ᠮᠡᠷᠢᠯᠢᠨ ᠮᠣᠩᠷᠣ

ᠴᠢᠯᠦᠭᠡᠲᠦ ᠨᠡᠪᠲᠡᠷᠬᠡᠢ ᠲᠣᠯᠢ — ᠸᠢᠺᠢᠫᠧᠳᠢᠶ᠎ᠠ ᠠᠴᠠ
ᠬᠠᠷᠠᠶᠢᠬᠤ: ᠤᠳᠤᠷᠢᠳᠬᠤ, ᠬᠠᠶᠢᠯᠲᠠ
ᠮᠡᠷᠢᠯᠢᠨ ᠮᠣᠩᠷᠣ
ᠨᠣᠷᠮᠠ ᠵᠢᠩ ᠮᠣᠷᠲ᠋ᠧᠨᠰᠧᠨ
ᠮᠡᠷᠢᠯᠢᠨ ᠮᠣᠩᠷᠣ
ᠲᠦᠷᠦᠭᠰᠡᠨ ᠨᠣᠷᠮᠠ ᠵᠢᠩ ᠮᠣᠷᠲ᠋ᠧᠨᠰᠧᠨ
1926
ᠠᠮᠧᠷᠢᠺᠠ ᠶᠢᠨ ᠨᠢᠭᠡᠳᠦᠭᠰᠡᠨ ᠤᠯᠤᠰ ᠍ ᠤᠨ ᠺᠠᠯᠢᠹᠣᠷᠨᠢᠶ᠎ᠠ ᠮᠤᠵᠢ ᠤᠯᠤᠰ ᠤᠨ ᠯᠠᠣᠰ-ᠠᠩᠵᠧᠯᠧᠰ ᠬᠣᠲᠠ
ᠮᠡᠷᠭᠡᠵᠢᠯ ᠵᠦᠴᠦᠭᠡᠴᠢᠨ


ᠮᠡᠷᠢᠯᠢᠨ ᠮᠣᠩᠷᠣ (ᠠᠩᠭᠯᠢ ᠪᠠᠷ Marilyn Monroeᠬᠢᠲᠠᠳ ᠢᠶᠠᠷ 玛丽莲·梦露 ᠂ 1926 ᠣᠨ ᠤ 6 ᠰᠠᠷ᠎ᠠ ᠶᠢᠨ 1 - 1962 ᠣᠨ ᠤ 8 ᠰᠠᠷ᠎ᠠ ᠶᠢᠨ 5) ᠨᠢ ᠠᠮᠧᠷᠢᠺᠠ ᠶᠢᠨ ᠨᠢᠭᠡᠳᠦᠭᠰᠡᠨ ᠤᠯᠤᠰ ᠍ ᠤᠨ ᠺᠠᠯᠢᠹᠤᠷᠨᠢᠶ᠎ᠠ ᠮᠤᠵᠢ ᠶᠢᠨ ᠯᠠᠣᠰ-ᠠᠩᠵᠧᠯᠧᠰ ᠲᠤ ᠲᠦᠷᠦᠭᠰᠡᠨ ᠵᠦᠵᠦᠭᠡᠴᠢᠨ᠃ ᠵᠢᠩᠬᠢᠨᠢ ᠨᠡᠷ᠎ᠡ ᠨᠢ ᠨᠣᠷᠮᠠ ᠵᠢᠩ ᠮᠣᠷᠲ᠋ᠧᠨᠰᠧᠨ (Norma Jeane Mortensen)᠂ ᠰᠡᠭᠦᠯ ᠳᠦ ᠨᠣᠷᠮᠠ ᠵᠢᠩ ᠪᠡᠶᠢᠺ (Norma Jeane Baker) ᠪᠣᠯᠤᠭᠰᠠᠨ᠃ 1950 ᠍ ᠊ᠭᠠᠳ ᠣᠨ ᠤ ᠳᠤᠮᠳᠠ ᠦᠶᠡᠰ ᠠᠮᠧᠷᠢᠺᠠ ᠶᠢᠨ ᠰᠧᠺᠰ ᠪᠡᠯᠭᠡ ᠲᠡᠮᠳᠡᠭ ᠭᠡᠭᠡᠭᠳᠡᠬᠦ ᠪᠣᠯᠤᠭᠰᠠᠨ ᠪᠥᠭᠡᠳ ᠡᠳᠦᠭᠡ ᠴᠤ ᠲᠡᠭᠦᠨ ᠢ ᠰᠢᠲᠦᠨ ᠪᠢᠰᠢᠷᠡᠭᠴᠢᠳ ᠣᠯᠠᠨ ᠪᠠᠶᠢᠳᠠᠭ᠃ ᠮᠣᠩᠷᠣ ᠭᠡᠳᠡᠭ ᠨᠢ ᠲᠡᠭᠦᠨ ᠦ ᠡᠵᠢ ᠶᠢᠨ ᠬᠠᠭᠤᠴᠢᠨ ᠣᠪᠤᠭ ᠠᠵᠡᠢ᠃

