᠢᠭᠢᠨ ᠬᠢᠯᠢᠩᠨᠡᠨ 《ᠡᠯᠴᠢ ᠳᠦ》 ᠬᠠᠳᠠᠭᠠᠨ ᠲᠠᠶᠢᠰᠢ ᠶᠢᠨ ᠭᠠᠭᠴᠠ ᠨᠢᠳᠦ ᠶᠢ ᠨᠢ ᠰᠣᠬᠣᠯᠬᠤ ᠪᠠᠷ ᠬᠢᠲᠤᠭ᠎ᠠ ᠪᠠᠨ ᠪᠢᠯᠡᠭᠦᠳᠡᠵᠦ ᠪᠠᠶᠢᠨ᠎ᠠ ᠭᠡᠵᠦ ᠬᠠᠷᠢᠭᠤ ᠥᠭᠴᠡᠢ᠃ᠲᠤᠳᠤᠷ ᠪᠢᠯᠢᠭᠡᠭ ᠦᠨ ᠡᠨᠡ ᠦᠭᠡ ᠶᠢ ᠰᠣᠨᠣᠰᠤᠭᠰᠠᠨ ᠬᠠᠳᠠᠭᠠᠨ 《ᠬᠠᠲᠠᠭᠤ ᠦᠭᠡ ᠡᠪᠳᠡᠷᠡᠯ ᠦᠨ ᠡᠬᠡ ᠪᠣᠯᠤᠯ᠎ᠠ》 ᠬᠡᠮᠡᠨ ᠬᠡᠯᠡᠭᠡᠳ ᠭᠤᠷᠪᠠᠬᠠᠨ ᠬᠣᠨᠣᠭ ᠲᠤ ᠬᠣᠲᠤᠯᠠ ᠪᠣᠯᠤᠨ ᠪᠤᠰᠤᠳ ᠠᠯᠲᠠᠨ ᠤᠷᠤᠭ ᠤᠨ ᠬᠢᠨ ᠲᠠᠢ ᠬᠦᠴᠦ ᠬᠠᠪᠰᠠᠷᠭᠠᠨ ᠳᠣᠪᠲᠣᠯᠤᠭᠰᠠᠨ ᠳᠤ ᠲᠤᠳᠤᠷ ᠴᠢᠩᠭᠢᠨ ᠠᠯᠠᠭᠳᠠᠵᠤ᠂ ᠲᠣᠭᠲᠣᠭ᠎ᠠ ᠪᠡᠬᠢ ᠰᠢᠷᠬᠠᠲᠤᠵᠤ ᠵᠢᠭᠤᠳᠠᠨ ᠣᠯᠠᠨ ᠮᠡᠷᠬᠢᠳ ᠦᠳ ᠣᠯᠵᠠᠯᠠᠭᠳᠠᠵᠠᠢ᠃ ᠭᠡᠪᠡᠴᠦ ᠭᠤᠷᠪᠠᠨ ᠵᠢᠯ ᠥᠩᠭᠡᠷᠡᠭᠰᠡᠨ ᠦ ᠳᠠᠷᠠᠭ᠎ᠠ ᠲᠣᠭᠲᠣᠭ᠎ᠠ ᠪᠡᠬᠢ ᠬᠦᠴᠦ ᠪᠡᠨ ᠬᠤᠷᠠᠯᠳᠤᠭᠤᠯᠤᠨ ᠬᠠᠮᠤᠭ ᠮᠣᠩᠭᠣᠯ ᠳᠤ ᠡᠯᠴᠢ ᠢᠯᠡᠭᠡᠵᠦ 《ᠲᠤᠯᠤᠯᠳᠤᠬᠤ ᠭᠠᠵᠠᠷ᠂ ᠪᠠᠶᠢᠯᠳᠤᠬᠤ ᠡᠳᠦᠷ ᠢᠶᠡᠨ ᠬᠡᠯᠡ᠂ ᠪᠢᠳᠡ ᠲᠡᠷᠡ ᠭᠠᠵᠠᠷ ᠴᠢᠨᠢ ᠪᠣᠯᠵᠣᠭᠰᠠᠨ ᠡᠳᠦᠷ ᠲᠦ ᠴᠢᠨᠢ ᠣᠴᠢᠵᠤ ᠪᠠᠶᠢᠯᠳᠤᠶ᠎ᠠ》 ᠭᠡᠵᠦ ᠬᠡᠯᠡᠭᠦᠯᠦᠭᠰᠡᠨ ᠪᠠᠶᠢᠨ᠎ᠠ᠃ ᠬᠠᠳᠠᠭᠠᠨ ᠬᠠᠮᠤᠭ ᠮᠣᠩᠭᠣᠯ ᠤᠨ ᠨᠣᠶᠠᠳ ᠤᠨ ᠬᠤᠷᠠᠯᠳᠤᠭᠠᠨ ᠳᠤ ᠮᠡᠷᠬᠢᠳ ᠲᠦ ᠶᠠᠮᠠᠷ ᠬᠠᠷᠢᠭᠤ ᠥᠭᠬᠦ ᠠᠰᠠᠭᠤᠳᠠᠯ ᠢ ᠬᠡᠯᠡᠯᠴᠡᠭᠦᠯᠦᠭᠡᠳ ᠪᠠᠶᠢᠯᠳᠤᠬᠤ ᠬᠠᠷᠢᠭᠤ ᠥᠭᠴᠡᠢ᠃ ᠮᠡᠷᠬᠢᠳ ᠦᠨ ᠳᠣᠪᠲᠣᠯᠭᠠᠨ ᠠᠮᠵᠢᠯᠲᠠ ᠦᠭᠡᠢ ᠪᠣᠯᠵᠤ᠂ ᠲᠣᠭᠲᠣᠭ᠎ᠠ ᠪᠡᠬᠢ ᠰᠢᠷᠬᠠᠲᠤᠨ ᠰᠡᠯᠡᠩᠭᠡ ᠶᠢ ᠥᠭᠰᠥᠨ ᠨᠠᠶᠢᠮᠠᠨ ᠤ ᠬᠠᠨᠯᠢᠭ ᠤᠨ ᠵᠦᠭ ᠲᠤ ᠵᠢᠭᠤᠲᠠᠵᠠᠢ᠃

