Microsoft

ᠴᠢᠯᠦᠭᠡᠲᠦ ᠨᠡᠪᠲᠡᠷᠬᠡᠢ ᠲᠣᠯᠢ — ᠸᠢᠺᠢᠫᠧᠳᠢᠶ᠎ᠠ ᠠᠴᠠ
— «ᠮᠠᠶᠢᠺᠷᠣᠰᠣᠹᠲ» ᠭᠡᠳ ᠬᠣᠯᠪᠣᠭᠳᠠᠪᠠ —
ᠬᠠᠷᠠᠶᠢᠬᠤ: ᠤᠳᠤᠷᠢᠳᠬᠤ, ᠬᠠᠶᠢᠯᠲᠠ
Microsoft Corporation
ᠠᠩᠭᠢ ᠬᠤᠪᠢᠴᠠᠭᠠᠲᠤ ᠺᠣᠮᠫᠠᠨᠢ (NASDAQ: MSFT)
(NYSE: MSFT)</br>(HKEX: 4338)
Dow Jones Industrial Average Component
S&P 500 Component
ᠠᠵᠤ ᠦᠢᠯᠡᠳᠪᠦᠷᠢ ᠶᠢᠨ ᠰᠠᠯᠪᠤᠷᠢ ᠺᠣᠮᠫᠢᠶᠦ᠋ᠲ᠋ᠧᠷ ᠦᠨ ᠫᠷᠣᠭᠷᠠᠮ ᠬᠠᠩᠭᠠᠮᠵᠢ
ᠬᠡᠷᠡᠭᠯᠡᠭᠡᠨ ᠦ ᠡᠯᠧᠺᠲ᠋ᠷᠣᠨᠢᠺ
ᠳ᠋ᠢᠵᠢᠲᠠᠯ᠎ᠠ ᠲᠦᠭᠡᠭᠡᠯ ᠳᠦ
ᠺᠣᠮᠫᠢᠶᠦ᠋ᠲ᠋ᠧᠷ ᠦᠨ ᠲᠧᠭᠨᠢᠭ ᠬᠠᠩᠭᠠᠮᠵᠢ
ᠸᠢᠳᠢᠣ᠋ ᠲᠣᠭᠯᠠᠭᠠᠮ
IT ᠵᠥᠪᠯᠡᠭᠡ
ᠣᠩᠯᠠᠢ ᠶᠢᠨ ᠵᠠᠷ ᠰᠤᠷᠲᠠᠯᠴᠢᠯᠠᠭ᠎ᠠ
ᠵᠢᠵᠢᠭᠯᠡᠨ ᠬᠤᠳᠠᠯᠳᠤᠭ᠎ᠠ
ᠡᠭᠦᠰᠬᠡᠨ ᠪᠠᠶᠢᠭᠤᠯᠤᠭᠳᠠᠭᠰᠠᠨ ᠠᠯᠪᠦᠺᠧᠷᠺᠧ᠂ ᠨᠶᠤ-ᠮᠧᠺᠰᠢᠺᠣ
1975 ᠤᠨ ᠤ 4 ᠰᠠᠷ᠎ᠠ ᠶᠢᠨ 4
ᠡᠭᠦᠰᠬᠡᠨ ᠪᠠᠶᠢᠭᠤᠯᠤᠭᠴᠢ ᠪᠢᠯ ᠭᠧᠲ᠋ᠰ
ᠫᠣᠯ ᠠᠯᠯᠧᠨ
ᠪᠠᠶᠢᠷᠢ One Microsoft Way
Redmond, Washington, United States
ᠦᠢᠯᠡ ᠠᠵᠢᠯᠯᠠᠭᠠᠨ ᠤ ᠪᠥᠰᠡ ᠳᠡᠯᠡᠬᠡᠢ ᠳᠠᠶᠠᠭᠠᠷ
ᠤᠳᠤᠷᠢᠳᠬᠤ ᠬᠦᠮᠦᠰ ᠰᠲ᠋ᠢᠸ ᠪᠠᠯᠠᠯᠮᠧᠷ (CEO)
ᠪᠷᠠᠶᠢᠨ ᠺᠧᠸᠢᠨ ᠲᠦᠷᠨᠧᠷ (COO)
ᠪᠢᠯ ᠭᠧᠲ᠋ᠰ (ᠳᠠᠷᠤᠭ᠎ᠠ)
ᠷᠡᠢ ᠣᠽᠽᠢ (CSA)
ᠺᠷᠡᠢ ᠶᠢ ᠮᠠᠨᠳᠢ (CRSO)
ᠪᠦᠲᠦᠭᠡᠭᠳᠡᠬᠦᠨ Microsoft Windows
Microsoft Office
Surface
Windows Phone
Xbox
Skype
Bing
Hotmail
ᠣᠷᠣᠯᠭ᠎ᠠ $62.484ᠲᠡᠷᠪᠤᠮ (2010)
ᠦᠢᠯᠡ ᠠᠵᠢᠯᠯᠠᠭᠠᠨ ᠤ ᠣᠷᠣᠯᠭ᠎ᠠ $24.098ᠲᠡᠷᠪᠤᠮ (2010)
ᠴᠡᠪᠡᠷ ᠣᠷᠣᠯᠭ᠎ᠠ $18.760ᠲᠡᠷᠪᠤᠮ (2010)
 ᠨᠡᠶᠢᠲᠡ ᠬᠥᠷᠥᠩᠭᠡ $86.113ᠲᠡᠷᠪᠤᠮ (2010)
ᠬᠤᠪᠢᠴᠠᠭᠠᠨ ᠤ ᠨᠡᠶᠢᠲᠡ ᠦᠨ᠎ᠡ $46.175ᠲᠡᠷᠪᠤᠮ (2010)
ᠠᠵᠢᠯᠴᠢᠳ 89,000 (2010)
ᠰᠦᠯᠵᠢᠶᠡᠨ ᠬᠠᠶᠢᠭ Microsoft.com