ᠨᠠᠮᠲᠠᠷ[ᠵᠠᠰᠠᠪᠤᠷᠢᠯᠠᠬᠤ | ᠺᠣᠳ᠋ ᠢᠶᠠᠷ ᠵᠠᠰᠠᠬᠣ]

ᠥᠰᠪᠦᠷᠢ ᠦᠶ᠎ᠡ[ᠵᠠᠰᠠᠪᠤᠷᠢᠯᠠᠬᠤ | ᠺᠣᠳ᠋ ᠢᠶᠠᠷ ᠵᠠᠰᠠᠬᠣ]

ᠮᠣᠩᠷᠣ ᠨᠢ 1926 ᠣᠨ ᠳᠤ ᠭᠯᠡᠭᠳᠢᠰ ᠫᠷᠯ ᠪᠡᠶᠢᠺᠦᠷ ᠦᠨ 3 ᠳᠡᠬᠢ ᠬᠡᠦᠬᠡᠳ ᠪᠣᠯᠤᠨ ᠯᠠᠣᠰ-ᠠᠩᠵᠧᠯᠧᠰ ᠬᠣᠳᠠ ᠳᠤ ᠮᠡᠨᠳᠦᠯᠡᠵᠡᠢ᠃ ᠮᠣᠩᠷᠣ ᠶᠢᠨ ᠲᠥᠷᠦᠭᠰᠡᠨ ᠦ ᠭᠡᠷᠡᠴᠢᠯᠡᠭᠡᠨ ᠳᠦ ᠡᠴᠢᠭᠡ ᠨᠢ ᠡᠳ᠋ᠪᠠᠷᠳᠠ ᠮᠣᠷᠲ᠋ᠧᠨᠰᠤᠨ ᠭᠡᠵᠦ ᠲᠡᠮᠳᠡᠭᠯᠡᠭᠳᠡᠭᠰᠡᠨ ᠪᠠᠶᠢᠳᠠᠭ ᠴᠤ ᠡᠨᠡ ᠨᠢ ᠡᠷᠡᠭᠡᠯᠵᠡᠭᠡ ᠲᠡᠢ ᠶᠤᠮ᠃ ᠲᠡᠭᠦᠨ ᠦ ᠡᠵᠢ ᠭᠯᠡᠭᠳᠢᠰ 1924 ᠣᠨ ᠳᠤ ᠮᠠᠷᠲ᠋ᠢᠨ ᠡᠳ᠋ᠪᠠᠷᠳᠠ ᠮᠣᠷᠲ᠋ᠧᠨᠰᠣᠨ ᠲᠠᠢ ᠭᠡᠷᠯᠡᠭᠰᠡᠨ ᠪᠣᠯᠪᠠᠴᠤ ᠵᠢᠷᠮᠦᠰᠦᠨ ᠪᠣᠯᠬᠤ ᠠᠴᠠ ᠨᠢ ᠡᠮᠦᠨ᠎ᠡ ᠰᠠᠯᠵᠠᠢ᠃ ᠵᠠᠷᠢᠮ ᠨᠠᠮᠲᠠᠷ ᠰᠤᠳᠤᠯᠤᠭᠠᠴᠢ ᠨᠠᠷ ᠭᠯᠡᠭᠳᠢᠰ ᠥᠬᠢᠨ ᠳᠤ ᠪᠠᠨ ᠪᠤᠲᠠᠴᠢ ᠬᠡᠦᠬᠡᠳ ᠬᠡᠮᠡᠨ ᠮᠠᠭᠤ ᠨᠡᠷ᠎ᠡ ᠵᠡᠭᠦᠯᠭᠡᠬᠦ ᠦᠭᠡᠢ ᠶᠢᠨ ᠲᠤᠯᠠᠳᠠ ᠮᠣᠷᠲ᠋ᠧᠨᠰᠣᠨ ᠤ ᠣᠪᠤᠭ ᠢ ᠬᠡᠷᠡᠭᠯᠡᠭᠰᠡᠨ ᠭᠡᠵᠦ ᠦᠵᠡᠳᠡᠭ ᠪᠠᠶᠢᠨ᠎ᠠ᠃ ᠮᠣᠩᠷᠣ ᠴᠤ ᠮᠣᠷᠲ᠋ᠧᠨᠰᠠᠨ ᠢ ᠲᠦᠷᠦᠭᠰᠡᠨ ᠡᠴᠢᠭᠡ ᠪᠡᠨ ᠪᠢᠰᠢ ᠬᠡᠮᠡᠨ ᠳᠤᠷ᠎ᠠ ᠦᠭᠡᠢᠢᠴᠡᠵᠦ ᠪᠠᠶᠢᠭᠰᠠᠨ ᠪᠠ ᠪᠠᠭ᠎ᠠ ᠪᠠᠶᠢᠬᠤ ᠳᠤ ᠨᠢ ᠡᠵᠢ ᠨᠢ ᠵᠢᠩᠬᠢᠨᠢ ᠠᠪᠤ ᠴᠢᠷᠠᠯᠽ ᠰᠲᠦᠩᠯᠢ ᠭᠢᠹᠹᠣᠷᠲ ᠭᠡᠵᠦ ᠬᠦᠮᠦᠨ ᠦ ᠵᠢᠷᠤᠭ ᠢ ᠦᠵᠡᠭᠦᠯᠦᠭᠰᠡᠨ ᠲᠤᠬᠠᠢ ᠶᠠᠷᠢᠭᠰᠠᠨ ᠪᠠᠶᠢᠳᠠᠭ᠃ ᠮᠣᠩᠷᠣ ᠶᠢᠨ ᠡᠵᠢ ᠨᠢ ᠰᠡᠳᠬᠢᠯ ᠮᠡᠳᠡᠷᠡᠯ ᠦᠨ ᠡᠪᠡᠳᠴᠢᠨ ᠲᠤᠰᠤᠭᠰᠠᠨ ᠲᠤᠯᠠ ᠡᠵᠢ ᠶᠢᠨ ᠬᠢᠨᠢ ᠨᠠᠶᠢᠵᠠ ᠭᠷᠡᠶᠢᠰ ᠮᠣᠩᠷᠣ ᠶᠢᠨ ᠠᠰᠠᠷᠠᠨ ᠬᠠᠯᠠᠮᠵᠢᠯᠠᠭᠴᠢ ᠪᠣᠯᠵᠠᠢ᠃ 1935 ᠣᠨ ᠳᠤ ᠭᠷᠡᠶᠢᠰ ᠭᠡᠷᠯᠡᠭᠰᠡᠨ ᠪᠥᠭᠡᠳ ᠮᠣᠩᠷᠣᠭ ᠯᠣᠰ ᠠᠨᠵᠧᠯᠧᠰ ᠦᠨ ᠬᠡᠦᠬᠡᠳ ᠦᠨ ᠬᠠᠯᠠᠮᠵᠢ ᠶᠢᠨ ᠲᠥᠪ ᠲᠦ ᠥᠭᠭᠦᠭᠰᠡᠨ ᠠᠵᠠᠢ᠃ ᠮᠣᠩᠷᠣ 16 ᠨᠠᠰᠤ ᠍ ᠲᠠᠢ ᠳᠠᠭᠠᠨ ᠡᠵᠢ ᠶᠢᠨ ᠢᠶᠡᠨ ᠭᠡᠷ ᠦᠨ ᠬᠥᠷᠰᠢ ᠶᠢᠨ ᠬᠦᠦ ᠵᠢᠮ ᠳᠣᠭᠧᠷᠲ᠋ᠢ ᠲᠡᠢ ᠭᠡᠷᠯᠡᠭᠰᠡᠨ ᠪᠠᠶᠢᠨ᠎ᠠ᠃ ᠡᠭᠦᠨ ᠦ ᠳᠠᠷᠠᠭ᠎ᠠ ᠭᠡᠷᠡᠯ ᠵᠢᠷᠤᠭᠴᠢᠨ ᠤ ᠨᠢᠳᠦᠨ ᠳᠦ ᠥᠷᠲᠥᠨ ᠰᠡᠳᠬᠦᠯ ᠳᠦ ᠵᠢᠷᠤᠭ ᠠᠪᠬᠠᠭᠤᠯᠵᠤ ᠡᠬᠢᠯᠡᠪᠡ᠃ ᠨᠥᠬᠥᠷ ᠲᠦ ᠨᠢ ᠲᠡᠭᠦᠨ ᠦ ᠮᠣᠳᠧᠯ ᠤᠨ ᠠᠵᠢᠯ ᠲᠠᠭᠠᠯᠠᠭᠳᠠᠭ᠎ᠠ ᠦᠭᠡᠢ ᠪᠠ ᠲᠡᠳᠡ ᠭᠡᠷᠯᠡᠭᠡᠳ 4 ᠵᠢᠯ ᠦᠨ ᠳᠠᠷᠠᠭ᠎ᠠ ᠰᠠᠯᠵᠠᠢ᠃

ᠣᠳᠣ ᠵᠦᠴᠦᠭᠡᠴᠢᠨ[ᠵᠠᠰᠠᠪᠤᠷᠢᠯᠠᠬᠤ | ᠺᠣᠳ᠋ ᠢᠶᠠᠷ ᠵᠠᠰᠠᠬᠣ]

