ᠮᠠᠺᠺᠦ᠋ᠤᠷᠢ ᠠᠷᠠᠯ

ᠴᠢᠯᠦᠭᠡᠲᠦ ᠨᠡᠪᠲᠡᠷᠬᠡᠢ ᠲᠣᠯᠢ — ᠸᠢᠺᠢᠫᠧᠳᠢᠶ᠎ᠠ ᠠᠴᠠ
ᠬᠠᠷᠠᠶᠢᠬᠤ: ᠤᠳᠤᠷᠢᠳᠬᠤ, ᠬᠠᠶᠢᠯᠲᠠ
ᠮᠠᠺᠺᠦ᠋ᠤᠷᠢ ᠠᠷᠠᠯ*
United Nations Educational Scientific and Cultural Organization ᠍ ᠶᠢᠨ ᠳᠡᠯᠡᠬᠡᠢ ᠶᠢᠨ ᠥᠪ

RoyalPenguins4.JPG
ᠠᠷᠠᠯ ᠳᠡᠭᠡᠷᠡᠬᠢ ᠬᠠᠭᠠᠨ ᠣᠴᠣᠩ ᠰᠢᠪᠠᠭᠤᠳ
ᠲᠥᠷᠥᠯ ᠪᠠᠶᠢᠭᠠᠯᠢ ᠶᠢᠨ
ᠰᠢᠯᠭᠠᠭᠤᠷ vii, viii
ᠳ᠋ᠤᠭᠠᠷ 629
ᠪᠥᠰᠡ** ᠠᠽᠢᠶ᠎ᠠ᠂ ᠠᠦᠢᠰᠲ᠋ᠷᠯᠢᠶ᠎ᠠ ᠪᠠ ᠳᠠᠯᠠᠢ ᠶᠢᠨ ᠣᠷᠣᠨ ᠨᠤᠭᠤᠳ ᠳᠠᠬᠢ ᠳᠡᠯᠡᠬᠡᠢ ᠶᠢᠨ ᠥᠪ ᠦᠳ‎
ᠪᠦᠷᠢᠳᠬᠡᠭᠰᠡᠨ ᠲᠡᠦᠬᠡ
ᠪᠦᠷᠢᠳᠬᠡᠭᠰᠡᠨ 1997  (21 ᠍ ᠳᠦᠭᠡᠷ ᠴᠢᠭᠤᠯᠭᠠᠨ)
* ᠨᠡᠷ᠎ᠡ ᠨᠢ ᠳᠡᠯᠡᠬᠡᠢ ᠶᠢᠨ ᠥᠪ ᠦᠨ ᠵᠢᠭ᠌ᠰᠠᠭᠠᠯᠳᠠ ᠳᠤ ᠪᠦᠷᠢᠳᠬᠡᠭᠳᠡᠭᠰᠡᠨ ᠦ ᠳᠠᠭᠠᠤ᠃
** ᠪᠥᠰᠡ ᠨᠢ United Nations Educational Scientific and Cultural Organization ᠍ ᠦᠨ ᠲᠣᠭᠲᠠᠭᠠᠭᠰᠠᠨ ᠤ ᠳᠠᠭᠠᠤ᠃

