ᠮᠠᠷᠠᠹᠣᠨ

ᠴᠢᠯᠦᠭᠡᠲᠦ ᠨᠡᠪᠲᠡᠷᠬᠡᠢ ᠲᠣᠯᠢ — ᠸᠢᠺᠢᠫᠧᠳᠢᠶ᠎ᠠ ᠠᠴᠠ
ᠬᠠᠷᠠᠶᠢᠬᠤ: ᠤᠳᠤᠷᠢᠳᠬᠤ, ᠬᠠᠶᠢᠯᠲᠠ
ᠹᠷᠠᠨᠺᠫᠦᠷᠲ ᠤᠨ ᠮᠠᠷᠠᠽᠤᠨ᠃ 2004 ᠤᠨ᠃

ᠮᠠᠷᠠᠽᠤᠨ(马拉松) ᠨᠢ 42 ᠺᠢᠯᠣᠮᠧᠲ᠋ᠷ 195 ᠮᠧᠲ᠋ᠷ ᠪᠤᠶᠤ ᠬᠠᠮᠤᠭ ᠤᠨ ᠬᠣᠯᠠ ᠵᠠᠢ ᠳᠤ ᠭᠦᠶᠦᠵᠦ ᠤᠷᠤᠯᠳᠤᠬᠤ (ᠬᠣᠯᠠ ᠶᠢᠨ ᠶᠠᠪᠠᠭᠠᠨ ᠤᠷᠤᠯᠳᠤᠭᠠᠨ) ᠭᠦᠶᠦᠯᠲᠡ ᠶᠤᠮ᠃ ᠮᠠᠷᠠᠽᠤᠨ 1896 ᠤᠨ ᠠᠴᠠ ᠣᠷᠴᠢᠨ ᠴᠠᠭ ᠤᠨ ᠣᠯᠢᠮᠫᠢᠺ ᠤᠨ ᠨᠠᠭᠠᠳᠤᠮ ᠤᠨ ᠨᠢᠭᠡᠨ ᠲᠥᠷᠦᠯ ᠪᠣᠯᠵᠤ ᠣᠷᠣᠭᠰᠠᠨ᠃ 40 ᠺᠢᠯᠣᠮᠧᠲ᠋ᠷ᠂ 42.75 ᠺᠢᠯᠣᠮᠧᠲ᠋ᠷ ᠭᠡᠬᠦ ᠮᠡᠲᠦ ᠥᠭᠡᠷᠡᠴᠢᠯᠡᠭᠳᠡᠵᠦ ᠪᠠᠶᠢᠭᠠᠳ 1924 ᠤᠨ ᠳᠤ ᠣᠳᠣ ᠶᠢᠨ ᠢᠶᠠᠨ ᠵᠠᠢ ᠶᠢ ᠲᠣᠭᠲᠠᠭᠠᠳ ᠳᠠᠬᠢᠵᠤ ᠥᠭᠡᠷᠡᠴᠢᠯᠡᠭᠡ ᠦᠭᠡᠢ᠃ ᠵᠢᠯ ᠳᠤ 500 ᠭᠠᠷᠤᠢ ᠤᠷᠤᠯᠳᠤᠭᠠᠨ ᠪᠣᠯᠳᠠᠭ᠃ ᠬᠡᠳᠦᠬᠡᠨ ᠬᠦᠮᠦᠨ ᠭᠦᠶᠦᠬᠦ ᠨᠢ ᠴᠤ ᠪᠠᠶᠢᠨ᠎ᠠ᠃ ᠮᠣᠩᠭᠣᠯ ᠤᠯᠤᠰ ᠲᠤ 2014 ᠤᠨ ᠠᠴᠠ ᠤᠯᠠᠭᠠᠨᠪᠠᠭᠠᠲᠤᠷ ᠮᠠᠷᠠᠽᠤᠨ ᠵᠣᠬᠢᠶᠠᠭᠳᠠᠵᠤ ᠮᠠᠰᠢ ᠣᠯᠠᠨ ᠣᠷᠣᠯᠴᠠᠭᠴᠢ ᠲᠠᠢ ᠪᠠᠷ ᠵᠢᠯ ᠪᠦᠷᠢ ᠶᠢᠨ ᠬᠠᠪᠤᠷ ᠵᠣᠬᠢᠶᠠᠭᠳᠠᠵᠤ ᠪᠠᠶᠢᠨ᠎ᠠ᠃ 2017 ᠤᠨ ᠤ ᠤᠯᠠᠭᠠᠨᠪᠠᠭᠠᠲᠤᠷ ᠮᠠᠷᠠᠽᠤᠨ ᠳᠤ ᠬᠠᠮᠤᠭ ᠤᠨ ᠣᠯᠠᠨ ᠣᠷᠣᠯᠴᠠᠭᠴᠢ ᠪᠤᠶᠤ 33000 ᠭᠠᠷᠤᠢ ᠬᠦᠮᠦᠨ ᠳᠡᠯᠡᠬᠡᠢ ᠶᠢᠨ 17 ᠣᠷᠣᠨ ᠠᠴᠠ ᠣᠷᠣᠯᠴᠠᠵᠠᠢ᠃

ᠪᠤᠰᠤᠳ ᠲᠥᠷᠥᠯ ᠦᠳ[ᠵᠠᠰᠠᠪᠤᠷᠢᠯᠠᠬᠤ | ᠺᠣᠳ᠋ ᠢᠶᠠᠷ ᠵᠠᠰᠠᠬᠣ]

ᠬᠡᠲᠦ ᠬᠣᠯᠠ ᠶᠢᠨ ᠵᠠᠢ ᠶᠢᠨ ᠭᠦᠶᠦᠯᠲᠡ ᠶᠢᠨ ᠲᠥᠷᠥᠯ ᠦᠳ 100-200 ᠺᠢᠯᠣᠮᠧᠲ᠋ᠷ ᠵᠠᠢ ᠶᠢ ᠲᠤᠭᠤᠯᠵᠤ ᠬᠡᠳᠦ ᠬᠣᠨᠣᠭ ᠢᠶᠠᠷ ᠤᠷᠤᠯᠳᠤᠳᠠᠭ ᠬᠣᠯᠠ ᠶᠢᠨ ᠵᠠᠢ ᠶᠢᠨ ᠭᠦᠶᠦᠯᠲᠡ ᠶᠢᠨ ᠲᠡᠮᠡᠴᠡᠭᠡᠨ ᠨᠦᠭᠦᠳ ᠣᠯᠠᠨ ᠤᠯᠤᠰ ᠲᠤ ᠵᠣᠬᠢᠶᠠᠭᠳᠠᠳᠠᠭ ᠪᠥᠭᠡᠳ ᠡᠭᠦᠨ ᠢ ᠠᠯᠪᠠᠨ ᠶᠣᠰᠣᠭᠠᠷ ᠣᠯᠠᠨ ᠤᠯᠤᠰ ᠤᠨ ᠬᠥᠩᠭᠡᠨ ᠠᠲᠯᠧᠲ᠋ᠢᠭ ᠤᠨ ᠬᠣᠯᠪᠣᠭᠠᠨ ᠠᠴᠠ ᠣᠷᠣᠯᠴᠠᠵᠤ ᠵᠣᠬᠢᠶᠠᠳᠠᠭ ᠦᠭᠡᠢ ᠵᠥᠪᠬᠡᠨ ᠲᠤᠬᠠᠢ ᠶᠢᠨ ᠤᠯᠤᠰ ᠤᠨ ᠰᠣᠨᠢᠷᠬᠠᠭᠴᠢᠳ ᠨᠢᠭᠡᠳᠴᠦ ᠲᠡᠮᠡᠴᠡᠭᠡᠨ ᠢ ᠵᠣᠬᠢᠶᠠᠳᠠᠭ ᠪᠠᠶᠢᠨ᠎ᠠ᠃

ᠳᠡᠯᠡᠬᠡᠢ ᠶᠢᠨ ᠳᠡᠭᠡᠳᠦ ᠠᠮᠵᠢᠯᠲᠠ[ᠵᠠᠰᠠᠪᠤᠷᠢᠯᠠᠬᠤ | ᠺᠣᠳ᠋ ᠢᠶᠠᠷ ᠵᠠᠰᠠᠬᠣ]

  • ᠰᠡᠭᠦᠯ ᠦᠨ ᠲᠠᠪᠤᠨ ᠤᠳᠠᠭ᠎ᠠ ᠶᠢᠨ ᠳᠡᠯᠡᠬᠡᠢ ᠶᠢᠨ ᠳᠡᠭᠡᠳᠦ ᠠᠮᠵᠢᠯᠲᠠ ᠰᠢᠨᠡᠴᠢᠯᠡᠨ ᠲᠣᠭᠲᠠᠭᠠᠯ ᠳᠤ:

ᠡᠷᠡᠭᠲᠡᠢ[ᠵᠠᠰᠠᠪᠤᠷᠢᠯᠠᠬᠤ | ᠺᠣᠳ᠋ ᠢᠶᠠᠷ ᠵᠠᠰᠠᠬᠣ]

ᠬᠤᠭᠤᠴᠠᠭ᠎ᠠ ᠲᠠᠮᠢᠷᠴᠢᠨ ᠤᠯᠤᠰ  ᠤᠨ᠂ ᠰᠠᠷ᠎ᠠ᠂ ᠡᠳᠦᠷ ᠲᠡᠮᠡᠴᠡᠭᠡᠨ ᠦ ᠭᠠᠵᠠᠷ
2:04:55 ᠫᠣᠯ ᠲᠧᠷᠭ᠎ᠠ ᠳᠤ Flag of Kenya.svg ᠺᠧᠨᠢᠶ ᠠ 2003 ᠤᠨ ᠤ 9 ᠰᠠᠷ᠎ᠠ ᠶᠢᠨ 28 ᠪᠧᠷᠯᠢᠨ ᠦ ᠮᠠᠷᠠᠽᠤᠨ
2:04:26 ᠬᠠᠶᠢᠯᠧ ᠭᠧᠪᠷᠧᠰᠧᠯᠠᠰᠰᠢᠶ᠎ᠡ Flag of Ethiopia.svg ᠡᠲ᠋ᠢᠣᠫ 2007 ᠤᠨ ᠤ 9 ᠰᠠᠷ᠎ᠠ ᠶᠢᠨ 30 ᠪᠧᠷᠯᠢᠨ ᠦ ᠮᠠᠷᠠᠽᠤᠨ
2:03:59 ᠬᠠᠶᠢᠯᠧ ᠭᠧᠪᠷᠧᠰᠧᠯᠠᠰᠰᠢᠶ᠎ᠡ Flag of Ethiopia.svg ᠡᠲ᠋ᠢᠣᠫ 2008 ᠤᠨ ᠤ 9 ᠰᠠᠷ᠎ᠠ ᠶᠢᠨ 28 ᠪᠧᠷᠯᠢᠨ ᠦ ᠮᠠᠷᠠᠽᠤᠨ
2:03:38 ᠫᠠᠲᠷᠢᠺ ᠮᠠᠺᠠᠤ Flag of Kenya.svg ᠺᠧᠨᠢᠶ ᠠ 2011 ᠤᠨ ᠤ 9 ᠰᠠᠷ᠎ᠠ ᠶᠢᠨ 25 ᠪᠧᠷᠯᠢᠨ ᠦ ᠮᠠᠷᠠᠽᠤᠨ
2:03:23 ᠤᠯᠠᠭᠰᠠᠨ ᠺᠢᠫᠰᠤᠨ ᠢ Flag of Kenya.svg ᠺᠧᠨᠢᠶ ᠠ 2013 ᠤᠨ ᠤ 9 ᠰᠠᠷ᠎ᠠ ᠶᠢᠨ 29 ᠪᠧᠷᠯᠢᠨ ᠦ ᠮᠠᠷᠠᠽᠤᠨ