"ᠡᠷᠡᠴᠦᠳ ᠰᠢᠷᠭᠠᠯ ᠦᠰᠦᠲᠦ ᠪᠦᠰᠡᠭᠦᠶᠢᠴᠦᠳ ᠲᠦ ᠳᠤᠷᠠᠲᠠᠢ" ᠺᠢᠨᠣᠨ ᠤ ᠬᠡᠰᠡᠭ
ᠰᠣᠯᠣᠩᠭᠣᠰ ᠤᠨ ᠳᠠᠶᠢᠨ ᠳᠤ ᠣᠷᠣᠯᠴᠠᠵᠤ ᠪᠠᠶᠢᠭᠰᠠᠨ ᠠᠮᠧᠷᠢᠺᠠ ᠴᠡᠷᠢᠭ ᠦᠳ ᠲᠡᠢ ᠠᠭᠤᠯᠵᠠᠵᠤ ᠪᠤᠢ ᠪᠠᠶᠢᠳᠠᠯ (1954 ᠣᠨ ᠤ 2 ᠰᠠᠷ᠎ᠠ ᠶᠢᠨ 17)
Marilyn Monroe photo pose Seven Year Itch.jpg

1951 ᠣᠨ ᠳᠤ ᠲᠥᠯᠥᠭᠡᠯᠡᠭᠴᠢ ᠵᠣᠩᠨᠢ ᠬᠠᠶᠢᠳ᠋ ᠤᠨ ᠬᠦᠴᠦᠨ ᠵᠢᠳᠬᠦᠯ ᠢᠶᠡᠷ 《ᠠᠰᠹᠠᠯᠢᠲᠠᠨ ᠰᠢᠷᠢᠩᠭᠢᠨ ᠣᠢ》[1]《ᠢᠸ ᠦᠨ ᠲᠤᠬᠠᠢ》[2] ᠺᠢᠨᠣ᠋ ᠨᠤᠭᠤᠳ ᠲᠤ ᠲᠣᠭᠯᠠᠵᠤ ᠬᠦᠮᠦᠰ ᠦᠨ ᠰᠣᠨᠢᠷᠬᠠᠯ ᠢ ᠲᠠᠲᠠᠪᠠ᠃ ᠳᠠᠷᠠᠭ᠎ᠠ ᠪᠠᠷ ᠨᠢ ᠬᠡᠳᠦ ᠬᠡᠳᠦᠨ ᠲᠤᠰᠯᠠᠬᠤ ᠳᠦᠷᠢ ᠳᠦ ᠲᠣᠭᠯᠠᠭᠰᠠᠨ ᠤ ᠡᠴᠦᠰ ᠲᠦ 1952 ᠣᠨ ᠳᠤ 《ᠬᠠᠭᠠᠯᠭ᠎ᠠ ᠲᠣᠭᠰᠢᠬᠤ ᠬᠡᠷᠡᠭ ᠦᠭᠡᠢ》[3] ᠍ ᠳᠦ ᠠᠩᠬᠠᠨ ᠤ ᠭᠣᠣᠯ ᠳᠦᠷᠢ ᠍ᠪᠠᠨ ᠲᠣᠭᠯᠠᠵᠠᠢ᠃1953 ᠣᠨ ᠳᠤ 《ᠨᠠᠶᠢᠭᠤᠷᠠ》[4] ᠬᠡᠮᠡᠬᠦ ᠺᠢᠨᠤ᠋ ᠳᠤ ᠲᠠᠰᠢᠶ᠎ᠠ ᠶᠢ ᠪᠠᠨ ᠭᠤᠩᠬᠠᠯᠵᠠᠭᠤᠯᠤᠨ ᠠᠯᠬᠤᠳᠠᠭ "《ᠮᠣᠩᠷᠣ ᠠᠯᠬᠤᠯᠲᠠ》" ᠪᠡᠷ ᠢᠢᠡᠨ ᠬᠠᠮᠤᠭ ᠡᠷᠡᠴᠦᠳ ᠦᠨ ᠠᠩᠬᠠᠷᠤᠯ ᠢ ᠲᠠᠲᠠᠵᠤ ᠱᠤᠤᠭᠢᠭᠤᠯᠤᠭᠰᠠᠨ ᠪᠠ ᠡᠭᠦᠨ ᠦ ᠳᠠᠷᠠᠭᠠᠬᠢ 《ᠡᠷᠡᠴᠦᠳ ᠰᠢᠷᠭᠠᠯ ᠦᠰᠦᠲᠦ ᠪᠦᠰᠡᠭᠦᠶᠢᠴᠦᠳ ᠲᠦ ᠳᠤᠷᠠᠲᠠᠢ》[5]《ᠶᠠᠭᠠᠬᠢᠵᠤ ᠰᠠᠶᠠᠲᠠᠨ ᠲᠠᠢ ᠭᠡᠷᠯᠡᠬᠦ ᠪᠤᠢ》[6]《ᠳᠣᠯᠣᠭ᠎ᠠ ᠳ᠋ᠠᠬᠢ ᠵᠢᠯ ᠦᠨ ᠬᠠᠭᠤᠷᠤᠯ ᠳᠤ》 [7] ᠺᠢᠨᠣ᠋ ᠨᠤᠭᠤᠳ ᠭᠢᠯᠠᠯᠵᠠᠭᠰᠠᠨ ᠠᠮᠵᠢᠯᠲᠠ ᠳᠤ ᠬᠦᠷᠴᠦ ᠮᠣᠩᠷᠣ ᠰᠢᠯᠢᠳᠡᠭ ᠣᠳᠣ ᠨᠤᠭᠤᠳ ᠤᠨ ᠡᠩᠨᠡᠭᠡᠨ ᠳᠦ ᠣᠷᠣᠭᠰᠠᠨ ᠪᠢᠯᠡ᠃ 1954 ᠣᠨ ᠤ 2 ᠰᠠᠷ᠎ᠠ ᠳᠤ ᠪᠧᠢᠰᠪᠣᠯ ᠤᠨ ᠲᠠᠮᠢᠷᠴᠢᠨ ᠪᠠᠶᠢᠭᠰᠠᠨ ᠵᠣ ᠳ᠋ᠢᠮᠠᠵᠢᠣ᠋ ᠍ ᠲᠠᠢ ᠭᠡᠷᠯᠡᠵᠦ ᠬᠤᠷᠢᠮ ᠤᠨ ᠢᠶᠠᠨ ᠪᠠᠯ ᠰᠠᠷ᠎ᠠ ᠶᠢᠨ ᠠᠶᠠᠯᠠᠯ ᠢᠶᠠᠷ ᠢᠶᠠᠨ ᠶᠠᠫᠣᠨ ᠤᠯᠤᠰ ᠢ ᠵᠣᠷᠢᠪᠠ᠃ ᠲᠡᠳᠡ ᠶᠡᠷᠦ ᠳ᠋ᠡᠭᠡᠨ ᠶᠢᠰᠦᠬᠡᠨ ᠰᠠᠷ᠎ᠠ ᠶᠢᠨ ᠳᠠᠷᠠᠭ᠎ᠠ ᠰᠠᠯᠵᠠᠢ᠃