ᠮᠠᠺᠺᠦ᠋ᠤᠷᠢ ᠠᠷᠠᠯ (ᠠᠩᠭᠯᠢ ᠪᠠᠷ Macquarie Island) ᠨᠢ ᠠᠦᠢᠰᠲ᠋ᠷᠯᠢᠶ᠎ᠠ ᠪᠠ ᠠᠨᠲ᠋ᠠᠷᠺᠲ᠋ᠢᠳ᠋ ᠍ ᠤᠨ ᠬᠣᠭᠣᠷᠣᠨᠳᠣᠬᠢ ᠵᠠᠢ ᠶᠢᠨ ᠬᠠᠭᠠᠰ ᠲᠤ ᠪᠤᠶᠤ ᠨᠣᠮᠣᠬᠠᠨ ᠳᠠᠯᠠᠢᠨ ᠪᠠᠷᠠᠭᠤᠨ ᠡᠮᠦᠨᠡᠲᠦ ᠥᠨᠴᠥᠭ ᠲᠦ ᠣᠷᠣᠰᠢᠳᠠᠭ᠃ ᠤᠭ ᠠᠷᠠᠯ ᠳᠤ ᠪᠠᠶᠢᠩᠭᠤ ᠶᠢᠨ ᠣᠷᠣᠰᠢᠨ ᠰᠠᠭᠤᠭᠴᠢ ᠪᠠᠶᠢᠳᠠᠭ ᠦᠭᠡᠢ ᠪᠥᠭᠡᠳ 20-40 ᠣᠷᠴᠢᠮ ᠬᠦᠮᠦᠨ ᠠᠮᠢᠳᠤᠷᠠᠳᠠᠭ᠃ 1810 ᠣᠨ ᠳᠤ ᠹ᠃ᠬᠠᠰᠰᠧᠯᠪᠷᠣ᠋ ᠡᠨᠡ ᠠᠷᠠᠯ ᠢ ᠨᠡᠭᠡᠭᠡᠭᠰᠡᠨ ᠪᠥᠭᠡᠳ ᠰᠢᠨ᠎ᠡ ᠡᠮᠦᠨᠡᠲᠦ ᠤᠥᠯᠢᠰ ᠦᠨ ᠵᠠᠬᠢᠷᠤᠭᠴᠢ᠂ ᠬᠤᠷᠠᠨᠳᠠ ᠯᠠᠺᠯᠠᠨ ᠮᠠᠺᠺᠣᠦᠷ ᠦᠨ ᠨᠡᠷ᠎ᠡ ᠪᠡᠷ ᠨᠡᠷᠡᠯᠡᠵᠡᠢ᠃ 2004 ᠣᠨ ᠤ 12 ᠰᠠᠷ᠎ᠠ ᠶᠢᠨ 23 ᠍ ᠳᠦ ᠷᠢᠬᠲ᠋ᠧᠷ ᠦᠨ ᠱᠠᠲᠤᠯᠠᠪᠤᠷᠢ ᠢᠶᠠᠷ 8.1 ᠪᠠᠯᠯ ᠤᠨ ᠬᠦᠴᠦᠲᠡᠢ ᠭᠠᠵᠠᠷ ᠬᠥᠳᠡᠯᠦᠯᠲᠡ ᠪᠣᠯᠤᠭᠰᠠᠨ ᠴᠤ ᠤᠭ ᠠᠷᠠᠯ ᠳᠤ ᠣᠨᠴᠠ ᠨᠣᠴᠢᠲᠠᠢ ᠬᠣᠬᠢᠷᠠᠯ ᠤᠴᠠᠷᠠᠭ᠎ᠠ ᠦᠭᠡᠢ ᠪᠠᠶᠢᠨ᠎ᠠ᠃ 2008 ᠣᠨ ᠤ ᠳᠥᠷᠪᠡᠳᠦᠭᠡᠷ ᠰᠠᠷ᠎ᠠ ᠶᠢᠨ 12 ᠍ ᠳᠦ ᠳᠠᠬᠢᠨ 7.1 ᠪᠠᠯᠯ ᠤᠨ ᠬᠦᠴᠦᠲᠡᠢ ᠭᠠᠵᠠᠷ ᠬᠥᠳᠡᠯᠦᠯᠲᠡ ᠪᠣᠯᠤᠭᠰᠠᠨ᠃ ᠠᠷᠠᠯ ᠣᠶᠢᠷᠠᠯᠴᠠᠭ᠎ᠠ ᠪᠠᠷ 34 km ᠤᠷᠲᠤ᠂ 5 ᠺᠢᠯᠣᠮᠧᠲ᠋ᠷ ᠥᠷᠭᠡᠨ ᠪᠥᠭᠡᠳ 128 ᠺᠦᠸᠠᠳ᠋ ᠺᠢᠯᠣᠮᠧᠲ᠋ᠷ ᠨᠤᠲᠤᠭ ᠳᠡᠪᠢᠰᠬᠡᠷ ᠲᠡᠢ᠃