ᠬᠣᠵᠢᠮ ᠮᠡᠷᠬᠢᠳ ᠦᠨ ᠲᠣᠭᠲᠣᠭ᠎ᠠ ᠪᠡᠬᠢ ᠶᠢᠨ ᠪᠠᠭ᠎ᠠ ᠬᠦᠦ ᠬᠤᠯᠳᠤᠬᠠᠨ ᠭᠡᠳᠡᠭ ᠠᠯᠳᠠᠷᠲᠠᠢ ᠮᠡᠷᠭᠡᠨ ᠬᠠᠷᠪᠤᠭᠠᠴᠢ ᠶᠢ ᠵᠦᠴᠢ ᠪᠠᠷᠢᠵᠤ ᠠᠪᠴᠢᠷᠠᠨ ᠪᠠᠢ ᠬᠠᠷᠪᠠᠭᠤᠯᠵᠤ ᠦᠵᠡᠭᠡᠳ ᠲᠡᠭᠦᠨ ᠦ ᠬᠣᠣᠰ ᠦᠭᠡᠢ ᠮᠡᠷᠭᠡᠨ ᠳᠦ ᠨᠢ ᠪᠢᠰᠢᠷᠡᠵᠦ ᠠᠮᠢ ᠶᠢ ᠨᠢ ᠥᠷᠥᠰᠢᠶᠡᠬᠦ ᠶᠢ ᠴᠢᠩᠭᠢᠰ ᠬᠠᠭᠠᠨ ᠡᠴᠢᠭᠡ ᠡᠴᠡ ᠪᠡᠨ ᠬᠦᠰᠡᠬᠦ ᠳᠦ 《ᠲᠥᠷᠥ ᠶᠢᠨ ᠳᠠᠶᠢᠰᠤᠨ ᠠᠪᠤᠭᠰᠠᠨ ᠳᠤ ᠣᠷᠣᠬᠤ ᠠᠴᠠ ᠢᠯᠡᠭᠦᠦ ᠳᠡᠭᠡᠷ᠎ᠡ ᠭᠠᠵᠠᠷ ᠪᠠᠶᠢᠳᠠᠭ ᠦᠭᠡᠢ ᠶᠤᠮ》 ᠭᠡᠳ ᠨᠢᠳᠦᠨ ᠡᠴᠡ ᠳᠠᠯᠳᠠ ᠪᠣᠯᠭᠠᠭᠰᠠᠨ᠎ᠠ ᠪᠠᠷ ᠤᠳᠤᠮ ᠤᠭᠰᠠᠭ᠎ᠠ ᠨᠢ ᠪᠦᠷᠢᠨ ᠲᠠᠰᠤᠷᠠᠭᠰᠠᠨ ᠭᠡᠳᠡᠭ᠃ ᠭᠡᠪᠡᠴᠦ ᠠᠷᠪᠠᠨ ᠭᠤᠷᠪᠠᠳᠤᠭᠠᠷ ᠵᠠᠭᠤᠨ ᠤ ᠡᠬᠢᠨ ᠦᠶ᠎ᠡ ᠳᠦ ᠴᠢᠩᠭᠢᠰ ᠬᠠᠭᠠᠨ ᠮᠣᠩᠭᠣᠯ ᠣᠪᠣᠭᠲᠠᠨ ᠢ ᠨᠢᠭᠡᠳᠬᠡᠬᠦ ᠬᠦᠷᠲᠡᠯ᠎ᠡ ᠮᠡᠷᠬᠢᠳ ᠦᠳ ᠪᠡᠶ᠎ᠡ ᠳᠠᠭᠠᠭᠰᠠᠨ ᠪᠠᠶᠢᠳᠠᠯ ᠢᠶᠠᠨ ᠬᠠᠳᠠᠭᠠᠯᠠᠭᠰᠠᠭᠠᠷ ᠪᠠᠶᠢᠪᠠ᠃

