ᠮᠠᠷᠠᠭᠡᠷ ᠲᠦ ᠲᠡᠲ᠋ᠴᠧᠷ

ᠴᠢᠯᠦᠭᠡᠲᠦ ᠨᠡᠪᠲᠡᠷᠬᠡᠢ ᠲᠣᠯᠢ — ᠸᠢᠺᠢᠫᠧᠳᠢᠶ᠎ᠠ ᠠᠴᠠ
ᠬᠠᠷᠠᠶᠢᠬᠤ: ᠤᠳᠤᠷᠢᠳᠬᠤ, ᠬᠠᠶᠢᠯᠲᠠ
ᠮᠠᠷᠠᠭᠡᠷ ᠲᠦ ᠲᠡᠲ᠋ᠴᠧᠷ
Margaret Thatcher
ᠮᠠᠷᠠᠭᠡᠷ ᠲᠦ ᠲᠡᠲ᠋ᠴᠧᠷ
<small/></center>

ᠪᠦᠷᠢᠨ ᠡᠷᠬᠡ ᠶᠢᠨ ᠬᠤᠭᠤᠴᠠᠭ᠎ᠠ: 1979 ᠣᠨ ᠤ 5 ᠰᠠᠷ᠎ᠠ ᠶᠢᠨ 4 – 1990 ᠣᠨ ᠤ 11 ᠰᠠᠷ᠎ᠠ ᠶᠢᠨ 28
ᠲᠥᠷᠥ ᠶᠢᠨ ᠲᠡᠷᠢᠭᠦᠨ: II ᠢᠯᠢᠽᠡᠪᠡᠢᠰ

ᠲᠦᠷᠦᠭᠰᠡᠨ: 1925 ᠣᠨ ᠤ 10 ᠰᠠᠷ᠎ᠠ ᠶᠢᠨ 13
ᠭᠠᠷᠨᠠᠲᠤᠬᠠᠮᠯᠢᠨᠺᠣᠯᠢᠨᠰᠢᠷ
ᠤᠯᠤᠰ ᠲᠥᠷᠥ ᠶᠢᠨ ᠨᠠᠮ: ᠺᠣᠨᠰᠧᠷᠠᠸᠠᠲ᠋ᠢᠸ
ᠡᠬᠡᠨᠡᠷ (ᠨᠥᠬᠥᠷ): ᠳᠧᠨᠢᠰ ᠲᠡᠲ᠋ᠴᠧᠷ

ᠮᠠᠷᠠᠭᠡᠷ ᠲᠦ ᠲᠡᠲ᠋ᠴᠧᠷ (ᠠᠩᠭᠯᠢ ᠪᠠᠷ Margaret Thatcher) ᠪᠤᠶᠤ ᠮᠠᠷᠠᠭᠡᠷ ᠲᠦ ᠬᠢᠯᠢᠳᠠ ᠷᠣᠪᠧᠷᠲᠤᠰ (1925 ᠣᠨ ᠤ 10 ᠰᠠᠷ᠎ᠠ ᠶᠢᠨ 13 ᠍ ᠳᠦ ᠲᠦᠷᠦᠭᠰᠡᠨ) ᠨᠢ ᠳᠡᠯᠡᠬᠡᠢ ᠶᠢᠨ ᠬᠠᠮᠤᠭ ᠤᠨ ᠠᠩᠬᠠᠨ ᠤ ᠡᠮᠡᠭᠲᠡᠢ ᠶᠡᠷᠦᠩᠬᠡᠢ ᠰᠠᠶᠢᠳ ᠶᠤᠮ᠃ ᠲᠡᠷᠡᠪᠡᠷ ᠳᠡᠯᠡᠬᠡᠢ ᠳᠠᠬᠢᠨ ᠢᠶᠠᠨ "ᠲᠡᠮᠦᠷ ᠬᠠᠲᠤᠭᠲᠠᠢ" ᠬᠡᠮᠡᠨ ᠠᠯᠳᠠᠷᠰᠢᠭᠰᠠᠨ ᠪᠥᠭᠡᠳ ᠶᠡᠬᠡ ᠪᠷᠢᠲ᠋ᠠᠨ(ᠠᠩᠭᠯᠢ) ᠤᠨ ᠲᠡᠦᠬᠡᠨ ᠳ᠋ᠡᠬᠢ ᠴᠣᠷ ᠤᠨ ᠭᠠᠭᠴᠠ ᠡᠮᠡᠭᠲᠡᠢ ᠶᠡᠷᠦᠩᠬᠡᠢ ᠰᠠᠶᠢᠳ ᠪᠣᠯᠤᠨ᠎ᠠ᠃

ᠬᠡᠦᠬᠡᠳ ᠨᠠᠰᠤ[ᠵᠠᠰᠠᠪᠤᠷᠢᠯᠠᠬᠤ | ᠺᠣᠳ᠋ ᠢᠶᠠᠷ ᠵᠠᠰᠠᠬᠣ]

ᠮᠠᠷᠠᠭᠡᠷ ᠲᠦ ᠲᠡᠲ᠋ᠴᠧᠷ 1925 ᠣᠨ ᠤ 10 ᠰᠠᠷ᠎ᠠ ᠶᠢᠨ 13 ᠍ ᠤ ᠡᠳᠦᠷ ᠶᠡᠬᠡ ᠪᠷᠢᠲ᠋ᠠᠨ(ᠠᠩᠭᠯᠢ) ᠤᠯᠤᠰ ᠤᠨ ᠭᠠᠷᠨᠠᠲᠠᠮ ᠬᠣᠳᠠ ᠳᠤ ᠨᠤᠲᠤᠭ ᠤᠨ ᠪᠢᠽᠢᠨ᠋ᠧᠰᠮᠧᠨ ᠤ ᠥᠬᠢᠨ ᠪᠣᠯᠤᠨ ᠮᠡᠨᠳᠦᠯᠡᠵᠡᠢ᠃ ᠲᠡᠭᠦᠨ ᠦ ᠵᠢᠩᠬᠢᠨᠢ ᠨᠡᠷ᠎ᠡ ᠨᠢ ᠮᠠᠷᠠᠭᠡᠷ ᠲᠦ ᠬᠢᠯᠢᠳᠠ ᠷᠣᠪᠧᠷᠲᠤᠰ ᠪᠥᠭᠡᠳ ᠲᠡᠭᠦᠨ ᠦ ᠨᠡᠷ᠎ᠡ ᠬᠣᠴᠢ ᠨᠢ "ᠲᠡᠮᠦᠷ ᠡᠮᠡᠭᠲᠡᠢ" ᠪᠠᠶᠢᠭᠰᠠᠨ᠃ ᠲᠡᠷᠡ ᠭᠠᠷᠨᠠᠲᠠᠮ ᠤᠨ ᠦᠬᠢᠳ ᠤᠨ ᠬᠡᠯᠡᠵᠦᠢ ᠶᠢᠨ ᠠᠬᠠᠯᠠᠬᠤ ᠰᠤᠷᠭᠠᠭᠤᠯᠢ ᠳᠤ ᠰᠤᠷᠠᠭᠰᠠᠨ ᠪᠠ ᠰᠠᠶᠢᠨ ᠰᠤᠷᠤᠭᠴᠢ ᠪᠠᠶᠢᠭᠰᠠᠨ᠃ ᠲᠡᠶᠢᠮᠦ ᠡᠴᠡ ᠣᠺᠰᠹᠣᠷᠳ᠋ ᠍ ᠤᠨ ᠶᠡᠬᠡ ᠰᠤᠷᠭᠠᠭᠤᠯᠢ ᠳᠤ ᠬᠦᠯᠢᠶᠡᠨ ᠵᠥᠪᠰᠢᠶᠡᠷᠡᠭᠳᠡᠨ ᠰᠣᠮᠧᠷᠪᠢᠯ ᠺᠣᠯᠯᠧᠵᠧᠳ ᠬᠢᠮᠢ ᠶᠢᠨ ᠴᠢᠭᠯᠡᠯ ᠢᠶᠡᠷ ᠪᠣᠯᠪᠠᠰᠤᠷᠠᠯ ᠡᠵᠡᠮᠰᠢᠭᠰᠡᠨ᠃ ᠲᠡᠷᠡᠪᠡᠷ ᠰᠤᠷᠭᠠᠭᠤᠯᠢ ᠶᠢᠨ ᠢᠶᠠᠨ ᠺᠣᠨᠰᠧᠷᠠᠸᠠᠲ᠋ᠢᠸ ᠨᠡᠶᠢᠭᠡᠮᠯᠢᠭ ᠦᠨ ᠳᠠᠷᠤᠭ᠎ᠠ ᠶᠢᠨ ᠠᠯᠪᠠ ᠶᠢ ᠰᠤᠷᠤᠯᠴᠠᠬᠤ ᠬᠤᠭᠤᠴᠠᠭᠠᠨ ᠳᠤ ᠪᠠᠨ ᠬᠠᠰᠢᠵᠤ ᠪᠠᠶᠢᠴᠠᠢ᠃ ᠬᠣᠲᠠ ᠶᠢᠨ ᠺᠣᠨᠰᠤᠶᠢᠯ ᠤᠨ ᠭᠠᠵᠠᠷ ᠤᠨ ᠭᠡᠰᠢᠭᠦᠨ ᠪᠣᠯᠬᠤ ᠲᠡᠭᠦᠨ ᠦ ᠡᠴᠢᠭᠡ ᠮᠠᠷᠭᠤᠷᠧᠲ ᠢ ᠺᠣᠨᠰᠧᠷᠠᠸᠠᠲ᠋ᠢᠸ ᠤᠯᠤᠰ ᠲᠥᠷᠥ ᠶᠢᠨ ᠪᠣᠳᠣᠯᠭ᠎ᠠ ᠶᠢ ᠲᠠᠨᠢᠨ ᠮᠡᠳᠡᠬᠦ ᠳᠦ ᠭᠣᠣᠯ ᠨᠥᠯᠥᠭᠡ ᠦᠵᠡᠭᠦᠯᠦᠭᠰᠡᠨ᠃ ᠲᠡᠷᠡ 1947 ᠣᠨ ᠳᠤ ᠬᠢᠮᠢ ᠶᠢᠨ ᠴᠢᠭᠯᠡᠯ ᠢᠶᠡᠷ ᠵᠡᠷᠭᠡ ᠪᠡᠨ ᠬᠦᠷᠲᠡᠭᠰᠡᠨ ᠪᠠ ᠺᠣᠯᠴᠧᠰᠲ᠋ᠧᠷ ᠲᠦ ᠰᠤᠳᠤᠯᠭᠠᠨ ᠤ ᠬᠢᠮᠢᠴ ᠢᠶᠡᠷ ᠠᠵᠢᠯᠯᠠᠵᠤ ᠪᠠᠶᠢᠴᠠᠢ᠃ ᠬᠣᠵᠢᠮ ᠲᠡᠷᠡᠪᠡᠷ ᠳ᠋ᠠᠷᠲ᠋ᠹᠣᠷᠳᠣᠳ ᠰᠤᠳᠤᠯᠭᠠᠨ ᠤ ᠬᠢᠮᠢᠴ ᠢᠶᠡᠷ ᠦᠷᠭᠦᠯᠵᠢᠯᠡᠭᠦᠯᠦᠨ ᠠᠵᠢᠯᠯᠠᠭᠰᠠᠨ ᠶᠤᠮ᠃ [1]

