ᠮᠡᠯᠡᠬᠡᠢ

ᠴᠢᠯᠦᠭᠡᠲᠦ ᠨᠡᠪᠲᠡᠷᠬᠡᠢ ᠲᠣᠯᠢ — ᠸᠢᠺᠢᠫᠧᠳᠢᠶ᠎ᠠ ᠠᠴᠠ
ᠬᠠᠷᠠᠶᠢᠬᠤ: ᠤᠳᠤᠷᠢᠳᠬᠤ, ᠬᠠᠶᠢᠯᠲᠠ
ᠮᠡᠯᠡᠬᠡᠢ
ᠣᠷᠣᠰᠢᠨ ᠪᠠᠶᠢᠭᠰᠠᠨ ᠬᠤᠭᠤᠴᠠᠭ᠎ᠠ: Triassic - Recent
ᠠᠦᠢᠰᠲ᠋ᠷᠯᠢᠶ᠎ᠠ ᠶᠢᠨ ᠮᠣᠳᠣᠨ ᠤ ᠮᠡᠯᠡᠬᠡᠢ (Litoria caerulea)
ᠪᠢᠣᠯᠣᠭᠢ ᠶᠢᠨ ᠠᠩᠭᠢᠯᠠᠯ
ᠠᠶᠢᠮᠠᠭ: ᠠᠮᠢᠲᠠᠨ
ᠬᠦᠷᠢᠶ᠎ᠡ: ᠬᠥᠪᠴᠢᠲᠡᠨ
ᠠᠩᠭᠢ: ᠬᠣᠶᠠᠷ ᠨᠤᠲᠤᠭᠲᠠᠨ
ᠪᠠᠭ: Anura
Merrem, 1820
ᠮᠡᠯᠬᠡᠶᠢᠨ ᠦ ᠲᠠᠷᠬᠠᠯᠲᠠ (ᠬᠠᠷ᠎ᠠ ᠥᠩᠭᠡ ᠪᠡᠷ)
ᠮᠡᠯᠬᠡᠶᠢᠨ ᠦ ᠲᠠᠷᠬᠠᠯᠲᠠ (ᠬᠠᠷ᠎ᠠ ᠥᠩᠭᠡ ᠪᠡᠷ)

ᠮᠡᠯᠡᠬᠡᠢ ᠨᠢ ᠬᠣᠶᠠᠷ ᠨᠤᠲᠤᠭᠲᠠᠨ ᠠᠮᠢᠲᠠᠨ ᠶᠤᠮ᠃ ᠣᠳᠣ ᠪᠠᠷ ᠳᠡᠯᠡᠬᠡᠢ ᠳᠦ 5000 ᠭᠠᠷᠤᠢ ᠵᠦᠢᠯ ᠦᠨ ᠮᠡᠯᠡᠬᠡᠢ ᠪᠦᠷᠢᠳᠬᠡᠭᠳᠡᠭᠡᠳ ᠪᠠᠶᠢᠭ᠎ᠠ ᠪᠥᠭᠡᠳ ᠶᠡᠬᠡᠩᠬᠢ ᠨᠢ ᠬᠠᠯᠠᠭᠤᠨ ᠣᠷᠣᠨ ᠤ ᠣᠢ ᠰᠢᠭᠤᠢ ᠶᠢᠨ ᠪᠥᠰᠡ ᠳᠦ ᠲᠠᠷᠬᠠᠨ ᠨᠤᠲᠤᠭᠯᠠᠨ᠎ᠠ᠃ ᠶᠡᠬᠡᠪᠴᠢᠯᠡᠨ ᠭᠤᠷᠪᠠᠯᠵᠢᠨᠳᠠᠭᠤ ᠬᠡᠯᠪᠡᠷᠢ ᠶᠢᠨ ᠲᠣᠯᠣᠭᠠᠢ ᠲᠠᠢ᠂ ᠪᠣᠭᠣᠨᠢ ᠪᠡᠶ᠎ᠡ ᠲᠡᠢ᠂ ᠬᠣᠶᠢᠳᠤ 2 ᠬᠥᠯ ᠨᠢ ᠤᠷᠲᠤ᠂ ᠰᠡᠭᠦᠯ ᠦᠭᠡᠢ ᠪᠠᠶᠢᠳᠠᠭ᠃ ᠬᠦᠴᠦᠷᠬᠡᠭ ᠤᠷᠲᠤ ᠬᠥᠯ ᠢᠶᠡᠷ ᠢᠶᠡᠨ ᠰᠠᠶᠢᠨ ᠦᠰᠦᠷᠴᠢ ᠬᠠᠷᠠᠶᠢᠵᠤ᠂ ᠨᠠᠭᠤᠷᠴᠥᠭᠦᠷᠦᠮᠭᠣᠣᠯ ᠍ ᠤᠨ ᠳᠡᠷᠭᠡᠳᠡᠬᠢ ᠴᠢᠭᠢᠭᠯᠢᠭ ᠭᠠᠵᠠᠷ ᠠᠮᠢᠳᠤᠷᠠᠳᠠᠭ᠃ ᠬᠣᠶᠠᠷ ᠨᠤᠲᠤᠭᠲᠠᠨ ᠤ 88% ᠨᠢ ᠮᠡᠯᠡᠬᠡᠢ ᠠᠵᠡᠢ᠃

