ᠪᠦᠭᠦᠳᠡ ᠨᠠᠶᠢᠷᠠᠮᠳᠠᠬᠤ ᠮᠠᠺᠧᠳᠠᠨ ᠤᠯᠤᠰ

ᠴᠢᠯᠦᠭᠡᠲᠦ ᠨᠡᠪᠲᠡᠷᠬᠡᠢ ᠲᠣᠯᠢ — ᠸᠢᠺᠢᠫᠧᠳᠢᠶ᠎ᠠ ᠠᠴᠠ
— «ᠮᠠᠺᠧᠳᠠᠨ» ᠭᠡᠳ ᠬᠣᠯᠪᠣᠭᠳᠠᠪᠠ —
ᠬᠠᠷᠠᠶᠢᠬᠤ: ᠤᠳᠤᠷᠢᠳᠬᠤ, ᠬᠠᠶᠢᠯᠲᠠ
ᠪᠦᠭᠦᠳᠡ ᠨᠠᠶᠢᠷᠠᠮᠳᠠᠬᠤ ᠮᠠᠺᠧᠳᠠᠨ ᠤᠯᠤᠰ
ᠷᠧᠫᠦᠪᠯᠢᠺᠠ ᠮᠠᠺᠧᠳᠣᠨᠢјᠠ →
(ᠷᠧᠫᠦᠪᠯᠢᠺᠠ ᠮᠠᠺᠧᠳᠣᠨᠢᠶ᠎ᠠ)
ᠲᠥᠷᠥ ᠶᠢᠨ ᠳᠠᠯᠪᠠᠭ᠎ᠠ ᠲᠥᠷᠥ ᠶᠢᠨ ᠰᠦᠯᠳᠡ
ᠲᠥᠷᠥ ᠶᠢᠨ ᠳᠠᠭᠤᠯᠠᠯ ᠤᠨ ᠨᠡᠷ᠎ᠡ:
ᠮᠠᠺ᠃ «ᠳᠧᠨᠧᠰ ᠨᠠᠳᠠ ᠮᠠᠺᠧᠳᠣᠨᠢјᠠ» (ᠮᠠᠺᠧᠳᠣᠨ ᠤ ᠥᠨᠥᠳᠥᠷ)
ᠨᠡᠶᠢᠰᠯᠡᠯᠰᠺᠣᠫᠢᠶ᠎ᠡ (0.5 ᠰᠠᠶ᠎ᠠ)
ᠲᠣᠮᠣ ᠬᠣᠲᠠ ᠰᠺᠣᠫᠢᠶ᠎ᠡ᠂ ᠪᠢᠲᠠᠯ ...
ᠠᠯᠪᠠᠨ ᠬᠡᠯᠡ ᠮᠠᠺᠧᠳᠠᠨ ᠬᠡᠯᠡ
ᠠᠷᠠᠳ ᠲᠦᠮᠡᠨ 
(2002[1] ᠤᠨ)
ᠮᠠᠺᠧᠳᠣᠨ ᠤ ᠠᠷᠠᠳ ᠲᠦᠮᠡᠨ →
64.2% – ᠮᠠᠺᠧᠳᠠᠨ ᠦᠨᠳᠦᠰᠦᠲᠡᠨ
25.2% – ᠠᠯᠪᠠᠨᠢ ᠦᠨᠳᠦᠰᠦᠲᠡᠨ
3.9% – ᠲᠦᠷᠺ ᠦᠨᠳᠦᠰᠦᠲᠡᠨ
2.7% – ᠴ ᠢᠶᠠᠨ ᠶᠠᠰᠤᠲᠠᠨ
4.0% – ᠪᠤᠰᠤᠳ ᠠᠷᠠᠳ ᠲᠦᠮᠡᠨ
 -  ᠨᠤᠲᠤᠭ ᠤᠨ ᠣᠯᠠᠨ ᠮᠠᠺᠧᠳᠣᠨ ᠤ ᠬᠢᠨ
(ᠮᠠᠺᠧᠳᠠᠨ ᠤᠯᠤᠰ ᠤᠨ ᠬᠢᠨ)
ᠲᠥᠷᠥ ᠵᠠᠰᠠᠭ ᠠᠷᠠᠳᠴᠢᠯᠠᠭᠰᠠᠨ ᠳᠢᠭᠯᠢᠮᠨᠢᠭᠡᠳᠦᠮᠡᠯ
ᠪᠠᠶᠢᠭᠤᠯᠤᠮᠵᠢ
᠂ ᠫᠠᠷᠯᠠᠮᠧᠨᠲ ᠤᠨ
ᠪᠦᠭᠦᠳᠡ ᠨᠠᠶᠢᠷᠠᠮᠳᠠᠬᠤ ᠵᠠᠰᠠᠭ ᠲᠠᠢ
 -  ᠶᠡᠷᠦᠩᠬᠡᠶᠢᠯᠡᠭᠴᠢ ᠭᠧᠣᠷᠭᠧ ᠢᠸᠠᠨᠨᠣᠸ (2009)
 -  ᠶᠡᠷᠦᠩᠬᠡᠢ ᠰᠠᠶᠢᠳ ᠨᠢᠺᠣᠯᠠ ᠭᠷᠦᠶᠧᠸᠰᠺᠢ (2006)