ᠤᠯᠤᠰ ᠲᠥᠷᠥ ᠶᠢᠨ ᠡᠬᠢᠯᠡᠯ[ᠵᠠᠰᠠᠪᠤᠷᠢᠯᠠᠬᠤ | ᠺᠣᠳ᠋ ᠢᠶᠠᠷ ᠵᠠᠰᠠᠬᠣ]

ᠶᠡᠬᠡ ᠰᠤᠷᠭᠠᠭᠤᠯᠢ ᠲᠡᠭᠦᠰ ᠢᠶᠡᠨ ᠳᠦ ᠬᠣᠶᠠᠷ ᠵᠢᠯ ᠪᠣᠯᠤᠭᠰᠠᠨ ᠤ ᠳᠠᠷᠠᠭ᠎ᠠ ᠮᠠᠷᠠᠭᠡᠷ ᠲᠦ ᠲᠡᠲ᠋ᠴᠧᠷ ᠲᠥᠷᠥ ᠶᠢᠨ ᠣᠷᠳᠣᠨ ᠳᠤ ᠥᠪᠡᠷ ᠦᠨ ᠠᠩᠬᠠᠨ ᠤ ᠮᠡᠳᠡᠭᠳᠡᠯ ᠢᠶᠡᠨ ᠬᠢᠭᠰᠡᠨ᠃ 1950 ᠣᠨ ᠤ ᠰᠣᠩᠭᠣᠭᠤᠯᠢ ᠪᠠᠷ ᠳ᠋ᠠᠷᠲ᠋ᠹᠣᠷ ᠲᠤ ᠬᠣᠳᠠ ᠳᠤ ᠫᠠᠷᠯᠠᠮᠧᠨᠲ ᠤᠨ ᠰᠠᠭᠤᠳᠠᠯ ᠳᠤ ᠨᠡᠷ᠎ᠡ ᠳᠡᠪᠰᠢᠭᠰᠡᠨ᠃ᠲᠡᠲ᠋ᠴᠧᠷ ᠰᠣᠩᠭᠣᠭᠤᠯᠢ ᠶᠢᠨ ᠡᠬᠢᠨ ᠦᠶᠡᠰ ᠯᠠ ᠴᠢᠯᠦᠭᠡᠲᠦ ᠬᠥᠳᠡᠯᠮᠦᠷᠢᠴᠢᠳ ᠦᠨ ᠨᠠᠮ ᠲᠠᠢ ᠫᠠᠷᠯᠠᠮᠧᠨᠲ ᠤᠨ ᠪᠠᠶᠢᠷᠢ ᠰᠤᠤᠷ ᠤᠨ ᠲᠠᠯ᠎ᠠ ᠳᠡᠭᠡᠷ᠎ᠡ ᠠᠮᠵᠢᠯᠲᠠ ᠣᠯᠬᠤ ᠦᠭᠡᠢ ᠪᠡᠨ ᠮᠡᠳᠡᠵᠦ ᠪᠠᠶᠢᠴᠠᠢ᠃ ᠭᠡᠰᠡᠨ ᠬᠡᠳᠦᠢ ᠴᠤ ᠥᠪᠡᠷ ᠦᠨ ᠢᠶᠡᠨ ᠦᠵᠡᠯ ᠰᠠᠨᠠᠭ᠎ᠠ ᠪᠠᠷ ᠨᠠᠮ ᠳᠣᠲᠣᠷ᠎ᠠ ᠪᠠᠨ ᠨᠠᠮ ᠤᠨ ᠢᠶᠠᠨ ᠨᠥᠬᠥᠳ ᠦᠨ ᠬᠦᠨᠳᠦᠳᠬᠡᠯ ᠢ ᠬᠦᠯᠢᠶᠡᠵᠦ ᠴᠢᠳᠠᠭᠰᠠᠨ ᠶᠤᠮ᠃ ᠠᠩᠬᠠᠨ ᠤ ᠤᠳᠠᠭ᠎ᠠ ᠠᠮᠵᠢᠯᠲᠠ ᠣᠯᠤᠭ᠎ᠠ ᠦᠭᠡᠢ ᠴᠤ᠂ ᠲᠡᠲ᠋ᠴᠧᠷ ᠰᠢᠨᠲᠠᠷᠠᠭ᠎ᠠ ᠦᠭᠡᠢ ᠬᠠᠷᠢᠨ ᠴᠤ ᠳᠠᠷᠠᠭ᠎ᠠ ᠵᠢᠯ ᠦᠨ ᠰᠣᠩᠭᠣᠭᠤᠯᠢ ᠳᠤ ᠳᠠᠬᠢᠨ ᠨᠡᠷ᠎ᠡ ᠳᠡᠪᠰᠢᠵᠦ ᠪᠠᠶᠢᠭᠰᠠᠨ᠃ ᠭᠡᠪᠡᠴᠦ ᠳᠠᠬᠢᠨ ᠨᠢᠭᠡ ᠤᠳᠠᠭ᠎ᠠ ᠠᠮᠵᠢᠯᠲᠠ ᠣᠯᠵᠤ ᠴᠢᠳᠠᠭ᠎ᠠ ᠦᠭᠡᠢ ᠶᠤᠮ᠃ ᠰᠣᠩᠭᠣᠭᠤᠯᠢ ᠳᠤ ᠢᠯᠠᠭᠳᠠᠯ ᠬᠦᠯᠢᠶᠡᠭᠰᠡᠨ ᠡᠴᠡ 2 ᠰᠠᠷ᠎ᠠ ᠶᠢᠨ ᠳᠠᠷᠠᠭ᠎ᠠ ᠲᠡᠷᠡᠪᠡᠷ ᠳᠡᠨᠢᠰ ᠲᠡᠲ᠋ᠴᠧᠷ ᠲᠡᠢ ᠭᠡᠷᠯᠡᠵᠡᠢ᠃ ᠮᠠᠷᠠᠭᠡᠷ ᠲᠦ ᠲᠡᠲ᠋ᠴᠧᠷ 1952 ᠣᠨ ᠳᠤ ᠤᠯᠤᠰ ᠲᠥᠷᠥ ᠡᠴᠡ ᠲᠦᠷᠢ ᠬᠣᠯᠠᠳᠠᠵᠤ᠂ ᠬᠠᠤᠯᠢ ᠳᠦᠷᠢᠮ ᠢ ᠰᠤᠳᠤᠯᠬᠤ ᠳᠤ ᠴᠠᠭ ᠢᠶᠠᠨ ᠵᠠᠷᠤᠴᠠᠭᠤᠯᠵᠤ ᠪᠠᠶᠢᠪᠠ᠃ 1953 ᠣᠨ ᠳᠤ ᠳᠡᠨᠢᠰ ᠪᠣᠯᠤᠨ ᠮᠠᠷᠠᠭᠡᠷ ᠲᠦ ᠲᠡᠲ᠋ᠴᠧᠷ ᠨᠠᠷ ᠮᠠᠷᠺ ᠪᠠ ᠺᠠᠷᠤᠯ ᠭᠡᠵᠦ ᠨᠡᠷ᠎ᠡ ᠬᠠᠶᠢᠷᠠᠯᠠᠭᠰᠠᠨ ᠢᠬᠡᠷ᠎ᠡ ᠨᠦᠭᠦᠳ ᠢᠶᠡᠨ ᠥᠯᠥᠭᠡᠶᠢᠳᠡᠨ ᠠᠪᠴᠠᠢ᠃ ᠮᠥᠨ ᠮᠠᠷᠠᠭᠡᠷ ᠲᠦ ᠥᠪᠡᠷ ᠦᠨ ᠬᠠᠤᠯᠢ ᠰᠤᠳᠤᠯᠬᠤ ᠠᠵᠢᠯ ᠢᠶᠠᠨ ᠭᠦᠢᠴᠡᠭᠡᠵᠦ 1953 ᠣᠨ ᠳᠤ ᠰᠢᠭᠦᠭᠴᠢ᠂ ᠥᠮᠥᠭᠡᠯᠡᠭᠴᠢ ᠪᠠ ᠬᠠᠤᠯᠢᠴᠢ ᠶᠢᠨ ᠬᠡᠮᠵᠢᠶᠡᠨ ᠦ ᠮᠡᠳᠡᠯᠭᠡ ᠴᠢᠳᠠᠪᠤᠷᠢ ᠲᠠᠢ ᠪᠣᠯᠤᠭᠰᠠᠨ ᠪᠠᠶᠢᠨ᠎ᠠ᠃ ᠭᠡᠪᠡᠴᠦ ᠲᠡᠷᠡ ᠤᠯᠤᠰ ᠲᠥᠷᠥ ᠶᠢᠨ ᠶᠢᠷᠲᠢᠨᠴᠦ ᠡᠴᠡ ᠲᠡᠶᠢᠮᠦ ᠴᠤ ᠤᠷᠲᠤ ᠤᠳᠠᠭᠠᠨ ᠬᠤᠭᠤᠴᠠᠭ᠎ᠠ ᠪᠠᠷ ᠬᠣᠯᠠ ᠬᠥᠨᠳᠡᠢ ᠪᠠᠶᠢᠭᠰᠠᠨ ᠦᠭᠡᠢ᠃ ᠲᠡᠲ᠋ᠴᠧᠷ 1959 ᠣᠨ ᠳᠤ ᠹᠷᠢᠨᠴᠢᠯᠧᠢ ᠬᠣᠲᠠ ᠶᠢ ᠲᠥᠯᠦᠭᠡᠯᠡᠵᠦ ᠢᠷᠭᠡᠳ ᠦᠨ ᠲᠥᠯᠥᠭᠡᠯᠡᠭᠴᠢᠳ ᠦᠨ ᠲᠠᠩᠬᠢᠮ ᠳᠤ ᠰᠠᠭᠤᠳᠠᠯ ᠲᠠᠢ ᠪᠣᠯᠤᠭᠰᠠᠨ᠃ ᠲᠡᠷᠡ ᠪᠡᠷ 1961 ᠣᠨ ᠳᠤ ᠫᠠᠷᠯᠠᠮᠧᠨᠲ ᠤᠨ ᠦᠨᠳᠦᠰᠦᠨ ᠦ ᠳᠠᠭᠠᠳᠬᠠᠯ᠂ ᠲᠡᠳᠬᠦᠪᠦᠷᠢ ᠲᠡᠳᠬᠦᠮᠵᠢ ᠶᠢ ᠬᠠᠷᠢᠭᠤᠴᠠᠭᠰᠠᠨ ᠨᠠᠷᠢᠨ ᠪᠢᠴᠢᠭ ᠦᠨ ᠳᠠᠷᠤᠭ᠎ᠠ ᠶᠢᠨ ᠠᠯᠪᠠᠨ ᠳᠤ ᠲᠣᠮᠢᠯᠠᠭᠳᠠᠵᠤ ᠪᠠᠶᠢᠴᠠᠢ᠃ ᠵᠠᠰᠠᠭ ᠤᠨ ᠭᠠᠵᠠᠷ ᠲᠤ ᠬᠥᠳᠡᠯᠮᠦᠷᠢᠴᠢᠳ ᠦᠨ ᠨᠠᠮ ᠬᠢᠨᠠᠯᠲᠠ ᠲᠣᠭᠲᠠᠭᠠᠵᠤ ᠪᠠᠶᠢᠬᠤ ᠳᠤ ᠲᠡᠲ᠋ᠴᠧᠷ ᠰᠡᠭᠦᠳᠡᠷ ᠲᠠᠩᠬᠢᠮ ᠭᠡᠵᠦ ᠨᠡᠷᠡᠯᠡᠭᠳᠡᠬᠦ ᠤᠯᠤᠰ ᠲᠥᠷᠥ ᠶᠢᠨ ᠪᠦᠯᠦᠭ ᠲᠦ ᠭᠡᠰᠢᠭᠦᠨ ᠢᠶᠡᠷ ᠡᠯᠰᠡᠵᠡᠢ᠃ ᠲᠡᠷᠡ ᠨᠢ ᠲᠡᠭᠦᠨ ᠦ ᠨᠠᠮ ᠲᠥᠷᠥ ᠶᠢᠨ ᠡᠷᠬᠡ ᠶᠢ ᠪᠠᠷᠢᠭᠰᠠᠨ ᠲᠣᠬᠢᠶᠠᠯᠳᠤᠯ ᠳᠤ ᠠᠯᠪᠠᠨ ᠲᠤᠰᠢᠶᠠᠯ ᠤᠨ ᠬᠡᠮᠵᠢᠶ᠎ᠡ ᠶᠢ ᠲᠣᠳᠣᠷᠬᠠᠶᠢᠯᠠᠬᠤ ᠲᠠᠩᠬᠢᠮ ᠶᠤᠮ᠃[2]

ᠪᠷᠢᠲ᠋ᠠᠨ ᠤ ᠠᠩᠬᠠᠨ ᠤ ᠡᠮᠡᠭᠲᠡᠢ ᠶᠡᠷᠦᠩᠬᠡᠢ ᠰᠠᠶᠢᠳ ᠪᠣᠯᠬᠤ ᠮᠠᠷᠠᠭᠡᠷ ᠲᠦ ᠲᠡᠲ᠋ᠴᠧᠷ ᠦᠨ ᠤᠯᠤᠰ ᠲᠥᠷᠥ ᠶᠢᠨ ᠵᠠᠮᠨᠠᠯ[ᠵᠠᠰᠠᠪᠤᠷᠢᠯᠠᠬᠤ | ᠺᠣᠳ᠋ ᠢᠶᠠᠷ ᠵᠠᠰᠠᠬᠣ]

1970 ᠣᠨ ᠤ ᠵᠢᠷᠭᠤᠳᠤᠭᠠᠷ ᠰᠠᠷ᠎ᠠ ᠳᠤ ᠺᠣᠨᠰᠧᠷᠠᠸᠠᠲ᠋ᠢᠸ ᠨᠠᠮ ᠲᠥᠷᠥ ᠶᠢᠨ ᠡᠷᠬᠡᠨ ᠳᠦ ᠭᠠᠷᠬᠤ ᠳᠤ ᠮᠠᠷᠠᠭᠡᠷ ᠲᠦ ᠲᠡᠲ᠋ᠴᠧᠷ ᠤᠯᠤᠰ ᠤᠨ ᠪᠣᠯᠪᠠᠰᠤᠷᠠᠯᠰᠢᠨᠵᠢᠯᠡᠬᠦ ᠤᠬᠠᠭᠠᠨ ᠤ ᠰᠠᠶᠢᠳ ᠢᠶᠠᠷ ᠲᠣᠮᠢᠯᠠᠭᠳᠠᠨ ᠠᠵᠢᠯᠯᠠᠵᠤ ᠪᠠᠶᠢᠪᠠ᠃ ᠲᠡᠷᠡᠪᠡᠷ ᠰᠤᠷᠭᠠᠭᠤᠯᠢ ᠶᠢᠨ ᠬᠡᠦᠬᠡᠳ ᠲᠦ ᠦᠨ᠎ᠡ ᠦᠭᠡᠢ ᠰᠦ᠋ ᠠᠭᠤᠯᠭᠠᠬᠤ ᠲᠣᠭᠲᠠᠯᠴᠠᠭ᠎ᠠ ᠶᠢ ᠲᠠᠲᠠᠨ ᠪᠠᠭᠤᠯᠭᠠᠭᠰᠠᠨ ᠤ ᠳᠠᠷᠠᠭ᠎ᠠ ᠪᠠᠷ 《ᠰᠦᠨ ᠦ ᠳᠡᠭᠡᠷᠡᠮᠴᠢᠨ》 ᠭᠡᠬᠦ ᠨᠡᠷ᠎ᠡ ᠬᠣᠴᠢ ᠲᠠᠢ ᠪᠣᠯᠵᠤ ᠪᠠᠶᠢᠭᠰᠠᠨ ᠪᠠᠶᠢᠨ᠎ᠠ᠃ᠲᠡᠷᠡ ᠪᠣᠯᠪᠠᠰᠤᠷᠠᠯ ᠰᠢᠨᠵᠢᠯᠡᠬᠦ ᠤᠬᠠᠭᠠᠨ ᠤ ᠰᠠᠶᠢᠳ ᠤᠨ ᠠᠯᠪᠠ ᠪᠠᠨ ᠰᠡᠳᠬᠢᠯ ᠤᠨᠠᠭᠠᠭᠰᠠᠨ ᠠᠯᠪᠠ ᠪᠠᠶᠢᠳᠠᠯ ᠢᠶᠠᠷ ᠪᠣᠳᠣᠵᠤ ᠡᠬᠢᠯᠡᠭᠰᠡᠨ ᠪᠠ ᠡᠨᠡ ᠨᠢ ᠲᠡᠭᠦᠨ ᠦ ᠦᠢᠯᠡ ᠠᠵᠢᠯᠯᠠᠭ᠎ᠠ ᠶᠢ ᠲᠣᠭᠣᠷᠢᠨ ᠡᠷᠭᠢᠯᠳᠦᠬᠦ ᠰᠣᠨᠢᠨ ᠬᠡᠪᠯᠡᠯ ᠦᠨ ᠰᠥᠷᠭᠦ ᠮᠡᠳᠡᠭᠡᠯᠡᠯ ᠡᠴᠡ ᠪᠤᠰᠤ᠂ ᠲᠤᠬᠠᠢ ᠶᠢᠨ ᠦᠶ᠎ᠡ ᠳᠦ ᠶᠡᠷᠦᠩᠬᠡᠢ ᠰᠠᠶᠢᠳ ᠤᠨ ᠠᠯᠪᠠ ᠶᠢ ᠬᠠᠰᠢᠵᠤ ᠪᠠᠶᠢᠭᠰᠠᠨ ᠡᠳ᠋ᠪᠠᠷᠳᠠ ᠬᠢᠲᠦ᠂ ᠲᠡᠭᠦᠨ ᠦ ᠰᠠᠨᠠᠭᠠᠴᠢᠯᠠᠵᠤ ᠪᠤᠢ ᠰᠠᠨᠠᠭᠠᠨ ᠨᠤᠭᠤᠳ ᠢ ᠬᠦᠯᠢᠶᠡᠨ ᠠᠪᠬᠤ ᠦᠭᠡᠢ᠂ ᠲᠡᠭᠦᠨ ᠳᠦ ᠠᠩᠬᠠᠷᠤᠯ ᠬᠠᠨᠳᠤᠭᠤᠯᠤᠭ᠎ᠠ ᠦᠭᠡᠢ ᠶᠠᠪᠤᠳᠠᠯ ᠪᠠᠶᠢᠴᠠᠢ᠃ ᠮᠠᠷᠠᠭᠡᠷ ᠲᠦ ᠲᠡᠲ᠋ᠴᠧᠷ ᠬᠠᠷᠠᠪᠠᠰᠤ ᠯᠠ ᠡᠮᠡᠭᠲᠡᠶᠢᠴᠦᠳ ᠦᠨ ᠤᠯᠤᠰ ᠲᠥᠷᠥ ᠶᠢᠨ ᠢᠷᠡᠭᠡᠳᠦᠢ ᠳᠦ ᠤᠷᠮ᠎ᠠ ᠬᠤᠭᠤᠷᠠᠭᠰᠠᠨ ᠪᠠᠶᠢᠭᠰᠠᠨ ᠪᠠ 1973 ᠣᠨ ᠳᠤ ᠲᠧᠯᠧᠸᠢᠰ ᠢᠶᠡᠷ ᠬᠢᠭᠰᠡᠨ ᠮᠡᠳᠡᠭᠯᠡᠯ ᠳᠦ ᠪᠡᠨ 《 ᠮᠢᠨᠦ ᠠᠮᠢᠳᠤᠷᠠᠯ ᠤᠨ ᠬᠤᠭᠤᠴᠠᠭᠠᠨ ᠳᠤ ᠡᠮᠡᠭᠲᠡᠢ ᠶᠡᠷᠦᠩᠬᠡᠢ ᠰᠠᠶᠢᠳ ᠲᠠᠢ ᠪᠠᠶᠢᠨ᠎ᠠ ᠭᠡᠵᠦ ᠪᠢ ᠪᠣᠳᠣᠬᠤ ᠦᠭᠡᠢ ᠪᠠᠶᠢᠨ᠎ᠠ》 ᠭᠡᠵᠦ ᠳᠤᠷᠠᠳᠤᠭᠰᠠᠨ ᠠᠵᠡᠢ᠃ ᠲᠡᠲ᠋ᠴᠧᠷ ᠰᠡᠭᠦᠯ ᠳᠦ ᠥᠪᠡᠷ ᠦᠨ ᠬᠡᠯᠡᠭᠰᠡᠨ ᠡᠨᠡ ᠮᠡᠳᠡᠭᠳᠡᠯ ᠢᠶᠡᠨ ᠪᠤᠷᠤᠭᠤ ᠭᠡᠵᠦ ᠨᠣᠲᠠᠯᠠᠭᠰᠠᠨ᠃ 1974 ᠣᠨ ᠳᠤ ᠺᠣᠨᠰᠧᠷᠠᠸᠠᠲ᠋ᠢᠸ ᠨᠠᠮ ᠲᠥᠷᠥ ᠶᠢᠨ ᠡᠷᠬᠢᠨ ᠡᠴᠡ ᠲᠠᠲᠠᠨ ᠪᠠᠭᠤᠭᠳᠠᠬᠤ ᠳᠤ᠂ ᠮᠠᠷᠠᠭᠡᠷ ᠲᠦ ᠲᠡᠲ᠋ᠴᠧᠷ ᠨᠠᠮ ᠳᠤ ᠪᠠᠨ ᠳᠠᠪᠠᠮᠠᠭᠠᠢ ᠪᠠᠶᠢᠷᠢ ᠰᠠᠭᠤᠷᠢ ᠲᠠᠢ ᠪᠣᠯᠤᠭᠰᠠᠨ᠃ 1975 ᠣᠨ ᠳᠤ ᠥᠪᠡᠷ ᠦᠨ ᠨᠠᠮ ᠤᠨ ᠢᠶᠠᠨ ᠤᠳᠤᠷᠢᠳᠤᠭᠴᠢ ᠶᠢ ᠰᠤᠩᠭᠤᠬᠤ ᠰᠣᠩᠭᠣᠭᠤᠯᠢ ᠳᠤ ᠢᠯᠠᠵᠤ ᠲᠤᠬᠠᠢ ᠶᠢᠨ ᠦᠶ᠎ᠡ ᠶᠢᠨ ᠨᠠᠮ ᠤᠨ ᠲᠡᠷᠢᠭᠦᠨ ᠡᠳ᠋ᠪᠠᠷᠳᠠ ᠬᠢᠲ ᠦᠨ ᠪᠠᠶᠢᠷᠢ ᠰᠠᠭᠤᠷᠢ ᠶᠢ ᠣᠯᠵᠤ ᠠᠪᠴᠠᠢ᠃ᠡᠨᠡ ᠢᠯᠠᠯᠲᠠ ᠲᠠᠢ ᠪᠠᠨ ᠵᠡᠷᠭᠡᠴᠡᠭᠡᠳ ᠲᠡᠲ᠋ᠴᠧᠷ ᠢᠷᠭᠡᠳ ᠦᠨ ᠲᠥᠯᠥᠭᠡᠯᠡᠭᠴᠢᠳ ᠦᠨ ᠲᠠᠩᠬᠢᠮ ᠳᠤ ᠠᠩᠬᠠᠨ ᠤ ᠰᠥᠷᠭᠦ ᠬᠦᠴᠦᠨ ᠦ ᠤᠳᠤᠷᠢᠳᠤᠭᠴᠢ ᠪᠠᠷ ᠠᠵᠢᠯᠯᠠᠬᠤ ᠪᠠᠷ ᠪᠣᠯᠵᠠᠢ᠃ ᠠᠩᠭᠯᠢ ᠤᠯᠤᠰ ᠡᠳ᠋ ᠍ ᠦᠨ ᠵᠠᠰᠠᠭ᠂ ᠤᠯᠤᠰ ᠲᠥᠷᠥ ᠶᠢᠨ ᠬᠤᠷᠴᠠᠳᠤᠮᠠᠯ ᠪᠠᠶᠢᠳᠠᠯ ᠳᠤ ᠣᠷᠣᠵᠤ ᠵᠠᠰᠠᠭ ᠤᠨ ᠭᠠᠵᠠᠷ ᠪᠠᠷᠤᠭ ᠤᠨᠠᠯᠲᠠ ᠳᠤ ᠣᠷᠣᠭᠰᠠᠨ ᠪᠠ ᠡᠨᠡ ᠦᠶ᠎ᠡ ᠳᠦ ᠠᠵᠢᠯ ᠤᠨᠨ ᠪᠠᠶᠢᠷᠢᠨ ᠤ ᠡᠷᠢᠯ ᠳᠦ ᠥᠨᠳᠥᠷ ᠲᠦ ᠬᠦᠷᠴᠦ᠂ ᠦᠢᠯᠡᠳᠪᠦᠷᠢᠴᠢᠳ ᠦᠨ ᠬᠣᠯᠪᠣᠭ᠎ᠠ ᠪᠠ ᠠᠵᠢᠯ ᠬᠠᠶᠢᠭᠴᠢ ᠨᠠᠷ ᠤᠨ ᠬᠣᠭᠣᠷᠣᠨᠳᠣ ᠵᠥᠷᠢᠴᠡᠯᠳᠦᠭᠡᠨ ᠡᠭᠦᠰᠦᠭᠰᠡᠨ ᠶᠤᠮ᠃ ᠡᠨᠡ ᠤᠯᠤᠰ ᠣᠷᠣᠨ ᠤ ᠲᠣᠭᠲᠠᠪᠤᠷᠢ ᠦᠭᠡᠢ ᠪᠠᠶᠢᠳᠠᠯ ᠨᠢ 1979 ᠣᠨ ᠳᠤ ᠺᠣᠨᠰᠧᠷᠠᠸᠠᠲ᠋ᠢᠸ ᠨᠠᠮ ᠢ ᠡᠷᠭᠢᠨ ᠲᠥᠷᠥ ᠶᠢᠨ ᠡᠷᠬᠡ ᠶᠢ ᠣᠯᠵᠤ ᠠᠪᠬᠤ ᠳᠤ ᠳᠡᠮᠵᠢᠯᠭᠡ ᠪᠣᠯᠵᠠᠢ᠃ ᠨᠠᠮ ᠤᠨ ᠲᠡᠷᠢᠭᠦᠨ ᠪᠠᠶᠢᠭᠰᠠᠨ ᠮᠠᠷᠠᠭᠡᠷ ᠲᠦ ᠲᠡᠲ᠋ᠴᠧᠷ 1979 ᠣᠨ ᠤ ᠲᠠᠪᠤᠳᠤᠭᠠᠷ ᠰᠠᠷ᠎ᠠ ᠳᠤ ᠶᠡᠬᠡ ᠪᠷᠢᠲ᠋ᠠᠨ ᠤ ᠶᠡᠷᠦᠩᠬᠡᠢ ᠰᠠᠶᠢᠳ ᠤᠨ ᠠᠯᠪᠠ ᠶᠢ ᠬᠠᠰᠢᠬᠤ ᠠᠩᠬᠠᠨ ᠤ ᠡᠮᠡᠭᠲᠡᠢ ᠪᠣᠯᠤᠭᠰᠠᠨ ᠨᠢ ᠲᠡᠦᠬᠡᠨ ᠦᠢᠯᠡ ᠶᠠᠪᠤᠳᠠᠯ ᠪᠣᠯᠵᠠᠢ᠃[3]