ᠤᠭᠰᠠᠭ᠎ᠠ ᠭᠠᠷᠤᠯ[ᠵᠠᠰᠠᠪᠤᠷᠢᠯᠠᠬᠤ | ᠺᠣᠳ᠋ ᠢᠶᠠᠷ ᠵᠠᠰᠠᠬᠣ]

ᠮᠡᠷᠬᠢᠳ ᠦᠳ ᠨᠢ ᠮᠣᠩᠭᠣᠯᠨᠠᠶᠢᠮᠠᠨᠬᠡᠷᠡᠶᠢᠳᠬᠢᠳᠠᠨ ᠵᠡᠷᠭᠡ ᠮᠣᠩᠭᠣᠯ ᠤᠭᠰᠠᠭᠠᠨ ᠤ ᠠᠶᠢᠮᠠᠭ ᠤᠳ ᠲᠠᠢ ᠭᠠᠷᠤᠯ ᠨᠢᠭᠡᠲᠡᠢ ᠮᠣᠩᠭᠣᠯ ᠠᠶᠢᠮᠠᠭ ᠶᠤᠮ᠃ᠭᠡᠪᠡᠴᠦ ᠭᠠᠳᠠᠨ᠎ᠠ ᠶᠢᠨ ᠵᠠᠷᠢᠮ ᠰᠤᠳᠤᠯᠤᠭᠠᠴᠢᠳ ᠲᠡᠳᠡᠨ ᠢ ᠲᠦᠷᠦᠭ ᠡᠰᠡᠪᠡᠯ ᠫᠠᠯᠧᠣᠰᠢᠪᠢᠷᠢ ᠬᠡᠯᠡᠳᠦ ᠴᠤᠤᠶᠴᠠ᠂ ᠺᠧᠲ ᠵᠡᠷᠭᠡ ᠦᠨᠳᠦᠰᠦᠲᠡᠨ ᠮᠥᠨ ᠮᠠᠨᠵᠤ᠂ ᠡᠸᠡᠨ ᠤᠭᠰᠠᠭᠠᠨ ᠤ ᠠᠶᠢᠮᠠᠭ ᠦᠵᠡᠬᠦ ᠨᠢ ᠪᠤᠢ᠃ᠡᠳᠡᠭᠡᠷ ᠬᠤᠪᠢᠯᠪᠤᠷᠢ ᠠᠴᠠ ᠫᠠᠯᠧᠣᠰᠢᠪᠢᠷᠢ᠂ ᠲ᠋ᠦᠩᠬᠦᠰ ᠭᠠᠷᠤᠯᠲᠠᠢ ᠭᠡᠰᠡᠨ ᠣᠨᠣᠯ ᠨᠢ ᠬᠠᠮᠤᠭ ᠤᠨ ᠦᠨᠡᠮᠰᠢᠯ ᠮᠠᠭᠤ ᠲᠠᠢ ᠪᠥᠭᠡᠳ ᠲᠦᠷᠦᠭ ᠤᠭᠰᠠᠭᠠᠲᠠᠨ ᠭᠡᠬᠦ ᠬᠤᠪᠢᠯᠪᠤᠷᠢ ᠨᠢ ᠮᠥᠨ ᠯᠠ ᠣᠯᠠᠨ ᠪᠠᠷᠢᠮᠲᠠ ᠪᠠᠷ ᠨᠢᠴᠤᠭᠠᠭᠳᠠᠳᠠᠭ᠃

ᠴᠢᠩᠭᠢᠰ ᠬᠠᠭᠠᠨᠲᠠᠢ ᠡᠭᠦᠰᠦᠭᠰᠡᠨ ᠵᠥᠷᠢᠴᠡᠯᠳᠦᠭᠡᠨ[ᠵᠠᠰᠠᠪᠤᠷᠢᠯᠠᠬᠤ | ᠺᠣᠳ᠋ ᠢᠶᠠᠷ ᠵᠠᠰᠠᠬᠣ]

ᠲᠡᠮᠦᠵᠢᠨ ᠦ ᠡᠬᠡ ᠣᠯᠬᠣᠨᠤᠳ ᠣᠪᠤᠭ ᠠᠴᠠ ᠭᠠᠷᠤᠯᠲᠠᠢ ᠥᠭᠡᠯᠦᠨ 1153 ᠤᠨ ᠤ ᠣᠷᠴᠢᠮ ᠮᠡᠷᠬᠢᠳ ᠠᠶᠢᠮᠠᠭ ᠤᠨ ᠶᠡᠬᠡ ᠴᠢᠯᠡᠳᠦ ᠲᠡᠢ ᠰᠦᠢ ᠲᠠᠯᠪᠢᠨ ᠨᠤᠲᠤᠭ ᠤᠷᠤᠭᠤ ᠨᠢ ᠶᠠᠪᠤᠵᠤ ᠪᠠᠶᠢᠬᠤ ᠵᠠᠮ ᠳᠤ ᠨᠢ ᠲᠡᠮᠦᠵᠢᠨ ᠦ ᠡᠴᠢᠭᠡ ᠶᠡᠰᠦᠭᠡᠢ ᠲᠡᠭᠦᠨ ᠢ ᠪᠤᠯᠢᠶᠠᠨ ᠠᠪᠴᠠᠢ᠃ᠬᠠᠷᠢᠭᠤ ᠳᠤ ᠨᠢ 1181 ᠤᠨ ᠤ ᠣᠷᠴᠢᠮ ᠮᠡᠷᠬᠢᠳ ᠦᠳ ᠲᠡᠮᠦᠵᠢᠨ ᠢ ᠣᠷᠬᠣᠨ ᠭᠣᠣᠯ ᠤᠨ ᠣᠷᠴᠢᠮ ᠪᠠᠶᠢᠬᠤ ᠳᠤ ᠨᠢ ᠳᠣᠪᠲᠣᠯᠤᠨ ᠲᠡᠮᠦᠵᠢᠨ ᠦ ᠭᠡᠷᠭᠡᠢ ᠪᠥᠷᠲᠡ ᠶᠢ ᠠᠪᠴᠤ ᠥᠪᠡᠷᠰᠡᠳ ᠦᠨ ᠨᠢᠭᠡᠨ ᠵᠠᠩᠵᠤᠨ ᠳᠤ ᠡᠬᠡᠨᠡᠷ ᠪᠣᠯᠭᠠᠨ ᠥᠭᠴᠡᠢ᠃ᠲᠡᠮᠦᠵᠢᠨ ᠵᠠᠮᠤᠬ᠎ᠠ ᠪᠣᠯᠤᠨ ᠡᠴᠢᠭᠡ ᠶᠢᠨ ᠬᠠᠭᠤᠴᠢᠨ ᠠᠨᠳᠠ ᠲᠣᠭᠣᠷᠢᠯ ᠬᠠᠨ ᠤ ᠬᠠᠮᠲᠤ ᠪᠠᠷ ᠮᠡᠷᠬᠢᠳ ᠦᠳ ᠢ ᠳᠠᠶᠢᠯᠠᠷ᠎ᠠ ᠮᠣᠷᠳᠠᠨ ᠪᠥᠷᠲᠡ ᠢ ᠵᠢᠯ ᠦᠨ ᠳᠣᠲᠣᠷ᠎ᠠ ᠰᠤᠯᠠᠯᠠᠨ ᠠᠪᠴᠠᠢ᠃ ᠡᠨᠡ ᠳᠠᠭᠠᠷᠢᠯᠲᠠ ᠪᠠᠷ ᠮᠡᠷᠬᠢᠳ ᠦᠳ ᠦᠨ ᠬᠦᠴᠦ ᠰᠤᠯᠠᠷᠠᠵᠤ ᠲᠠᠷᠠᠵᠤ ᠪᠤᠲᠠᠷᠠᠭᠰᠠᠨ ᠪᠠᠶᠢᠨ᠎ᠠ᠃ ᠡᠷᠭᠢᠨ ᠢᠷᠡᠭᠰᠡᠨ ᠪᠥᠷᠲᠡ ᠵᠦᠴᠢ ᠬᠡᠮᠡᠬᠦ ᠬᠦᠦ ᠲᠥᠷᠦᠭᠦᠯᠵᠡᠢ᠃ᠮᠡᠷᠬᠢᠳ ᠦᠨ ᠣᠯᠵᠠᠨ ᠠᠴᠠ ᠪᠥᠷᠲᠡ ᠢ ᠰᠤᠯᠠᠯᠠᠭᠳᠠᠨ ᠢᠷᠡᠭᠰᠡᠨ ᠦ ᠪᠡᠨ ᠳᠠᠷᠠᠭ᠎ᠠ ᠲᠥᠷᠦᠭᠦᠯᠦᠭᠰᠡᠨ ᠵᠦᠴᠢ ᠬᠦᠦ ᠶᠢ ᠵᠠᠷᠢᠮ ᠬᠦᠮᠦᠰ ᠬᠠᠷᠢ ᠤᠭᠰᠠᠭᠠᠨ ᠤ ᠬᠢ ᠭᠡᠵᠦ ᠦᠵᠡᠵᠦ ᠪᠠᠶᠢᠭᠰᠠᠨ ᠴᠤ ᠲᠡᠮᠦᠵᠢᠨ ᠡᠭᠦᠨ ᠢ ᠦᠭᠡᠶᠢᠰᠬᠡᠵᠦ ᠥᠪᠡᠷ ᠦᠨ ᠬᠦᠦ ᠭᠡᠵᠦ ᠦᠵᠡᠵᠦ ᠪᠠᠶᠢᠪᠠ᠃ᠡᠨᠡ ᠲᠤᠯᠤᠯᠳᠤᠭᠠᠨ ᠠᠴᠠ ᠬᠣᠶᠢᠰᠢ ᠬᠣᠷᠢᠨ ᠵᠢᠯ ᠦᠨ ᠲᠤᠷᠰᠢᠳᠠ ᠲᠡᠮᠦᠵᠢᠨ ᠮᠡᠷᠬᠢᠳ ᠠᠶᠢᠮᠠᠭ ᠤᠨ ᠬᠢᠨ ᠲᠠᠢ ᠬᠡᠳᠦ ᠬᠡᠳᠦᠨ ᠤᠳᠠᠭ᠎ᠠ ᠳᠠᠶᠢᠲᠤᠵᠠᠢ᠃ᠲᠡᠮᠦᠵᠢᠨ ᠮᠣᠩᠭᠣᠯ ᠣᠪᠤᠭ ᠠᠶᠢᠮᠠᠭ ᠤᠳ ᠢᠶᠠᠨ ᠨᠢᠭᠡᠳᠭᠡᠬᠦ ᠤᠳᠠᠭᠠᠨ ᠬᠤᠭᠤᠴᠠᠭᠠᠨ ᠤ ᠲᠡᠮᠡᠴᠡᠯ ᠬᠢᠭᠰᠡᠨ ᠦ ᠡᠴᠦᠰ ᠲᠦ 1206 ᠤᠨ ᠳᠤ ᠶᠡᠬᠡ ᠮᠣᠩᠭᠣᠯ ᠤᠯᠤᠰ ᠢ ᠪᠠᠶᠢᠭᠤᠯᠪᠠ᠃ᠡᠨᠡ ᠦᠶ᠎ᠡ ᠳᠦ ᠴᠢᠩᠭᠢᠰ ᠦᠨ ᠴᠡᠷᠢᠭ ᠲᠦ ᠴᠣᠬᠢᠭᠳᠠᠭᠰᠠᠨ ᠮᠡᠷᠬᠢᠳ ᠦᠳ ᠪᠡᠶ᠎ᠡ ᠳᠠᠭᠠᠭᠰᠠᠨ ᠠᠶᠢᠮᠠᠭ ᠪᠠᠶᠢᠬᠤ ᠪᠠᠨ ᠪᠣᠯᠢᠵᠤ ᠰᠠᠷᠨᠢᠵᠤ ᠡᠬᠢᠯᠡᠭᠰᠡᠨ ᠪᠠᠶᠢᠨ᠎ᠠ᠃ ᠴᠢᠩᠭᠢᠰ ᠦᠨ ᠴᠡᠷᠢᠭ ᠡᠴᠡ ᠵᠢᠭᠤᠲᠠᠭᠰᠠᠨ ᠮᠡᠷᠬᠢᠳ ᠦᠳ ᠬᠢᠪᠴᠠᠭ ᠪᠣᠯᠤᠨ ᠬᠠᠩᠯᠢᠨ ᠨᠠᠷ ᠤᠨ ᠨᠤᠲᠤᠭ ᠲᠤ ᠣᠷᠣᠩᠨᠠᠵᠤ ᠪᠠᠶᠢᠭᠰᠠᠨ ᠲᠤᠯᠠ 1215-1218 ᠤᠨ ᠨᠤᠭᠤᠳ ᠲᠤ ᠵᠦᠴᠢ ᠰᠦᠪᠡᠭᠡᠳᠡᠢ ᠨᠠᠷ ᠲᠣᠭᠲᠣᠭ᠎ᠠ ᠪᠡᠬᠢ ᠶᠢᠨ ᠮᠡᠷᠬᠢᠳ ᠦᠳ ᠦᠨ ᠦᠯᠡᠳᠡᠭᠰᠡᠨ ᠬᠡᠰᠡᠭ ᠢ ᠪᠤᠲᠠ ᠴᠣᠬᠢᠨ ᠰᠦᠢᠷᠡᠭᠦᠯᠵᠡᠢ᠃