ᠨᠢᠭᠤᠴᠠᠯᠢᠭ ᠦᠬᠦᠯ[ᠵᠠᠰᠠᠪᠤᠷᠢᠯᠠᠬᠤ | ᠺᠣᠳ᠋ ᠢᠶᠠᠷ ᠵᠠᠰᠠᠬᠣ]

ᠲᠡᠷᠡᠪᠡᠷ 1962 ᠣᠨ ᠤ 8 ᠰᠠᠷ᠎ᠠ ᠳᠤ 36 ᠍ᠨᠠᠰᠤᠨ ᠳᠤ ᠪᠠᠨ ᠬᠣᠷᠸ᠎ᠠ ᠶᠢ ᠣᠷᠬᠢᠭᠰᠠᠨ᠃ ᠲᠡᠭᠦᠨ ᠦ ᠨᠠᠰᠤ ᠪᠠᠷᠠᠭᠰᠠᠨ ᠰᠢᠯᠲᠠᠭᠠᠨ ᠢ ᠬᠡᠪᠯᠡᠯ ᠢᠶᠡᠷ ᠨᠣᠢᠢᠷ ᠤᠨ ᠡᠮ ᠦᠨ ᠲᠤᠩ ᠢ ᠬᠡᠲᠦᠷᠡᠭᠦᠯᠦᠨ ᠬᠡᠷᠡᠭᠯᠡᠭᠰᠡᠨ ᠡᠴᠡ ᠪᠣᠯᠵᠤ ᠬᠣᠣᠷᠳᠠᠵᠤ ᠨᠠᠰᠤ ᠪᠠᠷᠠᠭᠰᠠᠨ᠂ ᠮᠣᠩᠷᠣ ᠠᠮᠢ ᠪᠠᠨ ᠬᠣᠣᠷᠯᠠᠭᠰᠠᠨ ᠭᠡᠬᠦ ᠮᠡᠲᠦ ᠶᠠᠩᠵᠤ ᠪᠦᠷᠢ ᠪᠡᠷ ᠮᠡᠳᠡᠭᠡᠯᠡᠵᠦ ᠪᠠᠶᠢᠯ᠎ᠠ᠃