ᠡᠮᠡᠭᠲᠡᠢ[ᠵᠠᠰᠠᠪᠤᠷᠢᠯᠠᠬᠤ | ᠺᠣᠳ᠋ ᠢᠶᠠᠷ ᠵᠠᠰᠠᠬᠣ]

ᠬᠤᠭᠤᠴᠠᠭ᠎ᠠ ᠲᠠᠮᠢᠷᠴᠢᠨ ᠤᠯᠤᠰ  ᠤᠨ᠂ ᠰᠠᠷ᠎ᠠ᠂ ᠡᠳᠦᠷ ᠲᠡᠮᠡᠴᠡᠭᠡᠨ ᠦ ᠭᠠᠵᠠᠷ
2:20:43 ᠲᠧᠭᠯᠠ ᠯᠣᠷᠣᠫᠧ Flag of Kenya.svg ᠺᠧᠨᠢᠶ ᠠ 1999 ᠤᠨ ᠤ 9 ᠰᠠᠷ᠎ᠠ ᠶᠢᠨ 26 ᠪᠧᠷᠯᠢᠨ ᠦ ᠮᠠᠷᠠᠽᠤᠨ
2:19:46 ᠲᠠᠺᠠᠬᠠᠰᠢ ᠨᠣᠺᠣ ᠶᠠᠫᠣᠨ ᠶᠠᠫᠣᠨ 2001 ᠤᠨ ᠤ 9 ᠰᠠᠷ᠎ᠠ ᠶᠢᠨ 30 ᠪᠧᠷᠯᠢᠨ ᠦ ᠮᠠᠷᠠᠽᠤᠨ
2:18:47 ᠺᠠᠲᠷᠢᠨ ᠨᠳᠧᠷᠧᠪᠠ Flag of Kenya.svg ᠺᠧᠨᠢᠶ ᠠ 2001 ᠤᠨ ᠤ 10 ᠰᠠᠷ᠎ᠠ ᠶᠢᠨ 7 ᠴᠢᠭ ᠢᠶ᠎ᠠ ᠶᠢᠨ ᠮᠠᠷᠠᠽᠤᠨ
2:17:18 ᠫᠣᠯ ᠷ ᠲᠦᠺᠯᠢᠹᠹ Flag of the United Kingdom.svg ᠶᠡᠬᠡ ᠪᠷᠢᠲ᠋ᠠᠨ(ᠠᠩᠭᠯᠢ) 2002 ᠤᠨ ᠤ 10 ᠰᠠᠷ᠎ᠠ ᠶᠢᠨ 13 ᠴᠢᠭ ᠢᠶ᠎ᠠ ᠶᠢᠨ ᠮᠠᠷᠠᠽᠤᠨ
2:15:25 ᠫᠣᠯ ᠷ ᠲᠦᠺᠯᠢᠹᠹ Flag of the United Kingdom.svg ᠶᠡᠬᠡ ᠪᠷᠢᠲ᠋ᠠᠨ(ᠠᠩᠭᠯᠢ) 2003 ᠤᠨ ᠤ 4 ᠰᠠᠷ᠎ᠠ ᠶᠢᠨ 13 ᠯᠣᠨᠳᠣᠨ ᠤ ᠮᠠᠷᠠᠽᠤᠨ
ᠸᠢᠭᠮᠧᠳᠢᠶᠠ ᠵᠢᠷᠤᠭ ᠤᠨ ᠰᠠᠩ:
«ᠮᠠᠷᠠᠽᠤᠨ ᠭᠦᠶᠦᠯᠲᠡ»

ᠮᠥᠨ ᠦᠵᠡᠬᠦ[ᠵᠠᠰᠠᠪᠤᠷᠢᠯᠠᠬᠤ | ᠺᠣᠳ᠋ ᠢᠶᠠᠷ ᠵᠠᠰᠠᠬᠣ]

http://wiki.uhaan.com/index.php?title=ᠮᠠᠷᠠᠹᠣᠨ&oldid=482214》 ᠍  ᠡᠴᠡ ᠠᠪᠤᠭᠰᠠᠨ

ᠪᠢᠴᠢᠭᠡᠰᠦ