ᠴᠢᠩᠭᠢᠰ ᠬᠠᠭᠠᠨ ᠬᠤᠯᠠᠨ ᠬᠡᠮᠡᠬᠦ ᠮᠡᠷᠬᠢᠳ ᠬᠠᠲᠤᠨ ᠲᠠᠢ ᠪᠠᠶᠢᠭᠰᠠᠨ ᠪᠥᠭᠡᠳ ᠬᠤᠯᠠᠨ ᠬᠠᠲᠤᠨ ᠴᠢᠩᠭᠢᠰ ᠦᠨ ᠰᠠᠶᠢᠨ ᠵᠥᠪᠯᠡᠭᠴᠢ ᠨᠢ ᠪᠠᠶᠢᠵᠤ ᠲᠥᠷᠥ ᠶᠢᠨ ᠦᠢᠯᠡ ᠬᠡᠷᠡᠭ ᠲᠦ ᠥᠪᠡᠷ ᠦᠨ ᠦᠨ᠎ᠡ ᠲᠡᠢ ᠰᠠᠨᠠᠯ ᠢᠶᠠᠷ ᠬᠤᠪᠢ ᠨᠡᠮᠡᠷᠢ ᠪᠡᠨ ᠣᠷᠣᠭᠤᠯᠵᠤ ᠪᠠᠶᠢᠪᠠ᠃ᠮᠣᠩᠭᠣᠯᠴᠤᠳ ᠪᠤᠯᠭᠠᠷ ᠤᠨ ᠬᠠᠨᠲᠤ ᠤᠯᠤᠰ ᠤᠨ ᠲᠦᠷᠦᠭ ᠦᠳ ᠤᠷᠤᠭᠤ 1236 ᠤᠨ ᠳᠤ ᠳᠣᠪᠲᠣᠯᠬᠤ ᠦᠶ᠎ᠡ ᠳᠦ ᠮᠣᠩᠭᠣᠯᠴᠤᠳ ᠲᠤ ᠬᠥᠭᠡᠭᠡᠭᠳᠡᠨ ᠲᠡᠨᠳᠡ ᠣᠴᠢᠭᠠᠳ ᠨᠠᠰᠤ ᠪᠠᠷᠠᠭᠰᠠᠨ ᠮᠡᠷᠬᠢᠳ ᠦᠳ ᠦᠨ ᠱᠠᠷᠢᠯ ᠢ ᠪᠤᠯᠭᠠᠷ ᠤᠨ ᠬᠢᠪᠴᠠᠭ ᠨᠣᠶᠠᠨ ᠤ ᠨᠤᠲᠤᠭ ᠠᠴᠠ ᠣᠯᠵᠤ ᠪᠠᠶᠢᠵᠠᠢ᠃