ᠭᠡᠪᠡᠴᠦ 1980 ᠣᠨ ᠤ ᠣᠷᠴᠢᠮ ᠠᠴᠠ ᠠᠮᠢ ᠪᠠᠨ ᠬᠣᠣᠷᠯᠠᠭᠰᠠᠨ ᠲᠤᠬᠠᠢ ᠶᠠᠷᠢᠶ᠎ᠠ ᠵᠠᠮᠬᠠᠷᠠᠵᠤ᠂ ᠬᠡᠨ ᠨᠢᠭᠡᠨ ᠳᠦ ᠬᠣᠣᠷᠯᠠᠭᠳᠠᠭᠰᠠᠨ ᠪᠠᠶᠢᠬᠤ ᠮᠠᠭᠠᠳᠯᠠᠯ ᠲᠠᠢ ᠬᠡᠮᠡᠨ ᠶᠠᠷᠢᠭᠳᠠᠬᠤ ᠪᠣᠯᠤᠭᠰᠠᠨ᠃ ᠡᠮ ᠤᠦᠭᠤᠬᠤ ᠳᠤ ᠪᠠᠨ ᠳᠠᠷᠤᠭᠤᠯᠵᠤ ᠤᠦᠭᠤᠭᠰᠠᠨ ᠤᠰᠤᠨ ᠤ ᠰᠠᠪᠠ ᠣᠯᠳᠠᠭ᠎ᠠ ᠦᠭᠡᠢ᠂ ᠬᠠᠷᠢᠯᠴᠠᠭᠤᠷ ᠤᠲᠠᠰᠤ ᠪᠠᠷᠢᠭᠰᠠᠨ ᠪᠠᠶᠢᠳᠠᠯ ᠲᠠᠢ ᠣᠯᠳᠠᠭᠰᠠᠨ ᠬᠡᠳᠦᠢ ᠴᠤ АТС ᠍ ᠳᠦ ᠶᠠᠷᠢᠶᠠᠨ ᠤ ᠲᠡᠮᠳᠡᠭᠯᠡᠯ ᠪᠦᠷᠢᠳᠬᠡᠭᠳᠡᠭᠡ ᠦᠭᠡᠢ ᠪᠠᠶᠢᠭᠰᠠᠨ᠂ ᠮᠥᠨ ᠲᠡᠭᠦᠨ ᠦ ᠤᠯᠠᠭᠠᠨ ᠥᠩᠭᠡᠲᠡᠢ ᠲᠡᠮᠳᠡᠭᠯᠡᠯ ᠦᠨ ᠳᠡᠪᠲᠡᠷ ᠠᠯᠠᠭ᠎ᠠ ᠪᠣᠯᠤᠭᠰᠠᠨ ᠨᠢ ᠲᠡᠭᠦᠨ ᠦ ᠦᠬᠦᠯ ᠢ ᠣᠨᠢᠰᠤᠭ᠎ᠠ ᠪᠣᠯᠭᠠᠭᠰᠠᠨ ᠶᠤᠮ᠃

ᠲᠡᠭᠦᠨ ᠦ ᠦᠬᠦᠯ ᠳᠦ ᠠᠬ᠎ᠠ ᠳᠡᠭᠦᠦ ᠤᠯᠤᠰ ᠲᠥᠷᠦᠴᠢᠳ ᠪᠣᠯᠬᠤ ᠶᠡᠷᠦᠩᠬᠡᠶᠢᠯᠡᠭᠴᠢ ᠵᠣᠩ ᠺᠧᠨᠨᠡᠳ᠋ᠶᠡᠷᠦᠩᠬᠡᠢ ᠫᠷᠣᠺᠦ᠋ᠷᠣᠷ ᠷᠣᠪᠧᠷᠲ ᠺᠧᠨᠨᠡᠳ᠋ ᠨᠠᠷ ᠲᠠᠢ ᠢᠨᠠᠭ ᠠᠮᠠᠷᠠᠭ ᠤᠨ ᠬᠠᠷᠢᠯᠴᠠᠭ᠎ᠠ ᠲᠠᠢ ᠪᠠᠶᠢᠭᠰᠠᠨ ᠨᠢ ᠬᠣᠯᠪᠣᠭ᠎ᠠ ᠲᠠᠢ ᠪᠠᠶᠢᠵᠤ ᠮᠠᠭᠠᠳ ᠦᠭᠡᠢ ᠭᠡᠰᠡᠨ ᠲᠠᠭᠠᠮᠠᠭ ᠪᠤᠢ᠃