ᠮᠡᠯᠡᠬᠡᠢ ᠨᠢ 10 ᠮᠢᠯᠯᠢᠮᠧᠲ᠋ᠷ-300 ᠮᠢᠯᠯᠢᠮᠧᠲ᠋ᠷ ᠬᠦᠷᠲᠡᠯ᠎ᠡ ᠶᠠᠩᠵᠤ ᠪᠦᠷᠢ ᠶᠢᠨ ᠬᠡᠮᠵᠢᠶ᠎ᠡ ᠲᠡᠢ᠃ ᠲᠣᠮᠣ ᠠᠮᠠ ᠲᠠᠢ ᠪᠠ ᠰᠢᠳᠦ ᠦᠭᠡᠢ ᠲᠤᠯᠠ ᠪᠠᠷᠢᠭᠰᠠᠨ ᠢᠳᠡᠰᠢ ᠲᠡᠵᠢᠭᠡᠯ ᠢᠶᠡᠨ ᠪᠦᠬᠦᠯᠢ ᠪᠡᠷ ᠨᠢ ᠵᠠᠯᠭᠢᠨ᠎ᠠ᠃ ᠨᠠᠰᠤ ᠪᠡᠶ᠎ᠡ ᠭᠦᠢᠴᠡᠭᠰᠡᠨ ᠮᠡᠯᠡᠬᠡᠢ ᠨᠢ ᠮᠢᠬ᠎ᠠ ᠢᠳᠡᠰᠢᠲᠡᠨ ᠪᠥᠭᠡᠳ ᠭᠣᠣᠯᠳᠠᠭᠤ ᠦᠶ᠎ᠡ ᠬᠥᠯᠲᠡᠨᠳᠤᠩ᠂ ᠴᠢᠭᠢᠭ ᠦᠨ ᠬᠣᠷᠣᠬᠠᠢ᠂ ᠡᠷᠪᠡᠬᠡᠢ ᠭᠡᠬᠦ ᠮᠡᠲᠦ ᠰᠢᠪᠠᠵᠢ ᠪᠠᠷ ᠬᠣᠭᠣᠯᠠᠯᠠᠳᠠᠭ᠃ ᠲᠣᠮᠣ ᠪᠡᠶ᠎ᠡ ᠲᠡᠢ ᠵᠠᠷᠢᠮ ᠵᠦᠢᠯ ᠨᠢ ᠵᠢᠵᠢᠭ ᠪᠡᠶ᠎ᠡ ᠲᠡᠢ ᠬᠥᠬᠥᠲᠡᠨ ᠠᠮᠢᠲᠠᠨ ᠪᠠᠷᠢᠵᠤ ᠢᠳᠡᠬᠦ ᠨᠢ ᠪᠤᠢ᠃

http://wiki.uhaan.com/index.php?title=ᠮᠡᠯᠡᠬᠡᠢ&oldid=432050》 ᠍  ᠡᠴᠡ ᠠᠪᠤᠭᠰᠠᠨ

ᠪᠢᠴᠢᠭᠡᠰᠦ