 -  ᠤᠯᠤᠰ ᠤᠨ ᠬᠤᠷᠠᠯ ᠮᠠᠺ᠃ «ᠰᠣᠪᠷᠠᠨᠢᠶ ᠡ» (ᠬᠤᠷᠠᠯ)
ᠶᠣᠭᠣᠰᠯᠠᠪᠠ ᠠᠴᠠ ᠲᠤᠰᠠᠭᠠᠷ ᠲᠣᠭᠲᠠᠨᠢᠭᠰᠠᠨ ᠡᠳᠦᠷ
 -  1991-09-08 ᠲᠤᠩᠬᠠᠭᠯᠠᠨ ᠵᠠᠷᠯᠠᠭᠰᠠᠨ 
 -  1993-04-08 ᠬᠦᠯᠢᠶᠡᠨ ᠵᠥᠪᠰᠢᠶᠡᠷᠡᠭᠳᠡᠭᠰᠡᠨ 
ᠨᠤᠲᠤᠭ ᠳᠡᠪᠢᠰᠬᠡᠷ
 -  ᠪᠦᠬᠦ ᠲᠠᠯᠠᠪᠠᠢ 25,713 km2 (148)
 -  ᠭᠠᠳᠠᠷᠭᠤ ᠶᠢᠨ ᠤᠰᠤ (%) 1.9 %
ᠬᠦᠮᠦᠨ ᠠᠮᠠ
 -  ᠲᠣᠭᠠᠴᠠᠭ᠎ᠠ (2011) 2,058,539 ᠬᠦᠮᠦᠨ [2] (146)
 -  ᠲᠣᠭᠠᠯᠠᠯᠭ᠎ᠠ (2002) 2,022,547 ᠬᠦᠮᠦᠨ [3] 
 -  ᠨᠢᠭᠲᠠᠴᠠ ᠰᠡᠶᠢᠷᠡᠭ 80.1 ᠬᠦᠮᠦᠨ/km2 
GDP (ХАЧТ) 2012 ᠣᠨ ᠤ ᠲᠣᠭᠠᠴᠠᠭ᠎ᠠ
 -  ᠨᠡᠶᠢᠲᠡ ᠳ᠋ᠦᠩ $22.147 ᠲᠡᠷᠪᠤᠮ 
 -  ᠨᠢᠭᠡ ᠬᠦᠨᠳᠦ $10,718 [4] 
GDP (ᠨᠡᠷᠡᠯᠡᠭᠰᠡᠨ) 2012 ᠣᠨ ᠤ ᠲᠣᠭᠠᠴᠠᠭ᠎ᠠ
 -  ᠨᠡᠶᠢᠲᠡ ᠳ᠋ᠦᠩ $0.198 ᠲᠡᠷᠪᠤᠮ [4] 
 -  ᠨᠢᠭᠡ ᠬᠦᠨᠳᠦ $4,935 [4] 
Gini (2008) 44.2 (ᠳᠤᠮᠳᠠᠴᠢ
ᠬᠡᠦᠬᠡᠳ ᠦᠨ ᠬᠥᠭᠵᠢᠯ ᠦᠨ ᠢᠨᠳᠧᠺᠰ (2012) 0.728 (ᠰᠠᠶᠢᠨ) (78)
ᠮᠥᠩᠭᠥᠨ ᠦ ᠨᠢᠭᠡᠴᠡ ᠮᠠᠺᠧᠳᠣᠨ ᠤ ᠳᠧᠨᠠᠷ (MKD)
ᠴᠠᠭ ᠤᠨ ᠪᠥᠰᠡ ТЕЦ (GMT+1)
 -  ᠵᠤᠨ ᠤ ᠴᠠᠭ ТЕЗЦ (GMT+2)
ᠤᠲᠠᠰᠤ᠂ ᠳᠣᠮᠡᠢ ᠶᠢᠨ +389 / .mk
ᠨᠡᠷ᠎ᠡ ᠲᠣᠮᠢᠶ᠎ᠠ MK, MKD / БНМакУ

ᠪᠦᠭᠦᠳᠡ ᠨᠠᠶᠢᠷᠠᠮᠳᠠᠬᠤ ᠮᠠᠺᠧᠳᠠᠨ ᠤᠯᠤᠰ (ᠮᠠᠺᠧᠳᠠᠨ ᠬᠡᠯᠡ: ᠷᠧᠫᠦᠪᠯᠢᠺᠠ ᠮᠠᠺᠧᠳᠣᠨᠢјᠠ) ᠨᠢ ᠵᠡᠭᠦᠨ ᠧᠦ᠋ᠷᠣᠫᠠ ᠍ ᠤᠨ ᠪᠠᠯᠺᠠᠨ ᠤ ᠬᠣᠶᠢᠭ ᠲᠤ ᠤᠷᠤᠰᠢᠬᠤ ᠪᠦᠭᠦᠳᠡ ᠨᠠᠶᠢᠷᠠᠮᠳᠠᠬᠤ ᠤᠯᠤᠰ ᠶᠤᠮ᠃ ᠬᠠᠭᠤᠴᠢᠨ ᠶᠣᠭᠣᠰᠯᠠᠪ ᠍ ᠤᠨ ᠪᠦᠷᠢᠯᠳᠦᠬᠦᠨ ᠳᠦ ᠪᠠᠶᠢᠭᠰᠠᠨ ᠪᠥᠭᠡᠳ ᠡᠮᠦᠨᠡᠲᠦ ᠲᠠᠯ᠎ᠠ ᠪᠠᠷ ᠢᠶᠠᠨ ᠭᠷᠧᠺ᠂ ᠵᠡᠭᠦᠨ ᠲᠠᠯ᠎ᠠ ᠪᠠᠷ ᠢᠶᠠᠨ ᠪᠣᠯᠭᠠᠷᠢᠶ᠎ᠠ᠂ ᠪᠠᠷᠠᠭᠤᠨ ᠲᠠᠯ᠎ᠠ ᠪᠠᠷ ᠢᠶᠠᠨ ᠠᠯᠪᠠᠨᠢ᠂ ᠬᠣᠶᠢᠳᠤ ᠲᠠᠯ᠎ᠠ ᠪᠠᠷ ᠢᠶᠠᠨ ᠰᠧᠷᠪᠢ ᠪᠣᠯᠤᠨ ᠺᠣᠰᠪᠣᠲᠣᠢ ᠬᠢᠯᠢᠯᠡᠳᠡᠭ᠂ ᠳᠠᠯᠠᠢ ᠳᠤ ᠭᠠᠷᠤᠴᠠ ᠦᠭᠡᠢ ᠤᠯᠤᠰ ᠪᠣᠯᠤᠨ᠎ᠠ᠃

ᠲᠡᠦᠬᠡ[ᠵᠠᠰᠠᠪᠤᠷᠢᠯᠠᠬᠤ | ᠺᠣᠳ᠋ ᠢᠶᠠᠷ ᠵᠠᠰᠠᠬᠣ]