ᠥᠪᠥᠷ ᠪᠠᠶᠢᠭᠠᠯᠢ ᠶᠢᠨ ᠬᠢᠵᠠᠭᠠᠷ ᠤᠨ ᠬᠣᠶᠢᠳᠤ ᠬᠡᠰᠡᠭ ᠦᠨ ᠤᠳ᠋ᠣᠺᠠᠨ(Удокан) ᠤ ᠨᠢᠷᠤᠭᠤᠨ ᠤ ᠨᠡᠷ᠎ᠡ ᠮᠡᠷᠬᠢᠳ ᠦᠨ ᠤᠳᠤᠢᠳ ᠠᠶᠢᠮᠠᠭ ᠤᠨ ᠨᠡᠷ᠎ᠡ᠂ ᠡᠸᠡᠩᠺᠢ ᠬᠡᠯᠡᠨ ᠦ 《ᠺᠠᠨ》 -《ᠵᠢᠵᠢᠭ》 ᠭᠡᠰᠡᠨ ᠦᠭᠡᠨ ᠡᠴᠡ ᠡᠭᠦᠰᠦᠭᠰᠡᠨ ᠪᠠᠶᠢᠵᠤ ᠪᠣᠯᠬᠤ ᠶᠤᠮ᠃[1]

ᠬᠣᠵᠢᠭᠤ ᠦᠶ᠎ᠡ ᠶᠢᠨ ᠮᠡᠷᠬᠢᠳ[ᠵᠠᠰᠠᠪᠤᠷᠢᠯᠠᠬᠤ | ᠺᠣᠳ᠋ ᠢᠶᠠᠷ ᠵᠠᠰᠠᠬᠣ]

ᠮᠣᠩᠭᠣᠯ ᠤᠨ ᠨᠢᠭᠡᠳᠦᠮᠡᠯ ᠤᠯᠤᠰ ᠪᠠᠶᠢᠭᠤᠯᠤᠭᠳᠠᠰᠤᠨ ᠤ ᠳᠠᠷᠠᠭ᠎ᠠ ᠪᠠᠷ ᠮᠡᠷᠬᠢᠳ ᠦᠳ ᠪᠤᠰᠤᠳ ᠮᠣᠩᠭᠣᠯᠴᠤᠳ ᠤᠨ ᠢᠶᠠᠨ ᠬᠠᠮᠲᠤ ᠪᠠᠷ ᠮᠣᠩᠭᠣᠯ ᠲᠥᠷᠥ ᠶᠢᠨ ᠦᠢᠯᠡᠰ ᠲᠦ ᠬᠦᠴᠦᠨ ᠵᠢᠳᠬᠦᠵᠦ ᠶᠠᠪᠤᠵᠠᠢ᠃ ᠮᠣᠩᠭᠣᠯ ᠤᠨ ᠡᠵᠡᠨᠲᠦ ᠭᠦᠷᠦᠨ ᠳᠦ ᠮᠡᠷᠬᠢᠳ ᠬᠦᠮᠦᠰ ᠥᠨᠳᠥᠷ ᠠᠯᠪᠠᠨ ᠲᠤᠰᠢᠶᠠᠯ ᠬᠠᠰᠢᠵᠤ ᠪᠠᠶᠢᠭᠰᠠᠨ ᠪᠠ ᠡᠨᠡ ᠨᠢ ᠲᠡᠳᠡᠨ ᠢ ᠬᠠᠷᠢ ᠤᠭᠰᠠᠭᠠᠨ ᠤ ᠬᠢ ᠪᠤᠰᠤ ᠮᠣᠩᠭᠣᠯᠴᠤᠳ ᠪᠠᠶᠢᠭᠰᠠᠨ ᠢ ᠢᠯᠡᠷᠬᠡᠶᠢᠯᠡᠳᠡᠭ᠃ 1248-1251 ᠤᠨ ᠳᠤ ᠬᠠᠭᠠᠨ ᠪᠠᠶᠢᠭᠰᠠᠨ ᠭᠦᠶᠦᠭ ᠬᠠᠭᠠᠨ ᠤ ᠬᠠᠶᠢᠷᠠᠲᠠᠢ ᠬᠠᠲᠤᠨ ᠣᠭᠤᠯ ᠬᠠᠶᠢᠮᠢᠰᠢ ᠨᠢ ᠮᠡᠷᠬᠢᠳ ᠠᠶᠢᠮᠠᠭ ᠤᠨ ᠬᠢ ᠪᠠᠶᠢᠵᠠᠢ᠃ ᠮᠥᠨ ᠮᠡᠷᠬᠢᠳ ᠤᠭᠰᠠᠭᠠᠨ ᠤ ᠾᠷᠢᠰᠤᠰ ᠤᠨ ᠱᠠᠰᠢᠨᠳᠤ ᠪᠠᠶᠠᠨ ᠪᠠ ᠲᠡᠭᠦᠨ ᠦ ᠦᠶᠡᠯᠢ ᠲᠣᠭᠲᠠᠬᠤ ᠨᠠᠷ ᠨᠢ ᠶᠤᠸᠠᠨ ᠭᠦᠷᠦᠨ ᠦ ᠦᠶ᠎ᠡ ᠳᠦ ᠶᠡᠬᠡ ᠵᠥᠪᠯᠡᠬᠦ ᠶᠢᠨ ᠠᠯᠪᠠᠨ ᠲᠤᠰᠢᠶᠠᠯ ᠬᠠᠰᠢᠵᠤ ᠪᠠᠶᠢᠭᠰᠠᠨ ᠪᠠᠶᠢᠨ᠎ᠠ᠃ ᠮᠡᠷᠬᠢᠳ ᠡᠴᠡ ᠦᠯᠡᠳᠡᠭᠰᠡᠨ ᠬᠦᠮᠦᠰ ᠣᠶᠢᠷᠠᠳ ᠭᠡᠬᠦ ᠮᠡᠲᠦ ᠮᠣᠩᠭᠣᠯ ᠣᠪᠤᠭ ᠠᠶᠢᠮᠠᠭ ᠤᠳ ᠲᠤ ᠠᠭᠤᠰᠤᠨ ᠮᠣᠩᠭᠣᠯ ᠤᠨ ᠨᠢᠭᠡ ᠣᠪᠤᠭ ᠪᠣᠯᠤᠭᠰᠠᠨ ᠪᠣᠯ ᠪᠤᠰᠤᠳ ᠨᠢ ᠲᠦᠷᠦᠭ ᠤᠭᠰᠠᠭᠠᠨ ᠤ ᠬᠢᠪᠴᠠᠭ ᠵᠡᠷᠭᠡ ᠠᠶᠢᠮᠠᠭ ᠲᠤ ᠣᠴᠢᠨ ᠲᠡᠨᠳᠡ ᠪᠡᠨ ᠰᠢᠩᠭᠡᠵᠡᠢ᠃

ᠨᠣᠮ ᠵᠦᠢ[ᠵᠠᠰᠠᠪᠤᠷᠢᠯᠠᠬᠤ | ᠺᠣᠳ᠋ ᠢᠶᠠᠷ ᠵᠠᠰᠠᠬᠣ]

ᠡᠰᠢᠯᠡᠯ[ᠵᠠᠰᠠᠪᠤᠷᠢᠯᠠᠬᠤ | ᠺᠣᠳ᠋ ᠢᠶᠠᠷ ᠵᠠᠰᠠᠬᠣ]

ᠮᠥᠨ ᠦᠵᠡᠬᠦ[ᠵᠠᠰᠠᠪᠤᠷᠢᠯᠠᠬᠤ | ᠺᠣᠳ᠋ ᠢᠶᠠᠷ ᠵᠠᠰᠠᠬᠣ]

ᠵᠢᠷᠤᠭ[ᠵᠠᠰᠠᠪᠤᠷᠢᠯᠠᠬᠤ | ᠺᠣᠳ᠋ ᠢᠶᠠᠷ ᠵᠠᠰᠠᠬᠣ]

ᠭᠠᠳᠠᠭᠠᠳᠤ ᠬᠣᠯᠪᠣᠭᠠᠰᠤ[ᠵᠠᠰᠠᠪᠤᠷᠢᠯᠠᠬᠤ | ᠺᠣᠳ᠋ ᠢᠶᠠᠷ ᠵᠠᠰᠠᠬᠣ]

http://wiki.uhaan.com/index.php?title=ᠮᠡᠷᠬᠢᠳ&oldid=481767》 ᠍  ᠡᠴᠡ ᠠᠪᠤᠭᠰᠠᠨ

ᠪᠢᠴᠢᠭᠡᠰᠦ