ᠺᠣᠨᠰᠧᠷᠠᠸᠠᠲ᠋ᠢᠸ ᠮᠠᠩᠯᠠᠶᠢᠯᠠᠯ[ᠵᠠᠰᠠᠪᠤᠷᠢᠯᠠᠬᠤ | ᠺᠣᠳ᠋ ᠢᠶᠠᠷ ᠵᠠᠰᠠᠬᠣ]

ᠶᠡᠷᠦᠩᠬᠡᠢ ᠰᠠᠶᠢᠳ ᠪᠠᠶᠢᠬᠤ ᠳᠤ ᠪᠠᠨ᠂ ᠤᠯᠤᠰ ᠣᠷᠣᠨ ᠤ ᠪᠠᠨ ᠬᠢᠮᠤᠷᠠᠯ ᠤᠨ ᠡᠰᠡᠷᠬᠦ ᠡᠬᠢᠯᠡᠭᠡᠳ ᠢᠨᠹᠯᠢᠶᠠᠼ ᠢ ᠬᠢᠨᠠᠬᠤ ᠶᠢᠨ ᠲᠤᠯᠠᠳᠠ ᠪᠠᠩᠬᠢᠨ ᠤ ᠬᠡᠭᠦᠨ ᠦ ᠦᠵᠡᠭᠦᠯᠦᠯᠲᠡ ᠶᠢ ᠨᠡᠮᠡᠭᠳᠡᠭᠦᠯᠦᠭᠰᠡᠨ᠃ ᠲᠡᠷᠡ ᠪᠷᠢᠲ᠋ᠠᠨ(ᠠᠩᠭᠯᠢ) ᠤᠨ ᠤᠯᠠᠮᠵᠢᠯᠠᠯᠲᠤ ᠦᠢᠯᠡᠳᠪᠦᠷᠢ ᠨᠦᠭᠦᠳ ᠦᠨ ᠦᠢᠯᠡᠳᠪᠦᠷᠢᠴᠢᠨ ᠦ ᠡᠪᠯᠡᠯ ᠲᠤᠬᠠᠶᠢᠯᠠᠪᠠᠯ ᠴᠥᠭᠡᠩᠬᠢ ᠶᠢᠨ ᠨᠢᠭᠡᠳᠦᠯ ᠢ ᠬᠤᠷᠴᠠ ᠪᠠᠷ ᠰᠢᠭᠦᠮᠵᠢᠯᠡᠵᠦ ᠤᠰᠠᠳᠬᠠᠨ ᠨᠡᠶᠢᠭᠡᠮ ᠤᠨ ᠣᠷᠣᠨ ᠰᠠᠭᠤᠴᠠ᠂ ᠪᠠᠶᠢᠷᠢ᠂ ᠨᠡᠶᠢᠲᠡ ᠶᠢᠨ ᠲᠡᠭᠡᠭᠡᠪᠦᠷᠢ ᠳᠦ ᠬᠤᠪᠢᠴᠢᠯᠠᠯ ᠬᠢᠭᠰᠡᠨ ᠢᠶᠡᠷ ᠢᠶᠡᠨ ᠣᠯᠣᠩ ᠳᠤ ᠶᠡᠬᠡ ᠲᠠᠨᠢᠭᠳᠠᠬᠤ ᠪᠣᠯᠵᠠᠢ᠃ ᠲᠡᠭᠦᠨ ᠦ ᠲᠤᠤᠱᠲᠠᠢ ᠬᠣᠯᠪᠣᠭᠠᠲᠠᠨ ᠨᠤᠭᠤᠳ ᠤᠨ ᠨᠢᠭᠡ ᠪᠣᠯ ᠠᠮᠧᠷᠢᠺᠠ ᠶᠢᠨ ᠨᠢᠭᠡᠳᠦᠭᠰᠡᠨ ᠤᠯᠤᠰ ᠤᠨ ᠶᠡᠷᠦᠩᠬᠡᠶᠢᠯᠡᠭᠴᠢ ᠺᠣᠨᠰᠧᠷᠠᠸᠠᠲ᠋ᠢᠸ ᠵᠢᠷᠤᠮ ᠤᠨ ᠠᠨᠳᠠ ᠷᠤᠨᠠᠯ ᠳᠤ ᠷᠧᠢᠭᠠᠨ ᠪᠠᠶᠢᠭᠰᠠᠨ ᠶᠤᠮ᠃ ᠮᠥᠨ ᠲᠡᠷᠡ ᠬᠣᠶᠠᠷ ᠤᠯᠤᠰ ᠲᠥᠷᠥ ᠶᠢᠨ ᠹᠢᠯᠣᠰᠣᠹᠣᠣ ᠬᠠᠮᠲᠤᠷᠠᠨ ᠳᠡᠮᠵᠢᠳᠡᠭ ᠪᠠᠶᠢᠴᠠᠢ᠃ ᠲᠡᠲ᠋ᠴᠧᠷ ᠶᠡᠷᠦᠩᠬᠡᠢ ᠰᠠᠶᠢᠳ ᠤᠨ ᠠᠯᠪᠠᠨ ᠲᠤᠰᠢᠶᠠᠯ ᠤᠨ ᠢᠶᠠᠨ ᠡᠬᠢᠨ ᠦᠶᠡᠳᠡᠭᠡ ᠴᠡᠷᠢᠭ ᠦᠨ ᠲᠥᠪᠡᠭᠲᠡᠢ ᠠᠰᠠᠭᠤᠳᠠᠯ ᠲᠠᠢ ᠲᠤᠯᠭᠠᠷᠠᠭᠰᠠᠨ᠃ 1982 ᠣᠨ ᠳᠤ ᠠᠷᠭᠸᠨ᠋ᠲ᠋ᠢᠨ ᠹᠣᠯᠺᠯᠧᠨᠳ᠋ ᠍ ᠤᠨ ᠠᠷᠠᠯ ᠤᠳ ᠢ ᠡᠵᠡᠯᠡᠭᠰᠡᠨ᠃ ᠠᠩᠭᠯᠢ ᠶᠢᠨ ᠨᠤᠲᠤᠭ ᠳᠡᠪᠢᠰᠬᠡᠷ ᠪᠣᠯᠬᠤ ᠡᠳᠡᠭᠡᠷ ᠠᠷᠠᠯ ᠤᠳ ᠨᠢ ᠬᠣᠶᠠᠷ ᠤᠯᠤᠰ ᠤᠨ ᠵᠥᠷᠢᠴᠡᠯᠳᠦᠭᠡᠨ ᠦ ᠦᠨᠳᠦᠰᠦ ᠪᠣᠯᠤᠭᠰᠠᠭᠠᠷ ᠤᠳᠤᠭᠰᠠᠨ ᠪᠠ ᠠᠷᠠᠯ ᠤᠳ ᠨᠢ ᠠᠷᠭᠸᠨ᠋ᠲ᠋ᠢᠨ ᠤ ᠡᠷᠡᠭᠲᠡᠢ ᠣᠶᠢᠷᠠᠯᠴᠠᠭ᠎ᠠ ᠪᠠᠶᠢᠷᠢᠯᠠᠳᠠᠭ᠃ ᠮᠠᠷᠠᠭᠡᠷ ᠲᠦ ᠲᠡᠲ᠋ᠴᠧᠷ ᠶᠠᠭᠠᠷᠠᠯᠲᠠᠢ ᠦᠢᠯᠡ ᠠᠵᠢᠯᠯᠠᠭ᠎ᠠ ᠶᠠᠪᠤᠭᠤᠯᠵᠤ᠂ ᠪᠷᠢᠲ᠋ᠠᠨ ᠦ ᠴᠡᠷᠢᠭ ᠦᠳ ᠢ ᠹᠣᠯᠺᠯᠧᠨᠳ᠋ ᠍ ᠤᠨ ᠠᠷᠠᠯ ᠤᠳ ᠢ ᠪᠤᠴᠠᠭᠠᠨ ᠡᠵᠡᠯᠡᠬᠦ ᠪᠡᠷ ᠢᠯᠡᠭᠡᠭᠰᠡᠨ ᠨᠢ ᠬᠣᠵᠢᠮ ᠢᠶᠠᠨ ᠲᠡᠦᠬᠡᠨ ᠳᠦ 《ᠹᠣᠯᠺᠯᠧᠨᠳ᠋ ᠍ ᠤᠨ ᠳᠠᠶᠢᠨ》 ᠬᠡᠮᠡᠨ ᠦᠯᠡᠳᠡᠵᠡᠢ᠃ ᠤᠯᠠᠮ ᠢᠶᠠᠷ 1982 ᠣᠨ ᠤ ᠵᠢᠷᠭᠤᠳᠤᠭᠠᠷ ᠰᠠᠷ᠎ᠠ ᠳᠤ ᠠᠷᠭᠸᠨ᠋ᠲ᠋ᠢᠨ ᠤᠯᠤᠰ ᠪᠠᠭᠤᠵᠤ ᠥᠭᠭᠦᠭᠰᠡᠨ ᠢᠶᠡᠨ ᠵᠠᠷᠯᠠᠭᠰᠠᠨ ᠶᠤᠮ᠃ ᠮᠠᠷᠠᠭᠡᠷ ᠲᠦ ᠲᠡᠲ᠋ᠴᠧᠷ ᠦᠨ ᠬᠣᠶᠠᠷ ᠳ᠋ᠡᠬᠢ ᠦᠶ᠎ᠡ ᠪᠤᠶᠤ 1983-1987 ᠣᠨ ᠤ ᠦᠶ᠎ᠡ ᠳᠦ ᠲᠡᠲ᠋ᠴᠧᠷ ᠲᠣᠳᠣᠷᠬᠠᠢ ᠬᠡᠮᠵᠢᠶᠡᠨ ᠦ ᠰᠢᠭᠦᠮᠵᠢᠯᠡᠯ ᠲᠡᠭᠦᠨᠴᠢᠯᠡᠨ 1984 ᠣᠨ ᠳᠤ ᠲᠡᠭᠦᠨ ᠦ ᠡᠰᠡᠷᠬᠦ ᠤᠯᠤᠰ ᠲᠥᠷᠥ ᠶᠢᠨ ᠠᠯᠠᠯᠭ᠎ᠠ ᠶᠢᠨ ᠣᠷᠣᠯᠳᠤᠯᠭ᠎ᠠ ᠪᠠᠶᠢᠵᠤ ᠪᠣᠯᠬᠤᠶᠢᠴᠠ ᠦᠵᠡᠯ ᠪᠣᠳᠣᠯ ᠤᠨ ᠵᠥᠷᠢᠴᠡᠯᠳᠦᠭᠡᠨ ᠢ ᠵᠣᠬᠢᠴᠠᠭᠤᠯᠵᠤ ᠴᠢᠳᠠᠭᠰᠠᠨ ᠶᠤᠮ᠃ ᠭᠠᠳᠠᠭᠠᠳᠤ ᠤᠯᠤᠰ ᠤᠳ ᠲᠠᠢ ᠬᠠᠷᠢᠯᠴᠠᠬᠤ ᠠᠰᠠᠭᠤᠳᠠᠯ ᠳᠡᠭᠡᠷ᠎ᠡ ᠲᠡᠲ᠋ᠴᠧᠷ 1984 ᠣᠨ ᠳᠤ ᠲᠡᠷᠡ ᠦᠶ᠎ᠡ ᠶᠢᠨ ᠵᠥᠪᠯᠡᠯᠲᠦ ᠬᠣᠯᠪᠣᠭᠠᠲᠤ ᠤᠯᠤᠰ ᠣᠳᠣ ᠶᠢᠨ ᠣᠷᠣᠰ ᠤᠨ ᠬᠣᠯᠪᠣᠭᠠᠨ ᠤ ᠤᠯᠤᠰ ᠤᠨ ᠤᠳᠤᠷᠢᠳᠤᠭᠴᠢ ᠮᠠᠬᠠᠶᠢᠯ ᠭᠣᠷᠪᠠᠴᠧᠸ ᠲᠠᠢ ᠠᠭᠤᠯᠵᠠᠯᠲᠠ ᠬᠢᠵᠦ ᠬᠣᠶᠠᠷ ᠣᠷᠣᠨ ᠤ ᠬᠠᠷᠢᠯᠴᠠᠭ᠎ᠠ ᠶᠢ ᠰᠠᠶᠢᠵᠢᠷᠭᠠᠭᠤᠯᠬᠤ ᠲᠠᠯ᠎ᠠ ᠪᠠᠷ ᠶᠠᠷᠢᠶ᠎ᠠ ᠬᠡᠯᠡᠴᠡᠯ ᠬᠢᠵᠦ ᠪᠠᠶᠢᠪᠠ᠃ ᠮᠥᠨ 1982 ᠣᠨ ᠳᠤ ᠪᠦᠭᠦᠳᠡ ᠨᠠᠶᠢᠷᠠᠮᠳᠠᠬᠤ ᠳᠤᠮᠳᠠᠳᠤ ᠠᠷᠠᠳ ᠤᠯᠤᠰ ᠲᠠᠢ ᠬᠣᠩ ᠢ-ᠺᠣᠩ ᠤᠨ ᠢᠷᠡᠭᠡᠳᠦᠢ ᠶᠢᠨ ᠠᠰᠠᠭᠤᠳᠠᠯ ᠢᠶᠠᠷ ᠵᠥᠪᠰᠢᠯᠴᠡᠯ ᠦᠨ ᠪᠢᠴᠢᠭ ᠲᠦ ᠭᠠᠷ ᠤᠨ ᠦᠰᠦᠭ ᠵᠢᠷᠤᠵᠠᠢ᠃ ᠲᠡᠲ᠋ᠴᠧᠷ᠂ ᠷᠤᠨᠠᠯ ᠳᠤ ᠷᠧᠢᠭᠠᠨ ᠤ 1986 ᠣᠨ ᠳᠤ 《ᠯᠢᠪᠢᠶ ᠠ》 ᠍ ᠳᠦ ᠬᠢᠭᠰᠡᠨ ᠠᠭᠠᠷ ᠤᠨ ᠳᠣᠪᠲᠣᠯᠭᠠᠨ ᠳᠤ ᠢᠯᠡᠳᠲᠡ ᠪᠡᠷ ᠳᠡᠮᠵᠢᠯᠭᠡ ᠦᠵᠡᠭᠦᠯᠵᠦ ᠳᠠᠭᠤᠤ ᠬᠣᠭᠣᠯᠠᠢ ᠶᠢ ᠪᠠᠨ ᠨᠢᠭᠡᠳᠬᠡᠵᠦ ᠪᠠᠶᠢᠭᠰᠠᠨ ᠪᠠ ᠠᠮᠧᠷᠢᠺᠠ ᠶᠢᠨ ᠨᠢᠭᠡᠳᠦᠭᠰᠡᠨ ᠤᠯᠤᠰ ᠤᠨ ᠵᠡᠪᠰᠡᠭᠲᠦ ᠬᠦᠴᠦᠨ ᠦ ᠳᠠᠭᠠᠷᠢᠯᠲᠠ ᠳᠤ ᠲᠤᠰᠠᠯᠠᠵᠤ ᠶᠡᠬᠡ ᠪᠷᠢᠲ᠋ᠠᠨ ᠤ ᠵᠡᠪᠰᠡᠭᠲᠦ ᠬᠦᠴᠦᠨ ᠦ ᠪᠠᠭᠠᠵᠠ ᠨᠤᠭᠤᠳ ᠢ ᠠᠮᠧᠷᠢᠺᠠ ᠶᠢᠨ ᠪᠠᠶᠢᠯᠳᠤᠭᠠᠨ ᠤ ᠣᠩᠭᠣᠴᠠᠨ ᠨᠤᠭᠤᠳ ᠤᠨ ᠰᠡᠯᠭᠦᠭᠡᠨ ᠳᠦ ᠠᠰᠢᠭᠯᠠᠬᠤ ᠶᠢ ᠵᠥᠪᠰᠢᠶᠡᠷᠡᠴᠢ ᠪᠤᠢ ᠶᠢ ᠪᠠᠨ ᠮᠡᠳᠡᠭᠳᠡᠵᠦ ᠪᠠᠶᠢᠭᠰᠠᠨ ᠠᠵᠢ᠃ ᠮᠠᠷᠠᠭᠡᠷ ᠲᠦ ᠲᠡᠲ᠋ᠴᠧᠷ ᠦᠨ ᠭᠤᠷᠪᠠ ᠳᠠᠬᠢ ᠦᠶ᠎ᠡ᠃ 1987 ᠣᠨ ᠳᠤ ᠲᠡᠲ᠋ᠴᠧᠷ ᠰᠲ᠋ᠠᠨᠳᠠᠷᠲᠴᠢᠯᠠᠭᠳᠠᠭᠰᠠᠨ ᠪᠣᠯᠪᠠᠰᠤᠷᠠᠯ ᠤᠨ ᠬᠥᠲᠥᠯᠪᠦᠷᠢ ᠶᠢ ᠤᠯᠤᠰ ᠣᠷᠣᠨ ᠳᠠᠶᠠᠭᠠᠷ ᠰᠠᠶᠢᠵᠢᠷᠭᠠᠭᠤᠯᠬᠤ ᠪᠣᠯᠤᠨ ᠤᠯᠤᠰ ᠣᠷᠣᠨ ᠤ ᠨᠡᠶᠢᠭᠡᠮ ᠤᠨ ᠡᠷᠡᠭᠦᠯ ᠮᠡᠨᠳᠦ ᠶᠢᠨ ᠲᠣᠭᠲᠠᠯᠴᠠᠭᠠᠨ ᠳᠤ ᠥᠭᠡᠷᠡᠴᠢᠯᠡᠯᠲᠡ ᠣᠷᠣᠭᠤᠯᠬᠤ ᠶᠢ ᠣᠷᠣᠯᠳᠤᠭᠰᠠᠨ᠃ ᠭᠡᠰᠡᠨ ᠬᠡᠳᠦᠢ ᠴᠤ ᠲᠡᠷᠡ ᠣᠷᠣᠨ ᠨᠤᠲᠤᠭ ᠲᠤ ᠲᠣᠭᠲᠠᠭᠠᠭᠳᠠᠭᠰᠠᠨ ᠲᠠᠲᠠᠪᠤᠷᠢ ᠶᠢᠨ ᠦᠵᠡᠭᠦᠯᠦᠯᠲᠡ ᠨᠦᠭᠦᠳ ᠢ ᠨᠡᠮᠡᠭᠳᠡᠭᠦᠯᠬᠦ᠂ ᠲᠠᠲᠠᠪᠤᠷᠢ ᠲᠥᠯᠦᠭᠡ ᠦᠭᠡᠢ ᠬᠦᠮᠦᠰ ᠦᠨ ᠢᠷᠭᠡᠨ ᠦ ᠪᠣᠯᠤᠨ ᠰᠣᠩᠭᠣᠭᠤᠯᠢ ᠶᠢᠨ ᠡᠷᠬᠡ ᠶᠢ ᠬᠠᠰᠤᠵᠤ ᠥᠭᠡᠷᠡᠴᠢᠯᠡᠬᠦ ᠶᠢ ᠣᠷᠣᠯᠳᠤᠭᠰᠠᠨ ᠨᠢ ᠲᠡᠭᠦᠨ ᠢ ᠳᠡᠮᠵᠢᠭᠴᠢ ᠬᠦᠮᠦᠰ ᠦᠨ ᠳᠡᠮᠵᠢᠯᠭᠡ ᠶᠢ ᠠᠯᠠᠳᠠᠬᠤ ᠳᠤ ᠬᠦᠷᠭᠡᠭᠰᠡᠨ᠃ ᠡᠨᠡ ᠲᠠᠲᠠᠪᠤᠷᠢ ᠶᠢᠨ ᠵᠢᠷᠤᠮ ᠢ ᠡᠰᠡᠷᠭᠦᠴᠡᠭᠰᠡᠨ ᠬᠥᠳᠡᠯᠭᠡᠭᠡᠨ ᠨᠢ ᠨᠡᠶᠢᠲᠡ ᠶᠢᠨ ᠪᠣᠰᠤᠯᠭ᠎ᠠ ᠪᠣᠯᠵᠤ ᠮᠥᠨ ᠨᠠᠮ ᠳᠣᠲᠣᠷ᠎ᠠ ᠬᠠᠭᠠᠷᠠᠯ ᠪᠤᠢ ᠪᠣᠯᠭᠠᠭᠰᠠᠨ᠃ ᠲᠡᠲ᠋ᠴᠧᠷ 1990 ᠣᠨ ᠳᠤ ᠨᠠᠮ ᠤᠨ ᠢᠶᠠᠨ ᠤᠳᠤᠷᠢᠳᠤᠭᠴᠢ ᠶᠢᠨ ᠠᠯᠪᠠ ᠪᠠᠨ ᠡᠷᠴᠢᠮᠲᠡᠢ ᠦᠷᠭᠦᠯᠵᠢᠯᠡᠭᠦᠯᠦᠭᠰᠡᠨ ᠪᠣᠯᠪᠠᠴᠤ ᠡᠴᠦᠰ ᠲᠦ ᠨᠢ ᠨᠠᠮ ᠤᠨ ᠭᠡᠰᠢᠭᠦᠳ ᠦᠨ ᠳᠠᠷᠤᠮᠲᠠ ᠬᠠᠪᠴᠢᠯᠭ᠎ᠠ ᠪᠤᠢ ᠪᠣᠯᠵᠤ 1990 ᠣᠨ ᠤ 11 ᠰᠠᠷ᠎ᠠ ᠶᠢᠨ 22 ᠨᠳ ᠰᠠᠭᠤᠳᠠᠯ ᠢᠶᠠᠨ ᠲᠠᠯᠪᠢᠵᠤ ᠥᠭᠬᠦ ᠰᠠᠨᠠᠯ᠎ᠠ ᠮᠡᠳᠡᠭᠳᠡᠭᠰᠡᠨ᠃ ᠮᠡᠳᠡᠭᠯᠡᠯ ᠳᠦ ᠪᠡᠨ ᠲᠡᠷᠡ ᠪᠡᠷ 《ᠪᠢ ᠬᠠᠮᠲᠤᠷᠠᠨ ᠵᠢᠳᠬᠦᠭ᠍ᠴᠢᠳ ᠨᠠᠷ ᠲᠠᠢ ᠪᠠᠨ ᠵᠥᠪᠯᠡᠯᠳᠦᠭᠰᠡᠨ ᠦ ᠡᠴᠦᠰ ᠲᠦ᠂ ᠤᠯᠤᠰ ᠣᠷᠣᠨ ᠢ ᠤᠳᠤᠷᠢᠳᠬᠤ ᠡᠷᠬᠡ ᠪᠡᠨ ᠺᠠᠪᠢᠨᠧᠲ ᠤᠨ ᠢᠶᠠᠨ ᠭᠡᠰᠢᠭᠦᠳ ᠲᠦ ᠰᠢᠯᠵᠢᠭᠦᠯᠦᠭᠰᠡᠨ ᠢᠶᠡᠷ ᠨᠠᠮ ᠤᠨ ᠨᠢᠭᠡᠳᠦᠯ ᠨᠢᠭᠲᠠᠷᠠᠯ ᠢ ᠰᠠᠶᠢᠵᠢᠷᠭᠠᠭᠤᠯᠬᠤ ᠪᠣᠯᠤᠨ ᠤᠯᠤᠰ ᠲᠥᠷᠥ ᠶᠢᠨ ᠰᠣᠩᠭᠣᠭᠤᠯᠢ ᠳᠤ ᠮᠠᠨ ᠤ ᠨᠠᠮ ᠢᠯᠠᠯᠲᠠ ᠪᠠᠶᠢᠭᠤᠯᠬᠤ ᠳᠤ ᠡᠶᠡᠷᠡᠭ ᠨᠥᠯᠥᠭᠡ ᠦᠵᠡᠭᠦᠯᠦᠨ᠎ᠡ ᠭᠡᠰᠡᠨ ᠳ᠋ᠦᠩᠨᠡᠯᠲᠡᠨ ᠳᠦ ᠬᠦᠷᠡᠯ ᠢᠶᠡᠨ᠃ ᠨᠠᠮᠠᠢ ᠳᠡᠮᠵᠢᠵᠦ ᠠᠵᠢᠯᠯᠠᠭᠰᠠᠨ ᠺᠠᠪᠢᠨᠧᠲ ᠤᠨ ᠭᠡᠰᠢᠭᠦᠳ ᠪᠣᠯᠤᠨ ᠺᠠᠪᠢᠨᠧᠲ ᠠᠴᠠ ᠭᠠᠳᠠᠭᠤᠷᠬᠢ ᠠᠯᠪᠠᠨ ᠲᠤᠰᠢᠶᠠᠯᠲᠠᠨ ᠨᠤᠭᠤᠳ ᠲᠤ ᠲᠠᠯᠠᠷᠬᠠᠵᠤ ᠪᠠᠶᠢᠭ᠎ᠠ ᠪᠠᠨ ᠢᠯᠡᠷᠬᠡᠶᠢᠯᠡᠶ᠎ᠡ》 ᠭᠡᠰᠡᠨ ᠪᠠᠶᠢᠨ᠎ᠠ᠃ ᠲᠡᠷᠡ ᠪᠡᠷ 1990 ᠣᠨ ᠤ 11 ᠰᠠᠷ᠎ᠠ ᠶᠢᠨ 28 ᠨᠳ ᠶᠡᠷᠦᠩᠬᠡᠢ ᠰᠠᠶᠢᠳ ᠤᠨ ᠠᠯᠪᠠᠨ ᠲᠤᠰᠢᠶᠠᠯ ᠠᠴᠠ ᠴᠢᠯᠦᠭᠡᠯᠡᠭᠳᠡᠵᠡᠢ᠃[4]