ᠬᠣᠯᠪᠣᠭᠠᠨ ᠤ ᠪᠦᠭᠦᠳᠡ ᠨᠠᠶᠢᠷᠠᠮᠳᠠᠬᠤ ᠰᠣᠴᠢᠶᠠᠯᠢᠰᠲᠤ ᠶᠣᠭᠣᠰᠯᠠᠪ ᠤᠯᠤᠰ ᠍ ᠢ ᠵᠠᠳᠠᠷᠠᠵᠤ ᠲᠡᠭᠦᠨ ᠦ ᠪᠦᠷᠢᠯᠳᠦᠬᠦᠨ ᠳᠦ ᠪᠠᠶᠢᠭᠰᠠᠨ 6 ᠪᠦᠭᠦᠳᠡ ᠨ ᠤᠣᠮᠠᠳᠠᠬᠤ ᠤᠯᠤᠰ ᠪᠦᠷᠢᠨ ᠪᠡᠶ᠎ᠡ ᠳᠠᠭᠠᠭᠰᠠᠨ ᠲᠤᠰᠠᠭᠠᠷ ᠲᠣᠭᠲᠠᠨᠢᠭᠰᠠᠨ ᠤᠯᠤᠰ ᠪᠣᠯᠬᠤ ᠦᠶ᠎ᠡ ᠳᠦ ᠬᠣᠱᠣᠩ ᠴᠤ ᠭᠡᠮᠡᠷ᠂ ᠰᠤᠷᠭᠠᠮᠵᠢ ᠲᠠᠢ ᠴᠤ ᠭᠡᠬᠦ ᠪᠡᠷ ᠨᠢᠭᠡᠨ ᠦᠢᠯᠡ ᠶᠠᠪᠤᠳᠠᠯ ᠪᠣᠯᠤᠭᠰᠠᠨ ᠪᠢᠯᠡ᠃ ᠬᠣᠯᠪᠣᠭᠠᠨ ᠤ ᠪᠦᠭᠦᠳᠡ ᠨᠠᠶᠢᠷᠠᠮᠳᠠᠬᠤ ᠰᠣᠴᠢᠶᠠᠯᠢᠰᠲᠤ ᠶᠣᠭᠣᠰᠯᠠᠪ ᠤᠯᠤᠰ ᠍ ᠤᠨ ᠪᠦᠷᠢᠯᠳᠦᠬᠦᠨ ᠳᠦ ᠪᠠᠶᠢᠭᠰᠠᠨ ᠮᠠᠺᠧᠳᠠᠨ ᠤᠯᠤᠰ ᠢ ᠡᠨᠡᠬᠦ ᠨᠡᠷ᠎ᠡ ᠪᠡᠷ ᠢᠶᠡᠨ ᠲᠤᠰᠠᠭᠠᠷ ᠲᠣᠭᠲᠠᠨᠢᠯ ᠢᠶᠠᠨ ᠵᠠᠷᠯᠠᠨ ᠨᠢᠭᠡᠳᠦᠭᠰᠡᠨ ᠦᠨᠳᠦᠰᠦᠨ ᠦ ᠪᠠᠶᠢᠭᠤᠯᠤᠯᠭ᠎ᠠ ᠍ ᠶᠢᠨ ᠭᠡᠰᠢᠭᠦᠨ ᠪᠣᠯᠬᠤ ᠬᠦᠰᠡᠯᠲᠦ ᠪᠡᠨ ᠭᠠᠷᠭᠠᠬᠤ ᠳᠤ ᠤᠭ ᠬᠦᠰᠡᠯᠲᠡ ᠶᠢ ᠭᠷᠧᠺ ᠤᠯᠤᠰ ᠡᠷᠡᠰ ᠰᠢᠢᠳᠪᠦᠷᠢᠲᠡᠢ ᠡᠰᠡᠷᠭᠦᠴᠡᠭᠰᠡᠨ ᠪᠠᠶᠢᠨ᠎ᠠ᠃ ᠤᠴᠢᠷ ᠨᠢ ᠭᠷᠧᠺ ᠤᠯᠤᠰ ᠮᠠᠺᠧᠳᠠᠨ ᠭᠡᠳᠡᠭ ᠨᠡᠷ᠎ᠡ ᠨᠢ ᠭᠷᠧᠺ ᠦᠨ ᠲᠡᠦᠬᠡ ᠰᠤᠶᠤᠯᠲᠣᠢ ᠰᠠᠯᠤᠰᠢ ᠦᠭᠡᠢ ᠬᠣᠯᠪᠣᠭᠠᠲᠠ᠂ ᠲᠡᠭᠦᠨ ᠡᠴᠡ ᠭᠠᠳᠠᠨ᠎ᠠ ᠤᠭ ᠨᠡᠷ᠎ᠡ ᠪᠡᠷ ᠨᠡᠷᠡᠰᠢᠭᠳᠡᠵᠦ ᠪᠠᠶᠢᠭᠰᠠᠨ ᠨᠤᠲᠤᠭ ᠳᠡᠪᠢᠰᠬᠡᠷ᠂ ᠠᠷᠠᠳ ᠲᠦᠮᠡᠨ ᠨᠢ ᠮᠥᠨ ᠭᠷᠧᠺᠲᠡᠢ ᠬᠣᠯᠪᠣᠭᠠᠲᠠᠢ ᠤᠴᠢᠷ ᠡᠭᠦᠨ ᠲᠡᠢ ᠶᠠᠮᠠᠷ ᠴᠤ ᠬᠣᠯᠪᠣᠭ᠎ᠠ᠂ ᠦᠨᠳᠦᠰᠦᠯᠡᠯ ᠪᠠᠶᠢᠬᠤ ᠦᠭᠡᠢ᠂ ᠰᠡᠭᠦᠯ ᠳᠦ ᠰᠠᠭᠤᠷᠢᠰᠢᠭᠰᠠᠨ ᠰᠯᠠᠪ ᠭᠠᠷᠤᠯ ᠲᠠᠢ ᠦᠨᠳᠦᠰᠦᠲᠡᠨ ᠳᠤ ᠡᠨᠡᠬᠦ ᠨᠡᠷᠡᠰᠢᠯ ᠢ ᠥᠭᠬᠦ ᠨᠢ ᠪᠤᠷᠤᠭᠤ ᠭᠡᠵᠦ ᠦᠵᠡᠵᠦ ᠡᠰᠡᠷᠭᠦᠴᠡᠯ ᠢᠯᠡᠷᠬᠡᠶᠢᠯᠡᠭᠰᠡᠨ ᠪᠠᠶᠢᠨ᠎ᠠ᠃ ᠡᠨᠡᠬᠦ ᠪᠠᠶᠢᠳᠠᠯ ᠢ ᠬᠠᠷᠠᠭᠠᠯᠵᠠᠨ ᠨᠢᠭᠡᠳᠦᠭᠰᠡᠨ ᠦᠨᠳᠦᠰᠦᠨ ᠦ ᠪᠠᠶᠢᠭᠤᠯᠤᠯᠭ᠎ᠠ ᠍ ᠠᠴᠠ ᠲᠤᠰ ᠤᠯᠤᠰ ᠢ ᠬᠠᠭᠤᠴᠢᠨ ᠶᠣᠭᠣᠰᠯᠠᠪ ᠤᠨ ᠪᠦᠭᠦᠳᠡ ᠨᠠᠶᠢᠷᠠᠮᠳᠠᠬᠤ ᠮᠠᠺᠧᠳᠠᠨ ᠤᠯᠤᠰ ᠭᠡᠳᠡᠭ ᠨᠡᠷ᠎ᠡ ᠪᠡᠷ ᠨᠢᠭᠡᠳᠦᠭᠰᠡᠨ ᠦᠨᠳᠦᠰᠦᠨ ᠦ ᠪᠠᠶᠢᠭᠤᠯᠤᠯᠭ᠎ᠠ ᠶᠢᠨ ᠭᠡᠰᠢᠭᠦᠨ ᠪᠣᠯᠭᠠᠭᠰᠠᠨ ᠲᠡᠦᠬᠡᠲᠡᠢ ᠪᠢᠯᠡ᠃

ᠭᠠᠵᠠᠷ ᠵᠦᠢ[ᠵᠠᠰᠠᠪᠤᠷᠢᠯᠠᠬᠤ | ᠺᠣᠳ᠋ ᠢᠶᠠᠷ ᠵᠠᠰᠠᠬᠣ]

ᠹᠢᠽᠢᠺ ᠭᠠᠵᠠᠷ ᠵᠦᠢ ᠶᠢᠨ ᠵᠢᠷᠤᠭ
ᠡᠷᠲᠡᠨ ᠦ ᠭᠠᠷᠪᠠᠯ ᠲᠠᠢ ᠣᠬᠣᠷ ᠲᠤ ᠨᠠᠭᠤᠷ

ᠮᠠᠺᠧᠳᠠᠨ ᠳᠣᠷᠣᠨ᠎ᠠ ᠡᠮᠦᠨ᠎ᠡ ᠧᠦ᠋ᠷᠣᠫᠠᠪᠠᠯᠺᠠᠨ ᠤ ᠬᠣᠶᠢᠭ ᠲᠤ ᠣᠷᠣᠰᠢᠳᠠᠭ᠃ ᠡᠮᠦᠨᠡᠲᠦ ᠲᠠᠯ᠎ᠠ ᠪᠠᠷ ᠢᠶᠠᠨ ᠭᠷᠧᠺ᠂ ᠳᠣᠷᠣᠨᠠᠲᠤ ᠲᠠᠯ᠎ᠠ ᠪᠠᠷ ᠢᠶᠠᠨ ᠪᠣᠯᠭᠠᠷᠢᠶ᠎ᠠ᠂ ᠤᠮᠠᠷᠠᠳᠤ ᠪᠠᠷ ᠢᠶᠠᠨ ᠰᠧᠷᠪ᠂ ᠪᠦᠷ ᠨᠠᠷᠢᠨ ᠬᠡᠯᠡᠪᠡᠯ ᠺᠣᠰᠪᠣ᠂ ᠥᠷᠥᠨᠡᠲᠦ ᠲᠠᠯ᠎ᠠ ᠪᠠᠷ ᠢᠶᠠᠨ ᠠᠯᠪᠠᠨᠢᠲᠠᠢ ᠬᠢᠯᠢᠯᠡᠳᠡᠭ ᠳᠠᠯᠠᠢ ᠳᠤ ᠭᠠᠷᠤᠴᠠ ᠦᠭᠡᠢ ᠣᠷᠣᠨ. ᠬᠣᠶᠢᠳᠤ ᠥᠷᠭᠡᠷᠢᠭ ᠦᠨ 40°50' ᠍ ᠠᠴᠠ 42°20', ᠵᠡᠭᠦᠨ ᠥᠷᠭᠡᠷᠢᠭ ᠦᠨ 20°27' ᠍ ᠠᠴᠠ 23°05' ᠵᠡᠷᠭᠡᠳᠡ ᠶᠢᠨ ᠲᠣᠷᠤᠨ ᠳᠤ 25,713 ᠠᠮᠠ ᠳᠥᠷᠪᠡᠯᠵᠢᠨ ᠺᠢᠯᠣᠮᠧᠲ᠋ᠷ ᠨᠤᠲᠤᠭ ᠳᠡᠪᠢᠰᠬᠡᠷ ᠡᠵᠡᠯᠡᠨ ᠪᠠᠶᠢᠨ᠎ᠠ᠃[5] ᠵᠢᠵᠢᠭᠲᠡᠬᠦ ᠪᠤᠶᠤ ᠳᠡᠯᠡᠬᠡᠢ ᠶᠢᠨ 146 ᠍ ᠳᠦᠭᠡᠷ ᠲᠣᠮᠣ ᠣᠷᠣᠨ᠃

ᠮᠠᠺᠧᠳᠠᠨ 2000 ᠮᠧᠲ᠋ᠷ ᠡᠴᠡ ᠥᠨᠳᠥᠷ 34 ᠣᠷᠭᠢᠯ ᠲᠠᠢ ᠦᠨᠳᠦᠰᠦᠨ ᠳᠦ ᠪᠡᠨ ᠠᠭᠤᠯᠠᠷᠬᠠᠭ ᠣᠷᠣᠨ᠃ ᠬᠠᠮᠤᠭ ᠤᠨ ᠥᠨᠳᠥᠷ ᠺᠣᠷᠠᠪ ᠠᠭᠤᠯᠠ ᠳᠠᠯᠠᠢ ᠶᠢᠨ ᠲᠦᠪᠰᠢᠨ ᠡᠴᠡ ᠳᠡᠭᠡᠭᠰᠢ 2,764 ᠮ ᠥᠨᠳᠥᠷ ᠣᠷᠭᠢᠯ ᠲᠠᠢ᠃[6] ᠠᠭᠤᠯᠠ ᠲᠣᠯᠣᠭᠠᠳ ᠠᠴᠠ ᠭᠠᠳᠠᠨ᠎ᠠ ᠲᠡᠭᠰᠢ ᠥᠨᠳᠥᠷᠯᠢᠭ᠂ ᠭᠣᠣᠯ ᠭᠣᠷᠭᠢ ᠶᠢᠨ ᠵᠢᠯᠠᠭ᠎ᠠ᠂ ᠬᠥᠨᠳᠡᠢ ᠪᠤᠢ᠃[5] ᠨᠤᠲᠤᠭ ᠤᠨ ᠪᠠᠷᠠᠭᠤᠨ ᠬᠣᠶᠢᠨ᠎ᠠ ᠠᠴᠠ ᠡᠬᠢ ᠠᠪᠴᠤ ᠵᠡᠭᠦᠨ ᠤᠷᠤᠭᠰᠢ ᠤᠷᠤᠰᠤᠭᠠᠳ ᠭᠷᠧᠺ ᠷᠦᠦ ᠣᠷᠣᠵᠤ ᠡᠭᠧᠢ ᠶᠢᠨ ᠲᠡᠩᠭᠢᠰ ᠲᠦ ᠴᠢᠳᠬᠤᠬᠤ ᠪᠠᠷ ᠮᠠᠺᠧᠳᠣᠨ ᠤ ᠨᠤᠲᠤᠭ ᠢᠶᠠᠷ 301 ᠺᠢᠯᠣᠮᠧᠲ᠋ᠷ ᠤᠷᠤᠰᠳᠠᠭ ᠸᠠᠷᠳᠠᠷ ᠭᠣᠣᠯ ᠬᠠᠮᠤᠭ ᠤᠨ ᠤᠷᠲᠤ ᠨᠢ ᠭᠡᠨ᠎ᠡ᠃[6] 225 ᠺᠢᠯᠣᠮᠧᠲ᠋ᠷ ᠪᠷᠧᠭᠠᠯᠢᠨᠢᠼᠠ᠂ 207 ᠺᠢᠯᠣᠮᠧᠲ᠋ᠷ ᠴᠷᠨᠠ ᠵᠡᠷᠭᠡ ᠪᠤᠰᠤᠳ ᠭᠣᠣᠯ ᠸᠠᠷᠳᠠᠷ ᠲᠤ ᠴᠢᠳᠬᠤᠳᠠᠭ᠃[7] ᠸᠠᠷᠳᠠᠷ ᠤᠨ ᠰᠠᠪᠠ ᠭᠠᠵᠠᠷ ᠮᠠᠺᠧᠳᠣᠨ ᠤ ᠨᠤᠲᠤᠭ ᠤᠨ 80 ᠬᠤᠪᠢ ᠶᠢ ᠬᠠᠮᠤᠷᠴᠠᠢ᠃[7] ᠮᠠᠺᠧᠳᠣᠨ ᠳᠤ 53 ᠨᠠᠭᠤᠷ ᠴᠥᠭᠦᠷᠦᠮ ᠪᠠᠶᠢᠭ᠎ᠠ ᠠᠴᠠ ᠣᠬᠣᠷ ᠲᠤ ᠨᠠᠭᠤᠷ 349 ᠺᠦᠸᠠᠳ᠋ ᠺᠢᠯᠣᠮᠧᠲ᠋ᠷ ᠲᠠᠯᠠᠪᠠᠢ ᠲᠠᠢ᠂ ᠫᠷᠧᠰᠫᠠ ᠨᠠᠭᠤᠷ 274 ᠺᠦᠸᠠᠳ᠋ ᠺᠢᠯᠣᠮᠧᠲ᠋ᠷ ᠲᠠᠯᠠᠪᠠᠢ ᠲᠠᠢ᠃[6] ᠠᠭᠤᠯᠠᠨ ᠳᠤ ᠪᠠᠨ ᠬᠠᠯᠠᠭᠤᠨ ᠷᠠᠰᠢᠶᠠᠨ ᠡᠯᠪᠡᠭ᠃[8]

ᠮᠠᠺᠧᠳᠣᠨ ᠤ ᠭᠠᠵᠠᠷ ᠬᠥᠳᠡᠯᠳᠡᠭ᠃ 1963 ᠣᠨ ᠳᠤ ᠬᠦᠴᠦᠲᠡᠢ ᠭᠠᠵᠠᠷ ᠬᠥᠳᠡᠯᠵᠦ᠂ ᠰᠺᠣᠫᠢᠶ᠎ᠡ ᠬᠣᠲᠠ ᠶᠢ ᠨᠤᠷᠠᠭᠠᠵᠤ ᠪᠠᠶᠢᠪᠠ᠃

ᠠᠭᠤᠷ ᠠᠮᠢᠰᠬᠤᠯ[ᠵᠠᠰᠠᠪᠤᠷᠢᠯᠠᠬᠤ | ᠺᠣᠳ᠋ ᠢᠶᠠᠷ ᠵᠠᠰᠠᠬᠣ]

ᠮᠠᠺᠧᠳᠣᠨ ᠳᠤ ᠳᠥᠷᠪᠡᠨ ᠤᠯᠠᠷᠢᠯ ᠲᠣᠬᠢᠶᠠᠨ᠎ᠠ᠃ ᠵᠤᠨ ᠬᠠᠯᠠᠭᠤᠨ᠂ ᠬᠠᠭᠤᠷᠠᠢ᠂ ᠡᠪᠦᠯ ᠳᠦ ᠪᠡᠨ ᠴᠠᠰᠤ ᠲᠠᠢ ᠬᠦᠢᠲᠡᠨ᠃ ᠡᠪᠦᠯ -20 °C, ᠵᠤᠨ 40°C ᠲᠣᠯᠠᠭᠠᠨ ᠤ ᠬᠡᠮᠵᠢᠶ᠎ᠡ ᠲᠦ ᠬᠦᠷᠡᠳᠡᠭ᠃ ᠬᠤᠷ᠎ᠠ ᠲᠤᠨᠤᠳᠠᠰᠤ ᠪᠠᠭ᠎ᠠ᠂ ᠸᠠᠷᠳᠠᠷ ᠤᠨ ᠬᠥᠨᠳᠡᠢ ᠳᠤ ᠵᠢᠯ ᠳᠤ 450 ᠮᠢᠯᠯᠢᠮᠧᠲ᠋ᠷ ᠤᠨᠠᠨ᠎ᠠ᠃[9]

ᠵᠡᠭᠦᠯᠲᠡ[ᠵᠠᠰᠠᠪᠤᠷᠢᠯᠠᠬᠤ | ᠺᠣᠳ᠋ ᠢᠶᠠᠷ ᠵᠠᠰᠠᠬᠣ]

ᠭᠠᠳᠠᠭᠠᠳᠤ ᠬᠣᠯᠪᠣᠭᠠᠰᠤ[ᠵᠠᠰᠠᠪᠤᠷᠢᠯᠠᠬᠤ | ᠺᠣᠳ᠋ ᠢᠶᠠᠷ ᠵᠠᠰᠠᠬᠣ]

ᠸᠢᠭᠮᠧᠳᠢᠶᠠ ᠵᠢᠷᠤᠭ ᠤᠨ ᠰᠠᠩ:
«ᠪᠦᠭᠦᠳᠡ ᠨᠠᠶᠢᠷᠠᠮᠳᠠᠬᠤ ᠮᠠᠺᠧᠳᠠᠨ ᠤᠯᠤᠰ»

ᠪᠢᠴᠢᠭᠡᠰᠦ