ᠲᠡᠭᠦᠨ ᠦ ᠪᠤᠯᠠᠰᠢ ᠯᠠᠣᠰ-ᠠᠩᠵᠧᠯᠧᠰ ᠬᠣᠲᠠ ᠶᠢᠨ ᠸᠡᠰᠲᠦᠪ ᠦᠳ ᠮᠧᠮᠣᠷᠢᠶᠠᠯ ᠫᠠᠷᠺ ᠲᠤ ᠪᠠᠶᠢᠳᠠᠭ᠃ ᠬᠠᠭᠤᠴᠢᠨ ᠨᠥᠬᠥᠷ ᠳ᠋ᠢ ᠮᠠᠵᠢᠣ ᠨᠢ ᠪᠤᠯᠠᠰᠢᠨ ᠳᠡᠭᠡᠷ᠎ᠡ ᠨᠢ ᠦᠷᠭᠦᠯᠵᠢ ᠤᠯᠠᠭᠠᠨ ᠰᠠᠷᠠᠨᠠᠢ ᠠᠪᠠᠴᠢᠵᠤ ᠲᠠᠯᠪᠢᠳᠠᠭ ᠪᠠᠶᠢᠪᠠ᠃ ᠨᠥᠬᠥᠷ ᠢ ᠨᠢ ᠨᠠᠰᠤ ᠪᠠᠷᠠᠭᠰᠠᠨ ᠤ ᠳᠠᠷᠠᠭ᠎ᠠ ᠳ᠋ᠢ ᠮᠠᠵᠢᠣ ᠶᠢᠨ ᠨᠦᠭᠦᠳ ᠨᠢ ᠤᠭ ᠤᠯᠠᠮᠵᠢᠯᠠᠯ ᠢ ᠬᠠᠳᠠᠭᠠᠯᠠᠵᠤ᠂ ᠡᠳᠦᠭᠡ ᠴᠤ ᠲᠡᠭᠦᠨ ᠦ ᠪᠤᠯᠠᠰᠢᠨ ᠳᠡᠭᠡᠷ᠎ᠡ ᠤᠯᠠᠭᠠᠨ ᠰᠠᠷᠠᠨᠠᠢ ᠪᠠᠶᠢᠳᠠᠭ ᠶᠤᠮ᠃

ᠲᠣᠭᠯᠠᠭᠰᠠᠨ ᠺᠢᠨᠣ᠋ ᠨᠤᠭᠤᠳ[ᠵᠠᠰᠠᠪᠤᠷᠢᠯᠠᠬᠤ | ᠺᠣᠳ᠋ ᠢᠶᠠᠷ ᠵᠠᠰᠠᠬᠣ]

  • 1947: "Dangerous Years" ᠠᠶᠤᠯᠲᠠᠢ ᠵᠢᠯ ᠦᠳ
  • 1948: "Ladies of the Chorus" ᠨᠠᠶᠢᠷᠠᠯ ᠳᠠᠭᠤᠨ ᠤ ᠬᠠᠲᠤᠭᠲᠠᠢ ᠨᠠᠷ
  • 1949: "Love Happy" ᠠᠵᠠ ᠵᠢᠷᠭᠠᠯ ᠲᠠᠢ ᠳᠤᠷᠠᠯᠠᠯ
  • 1950: "A Ticket to Tomahawk" ᠲᠣᠮᠤᠬᠤᠪᠺ ᠬᠦᠷᠬᠦ ᠲᠠᠰᠤᠯᠪᠤᠷᠢ, "The Asphalt Jungle" ᠠᠰᠢᠹᠠᠯᠲᠠᠨ ᠰᠢᠷᠢᠩᠭᠢᠨ ᠣᠢ
  • 1950: "All about Eve" ᠢᠪ ᠦᠨ ᠲᠤᠬᠠᠢ
  • 1951: "Home Town Story" ᠨᠤᠲᠤᠭ ᠤᠨ ᠲᠡᠦᠬᠡ
  • 1952: "Don't Bother to Knock" ᠬᠠᠭᠠᠯᠭ᠎ᠠ ᠲᠣᠭᠰᠢᠬᠤ ᠬᠡᠷᠡᠭ ᠦᠭᠡᠢ, "Monkey Business" ᠰᠠᠷᠮᠠᠭᠴᠢᠨ ᠤ ᠪᠢᠽᠢᠨ᠋ᠧᠰ
  • 1953: "Niagara" ᠨ ᠤᠭᠠ, "Gentleman Prefer Blondes" ᠡᠷᠡᠴᠦᠳ ᠰᠢᠷᠭᠠᠯ ᠦᠰᠦᠲᠦ ᠪᠦᠰᠡᠭᠦᠶᠢᠴᠦᠳ ᠲᠦ ᠳᠤᠷᠠᠲᠠᠢ
  • 1953: "How to Marry a Millionaire" ᠶᠠᠭᠠᠬᠢᠵᠤ ᠰᠠᠶᠠᠲᠠᠨ ᠲᠠᠢ ᠭᠡᠷᠯᠡᠬᠦ ᠪᠤᠢ
  • 1954: "There's No Business Like Show Business ᠱᠣᠤ ᠪᠢᠽᠢᠨ᠋ᠧᠰ ᠰᠢᠭ ᠪᠢᠽᠢᠨ᠋ᠧᠰ ᠪᠠᠶᠢᠳᠠᠭ ᠦᠭᠡᠢ
  • 1954: "River of No Return" ᠪᠤᠴᠠᠵᠤ ᠤᠷᠤᠰᠳᠠᠭ ᠦᠭᠡᠢ ᠭᠣᠣᠯ
  • 1955: "The Seven Year Itch" ᠳᠣᠯᠣᠭ᠎ᠠ ᠳᠠᠬᠢ ᠵᠢᠯ ᠦᠨ ᠬᠠᠭᠤᠷᠤᠯ ᠳᠤ
  • 1956: "Bus Stop" ᠠᠦ᠋ᠲ᠋ᠣᠪᠦ᠋ᠰᠤᠨ ᠤ ᠵᠣᠭᠰᠣᠭᠠᠯ
  • 1957: "The Prince and the Showgirl" ᠬᠤᠩᠲᠠᠶᠢᠵᠢ ᠪᠠ ᠱᠣᠤᠨ ᠤ ᠬᠡᠦᠬᠡᠨ
  • 1959: "Some Like It Hot" ᠬᠠᠯᠠᠭᠤᠨ ᠢ ᠨᠢ - ᠠᠯᠲᠠᠨ ᠪᠡᠭᠡᠯᠡᠢ ᠱᠠᠩᠨᠠᠯ᠂ ᠰᠢᠯᠢᠳᠡᠭ ᠡᠮᠡᠭᠲᠡᠢ ᠵᠦᠵᠦᠭᠡᠴᠢᠨ (ᠺᠣᠮᠧᠳᠢ᠂ ᠮᠶᠽᠢᠺᠯ)
  • 1960: "Let's Make Love" ᠳᠤᠷᠠᠯᠠᠯᠴᠠᠵᠠᠭᠠᠶ᠎ᠠ
  • 1961: "The Misfits" ᠵᠠᠳᠠᠭᠠᠢ ᠬᠤᠪᠴᠠᠰᠤ ᠲᠠᠢ ᠪᠦᠰᠡᠭᠦᠢ

ᠭᠠᠳᠠᠭᠠᠳᠤ ᠬᠣᠯᠪᠣᠭᠠᠰᠤ[ᠵᠠᠰᠠᠪᠤᠷᠢᠯᠠᠬᠤ | ᠺᠣᠳ᠋ ᠢᠶᠠᠷ ᠵᠠᠰᠠᠬᠣ]

ᠮᠣᠩᠷᠣ ᠶᠢᠨ ᠲᠤᠬᠠᠢ ᠪᠦᠲᠦᠭᠡᠯ ᠦᠳ[ᠵᠠᠰᠠᠪᠤᠷᠢᠯᠠᠬᠤ | ᠺᠣᠳ᠋ ᠢᠶᠠᠷ ᠵᠠᠰᠠᠬᠣ]

  • "ᠮᠡᠷᠢᠯᠢᠨ ᠡᠶᠢᠨᠱᠲ᠋ᠧᠢ ᠶᠢᠨ ᠬᠣᠶᠠᠷ" ᠤᠷᠠᠨ ᠰᠠᠶᠢᠬᠠᠨ ᠤ ᠺᠢᠨᠣ᠋ (INSIGNIFICANCE, 1985, ᠠᠮᠧᠷᠢᠺᠠ ᠶᠢᠨ ᠨᠢᠭᠡᠳᠦᠭᠰᠡᠨ ᠤᠯᠤᠰ)
  • "ᠨᠣᠷᠮᠠ ᠵᠢᠩ ᠪᠠ ᠮᠡᠷᠢᠯᠢᠨ" ᠤᠷᠠᠨ ᠰᠠᠶᠢᠬᠠᠨ ᠤ ᠺᠢᠨᠣ᠋ (Norma Jean and Marilyn, 1996, ᠠᠮᠧᠷᠢᠺᠠ ᠶᠢᠨ ᠨᠢᠭᠡᠳᠦᠭᠰᠡᠨ ᠤᠯᠤᠰ)
  • "ᠮᠡᠷᠢᠯᠢᠨ ᠮᠣᠩᠷᠣ ᠶᠢᠨ ᠦᠨᠡᠨ ᠲᠡᠦᠬᠡ" ᠪᠠᠷᠢᠮᠲᠠᠲᠤ ᠺᠢᠨᠣ᠋

ᠪᠢᠴᠢᠭᠡᠰᠦ