ᠰᠡᠭᠦᠯᠴᠢ ᠶᠢᠨ ᠣᠨ ᠵᠢᠯ ᠦᠳ[ᠵᠠᠰᠠᠪᠤᠷᠢᠯᠠᠬᠤ | ᠺᠣᠳ᠋ ᠢᠶᠠᠷ ᠵᠠᠰᠠᠬᠣ]

ᠶᠡᠷᠦᠩᠬᠡᠢ ᠰᠠᠶᠢᠳ ᠤᠨ ᠠᠯᠪᠠ ᠠᠴᠠ ᠪᠠᠨ ᠴᠢᠯᠦᠭᠡᠯᠡᠭᠳᠡᠭᠰᠡᠨ ᠦ ᠳᠠᠷᠠᠭ᠎ᠠ ᠪᠠᠷ 1992 ᠣᠨ ᠳᠤ ᠯᠣᠷᠳ᠋ ᠍ ᠤᠨ ᠲᠠᠩᠬᠢᠮ ᠳᠤ ᠺᠧᠰᠲᠡᠪᠢᠨ ᠮᠤᠵᠢᠯᠠᠯ ᠢ ᠲᠥᠯᠥᠭᠡᠯᠡᠬᠦ ᠪᠣᠯᠤᠭᠰᠠᠨ ᠪᠠᠶᠢᠨ᠎ᠠ᠃ ᠲᠡᠲ᠋ᠴᠧᠷ ᠳᠡᠯᠡᠬᠡᠢ ᠶᠢᠨ ᠬᠡᠮᠵᠢᠶᠡᠨ ᠦ ᠤᠳᠤᠷᠢᠳᠤᠭᠴᠢ ᠪᠠᠶᠢᠭᠰᠠᠨ ᠮᠥᠨ ᠤᠯᠤᠰ ᠲᠥᠷᠥ ᠳᠦ ᠡᠮᠡᠭᠲᠡᠢ ᠤᠳᠤᠷᠢᠳᠤᠭᠴᠢ ᠶᠢᠨ ᠵᠠᠮ ᠮᠥᠷ ᠢ ᠠᠩᠬᠠᠯᠠᠨ ᠭᠠᠷᠭᠠᠭᠰᠠᠨ ᠥᠪᠡᠷ ᠦᠨ ᠲᠤᠷᠰᠢᠯᠭᠠᠨ ᠳᠤ ᠪᠠᠨ ᠦᠨᠳᠦᠰᠦᠯᠡᠨ 1993 ᠣᠨ ᠳᠤ 《ᠳᠠᠤᠨᠢᠨ ᠢ ᠰᠲᠷᠢᠲ ᠳᠦ ᠬᠢ ᠵᠢᠯ ᠦᠳ》 , 1995 ᠣᠨ ᠳᠤ 《ᠡᠷᠬᠡ ᠮᠡᠳᠡᠯ ᠳᠦ ᠬᠦᠷᠬᠦ ᠵᠠᠮ》 ᠨᠣᠮ ᠤᠳ ᠢᠶᠠᠨ ᠪᠢᠴᠢᠵᠡᠢ᠃ᠮᠥᠨ 2002 ᠣᠨ ᠳᠤ 《ᠤᠯᠤᠰ ᠣᠷᠣᠨ ᠢ ᠤᠳᠤᠷᠢᠳᠬᠤ ᠤᠷᠠᠯᠢᠭ》 ᠨᠡᠷ᠎ᠡ ᠲᠡᠢ ᠨᠣᠮ ᠢᠶᠠᠨ ᠬᠡᠪᠯᠡᠭᠦᠯᠦᠭᠰᠡᠨ ᠪᠠ ᠡᠨᠡ ᠨᠣᠮᠣᠨ ᠳᠤ ᠪᠠᠨ ᠣᠯᠠᠨ ᠤᠯᠤᠰ ᠤᠨ ᠤᠯᠤᠰ ᠲᠥᠷᠥ ᠶᠢᠨ ᠲᠠᠯ᠎ᠠ ᠪᠠᠷ ᠬᠢ ᠥᠪᠡᠷ ᠦᠨ ᠦᠵᠡᠯ ᠪᠣᠳᠣᠯ ᠢ ᠲᠤᠰᠬᠠᠵᠠᠢ᠃ ᠲᠡᠷᠡ ᠦᠶ᠎ᠡ ᠪᠡᠷ ᠲᠡᠲ᠋ᠴᠧᠷ ᠡᠷᠡᠭᠦᠯ ᠮᠡᠨᠳᠦ ᠶᠢᠨ ᠬᠤᠪᠢ ᠳᠤ ᠠᠷᠬᠠᠭ ᠦᠷᠪᠢᠰᠦᠯ ᠲᠡᠢ ᠪᠠᠶᠢᠭᠰᠠᠨ ᠤ ᠳᠡᠭᠡᠷ᠎ᠡ 2003 ᠣᠨ ᠳᠤ 50 ᠍ ᠠᠴᠠ ᠴᠤ ᠢᠯᠡᠭᠦᠦ ᠵᠢᠯ ᠬᠠᠨᠢᠯᠠᠭᠰᠠᠨ ᠨᠥᠬᠥᠷ ᠳᠡᠨᠢᠰ ᠲᠡᠲ᠋ᠴᠧᠷ ᠥᠭᠡᠳᠡ ᠪᠣᠯᠤᠭᠰᠠᠨ ᠨᠢ ᠲᠣᠮᠣᠬᠠᠨ ᠰᠢᠨᠠᠯᠤᠯ ᠢ ᠠᠪᠴᠢᠷᠠᠭᠰᠠᠨ᠃ ᠳᠠᠷᠠᠭ᠎ᠠ ᠵᠢᠯ ᠨᠢ ᠲᠡᠲ᠋ᠴᠧᠷ ᠦᠨ ᠬᠠᠭᠤᠴᠢᠨ ᠤ ᠠᠨᠳᠠ ᠷᠤᠨᠠᠯᠢ ᠳᠤ ᠷᠧᠢᠭᠠᠨ ᠨᠠᠰᠤᠨ ᠡᠴᠦᠰᠯᠡᠵᠡᠢ᠃ 2005 ᠣᠨ ᠳᠤ ᠲᠡᠲ᠋ᠴᠧᠷ ᠤᠨ 80 ᠨᠠᠰᠤᠨ ᠤ ᠲᠦᠷᠦᠭᠰᠡᠨ ᠡᠳᠦᠷ ᠪᠣᠯᠤᠭᠰᠠᠨ ᠪᠥᠭᠡᠳ ᠬᠠᠲᠤᠨ ᠬᠠᠭᠠᠨ ᠬᠣᠶᠠᠳᠤᠭᠠᠷ ᠶᠡᠯᠢᠰᠠᠪ ᠲᠤ ᠪᠠ ᠲᠣᠨᠢ ᠪᠯᠧᠢᠷ ᠲᠡᠷᠢᠭᠦᠲᠡᠢ 600 ᠭᠠᠷᠤᠢ ᠬᠠᠮᠢᠶᠠᠲᠠᠨ᠂ ᠬᠠᠮᠲᠤᠷᠠᠨ ᠠᠵᠢᠯᠯᠠᠵᠤ ᠪᠠᠶᠢᠭᠰᠠᠨ ᠬᠦᠮᠦᠰ᠂ ᠨᠠᠶᠢᠵᠠ ᠨᠤᠭᠤᠳ ᠣᠷᠣᠯᠴᠠᠵᠠᠢ᠃ ᠬᠣᠶᠠᠷ ᠵᠢᠯ ᠦᠨ ᠳᠠᠷᠠᠭ᠎ᠠ᠂ ᠢᠷᠭᠡᠳ ᠦᠨ ᠲᠠᠩᠬᠢᠮ ᠳᠤ ᠺᠣᠨᠰᠧᠷᠠᠸᠧᠲ᠋ᠢᠸ ᠨᠠᠮ ᠤᠨ ᠳᠠᠶᠢᠴᠢᠨ ᠤᠳᠤᠷᠢᠳᠤᠭᠴᠢ ᠶᠢᠨ ᠮᠠᠨᠢ ᠪᠠᠷᠢᠮᠠᠯ ᠮᠥᠩᠬᠡᠵᠢᠨ ᠦᠯᠡᠳᠡᠵᠡᠢ᠃ 2013 ᠣᠨ ᠤ 04 ᠰᠠᠷ᠎ᠠ ᠶᠢᠨ 08 ᠍ ᠤ ᠡᠳᠦᠷ ᠠᠩᠭᠯᠢ ᠶᠢᠨ ᠯᠣᠨᠳᠣᠨ ᠬᠣᠲᠣᠩ ᠢᠶᠠᠨ ᠲᠠᠭᠠᠯᠠᠯ ᠲᠡᠭᠦᠰᠴᠡᠢ᠃[5]

ᠡᠬᠢ ᠰᠤᠷᠪᠤᠯᠵᠢ[ᠵᠠᠰᠠᠪᠤᠷᠢᠯᠠᠬᠤ | ᠺᠣᠳ᠋ ᠢᠶᠠᠷ ᠵᠠᠰᠠᠬᠣ]

  1. [1],Early life.
  2. [2],Early Foray to Politics.
  3. [3],First female prime minister
  4. [4],Conservative Leadership.
  5. [5],Final years

ᠪᠢᠴᠢᠭᠡᠰᠦ