ᠮᠠᠷᠢ-ᠠᠳᠧᠯᠡᠢ ᠳᠦ, ᠯᠦᠺᠰᠧᠨᠪᠦ᠋ᠷᠦᠺ ᠦᠨ ᠶᠡᠬᠡ ᠸᠠᠩ

ᠴᠢᠯᠦᠭᠡᠲᠦ ᠨᠡᠪᠲᠡᠷᠬᠡᠢ ᠲᠣᠯᠢ — ᠸᠢᠺᠢᠫᠧᠳᠢᠶ᠎ᠠ ᠠᠴᠠ
ᠬᠠᠷᠠᠶᠢᠬᠤ: ᠤᠳᠤᠷᠢᠳᠬᠤ, ᠬᠠᠶᠢᠯᠲᠠ
ᠮᠠᠷᠢ-ᠠᠳᠧᠯᠡᠢ ᠳᠦ
ᠯᠦᠺᠰᠧᠨᠪᠦ᠋ᠷᠦᠺ ᠦᠨ ᠶᠡᠬᠡ ᠸᠠᠩ
Marie-Adélaïde, Grand Duchess of Luxembourg 2.jpg
ᠬᠠᠭᠠᠨᠴᠢᠯᠠᠯ 1912 ᠣᠨ ᠤ 2 ᠰᠠᠷ᠎ᠠ ᠶᠢᠨ 25 - 1919 ᠣᠨ ᠤ 1 ᠰᠠᠷ᠎ᠠ ᠶᠢᠨ 19
ᠲᠦᠷᠦᠭᠰᠡᠨ ᠣᠩᠨᠠᠭ᠎ᠠ 1894 ᠣᠨ ᠤ 6 ᠰᠠᠷ᠎ᠠ ᠶᠢᠨ 14
ᠲᠦᠷᠦᠭᠰᠡᠨ ᠭᠠᠵᠠᠷ ᠪᠧᠺᠭ ᠴᠠᠶᠢᠵᠠ
ᠥᠩᠭᠡᠷᠡᠭᠰᠡᠨ ᠣᠩᠨᠠᠭ᠎ᠠ 1924 ᠣᠨ ᠤ 1 ᠰᠠᠷ᠎ᠠ ᠶᠢᠨ 24
ᠥᠩᠭᠡᠷᠡᠭᠰᠡᠨ ᠭᠠᠵᠠᠷ ᠱᠯᠣᠰ ᠬᠣᠬᠧᠨᠪᠦᠷᠦᠭ
ᠡᠮᠦᠨᠡᠬᠢ ᠬᠠᠭᠠᠨ ᠸᠢᠯᠢᠶᠮ IV
ᠤᠳᠠᠭᠠᠬᠢ ᠬᠠᠭᠠᠨ ᠰᠢᠷᠠᠯᠣᠲ ᠲᠤ
ᠡᠴᠢᠭᠡ ᠭᠡᠶᠣᠮ IV, ᠯᠦᠺᠰᠧᠨᠪᠦ᠋ᠷᠦᠺ ᠦᠨ ᠶᠡᠬᠡ ᠸᠠᠩ
ᠡᠬᠡ ᠫᠣᠷᠲ᠋ᠤᠭᠠᠯ ᠤᠨ ᠮᠠᠷᠢ ᠠᠨ

ᠮᠠᠷᠢ-ᠠᠳᠧᠯᠡᠢ ᠳᠦ (ᠯᠦᠺᠰᠧᠨᠪᠦ᠋ᠷᠦᠺ ᠶᠢᠡᠷ Marie Adélaïde Theresia Hilda Antonia Wilhelmina vu Lëtzebuerg; ᠹᠷᠠᠨᠼᠢ ᠪᠠᠷ Marie Adélaïde Thérèse Hilda Antonie Wilhelmine, 1894 ᠣᠨ ᠤ 6 ᠰᠠᠷ᠎ᠠ ᠶᠢᠨ 141924 ᠣᠨ ᠤ 1 ᠰᠠᠷ᠎ᠠ ᠶᠢᠨ 24) ᠨᠢ ᠯᠦᠺᠰᠧᠨᠪᠦ᠋ᠷᠦᠺᠡᠶᠢᠨ ᠶᠡᠬᠡ ᠸᠠᠩ ᠶᠤᠮ᠃ ᠯᠦᠺᠰᠧᠨᠪᠦ᠋ᠷᠦᠺ ᠦᠨ ᠶᠡᠬᠡ ᠸᠠᠩ ᠭᠡᠶᠣᠮ IV ᠪᠣᠯᠤᠨ ᠫᠣᠷᠲ᠋ᠤᠭᠠᠯ ᠤᠨ ᠮᠠᠷᠢ ᠠᠨ ᠨᠠᠷ ᠤᠨ ᠥᠬᠢᠨ ᠪᠥᠭᠡᠳ ᠨᠠᠭᠠᠴᠤ ᠡᠪᠦᠭᠡ ᠨᠢ ᠫᠣᠷᠲ᠋ᠤᠭᠠᠯ ᠤᠨ ᠮᠢᠭᠧᠯ ᠪᠣᠯᠤᠨ᠎ᠠ᠃

ᠭᠡᠶᠣᠮ IV ᠍ ᠦᠨ 6 ᠥᠬᠢᠨ ᠤ ᠤᠤᠭᠠᠨ ᠨᠢ ᠪᠣᠯᠬᠤ ᠮᠠᠷᠢ-ᠠᠳᠧᠯᠡᠢ ᠳᠦ ᠨᠢ 1907 ᠣᠨ ᠤ 7 ᠰᠠᠷ᠎ᠠ ᠶᠢᠨ 10 ᠍ ᠳᠦ ᠤᠭᠰᠠᠭ᠎ᠠ ᠵᠠᠯᠭᠠᠮᠵᠢᠯᠠᠭᠴᠢ ᠪᠠᠷ ᠵᠠᠷᠤᠯᠭᠠᠳᠠᠵᠤ᠂ 1912 ᠣᠷᠣᠨ ᠤ 2 ᠰᠠᠷ᠎ᠠ ᠶᠢᠨ 25 ᠍ ᠳᠦ ᠠᠪᠤ ᠨᠢ ᠨᠠᠰᠤ ᠪᠠᠷᠠᠬᠤ ᠳᠤ ᠯᠦᠺᠰᠧᠨᠪᠦ᠋ᠷᠦᠺ ᠦᠨ ᠶᠡᠬᠡ ᠸᠠᠩ ᠤᠨ ᠰᠢᠷᠡᠭᠡᠨ ᠳᠦ ᠰᠠᠭᠤᠴᠠᠢ᠃ ᠲᠡᠷᠡᠪᠡᠷ ᠲᠤᠰ ᠤᠯᠤᠰ ᠤᠨ ᠠᠩᠬᠠᠨ ᠤ ᠡᠮᠡᠭᠲᠡᠢ ᠶᠡᠬᠡ ᠸᠠᠩ᠂ ᠮᠥᠨ 1890 ᠣᠨ ᠳᠤ ᠨᠢᠳᠧᠷᠯᠠᠨ᠋ᠳ᠋ ᠍ ᠠᠴᠠ ᠲᠤᠰᠠᠭᠠᠷ ᠲᠣᠭᠲᠠᠨᠢᠭᠰᠠᠨ ᠠᠴᠠ ᠬᠣᠶᠢᠰᠢ ᠲᠤᠰ ᠤᠯᠤᠰ ᠤᠨ ᠨᠤᠲᠤᠭ ᠲᠤ ᠲᠦᠷᠦᠭᠰᠡᠨ ᠠᠩᠬᠠᠨ ᠤ ᠶᠡᠬᠡ ᠸᠠᠩ ᠶᠤᠮ᠃

ᠲᠡᠷᠡᠪᠡᠷ ᠤᠯᠤᠰ ᠲᠥᠷᠥ ᠳᠦ ᠮᠠᠰᠢ ᠶᠡᠬᠡ ᠰᠣᠨᠢᠷᠬᠠᠯ ᠲᠠᠢ ᠪᠠᠶᠢᠭᠰᠠᠨ ᠪᠥᠭᠡᠳ ᠵᠠᠰᠠᠭ ᠤᠨ ᠭᠠᠵᠠᠷ ᠤᠨ ᠦᠢᠯᠡ ᠠᠵᠢᠯᠯᠠᠭᠠᠨ ᠳᠤ ᠢᠳᠡᠪᠬᠢᠲᠡᠢ ᠣᠷᠣᠯᠴᠠᠳᠠᠭ ᠪᠠᠶᠢᠪᠠ᠃ ᠳᠡᠯᠡᠬᠡᠢ ᠶᠢᠨ ᠨᠢᠭᠡᠳᠦᠭᠡᠷ ᠳᠠᠶᠢᠨᠢ ᠦᠶ᠎ᠡ ᠪᠡᠷ ᠭᠧᠷᠮᠠᠨᠢ ᠡᠵᠡᠯᠡᠨ ᠲᠦᠷᠢᠮᠡᠭᠡᠶᠢᠯᠡᠭᠴᠢᠳ ᠲᠡᠢ ᠨᠠᠶᠢᠷᠰᠠᠭ ᠬᠠᠷᠢᠴᠠᠵᠤ ᠪᠠᠶᠢᠭᠰᠠᠨ ᠨᠢ ᠳᠠᠶᠢᠨ ᠤ ᠳᠠᠷᠠᠭ᠎ᠠ ᠶᠡᠬᠡᠬᠡᠨ ᠰᠢᠭᠦᠮᠵᠢᠯᠡᠯ ᠬᠦᠷᠲᠡᠭᠰᠡᠨ ᠪᠢᠯᠡ᠃ ᠬᠡᠳᠦᠢ ᠪᠡᠷ ᠦᠨᠳᠦᠰᠦᠨ ᠬᠠᠤᠯᠢ ᠵᠥᠷᠢᠴᠡᠭᠰᠡᠨ ᠦᠢᠯᠡᠳᠦᠯ ᠬᠢᠭᠡ ᠦᠭᠡᠢ ᠪᠣᠯᠪᠠᠴᠤ ᠣᠯᠠᠨ ᠲᠦᠮᠡᠨ ᠦ ᠳᠤᠷᠠᠭᠦᠶᠢᠴᠡᠯ ᠶᠡᠬᠡ ᠪᠡᠷ ᠨᠡᠮᠡᠭᠳᠡᠭᠰᠡᠨ ᠦ ᠤᠯᠠᠮ ᠠᠴᠠ 1919 ᠣᠨ ᠤ 1 ᠰᠠᠷ᠎ᠠ ᠠᠴᠠ ᠡᠬᠢᠯᠡᠨ ᠫᠠᠷᠯᠠᠮᠧᠨᠲ ᠲᠡᠭᠦᠨ ᠢ ᠬᠠᠭᠠᠨ ᠰᠢᠷᠡᠭᠡᠨ ᠡᠴᠡ ᠪᠡᠨ ᠲᠠᠲᠠᠭᠠᠯᠵᠠᠬᠤ ᠶᠢ ᠱᠠᠭᠠᠷᠳᠠᠵᠤ ᠡᠬᠢᠯᠡᠭᠰᠡᠨ ᠪᠠᠶᠢᠨ᠎ᠠ᠃ ᠮᠠᠷᠢ-ᠠᠳᠧᠯᠡᠢ ᠳᠦ ᠶᠡᠷᠦᠩᠬᠡᠢ ᠰᠠᠶᠢᠳ ᠲᠠᠢ ᠪᠠᠨ ᠵᠥᠪᠯᠡᠯᠳᠦᠭᠰᠡᠨ ᠦ ᠡᠴᠦᠰ ᠲᠦ 1919 ᠣᠨ ᠤ 1 ᠰᠠᠷ᠎ᠠ ᠶᠢᠨ 14 ᠍ ᠳᠦ ᠬᠠᠭᠠᠨ ᠰᠢᠷᠡᠭᠡᠨ ᠡᠴᠡ ᠪᠡᠨ ᠲᠠᠲᠠᠭᠠᠯᠵᠠᠵᠤ᠂ ᠳᠡᠭᠦᠦ ᠰᠢᠷᠠᠯ᠎ᠠ ᠳᠤᠲᠤ ᠳᠤ ᠪᠠᠨ ᠰᠢᠯᠵᠢᠭᠦᠯᠦᠭᠰᠡᠨ ᠶᠤᠮ᠃

ᠮᠠᠷᠢ-ᠠᠳᠧᠯᠡᠢ ᠳᠦ ᠭᠡᠯᠡᠩᠮ᠎ᠠ ᠪᠣᠯᠵᠤ᠂ ᠢᠲ᠋ᠠᠯᠢ ᠍ ᠶᠢᠨ ᠰᠦᠮ᠎ᠡ ᠳᠦ ᠰᠠᠭᠤᠵᠤ ᠪᠠᠶᠢᠭᠠᠳ ᠬᠣᠬᠧᠨᠪᠦᠷᠦᠭ ᠴᠠᠶᠢᠵᠠ ᠳᠤ ᠲᠣᠮᠣᠭᠣᠭᠡᠶᠢᠨ ᠤᠯᠠᠮ ᠠᠴᠠ ᠨᠠᠰᠤ ᠨᠥᠭᠴᠢᠭᠰᠡᠨ ᠪᠠᠶᠢᠨ᠎ᠠ᠃ ᠲᠡᠭᠦᠨ ᠢ ᠯᠦᠺᠰᠧᠨᠪᠦ᠋ᠷᠦᠺ ᠦᠨ ᠨᠣᠲᠠᠷ-ᠳᠠᠮ ᠤᠨ ᠣᠷᠣᠰᠢᠭᠤᠯᠭ᠎ᠠ ᠶᠢᠨ ᠭᠠᠵᠠᠷ ᠲᠤ ᠨᠤᠲᠤᠭᠯᠠᠭᠤᠯᠵᠠᠢ᠃

ᠭᠠᠳᠠᠭᠠᠳᠤ ᠬᠣᠯᠪᠣᠭᠠᠰᠤ[ᠵᠠᠰᠠᠪᠤᠷᠢᠯᠠᠬᠤ | ᠺᠣᠳ᠋ ᠢᠶᠠᠷ ᠵᠠᠰᠠᠬᠣ]

ᠡᠮᠦᠨᠡᠬᠢ
ᠭᠡᠶᠣᠮ IV
ᠯᠦᠺᠰᠧᠨᠪᠦ᠋ᠷᠦᠺ ᠦᠨ ᠶᠡᠬᠡ ᠸᠠᠩ
{{{on}}}
ᠳᠠᠷᠠᠭᠠᠬᠢ
ᠰᠢᠷᠠᠯᠣᠲ ᠲᠤ

ᠪᠢᠴᠢᠭᠡᠰᠦ