ᠮᠠᠶᠢᠺᠷᠣᠰᠣᠹᠲ ᠺᠣᠷᠫᠣᠷᠠᠼᠢ (Microsoft Corporation) ᠨᠢ ᠠᠮᠧᠷᠢᠺᠠ ᠶᠢᠨ ᠨᠢᠭᠡᠳᠦᠭᠰᠡᠨ ᠤᠯᠤᠰ ᠍ ᠤᠨ ᠸᠠᠰᠢᠩᠲ᠋ᠣᠨ ᠳᠠᠬᠢ ᠷᠧᠳᠣᠮᠠᠨᠳᠤ ᠬᠣᠳᠠ ᠳᠤ ᠲᠥᠪ ᠲᠡᠢ ᠣᠯᠠᠨ ᠤᠯᠤᠰ ᠤᠨ ᠫᠷᠣᠭ᠍ᠷᠠᠮ ᠬᠠᠩᠭᠠᠮᠵᠢ ᠬᠥᠭᠵᠢᠭᠦᠯᠦᠭᠴᠢ᠂ ᠦᠢᠯᠡᠳᠪᠦᠷᠢᠯᠡᠭᠴᠢ ᠶᠤᠮ᠃ ᠭᠣᠣᠯᠳᠠᠭᠤ ᠺᠣᠮᠫᠢᠶᠦ᠋ᠲ᠋ᠧᠷ ᠤᠨ ᠲᠥᠷᠥᠯ ᠦᠨ ᠪᠦᠲᠦᠭᠡᠭᠳᠡᠬᠦᠨ᠂ ᠦᠢᠯᠡᠴᠢᠯᠡᠭᠡ ᠶᠢ ᠦᠢᠯᠡᠳᠪᠦᠷᠢᠯᠡᠳᠡᠭ᠃ 1975 ᠤᠨ ᠤ 4 ᠰᠠᠷ᠎ᠠ ᠶᠢᠨ 4 ᠍ ᠳᠦ Bill Gates ᠪᠣᠯᠤᠨ Paul Allen ᠨᠠᠷ ᠡᠭᠦᠰᠬᠡᠨ ᠪᠠᠶᠢᠭᠤᠯᠤᠭᠰᠠᠨ᠃ ᠮᠥᠨ Microsoft ᠨᠢ ᠳᠡᠯᠡᠬᠡᠢ ᠶᠢᠨ ᠬᠠᠮᠤᠭ ᠤᠨ ᠲᠣᠮᠣ ᠫᠷᠣᠭ᠍ᠷᠠᠮ ᠬᠠᠩᠭᠠᠮᠵᠢ ᠦᠢᠯᠡᠳᠪᠦᠷᠢᠯᠡᠭᠴᠢ ᠶᠤᠮ᠃ ᠠᠩᠬ᠎ᠠ Altair 8800 ᠺᠣᠮᠫᠢᠶᠦ᠋ᠲ᠋ᠧᠷ ᠲᠦ ᠵᠣᠷᠢᠭᠤᠯᠤᠨ BASIC interpreter ᠬᠥᠭᠵᠢᠭᠦᠯᠵᠦ ᠪᠣᠷᠣᠯᠠᠭᠤᠯᠬᠤ ᠪᠠᠷ ᠪᠠᠶᠢᠭᠤᠯᠤᠭᠳᠠᠭᠰᠠᠨ ᠪᠠ 1980 ᠍ ᠊ᠭᠠᠳ ᠤᠨ ᠤ ᠳᠤᠮᠳᠠ ᠦᠶ᠎ᠡ ᠳᠦ ᠭᠡᠷ ᠦᠨ ᠺᠣᠮᠫᠢᠶᠦ᠋ᠲ᠋ᠧᠷ ᠦᠨ ᠦᠢᠯᠡᠳᠦᠯ ᠦᠨ ᠰᠢᠰᠲ᠋ᠧᠮ ᠤᠨ (MS-DOS) ᠵᠠᠬ᠎ᠠ ᠵᠡᠭᠡᠯᠢ ᠳᠦ ᠨᠣᠶᠠᠷᠬᠠᠬᠤ ᠪᠣᠯᠵᠠᠢ᠃ ᠡᠭᠦᠨ ᠦ ᠳᠠᠷᠠᠭ᠎ᠠ ᠪᠠᠷ Microsoft Windows ᠦᠢᠯᠡᠳᠦᠯ ᠦᠨ ᠰᠢᠰᠲ᠋ᠧᠮ ᠦᠨ ᠴᠤᠪᠤᠷᠠᠯ ᠢ ᠪᠦᠲᠦᠭᠡᠭᠰᠡᠨ ᠪᠠᠶᠢᠨ᠎ᠠ᠃ 1986 ᠤᠨ ᠳᠤ IPO ᠍ ᠪᠠᠷ ᠬᠤᠪᠢᠴᠠᠭ᠎ᠠ ᠨᠢ ᠣᠭᠴᠣᠮ ᠥᠰᠦᠭᠰᠡᠨ ᠢᠶᠡᠷ Microsoft ᠍ ᠦᠨ ᠠᠵᠢᠯᠲᠠᠨ ᠨᠤᠭᠤᠳ ᠠᠴᠠ ᠳᠥᠷᠪᠡᠨ ᠲᠡᠷᠪᠤᠮᠲᠠᠨ᠂ 12,000 ᠰᠠᠶᠠᠲᠠᠨ ᠲᠥᠷᠦᠵᠡᠢ᠃ Microsoft ᠨᠢ ᠦᠢᠯᠡᠳᠦᠯ ᠦᠨ ᠰᠢᠰᠲ᠋ᠧᠮ ᠡᠴᠡ ᠭᠠᠳᠠᠨ᠎ᠠ ᠣᠹᠹᠢᠰ ᠤᠨ ᠴᠣᠭᠴᠠ ᠫᠷᠣᠭ᠍ᠷᠠᠮ ᠤᠨ ᠵᠠᠬ᠎ᠠ ᠵᠡᠭᠡᠯᠢ ᠳᠦ Microsoft Office ᠲᠡᠷᠢᠭᠦᠯᠡᠬᠦ ᠪᠣᠯᠪᠠ᠃ 2011 ᠤᠨ ᠳᠤ ᠮᠠᠶᠢᠺᠷᠣᠰᠣᠹᠲ 8,5 ᠲᠡᠷᠪᠤᠮ ᠳ᠋ᠣᠯᠯᠠᠷ ᠢᠶᠠᠷ Skype Technologies ᠍ ᠢ ᠥᠪᠡᠷ ᠦᠨ ᠪᠣᠯᠭᠠᠭᠰᠠᠨ ᠪᠢᠯᠡ᠃

ᠪᠦᠲᠦᠭᠡᠭᠳᠡᠬᠦᠨ ᠨᠦᠭᠦᠳ[ᠵᠠᠰᠠᠪᠤᠷᠢᠯᠠᠬᠤ | ᠺᠣᠳ᠋ ᠢᠶᠠᠷ ᠵᠠᠰᠠᠬᠣ]

Windows[ᠵᠠᠰᠠᠪᠤᠷᠢᠯᠠᠬᠤ | ᠺᠣᠳ᠋ ᠢᠶᠠᠷ ᠵᠠᠰᠠᠬᠣ]

ᠭᠣᠣᠯ ᠥᠭᠦᠯᠡᠯ: Microsoft Windows

Microsoft Windows ᠨᠢ ᠮᠠᠶᠢᠺᠷᠣᠰᠣᠹᠲ ᠺᠣᠷᠫᠣᠷᠠᠼᠢ ᠠᠴᠠ ᠬᠥᠷᠪᠡᠭᠦᠯᠦᠨ ᠭᠠᠷᠭᠠᠳᠠᠭ ᠭᠷᠠᠹᠢᠺ ᠢᠨᠲ᠋ᠧᠷᠹᠧᠢᠰ ᠲᠡᠢ ᠴᠤᠪᠤᠷᠠᠯ ᠦᠢᠯᠡᠳᠦᠯ ᠦᠨ ᠰᠢᠰᠲ᠋ᠧᠮ ᠶᠤᠮ᠃ 1985 ᠤᠨ ᠤ 11 ᠰᠠᠷ᠎ᠠ ᠶᠢᠨ 20 ᠨᠳ ᠮᠠᠶᠢᠺᠷᠣᠰᠣᠹᠲ MS-DOS ᠍ ᠢ ᠭᠷᠠᠹᠢᠺ ᠢᠨᠲ᠋ᠧᠷᠹᠧᠢᠰ ᠲᠡᠢ ᠪᠣᠯᠭᠠᠨ ᠰᠢᠨᠴᠢᠯᠡᠨ ᠰᠠᠶᠢᠵᠢᠷᠠᠭᠤᠯᠵᠤ Windows ᠬᠡᠮᠡᠨ ᠨᠡᠷᠡᠯᠡᠨ ᠭᠠᠷᠭᠠᠵᠠᠢ᠃ᠳᠡᠯᠡᠬᠡᠢ ᠶᠢᠨ ᠨᠡᠶᠢᠲᠡ ᠺᠣᠮᠫᠶᠦ᠋ᠲ᠋ᠧᠷ ᠦᠳ ᠦᠨ 90 ᠣᠷᠴᠢᠮ ᠬᠤᠪᠢ ᠨᠢ Microsoft Windows ᠦᠢᠯᠡᠳᠦᠯ ᠦᠨ ᠰᠢᠰᠲ᠋ᠧᠮᠲᠡᠢ ᠪᠠᠶᠢᠳᠠᠭ ᠪᠠᠶᠢᠨ᠎ᠠ᠃ ᠰᠡᠭᠦᠯ ᠦᠨ ᠦᠶ᠎ᠡ ᠶᠢᠨ ᠰᠢᠰᠲ᠋ᠧᠮ ᠦᠳ ᠨᠢ Windows NT ᠍ ᠳᠦ ᠲᠤᠯᠭᠠᠭᠤᠷᠢᠯᠠᠭᠰᠠᠨ ᠪᠣᠯᠤᠭᠰᠠᠨ ᠪᠥᠭᠡᠳ Windows XP- Luna UI Windows Vista, Windows 7- Aero UI Windows 8, Windows 8.1, Windows 10- Metro UI ᠍ ᠲᠠᠢ ᠪᠢᠯᠡ᠃ ᠬᠠᠮᠤᠭ ᠤᠨ ᠰᠡᠭᠦᠯ ᠦᠨ ᠬᠤᠪᠢᠯᠪᠤᠷᠢ ᠨᠢ Windows 8.1 ᠶᠤᠮ᠃ ᠮᠥᠨ ᠬᠠᠮᠤᠭ ᠤᠨ ᠰᠡᠭᠦᠯ ᠦᠨ ᠰᠧᠷᠸᠧᠷ ᠬᠤᠪᠢᠯᠪᠤᠷᠢ ᠨᠢ Windows Server 2012 ᠶᠤᠮ᠃ ᠮᠥᠨ ᠲᠠ Windows 10 ᠍ ᠶᠢᠨ ᠬᠥᠭᠵᠢᠭᠦᠯᠦᠯᠲᠡ ᠶᠢᠨ ᠬᠤᠪᠢᠯᠪᠤᠷᠢ ᠶᠢ Microsoft.com ᠍ ᠰ ᠦᠨ᠎ᠡ ᠦᠭᠡᠢ ᠲᠠᠲᠠᠨ ᠠᠪᠴᠤ ᠠᠰᠢᠭᠯᠠᠬᠤ ᠪᠣᠯᠤᠮᠵᠢ ᠲᠠᠢ᠃

Office[ᠵᠠᠰᠠᠪᠤᠷᠢᠯᠠᠬᠤ | ᠺᠣᠳ᠋ ᠢᠶᠠᠷ ᠵᠠᠰᠠᠬᠣ]

ᠭᠣᠣᠯ ᠥᠭᠦᠯᠡᠯ: Microsoft Office

Microsoft Office ᠨᠢ Microsoft Windows ᠪᠣᠯᠤᠨ Mac OS X ᠍ ᠳᠦ ᠵᠣᠷᠢᠭᠤᠯᠤᠭᠰᠠᠨ ᠣᠹᠹᠢᠰ ᠤᠨ ᠬᠡᠷᠡᠭᠯᠡᠭᠡᠨ ᠦ ᠫᠷᠣᠭᠷᠠᠮ ᠶᠤᠮ᠃ ᠠᠩᠬ᠎ᠠ Microsoft 1989 ᠤᠨ ᠤ 8 ᠰᠠᠷ᠎ᠠ ᠶᠢᠨ 1 ᠨᠳ ᠲᠠᠨᠢᠯᠴᠠᠭᠤᠯᠤᠭᠰᠠᠨ᠃ ᠠᠩᠬᠠᠨ ᠤ ᠬᠤᠪᠢᠯᠪᠤᠷᠢ ᠨᠢ Microsoft Word, Microsoft Excel ᠪᠣᠯᠤᠨ Microsoft PowerPoint ᠍ ᠢ ᠠᠭᠤᠯᠠᠭᠰᠠᠨ ᠪᠠᠶᠢᠴᠠᠢ᠃ ᠣᠳᠣ ᠪᠠᠷ Microsoft Word, Microsoft Excel, Microsoft Outlook, Microsoft PowerPoint, Microsoft Access, Microsoft InfoPath, Microsoft Publisher, Microsoft SharePoint, Microsoft OneNote ᠡᠳᠡᠭᠡᠷ ᠫᠷᠣᠭᠷᠠᠮ ᠤᠳ ᠢ ᠪᠠᠭᠲᠠᠭᠠᠵᠤ ᠪᠠᠶᠢᠨ᠎ᠠ᠃ ᠰᠡᠭᠦᠯ ᠦᠨ ᠬᠤᠪᠢᠯᠪᠤᠷᠢ ᠨᠤᠭᠤᠳ ᠪᠣᠯᠬᠤ Windows ᠍ ᠳᠦ ᠵᠣᠷᠤᠯᠠᠭᠰᠠᠨ Office 2013 ᠨᠢ 2012 ᠤᠨ ᠤ 10 ᠰᠠᠷ᠎ᠠ ᠶᠢᠨ 11, Mac OS X ᠍ ᠳᠦ ᠵᠣᠷᠢᠭᠤᠯᠤᠭᠰᠠᠨ Office 2011 ᠨᠢ 2010 ᠤᠨ ᠤ 10 ᠰᠠᠷ᠎ᠠ ᠶᠢᠨ 26 ᠨᠳ ᠲᠤᠰ ᠲᠤᠰ ᠭᠠᠷᠴᠠᠢ᠃

Surface[ᠵᠠᠰᠠᠪᠤᠷᠢᠯᠠᠬᠤ | ᠺᠣᠳ᠋ ᠢᠶᠠᠷ ᠵᠠᠰᠠᠬᠣ]

ᠭᠣᠣᠯ ᠥᠭᠦᠯᠡᠯ: Microsoft Surface

Microsoft Surface ᠨᠢ ᠮᠠᠶᠢᠺᠷᠣᠰᠣᠹᠲ ᠺᠣᠷᠫᠣᠷᠠᠼᠢ ᠠᠴᠠ ᠭᠠᠷᠭᠠᠭᠰᠠᠨ ᠴᠤᠪᠤᠷᠠᠯ ᠲᠠᠪᠯᠧᠲ ᠪᠦᠲᠦᠭᠡᠭᠳᠡᠬᠦᠨ ᠶᠤᠮ᠃ ᠮᠠᠶᠢᠺᠷᠣᠰᠣᠹᠲ ᠺᠣᠷᠫᠣᠷᠠᠼᠢ ᠶᠢᠨ ᠭᠦᠢᠴᠡᠳᠭᠡᠬᠦ ᠵᠠᠬᠢᠷᠤᠯ Steve Ballmer 2012 ᠤᠨ ᠤ 6 ᠰᠠᠷ᠎ᠠ ᠶᠢᠨ 18 ᠨᠳ Los Angeles ᠍ ᠳᠦ ᠡᠨᠡᠬᠦ ᠪᠦᠲᠦᠭᠡᠭᠳᠡᠳᠡᠬᠦᠨ ᠢᠶᠡᠨ ᠲᠠᠨᠢᠯᠴᠠᠭᠤᠯᠵᠠᠢ᠃ ᠡᠨᠡ ᠪᠦᠲᠦᠭᠡᠭᠳᠡᠬᠦᠨ ᠦ ᠣᠨᠴᠠᠯᠢᠭ ᠨᠢ ᠭᠡᠪᠡᠯ᠂ ᠮᠡᠳᠡᠷᠡᠭᠴᠢ ᠲᠡᠢ ᠲᠧᠭᠨᠣᠯᠣᠭᠢ ᠶᠢ ᠳᠡᠮᠵᠢᠨ ᠠᠵᠢᠯᠯᠠᠬᠤ Windows ᠍ ᠶᠢᠨ ᠣᠷᠴᠢᠨ ᠦᠶ᠎ᠡ ᠶᠢᠨ Metro ᠢᠨᠲ᠋ᠧᠷᠹᠧᠢᠰ ᠲᠡᠢ ᠦᠢᠯᠡᠳᠦᠯ ᠦᠨ ᠰᠢᠰᠲ᠋ᠧᠮ ᠲᠡᠢ ᠪᠥᠭᠡᠳ ᠠᠪᠰᠠᠷᠬᠠᠨ ᠶᠡᠬᠡ ᠪᠡᠶ᠎ᠡ᠂ ᠰᠠᠯᠭᠠᠵᠤ ᠪᠣᠯᠳᠠᠭ keyboard, ᠦᠵᠦᠭ ᠵᠡᠷᠭᠡ ᠶᠢᠨ ᠣᠯᠠᠨ ᠳᠠᠪᠠᠭᠤ ᠲᠠᠯ᠎ᠠ ᠲᠠᠢ᠃ ᠣᠳᠣ ᠪᠠᠷ ᠬᠠᠮᠤᠭ ᠤᠨ ᠰᠡᠭᠦᠯ ᠦᠨ ᠵᠠᠭᠪᠤᠷ ᠨᠢ Microsoft Surface 3 ᠪᠢᠯᠡ᠃

Windows Phone[ᠵᠠᠰᠠᠪᠤᠷᠢᠯᠠᠬᠤ | ᠺᠣᠳ᠋ ᠢᠶᠠᠷ ᠵᠠᠰᠠᠬᠣ]

2011 ᠤᠨ ᠳᠤ ᠹᠢᠨᠯᠶᠠᠨᠳ᠋ ᠍ ᠤᠨ ᠡᠭᠦᠷ ᠦᠨ ᠬᠣᠯᠪᠣᠭᠠᠨ ᠤ ᠲᠧᠭᠨᠢᠭ ᠦᠨ Nokia ᠺᠣᠷᠫᠷᠠᠼ ᠤᠨ ᠭᠠᠷ ᠤᠲᠠᠰᠤᠨ ᠤ ᠰᠠᠪᠤᠷ ᠢ ᠬᠤᠳᠠᠯᠳᠤᠨ ᠠᠪᠤᠭᠰᠠᠨ ᠪᠢᠯᠡ᠃ Windows Phone OS ᠨᠢ ᠡᠮᠦᠨᠡᠬᠢ ᠭᠠᠷ ᠤᠲᠠᠰᠤᠨ ᠤ ᠦᠢᠯᠡᠳᠦᠯ ᠦᠨ ᠰᠢᠰᠲ᠋ᠧᠮ ᠪᠣᠯᠬᠤ Windows Mobile ᠍ ᠦᠨ ᠦᠷᠭᠦᠯᠵᠢᠯᠡᠯ ᠪᠢᠯᠡ᠃ ᠣᠨᠴᠠᠯᠢᠭ ᠨᠢ ᠭᠡᠪᠡᠯ ᠬᠡᠷᠡᠭᠯᠡᠬᠦ ᠳᠦ ᠬᠢᠯᠪᠠᠷ Metro UI ᠍ ᠲᠠᠢ ᠪᠥᠭᠡᠳ ᠳᠡᠪᠰᠢᠯᠲᠡᠲᠦ Cortana ᠬᠥᠲᠥᠴᠢ ᠲᠡᠢ ᠪᠠ ᠣᠷᠴᠢᠨ ᠦᠶ᠎ᠡ ᠶᠢᠨ Nokia Lumia, HTC One ᠵᠡᠷᠭᠡ ᠤᠲᠠᠰᠤᠨ ᠳᠤ ᠠᠵᠢᠯᠯᠠᠳᠠᠭ ᠪᠢᠯᠡ᠃

Xbox[ᠵᠠᠰᠠᠪᠤᠷᠢᠯᠠᠬᠤ | ᠺᠣᠳ᠋ ᠢᠶᠠᠷ ᠵᠠᠰᠠᠬᠣ]

Skype[ᠵᠠᠰᠠᠪᠤᠷᠢᠯᠠᠬᠤ | ᠺᠣᠳ᠋ ᠢᠶᠠᠷ ᠵᠠᠰᠠᠬᠣ]

Skype Technologies ᠍ ᠢ Microsoft 2012 ᠤᠨ ᠳᠤ ᠬᠤᠳᠠᠯᠳᠤᠨ ᠠᠪᠤᠭᠰᠠᠨ ᠪᠢᠯᠡ᠃ Skype ᠨᠢ ᠬᠣᠭᠣᠷᠣᠨᠳᠣ ᠪᠠᠨ ᠴᠠᠲᠤᠯᠠᠬᠤ᠂ ᠨᠢᠭᠤᠷ ᠨᠡᠭᠦᠷᠢ ᠪᠡᠨ ᠬᠠᠷᠠᠨ ᠬᠠᠷᠢᠯᠴᠠᠬᠤ ᠪᠣᠯᠤᠮᠵᠢ ᠲᠠᠢ Microsoft ᠍ ᠦᠨ ᠦᠢᠯᠡᠴᠢᠯᠡᠭᠡ ᠶᠤᠮ᠃

Bing[ᠵᠠᠰᠠᠪᠤᠷᠢᠯᠠᠬᠤ | ᠺᠣᠳ᠋ ᠢᠶᠠᠷ ᠵᠠᠰᠠᠬᠣ]

ᠬᠠᠭᠤᠴᠢᠨ ᠢᠶᠠᠷ Microsoft Live Search ᠨᠢ Google ᠍ ᠲᠡᠢ ᠲᠥᠰᠲᠡᠢ ᠬᠠᠶᠢᠯᠲᠠ ᠶᠢᠨ ᠰᠢᠰᠲ᠋ᠧᠮ ᠶᠤᠮ᠃ www.bing.com ᠰᠠᠶᠢᠲᠤ ᠪᠠᠷ ᠨᠡᠪᠲᠡᠷᠡᠬᠦ ᠪᠠ ᠲᠠ ᠥᠪᠡᠷ ᠦᠨ Live ᠠᠺᠠᠤᠨᠲᠠᠷ ᠨᠡᠪᠲᠡᠷᠡᠭᠰᠡᠨ ᠢᠶᠡᠷ Microsoft ᠍ ᠶᠢᠨ ᠣᠯᠠᠨ ᠰᠢᠨ᠎ᠡ ᠦᠢᠯᠡᠴᠢᠯᠡᠭᠡ ᠶᠢ ᠠᠰᠢᠭᠯᠠᠬᠤ ᠪᠣᠯᠤᠮᠵᠢ ᠲᠠᠢ᠃ Bing Web search, Bing Maps, Bing Maps Preview, Bing Images search, Bing Video search, Bing Translate ᠪᠦᠷᠢᠯᠳᠦᠬᠦᠨ ᠲᠡᠢ᠃

Onedrive[ᠵᠠᠰᠠᠪᠤᠷᠢᠯᠠᠬᠤ | ᠺᠣᠳ᠋ ᠢᠶᠠᠷ ᠵᠠᠰᠠᠬᠣ]

Onedrive(ᠬᠠᠭᠤᠴᠢᠨ ᠢᠶᠠᠷ Windows Live Folders/Skydrive) ᠨᠢ Google Drive ᠍ ᠲᠠᠢ ᠲᠥᠰᠲᠡᠢ ᠣᠩᠯᠠᠢ ᠶᠢᠨ ᠦᠢᠯᠡᠴᠢᠯᠡᠭᠡ ᠪᠢᠯᠡ᠃ ᠲᠠ Onedrive ᠍ ᠳᠦ ᠪᠦᠷᠢᠳᠬᠡᠭᠦᠯᠦᠭᠰᠡᠨ ᠢᠶᠡᠷ ᠦᠨ᠎ᠡ ᠦᠭᠡᠢ 15GB ᠪᠠᠭᠲᠠᠭᠠᠮᠵᠢ ᠲᠠᠢ ᠪᠣᠯᠬᠤ ᠪᠥᠭᠡᠳ ᠲᠠ ᠡᠭᠦᠨ ᠳᠦ ᠥᠪᠡᠷ ᠦᠨ ᠬᠦᠰᠡᠭᠰᠡᠨ ᠹᠠᠶᠢᠯ᠎ᠠ ᠬᠠᠭᠤᠯᠤᠭᠰᠠᠨ ᠢᠶᠠᠷ᠂ Onedrive ᠍ ᠲᠠᠢ ᠬᠣᠯᠪᠣᠭᠠᠲᠠᠢ ᠪᠤᠰᠤᠳ ᠲᠥᠬᠥᠭᠡᠷᠦᠮᠵᠢ ᠶᠢ ᠠᠰᠢᠭᠯᠠᠨ ᠲᠡᠷᠡ ᠹᠠᠶᠢᠯ᠎ᠠ ᠠᠪᠤᠨ᠎ᠠ ᠭᠡᠰᠡᠨ ᠦᠭᠡ᠃

Hotmail[ᠵᠠᠰᠠᠪᠤᠷᠢᠯᠠᠬᠤ | ᠺᠣᠳ᠋ ᠢᠶᠠᠷ ᠵᠠᠰᠠᠬᠣ]

HoloLens[ᠵᠠᠰᠠᠪᠤᠷᠢᠯᠠᠬᠤ | ᠺᠣᠳ᠋ ᠢᠶᠠᠷ ᠵᠠᠰᠠᠬᠣ]

ᠲᠧᠭᠨᠣᠯᠣᠭᠢ ᠶᠢᠨ ᠲᠡᠷᠢᠭᠦᠯᠡᠭᠴᠢ Microsoft ᠺᠣᠮᠫᠠᠨᠢ Windows Holographic ᠭᠡᠬᠦ ᠦᠢᠯᠡᠳᠦᠯ ᠦᠨ ᠰᠢᠰᠲ᠋ᠧᠮ ᠪᠣᠯᠤᠨ HoloLens ᠭᠡᠳᠡᠭ ᠭᠠᠶᠢᠬᠠᠯᠲᠠᠢ ᠲᠥᠬᠥᠭᠡᠷᠦᠮᠵᠢ ᠨᠦᠭᠦᠳ ᠢᠶᠡᠨ ᠲᠠᠨᠢᠯᠴᠠᠭᠤᠯᠤᠯ᠎ᠠ᠃ ᠡᠩ ᠦᠨ ᠢᠶᠡᠷ ᠲᠡᠳᠡᠨ ᠦ ᠪᠦᠲᠦᠭᠡᠭᠳᠡᠬᠦᠨ ᠪᠣᠳᠠᠲᠤ ᠶᠢᠷᠲᠢᠨᠴᠦ ᠶᠢ ᠳ᠋ᠢᠵᠢᠲᠠᠯ᠎ᠠ ᠶᠢᠷᠲᠢᠨᠴᠦ ᠲᠡᠢ ᠬᠤᠯᠢᠬᠤ ᠠᠵᠤ᠃ ᠬᠡᠳᠦᠢ ᠪᠡᠷ ᠬᠡᠵᠢᠶ᠎ᠡ ᠬᠤᠳᠠᠯᠳᠤᠭᠠᠨ ᠳᠤ ᠭᠠᠷᠬᠤ᠂ ᠶᠠᠮᠠᠷ ᠦᠨᠡᠲᠡᠢ᠂ ᠲᠧᠭᠨᠢᠭ ᠦᠵᠡᠭᠦᠯᠦᠯᠲᠡ ᠭᠡᠳ ᠬᠦᠮᠦᠰ ᠦᠨ ᠬᠠᠮᠤᠭ ᠤᠨ ᠶᠡᠬᠡ ᠰᠣᠨᠢᠷᠬᠠᠵᠤ ᠪᠠᠶᠢᠭ᠎ᠠ ᠮᠡᠳᠡᠭᠡᠯᠡᠯ ᠦᠳ ᠢ ᠥᠭᠭᠦᠭᠡ ᠦᠭᠡᠢ ᠴᠤ ᠲᠡᠳᠡ ᠮᠤᠨᠳᠠᠭ ᠵᠦᠢᠯ ᠪᠦᠲᠦᠭᠡᠭᠰᠡᠨ ᠭᠡᠳᠡᠭ ᠢᠶᠡᠨ ᠬᠡᠯᠡᠭᠰᠡᠨ ᠶᠤᠮ᠃ ᠡᠩ ᠦᠨ ᠢᠶᠡᠷ ᠲᠡᠳᠡᠨ ᠦ ᠪᠦᠲᠦᠭᠡᠭᠳᠡᠬᠦᠨ ᠪᠣᠳᠠᠲᠤ ᠶᠢᠷᠲᠢᠨᠴᠦ ᠶᠢ ᠳ᠋ᠢᠵᠢᠲᠠᠯ᠎ᠠ ᠶᠢᠷᠲᠢᠨᠴᠦ ᠲᠡᠢ ᠬᠤᠯᠢᠬᠤ ᠠᠵᠤ᠃ ᠲᠠ ᠶᠠᠮᠠᠷ ᠨᠢᠭᠡ ᠭᠤᠷᠪᠠᠨ ᠬᠡᠮᠵᠢᠶᠡᠰᠦ ᠳᠦ ᠵᠦᠢᠯ ᠤᠷᠠᠯᠠᠵᠤ ᠪᠠᠶᠢᠯ᠎ᠠ ᠭᠡᠵᠦ ᠪᠣᠳᠣᠬᠤ ᠳᠤ ᠲᠡᠭᠦᠨ ᠢ ᠪᠡᠨ ᠶᠠᠭ ᠯᠠ ᠤᠷᠢᠳᠤ ᠪᠠᠨ ᠪᠠᠶᠢᠭ᠎ᠠ ᠶᠤᠮ ᠰᠢᠭ ᠵᠠᠰᠠᠵᠤ ᠶᠠᠩᠵᠤᠯᠠᠵᠤ ᠪᠣᠯᠤᠨ᠎ᠠ᠃ ᠲᠡᠭᠦᠨᠴᠢᠯᠡᠨ ᠪᠢᠳᠡᠨ ᠦ ᠡᠳᠦᠷ ᠲᠤᠲᠤᠮ ᠬᠡᠷᠡᠭᠯᠡᠳᠡᠭ ᠶᠡᠬᠡᠩᠬᠢ ᠦᠢᠯᠡᠳᠦᠯ ᠦᠨ ᠰᠢᠰᠲ᠋ᠧᠮ ᠦᠳ ᠦᠨ ᠨᠢᠭᠡᠨ ᠠᠳᠠᠯᠢ ᠺᠦᠷᠰᠣᠷ᠂ ᠪᠢᠷᠡᠨ ᠦ ᠳᠥᠷᠪᠡᠯᠵᠢᠨ ᠲᠡᠮᠳᠡᠭᠲᠦ ᠨᠦᠭᠦᠳ ᠪᠢᠰᠢ ᠬᠠᠷᠢᠨ ᠣᠷᠣᠨ ᠳᠤ ᠨᠢ ᠳ᠋ᠢᠵᠢᠲᠠᠯ᠎ᠠ ᠪᠢᠷ ᠪᠠᠶᠢᠬᠤ ᠶᠤᠮ᠃ ᠮᠠᠭᠠᠳ ᠦᠭᠡᠢ ᠲᠠ ᠮᠠᠶᠢᠺᠯ ᠵᠧᠺᠰᠣᠨ᠂ Tupac ᠨᠠᠷ ᠢ ᠬᠣᠯᠣᠭᠷᠠᠮ ᠠᠰᠢᠭᠯᠠᠨ ᠲᠠᠶᠢᠰᠠᠨ ᠳᠡᠭᠡᠷ᠎ᠡ ᠳᠠᠭᠤᠯᠠᠭᠤᠯᠵᠤ ᠪᠠᠶᠢᠭ᠎ᠠ ᠶᠢ ᠬᠠᠷᠠᠭᠰᠠᠨ ᠪᠠᠶᠢᠬᠤ᠃ ᠶᠡᠷᠦᠩᠬᠡᠢ ᠳᠤ ᠪᠡᠨ ᠲᠡᠷᠡ ᠲᠧᠭᠨᠣᠯᠣᠭᠢ ᠶᠢ ᠯᠠ ᠠᠰᠢᠭᠯᠠᠭᠰᠠᠨ ᠬᠡᠷᠡᠭ᠃ ᠢᠩᠭᠦᠬᠦ ᠪᠡᠷ ᠲᠠ HoloLens ᠍ ᠢ ᠵᠡᠭᠦᠭᠡᠳ ᠬᠠᠷᠠᠬᠤ ᠳᠤ ᠤᠯᠠᠮᠵᠢᠯᠠᠯᠲᠤ ᠺᠣᠮᠫᠢᠶᠦ᠋ᠲ᠋ᠧᠷ ᠤᠨ ᠳᠡᠯᠭᠡᠴᠡ ᠪᠢᠰᠢ ᠬᠠᠷᠢᠨ ᠲᠠᠨ ᠤ ᠪᠠᠶᠢᠭ᠎ᠠ ᠣᠷᠴᠢᠨ ᠰᠢᠭᠤᠳ ᠬᠠᠷᠠᠭᠳᠠᠨ᠎ᠠ᠃ ᠬᠠᠮᠤᠭ ᠤᠨ ᠭᠣᠣᠯ ᠨᠢ ᠢᠩᠭᠢᠵᠦ ᠬᠠᠷᠠᠬᠤ ᠳᠤ ᠲᠠᠨ ᠤ ᠶᠠᠭ ᠬᠤᠸᠠᠩᠯᠢ ᠶᠢ ᠪᠠᠨ ᠡᠯᠭᠥᠬᠦ ᠪᠠᠶᠢᠭᠰᠠᠨ ᠭᠠᠵᠠᠷ ᠲᠤ ᠳ᠋ᠢᠵᠢᠲᠠᠯ᠎ᠠ ᠬᠤᠸᠠᠩᠯᠢ᠂ ᠵᠢᠷᠤᠭᠲᠤ ᠪᠠᠨ ᠲᠠᠯᠪᠢᠬᠤ ᠪᠠᠶᠢᠭᠰᠠᠨ ᠭᠠᠵᠠᠷ ᠲᠤ ᠳ᠋ᠢᠵᠢᠲᠠᠯ᠎ᠠ ᠵᠢᠷᠤᠭᠲᠤ ᠳᠡᠭᠡᠷ᠎ᠡ ᠡᠴᠡ ᠨᠢ ᠲᠠᠨ ᠤ ᠬᠢᠵᠦ ᠪᠠᠶᠢᠭ᠎ᠠ ᠠᠯᠢᠪᠠ ᠵᠦᠢᠯᠡᠰ ᠪᠦᠭᠦᠳᠡ ᠳ᠋ᠢᠵᠢᠲᠠᠯ᠎ᠠ ᠪᠠᠶᠢᠳᠠᠯ ᠢᠶᠠᠷ ᠬᠠᠷᠠᠭᠳᠠᠬᠤ ᠠᠵᠤ᠃ ᠭᠡᠬᠦ ᠳᠦ ᠪᠡᠨ ᠡᠨᠡᠬᠦ ᠬᠠᠷᠠᠭᠳᠤᠴᠠ ᠶᠢ ᠰᠢᠭᠤᠳ ᠬᠣᠯᠣᠭᠷᠠᠮ ᠭᠡᠵᠦ ᠨᠡᠷᠡᠯᠡᠵᠦ ᠪᠣᠯᠬᠤ ᠦᠭᠡᠢ᠃ ᠤᠴᠢᠷ ᠨᠢ ᠬᠦᠮᠦᠨ ᠣᠶᠢᠯᠠᠭᠠᠬᠤ ᠦᠭᠡᠢ ᠬᠠᠷᠢ ᠭᠠᠷᠠᠭ ᠤᠨ ᠦᠭᠡ ᠬᠡᠷᠡᠭᠯᠡᠭᠰᠡᠨ ᠡᠴᠡ 《ᠬᠣᠯᠣᠭᠷᠠᠮ》 ᠭᠡᠵᠦ ᠲᠠᠶᠢᠯᠪᠤᠷᠢᠯᠠᠭᠰᠠᠨ ᠨᠢ ᠢᠯᠡᠭᠦᠦ ᠬᠢᠯᠪᠠᠷ ᠪᠠᠶᠢᠴᠠᠢ᠃ ᠬᠠᠷᠢᠨ ