ᠮᠠᠷᠱᠠᠯ ᠤᠨ ᠠᠷᠠᠯ ᠤᠳ

ᠴᠢᠯᠦᠭᠡᠲᠦ ᠨᠡᠪᠲᠡᠷᠬᠡᠢ ᠲᠣᠯᠢ — ᠸᠢᠺᠢᠫᠧᠳᠢᠶ᠎ᠠ ᠠᠴᠠ
ᠬᠠᠷᠠᠶᠢᠬᠤ: ᠤᠳᠤᠷᠢᠳᠬᠤ, ᠬᠠᠶᠢᠯᠲᠠ
ᠮᠠᠷᠱᠠᠯ ᠤᠨ ᠠᠷᠠᠯ ᠤᠳ ᠤᠨ ᠪᠦᠭᠦᠳᠡ ᠨᠠᠶᠢᠷᠠᠮᠳᠠᠬᠤ ᠤᠯᠤᠰ
ᠲᠥᠷᠥ ᠶᠢᠨ ᠳᠠᠯᠪᠠᠭ᠎ᠠ
ᠤᠷᠢᠶ᠎ᠠ:  Jepilpilin Ke Ejukaan
ᠵᠢᠵᠢᠭ ᠵᠢᠷᠤᠭ ᠢ ᠡᠭᠦᠰᠭᠡᠬᠦ ᠳ᠋ᠦ ᠠᠯᠳᠠᠭ᠎ᠠ ᠭᠠᠷᠤᠯ᠎ᠠ: Unable to save thumbnail to destination
ᠲᠥᠷᠥ ᠵᠠᠰᠠᠭ ᠫᠠᠷᠯᠠᠮᠧᠨᠲ ᠤᠨ ᠪᠦᠭᠦᠳᠡ ᠨᠠᠶᠢᠷᠠᠮᠳᠠᠬᠤ
 -  ᠶᠡᠷᠦᠩᠬᠡᠶᠢᠯᠡᠭᠴᠢ ᠺᠧᠰᠰᠠᠢ ᠬ᠃ᠨ ᠡᠢᠲ
 -  ᠭᠠᠳᠠᠷᠭᠤ ᠶᠢᠨ ᠤᠰᠤ (%) 11,5%
ᠬᠦᠮᠦᠨ ᠠᠮᠠ
 -  ᠲᠣᠭᠠᠴᠠᠭ᠎ᠠ () 61,963 
ᠮᠥᠩᠭᠥᠨ ᠦ ᠨᠢᠭᠡᠴᠡ ᠠᠮᠧᠷᠢᠺᠠ ᠳ᠋ᠣᠯᠯᠠᠷ )
ᠴᠠᠭ ᠤᠨ ᠪᠥᠰᠡ +12
ᠤᠲᠠᠰᠤᠨ ᠤ ᠲᠣᠮᠢᠶ᠎ᠠ 692

ᠮᠠᠷᠱᠠᠯ ᠤᠨ ᠠᠷᠠᠯ ᠤᠳ ᠤᠨ ᠪᠦᠭᠦᠳᠡ ᠨᠠᠶᠢᠷᠠᠮᠳᠠᠬᠤ ᠤᠯᠤᠰ (ᠠᠩᠭᠯᠢ ᠪᠠᠷ Marshall Islands) ᠨᠢ ᠨᠣᠮᠣᠬᠠᠨ ᠳᠠᠯᠠᠢ ᠳᠤ ᠤᠷᠤᠰᠢᠬᠤ ᠠᠷᠠᠯ ᠤᠯᠤᠰ. ᠮᠢᠺᠷᠣᠨᠧᠽᠢᠢ ᠠ ᠶᠢᠨ ᠬᠣᠯᠪᠣᠭᠠᠨ ᠤ ᠤᠯᠤᠰ ᠍ ᠤᠨ ᠵᠡᠭᠦᠨ ᠲᠠᠯ᠎ᠠ ᠳᠤ᠂ ᠺᠢᠷᠢᠪᠠᠲᠤ ᠤᠯᠤᠰ ᠤᠨ ᠬᠣᠶᠢᠳᠤ ᠲᠠᠯ᠎ᠠ ᠳᠤ ᠣᠷᠣᠰᠢᠨ᠎ᠠ᠃