1810 ᠣᠨ ᠳᠤ ᠠᠩᠬᠠᠨ ᠤ ᠬᠦᠮᠦᠰ ᠣᠴᠢᠭᠰᠠᠨ ᠴᠤ ᠠᠷᠠᠯ ᠤᠨ ᠡᠺᠣᠯᠣᠭᠢ ᠍ ᠶᠢᠨ ᠲᠡᠩᠴᠡᠪᠦᠷᠢᠲᠦ ᠮᠠᠰᠢ ᠬᠦᠴᠦᠲᠡᠢ ᠨᠥᠯᠥᠭᠡ ᠦᠵᠡᠭᠦᠯᠦᠭᠰᠡᠨ᠃ ᠠᠷᠠᠯ ᠤᠨ ᠦᠰᠦᠯᠢᠭ ᠳᠠᠯᠠᠢ ᠶᠢᠨ ᠬᠠᠪᠠᠳᠠᠯᠠᠢ ᠶᠢᠨ ᠵᠠᠭᠠᠨ ᠪᠣᠯᠤᠨ ᠣᠴᠣᠩ ᠰᠢᠪᠠᠭᠤ ᠳᠤ ᠤᠨ ᠠᠷᠠᠰᠤᠥᠭᠡᠬᠦᠡᠶᠢᠭ ᠨᠢ ᠠᠰᠢᠭᠯᠠᠬᠤ ᠶᠢᠨ ᠲᠤᠯᠠᠳᠠ ᠣᠯᠠᠨ ᠢᠶᠠᠷ ᠨᠢ ᠬᠢᠲᠤᠵᠤ᠂ ᠲᠠᠤᠯᠠᠢ ᠠᠪᠴᠢᠷᠠᠭᠰᠠᠨ ᠨᠢ ᠮᠠᠰᠢ ᠬᠤᠷᠳᠤᠨ ᠥᠰᠴᠢ᠂ 1970 ᠍ ᠊ᠭᠠᠳ ᠣᠨ ᠭᠡᠬᠦ ᠳᠦ 130000 ᠲᠣᠯᠣᠭᠠᠢ ᠳᠤ ᠬᠦᠷᠴᠦ ᠠᠷᠠᠯ ᠤᠨ ᠤᠷᠭᠤᠮᠠᠯ ᠤᠨ ᠨᠥᠮᠥᠷᠭᠡ ᠳᠦ ᠠᠶᠤᠯ ᠤᠨ ᠬᠠᠷᠠᠩᠭ᠎ᠠ ᠳᠡᠯᠳᠡᠬᠦ ᠪᠣᠯᠵᠠᠢ᠃ ᠮᠥᠨ ᠬᠥᠯᠥᠭ ᠣᠩᠭᠣᠴᠠ ᠪᠠᠷ ᠳᠠᠮᠵᠢᠨ ᠢᠷᠡᠭᠰᠡᠨ ᠬᠠᠷᠬ᠎ᠠᠬᠣᠯᠣᠭᠠᠨ᠎ᠠ ᠨᠤᠭᠤᠳ ᠥᠰᠦᠨ ᠦᠷᠡᠵᠢᠵᠦ ᠡᠬᠢᠯᠡᠵᠡᠢ᠃ ᠳᠠᠯᠠᠶᠢᠴᠢᠳ ᠤᠨ ᠬᠣᠭᠣᠯᠠ ᠬᠦᠨᠡᠰᠦ ᠶᠢ ᠬᠣᠷᠣᠬᠤ ᠪᠣᠯᠤᠭᠰᠠᠨ ᠬᠠᠷᠬ᠎ᠠ ᠨᠤᠭᠤᠳ ᠢ ᠪᠠᠷᠢᠭᠤᠯᠬᠤ ᠪᠠᠷ ᠮᠤᠤᠷ ᠠᠪᠴᠢᠷᠠᠵᠤ ᠦᠷᠡᠵᠢᠭᠦᠯᠬᠦ ᠪᠣᠯᠵᠠᠢ᠃ ᠬᠠᠷᠠᠮᠰᠠᠯᠲᠠᠢ ᠨᠢ ᠵᠡᠷᠯᠢᠭ ᠮᠤᠤᠷᠠᠨ ᠨᠤᠭᠤᠳ ᠨᠢ ᠬᠠᠷᠠᠬᠠᠨ ᠨᠤᠭᠤᠳ ᠢ ᠪᠠᠷᠢᠬᠤ ᠠᠴᠠ ᠪᠠᠨ ᠢᠯᠡᠭᠦᠦ ᠲᠡᠢ ᠪᠡᠷ ᠠᠭᠤᠭᠤᠯ ᠲᠡᠩᠭᠢᠰ ᠦᠨ ᠰᠢᠪᠠᠭᠤ ᠳᠤ ᠢ ᠪᠠᠷᠢᠵᠤ ᠢᠳᠡᠬᠦ ᠪᠣᠯᠵᠠᠢ᠃ ᠵᠡᠷᠯᠢᠭ ᠮᠤᠤᠷᠠᠨ ᠤ ᠲᠣᠭ᠎ᠠ ᠲᠣᠯᠣᠭᠠᠢ ᠠᠰᠤᠷᠤ ᠬᠤᠷᠳᠤ ᠲᠠᠢ ᠨᠡᠮᠡᠭᠳᠡᠵᠦ᠂ 60000 ᠬᠦᠷᠪᠡ᠃ 1985 ᠣᠨ ᠳᠤ ᠠᠷᠠᠯ ᠤᠨ ᠮᠤᠤᠷ ᠤᠳ ᠢ ᠤᠰᠠᠳᠬᠠᠬᠤ ᠰᠢᠢᠳᠪᠦᠷᠢ ᠭᠠᠷᠴᠤ᠂ 2500 ᠲᠣᠯᠣᠭᠠᠢ ᠬᠦᠷᠲᠡᠯ᠎ᠡ ᠴᠥᠭᠡᠷᠡᠭᠦᠯᠵᠡᠢ᠃ ᠡᠨᠡ ᠦᠢᠯᠡ ᠶᠠᠪᠤᠳᠠᠯ ᠤᠨ ᠳᠠᠷᠠᠭ᠎ᠠ ᠲᠡᠩᠭᠢᠰ ᠦᠨ ᠰᠢᠪᠠᠭᠤᠳ ᠤᠨ ᠲᠣᠭ᠎ᠠ ᠨᠡᠮᠡᠭᠳᠡᠭᠰᠡᠨ ᠴᠤ ᠡᠭᠦᠨ ᠢ ᠳᠠᠭᠠᠭᠠᠳ ᠬᠠᠷᠬ᠎ᠠ᠂ ᠲᠠᠤᠯᠠᠢ ᠶᠢᠨ ᠲᠣᠭ᠎ᠠ ᠣᠭᠴᠣᠮ ᠨᠡᠮᠡᠭᠳᠡᠭᠰᠡᠨ ᠪᠠᠶᠢᠨ᠎ᠠ᠃ 1980 ᠍ ᠊ᠭᠠᠳ ᠣᠨ ᠤ ᠦᠶ᠎ᠡ ᠳᠦ ᠲᠠᠤᠯᠠᠢ ᠶᠢ ᠴᠥᠭᠡᠷᠡᠭᠦᠯᠬᠦ ᠮᠧᠬᠠᠨᠢᠭ ᠠᠷᠭ᠎ᠠ ᠬᠡᠮᠵᠢᠶ᠎ᠡ ᠠᠪᠴᠤ᠂ 10000 ᠣᠷᠴᠢᠮ ᠪᠣᠯᠭᠠᠭᠰᠠᠨ ᠴᠤ ᠮᠠᠰᠢ ᠪᠣᠭᠣᠨᠢ ᠬᠤᠭᠤᠴᠠᠭᠠᠨ ᠤ ᠳᠣᠲᠣᠷ᠎ᠠ 100000 ᠲᠣᠯᠣᠭᠠᠢ ᠳᠤ ᠬᠦᠷᠦᠭᠰᠡᠨ ᠪᠠᠶᠢᠨ᠎ᠠ᠃ ᠡᠨᠡ ᠪᠠᠶᠢᠳᠠᠯ ᠨᠢ ᠠᠷᠠᠯ ᠤᠨ ᠤᠷᠭᠤᠮᠠᠯ ᠤᠨ ᠪᠦᠷᠬᠦᠪᠴᠢ ᠶᠢᠨ ᠶᠡᠬᠡᠬᠡᠨ ᠳᠣᠷᠣᠶᠢᠳᠠᠬᠤ ᠳᠤ ᠬᠦᠷᠭᠡᠵᠦ ᠪᠠᠶᠢᠨ᠎ᠠ᠃ 2007 ᠣᠨ ᠠᠴᠠ ᠡᠬᠢᠯᠡᠨ ᠠᠦᠢᠰᠲ᠋ᠷᠯᠢᠶ᠎ᠠ ᠶᠢᠨ ᠵᠠᠰᠠᠭ ᠤᠨ ᠭᠠᠵᠠᠷ 24 ᠰᠠᠶ᠎ᠠ ᠠᠦᠢᠰᠲ᠋ᠷᠯᠢᠶ᠎ᠠ ᠳ᠋ᠣᠯᠯᠠᠷ ᠤᠨ ᠥᠷᠲᠡᠭ ᠲᠡᠢ ᠲᠣᠮᠣᠬᠠᠨ ᠲᠥᠰᠥᠯ ᠬᠡᠷᠡᠭᠵᠢᠭᠦᠯᠵᠦ ᠡᠬᠢᠯᠡᠭᠡᠳ ᠪᠠᠶᠢᠨ᠎ᠠ᠃


ᠤᠭ ᠠᠷᠠᠯ ᠤᠨ ᠬᠤᠪᠢ ᠳᠤ ᠳᠠᠯᠠᠢ ᠶᠢᠨ ᠬᠠᠪ ᠤᠨ ᠬᠡᠳᠦ ᠬᠡᠳᠦᠨ ᠵᠦᠢᠯ᠂ ᠳᠠᠯᠠᠢ ᠶᠢᠨ ᠵᠠᠭᠠᠨ ᠤ ᠨᠢᠭᠡ ᠵᠦᠢᠯ ᠦᠨ ᠠᠮᠢᠳᠤᠷᠠᠬᠤ ᠲᠠᠭᠠᠲᠠᠢ ᠣᠷᠴᠢᠨ ᠨᠢ ᠪᠣᠯᠳᠠᠭ ᠪᠥᠭᠡᠳ 80000 ᠲᠣᠯᠣᠭᠠᠢ ᠳᠠᠯᠠᠢ ᠶᠢᠨ ᠬᠠᠪᠠ᠂ ᠳᠠᠯᠠᠢ ᠶᠢᠨ ᠵᠠᠭᠠᠨ ᠠᠮᠢᠳᠤᠷᠠᠳᠠᠭ᠃ ᠷᠣᠢᠯ ᠣᠴᠣᠩ ᠰᠢᠪᠠᠭᠤ ᠶᠢ ᠵᠥᠪᠬᠡᠨ ᠡᠨᠳᠡ ᠡᠴᠡ ᠬᠠᠷᠠᠵᠤ ᠪᠣᠯᠬᠤ ᠪᠥᠭᠡᠳ ᠬᠠᠭᠠᠨ ᠣᠴᠣᠩ ᠰᠢᠪᠠᠭᠤᠡᠮᠦᠨᠡᠲᠦ ᠷᠣᠺᠬᠣᠫᠫᠧᠷ ᠣᠴᠣᠩ ᠰᠢᠪᠠᠭᠤᠭᠧᠨᠲᠤ ᠣᠴᠣᠩ ᠰᠢᠪᠠᠭᠤ ᠳᠤ ᠠᠮᠢᠳᠤᠷᠠᠳᠠᠭ᠃


ᠭᠠᠯᠧᠷᠧᠢ[ᠵᠠᠰᠠᠪᠤᠷᠢᠯᠠᠬᠤ | ᠺᠣᠳ᠋ ᠢᠶᠠᠷ ᠵᠠᠰᠠᠬᠣ]

ᠭᠠᠳᠠᠭᠠᠳᠤ ᠬᠣᠯᠪᠣᠭᠠᠰᠤ ᠨᠤᠭᠤᠳ[ᠵᠠᠰᠠᠪᠤᠷᠢᠯᠠᠬᠤ | ᠺᠣᠳ᠋ ᠢᠶᠠᠷ ᠵᠠᠰᠠᠬᠣ]

ᠸᠢᠭᠮᠧᠳᠢᠶᠠ ᠵᠢᠷᠤᠭ ᠤᠨ ᠰᠠᠩ:
«ᠮᠠᠺᠺᠦ᠋ᠤᠷᠢ ᠠᠷᠠᠯ»

ᠪᠢᠴᠢᠭᠡᠰᠦ