ᠤᠯᠤᠰ ᠤᠨ ᠨᠡᠷ᠎ᠡ[ᠵᠠᠰᠠᠪᠤᠷᠢᠯᠠᠬᠤ | ᠺᠣᠳ᠋ ᠢᠶᠠᠷ ᠵᠠᠰᠠᠬᠣ]

ᠮᠠᠷᠱᠠᠯᠯ ᠬᠡᠮᠡᠬᠦ ᠨᠡᠷ᠎ᠡ ᠨᠢ ᠲᠡᠷᠡ ᠬᠠᠪ ᠤᠨ ᠳᠠᠯᠠᠢ ᠶᠢᠨ ᠰᠤᠳᠤᠯᠭ᠎ᠠ ᠶᠢ ᠠᠩᠬᠠᠯᠠᠨ ᠬᠢᠭᠰᠡᠨ ᠵᠣᠩ ᠮᠠᠷᠱᠠᠯᠯ ᠍ ᠤᠨ ᠨᠡᠷ᠎ᠡ ᠲᠡᠢ ᠬᠣᠯᠪᠣᠭ᠎ᠠ ᠲᠠᠢ᠃ 1788 ᠣᠨ ᠳᠤ ᠠᠩᠭᠯᠢ ᠍ ᠶᠢᠨ ᠵᠡᠭᠦᠨ ᠡᠨᠡᠳᠬᠡᠭ ᠺᠣᠮᠫᠠᠨᠢ ᠨᠢ ᠠᠦᠢᠰᠲ᠋ᠷᠯᠢᠶ᠎ᠠ ᠍ ᠶᠢᠨ ᠰᠢᠨ᠎ᠡ ᠡᠮᠦᠨᠡᠲᠦ ᠤᠥᠯᠰ ᠲᠤ ᠪᠠᠶᠢᠭᠰᠠᠨ ᠠᠬᠠᠮᠠᠳ ᠵᠣᠩ ᠮᠠᠷᠱᠠᠯᠯ ᠪᠣᠯᠤᠨ ᠲᠣᠮᠠᠰ ᠭᠢᠯᠪᠧᠷᠲ ᠨᠠᠷ ᠤᠨ ᠤᠰᠤᠨ ᠣᠩᠭᠣᠴᠠ ᠪᠠᠷ ᠭᠤᠸᠠᠶᠢᠳᠤᠨᠢ ᠬᠦᠷᠲᠡᠯ᠎ᠡ ᠴᠠᠢ ᠵᠥᠭᠡᠭᠡᠯᠭᠡᠭᠦᠯᠬᠦ ᠶᠢᠨ ᠬᠠᠮᠲᠤ ᠪᠠᠷ ᠤᠰᠤᠨ ᠵᠠᠮ ᠣᠷᠴᠢᠮ ᠤᠨ ᠢᠶᠠᠨ ᠳᠠᠯᠠᠢ ᠶᠢ ᠰᠤᠳᠤᠯᠬᠤ ᠳᠠᠭᠠᠭᠠᠯᠭᠠᠪᠤᠷᠢ ᠥᠭᠴᠡᠢ᠃ ᠲᠥᠶᠢᠨᠬᠦᠦ ᠬᠣᠶᠠᠷ ᠠᠬᠠᠮᠠᠳ ᠤᠨ ᠤᠳᠤᠷᠢᠳᠤᠭᠰᠠᠨ ᠬᠥᠯᠥᠭ ᠣᠩᠭᠣᠴᠠ ᠨᠤᠭᠤᠳ ᠬᠣᠵᠢᠮ ᠮᠠᠷᠱᠠᠯ ᠤᠨ ᠠᠷᠠᠯ ᠤᠳ ᠪᠣᠯᠤᠨ ᠭᠢᠯᠪᠧᠷᠲ ᠤᠨ ᠠᠷᠠᠯ ᠤᠳ ᠭᠡᠵᠦ ᠨᠡᠷᠡᠯᠡᠭᠳᠡᠬᠦ ᠪᠣᠯᠤᠭᠰᠠᠨ ᠲᠡᠷᠡ ᠬᠠᠪ ᠤᠨ ᠠᠷᠠᠯ ᠤᠳ ᠢ ᠰᠤᠳᠤᠯᠤᠭᠰᠠᠨ ᠪᠥᠯᠦᠭᠡ᠃

ᠣᠨ ᠳᠠᠷᠠᠭᠠᠯᠠᠯ[ᠵᠠᠰᠠᠪᠤᠷᠢᠯᠠᠬᠤ | ᠺᠣᠳ᠋ ᠢᠶᠠᠷ ᠵᠠᠰᠠᠬᠣ]

ᠳᠡᠯᠭᠡᠷᠡᠩᠭᠦᠢ ᠶᠢ ᠮᠠᠷᠱᠠᠯ ᠤᠨ ᠠᠷᠠᠯ ᠤᠳ ᠤᠨ ᠲᠡᠦᠬᠡ ᠥᠭᠦᠯᠡᠯ ᠡᠴᠡ ᠦᠵᠡᠨ᠎ᠡ ᠦᠦ᠃

ᠤᠯᠤᠰ ᠲᠥᠷᠥ[ᠵᠠᠰᠠᠪᠤᠷᠢᠯᠠᠬᠤ | ᠺᠣᠳ᠋ ᠢᠶᠠᠷ ᠵᠠᠰᠠᠬᠣ]

ᠲᠥᠷᠥ ᠶᠢᠨ ᠲᠡᠷᠢᠭᠦᠨ ᠪᠣᠯᠬᠤ ᠶᠡᠷᠦᠩᠬᠡᠶᠢᠯᠡᠭᠴᠢ ᠨᠢ ᠵᠠᠰᠠᠭ ᠤᠨ ᠭᠠᠵᠠᠷ ᠢᠶᠠᠨ ᠲᠡᠷᠢᠭᠦᠯᠡᠳᠡᠭ ᠪᠥᠭᠡᠳ ᠫᠠᠷᠯᠠᠮᠧᠨᠲ ᠤᠨ ᠭᠡᠰᠢᠭᠦᠳ ᠳᠤᠮᠳᠠ ᠠᠴᠠ ᠪᠠᠨ ᠰᠣᠩᠭᠣᠳᠠᠭ ᠪᠠᠶᠢᠨ᠎ᠠ᠃ ᠪᠦᠷᠢᠨ ᠡᠷᠬᠡ ᠶᠢᠨ ᠨᠢ ᠬᠤᠭᠤᠴᠠᠭ᠎ᠠ 4 ᠵᠢᠯ᠃ ᠮᠥᠨ ᠵᠠᠰᠠᠭ ᠤᠨ ᠭᠠᠵᠠᠷ ᠤᠨ ᠭᠡᠰᠢᠭᠦᠳ ᠨᠢ ᠴᠤ ᠫᠠᠷᠯᠠᠮᠧᠨᠲ ᠤᠨ ᠭᠡᠰᠢᠭᠦᠳ ᠳᠤᠮᠳᠠ ᠠᠴᠠ ᠲᠣᠮᠢᠯᠠᠭᠳᠠᠳᠠᠭ᠃

ᠫᠠᠷᠯᠠᠮᠧᠨᠲ ᠨᠢ ᠨᠢᠭᠡ ᠲᠠᠩᠬᠢᠮ᠂ 33 ᠰᠠᠭᠤᠳᠠᠯ ᠲᠠᠢ᠃ ᠪᠦᠬᠦ ᠠᠷᠠᠳ ᠲᠦᠮᠡᠨ ᠦ ᠰᠣᠩᠭᠣᠭᠤᠯᠢ ᠪᠠᠷ 4 ᠵᠢᠯ ᠲᠤᠲᠤᠮ ᠰᠢᠨᠡᠴᠢᠯᠡᠭᠳᠡᠨ ᠰᠣᠩᠭᠣᠭᠳᠠᠨ᠎ᠠ᠃

ᠵᠠᠰᠠᠭ ᠵᠠᠬᠢᠷᠭᠠᠨ ᠤ ᠨᠢᠭᠡᠴᠡ[ᠵᠠᠰᠠᠪᠤᠷᠢᠯᠠᠬᠤ | ᠺᠣᠳ᠋ ᠢᠶᠠᠷ ᠵᠠᠰᠠᠬᠣ]

ᠮᠠᠷᠱᠠᠯ ᠤᠨ ᠠᠷᠠᠯ ᠤᠳ ᠨᠢ ᠵᠠᠰᠠᠭ ᠵᠠᠬᠢᠷᠭᠠᠨ ᠤ 24 ᠨᠢᠭᠡᠴᠡ ᠳᠦ ᠬᠤᠪᠢᠶᠠᠭᠳᠠᠳᠠᠭ᠃

ᠮᠥᠨ ᠠᠮᠧᠷᠢᠺᠠ ᠶᠢᠨ ᠴᠡᠷᠢᠭ ᠦᠨ ᠪᠠᠭᠠᠵᠠ ᠪᠠᠶᠢᠷᠢᠯᠠᠳᠠᠭ ᠺᠸᠠᠵᠠᠯᠧᠢ ᠶᠢᠨ ᠠᠷᠠᠯ ᠳᠤ ᠡᠩ ᠦᠨ ᠢᠷᠭᠡᠳ ᠨᠡᠪᠲᠡᠷᠡᠬᠦ ᠡᠷᠬᠡ ᠦᠭᠡᠢ᠃

ᠲᠡᠭᠦᠨ ᠡᠴᠡ ᠭᠠᠳᠠᠨ᠎ᠠ ᠮᠠᠷᠱᠠᠯ ᠤᠨ ᠠᠷᠠᠯ ᠤᠳ ᠨᠢ ᠤᠡᠢᠺ ᠠᠷᠠᠯ ᠢ ᠡᠵᠡᠮᠰᠢᠬᠦ ᠡᠷᠬᠡ ᠲᠡᠢ ᠬᠡᠮᠡᠳᠡᠭ ᠪᠣᠯᠪᠠᠴᠤ ᠰᠡᠭᠦᠯ ᠦᠨ 100 ᠭᠠᠷᠤᠢ ᠵᠢᠯ ᠠᠮᠧᠷᠢᠺᠠ ᠶᠢᠨ ᠬᠢᠨᠠᠯᠲᠠ ᠳᠤ ᠪᠤᠢ ᠲᠤᠰ ᠠᠷᠠᠯ ᠢ ᠮᠠᠷᠱᠠᠯ ᠤᠨ ᠠᠷᠠᠯ ᠤᠳ ᠤᠨ ᠡᠵᠡᠮᠰᠢᠯ ᠦᠨ ᠬᠢ ᠭᠡᠵᠦ ᠬᠦᠯᠢᠶᠡᠨ ᠵᠥᠪᠰᠢᠶᠡᠷᠡᠳᠡᠭ ᠤᠯᠤᠰ ᠪᠠᠷᠤᠭ ᠦᠭᠡᠢ᠃

ᠭᠠᠵᠠᠷ ᠵᠦᠢ[ᠵᠠᠰᠠᠪᠤᠷᠢᠯᠠᠬᠤ | ᠺᠣᠳ᠋ ᠢᠶᠠᠷ ᠵᠠᠰᠠᠬᠣ]

ᠵᠢᠵᠢᠭ ᠵᠢᠷᠤᠭ ᠢ ᠡᠭᠦᠰᠭᠡᠬᠦ ᠳ᠋ᠦ ᠠᠯᠳᠠᠭ᠎ᠠ ᠭᠠᠷᠤᠯ᠎ᠠ: Unable to save thumbnail to destination

ᠡᠳ᠋ ᠍ ᠦᠨ ᠵᠠᠰᠠᠭ[ᠵᠠᠰᠠᠪᠤᠷᠢᠯᠠᠬᠤ | ᠺᠣᠳ᠋ ᠢᠶᠠᠷ ᠵᠠᠰᠠᠬᠣ]

ᠣᠯᠠᠨ ᠤᠯᠤᠰ ᠤᠨ ᠸᠠᠯᠦᠲ᠋ᠠ ᠶᠢᠨ ᠰᠠᠩ ᠪᠣᠯᠤᠨ ᠳᠡᠯᠡᠬᠡᠢ ᠶᠢᠨ ᠪᠠᠩᠬᠢᠨ ᠤ ᠭᠡᠰᠢᠭᠦᠨ᠃ ᠡᠺᠰᠫᠣᠷᠲ ᠍ ᠢ ᠭᠣᠣᠯ ᠪᠠᠷ᠎ᠠ ᠨᠢ ᠺᠣᠫᠷᠠ ᠪᠣᠯᠤᠨ ᠵᠢᠭᠠᠰᠤ ᠪᠣᠯᠪᠠᠴᠤ ᠭᠠᠳᠠᠭᠠᠳᠤ ᠬᠤᠳᠠᠯᠳᠤᠭ᠎ᠠ ᠨᠢ ᠠᠯᠳᠠᠭᠳᠠᠯ ᠲᠠᠢ᠃

ᠡᠳᠦᠭᠡ ᠠᠮᠧᠷᠢᠺᠠ ᠶᠢᠨ ᠨᠢᠭᠡᠳᠦᠭᠰᠡᠨ ᠤᠯᠤᠰ ᠍ ᠤᠨ ᠲᠤᠰᠠᠯᠠᠮᠵᠢ ᠶᠢ ᠬᠦᠷᠲᠡᠨ ᠡᠳ᠋ ᠍ ᠦᠨ ᠵᠠᠰᠠᠭ ᠤᠨ ᠦᠨᠳᠦᠰᠦᠨ ᠳᠡᠳ᠋ ᠪᠦᠲᠦᠴᠡ ᠶᠢ ᠪᠤᠢ ᠪᠣᠯᠭᠠᠬᠤ᠂ ᠭᠠᠳᠠᠭᠠᠳᠤ ᠶᠢᠨ ᠬᠥᠷᠥᠩᠭᠡ ᠣᠷᠣᠭᠤᠯᠤᠯᠲᠠ ᠍ ᠢ ᠲᠠᠲᠠᠬᠤ᠂ ᠵᠢᠭᠠᠰᠤ ᠠᠩᠨᠠᠭᠤᠷᠠᠶᠠᠯᠠᠯ ᠵᠢᠭᠤᠯᠴᠢᠯᠠᠯ ᠍ ᠢ ᠬᠥᠭᠵᠢᠭᠦᠯᠵᠦ ᠪᠤᠢ᠃

ᠬᠦᠮᠦᠨ ᠠᠮᠠ[ᠵᠠᠰᠠᠪᠤᠷᠢᠯᠠᠬᠤ | ᠺᠣᠳ᠋ ᠢᠶᠠᠷ ᠵᠠᠰᠠᠬᠣ]

ᠣᠷᠣᠰᠢᠨ ᠰᠠᠭᠤᠭᠴᠢᠳ ᠨᠢ ᠮᠢᠺᠷᠣᠨᠧᠽᠡᠶᠢᠨ ᠺᠠᠨᠠᠺᠠ ᠦᠨᠳᠦᠰᠦᠲᠡᠨ.

ᠠᠯᠪᠠᠨ ᠶᠣᠰᠣᠨ ᠤ ᠬᠡᠯᠡ ᠨᠢ ᠮᠠᠷᠱᠠᠯᠯ ᠬᠡᠯᠡ ᠪᠣᠯᠤᠨ ᠠᠩᠭᠯᠢ ᠬᠡᠯᠡ.

ᠬᠦᠮᠦᠨ ᠠᠮᠠ ᠶᠢᠨ ᠶᠡᠬᠡᠩᠬᠢ ᠨᠢ ᠾᠷᠢᠰᠤᠰ ᠤᠨ ᠱᠠᠰᠢᠨ ᠤ ᠫᠷᠣᠲ᠋ᠧᠰᠲ᠋ᠠᠨᠲ ᠤᠷᠤᠰᠬᠠᠯ ᠢ ᠰᠢᠲᠦᠳᠡᠭ᠃

ᠰᠤᠶᠤᠯ[ᠵᠠᠰᠠᠪᠤᠷᠢᠯᠠᠬᠤ | ᠺᠣᠳ᠋ ᠢᠶᠠᠷ ᠵᠠᠰᠠᠬᠣ]

ᠪᠠᠶᠠᠷ ᠤᠨ ᠡᠳᠦᠷ ᠦᠳ
ᠰᠠᠷ᠎ᠠ ᠡᠳᠦᠷ ᠪᠠᠶᠠᠷ ᠤᠨ ᠨᠡᠷ᠎ᠡ ᠠᠩᠭᠯᠢ ᠨᠡᠷ᠎ᠡ ᠲᠠᠶᠢᠯᠪᠤᠷᠢ
1 ᠰᠠᠷ᠎ᠠ ᠶᠢᠨ 1 ᠰᠢᠨ᠎ᠡ ᠵᠢᠯ New Years Day
3 ᠰᠠᠷ᠎ᠠ ᠶᠢᠨ 1 ᠴᠥᠮ᠎ᠡ ᠶᠢᠨ ᠲᠤᠷᠰᠢᠯᠲᠠᠠᠳᠠ ᠨᠡᠷᠪᠡᠭᠳᠡᠭᠰᠡᠳ ᠦᠨ ᠳᠤᠷᠠᠰᠬᠠᠯ ᠢ ᠬᠦᠨᠳᠦᠳᠭᠡᠬᠦ ᠡᠳᠦᠷ Nuclear Victims' Day
5 ᠰᠠᠷ᠎ᠠ ᠶᠢᠨ 1 ᠤᠯᠤᠰ ᠪᠠᠶᠢᠭᠤᠯᠤᠭᠳᠠᠰᠤᠨ ᠤ ᠪᠠᠶᠠᠷ Constitution Day
7 ᠍ ᠳᠦᠭᠡᠷ ᠰᠠᠷ᠎ᠠ ᠶᠢᠨ ᠡᠬᠢᠨ ᠦ ᠳᠠᠸᠠ ᠭᠠᠷᠠᠭ ᠵᠢᠭᠠᠰᠤᠴᠢᠳ ᠤᠨ ᠡᠳᠦᠷ Fisherman's Day ᠰᠫᠣᠷᠲ ᠤᠨ ᠵᠢᠭᠠᠰᠤ ᠠᠩᠨᠠᠭᠤᠷ ᠤᠨ ᠲᠡᠮᠡᠴᠡᠭᠡᠨ ᠪᠣᠯᠤᠨ᠎ᠠ
9 ᠍ ᠳᠦᠭᠡᠷ ᠰᠠᠷ ᠤ ᠡᠬᠢᠨ ᠦ ᠪᠠᠰᠠᠩ ᠭᠠᠷᠠᠭ ᠬᠥᠳᠡᠯᠮᠦᠷᠢᠴᠢᠳ ᠦᠨ ᠡᠳᠦᠷ Rijerbal Day (Worker's Day)
9 ᠍ ᠳᠦᠭᠡᠷ ᠰᠠᠷ᠎ᠠ ᠶᠢᠨ ᠰᠡᠭᠦᠯᠴᠢ ᠶᠢᠨ ᠪᠠᠰᠠᠩ ᠭᠠᠷᠠᠭ Manit Day (Customs Day)
11 ᠰᠠᠷ᠎ᠠ ᠶᠢᠨ 17 ᠶᠡᠷᠦᠩᠬᠡᠶᠢᠯᠡᠭᠴᠢ ᠶᠢᠨ ᠡᠳᠦᠷ President's Day
11 ᠍ ᠳᠦᠭᠡᠷ ᠰᠠᠷ᠎ᠠ ᠶᠢᠨ 3 ᠳᠠᠬᠢ ᠫᠦᠷᠪᠦ ᠭᠠᠷᠠᠭ ᠲᠠᠯᠠᠷᠬᠠᠯ ᠤᠨ ᠡᠳᠦᠷ Kamolol Day (Thanksgiving Day)
12 ᠍ ᠳᠦᠭᠡᠷ ᠰᠠᠷ᠎ᠠ ᠶᠢᠨ ᠡᠬᠢᠨ ᠦ ᠳᠠᠪᠠᠭ᠎ᠠ ᠭᠠᠷᠠᠭ ᠡᠪᠢᠩᠭᠧᠯᠢ ᠶᠢᠨ ᠡᠳᠦᠷ Gospel Day
12 ᠰᠠᠷ᠎ᠠ ᠶᠢᠨ 25 ᠵᠤᠯᠠ ᠰᠠᠷ᠎ᠠ ᠶᠢᠨ ᠪᠠᠶᠠᠷ Christmas Day

ᠪᠢᠴᠢᠭᠡᠰᠦ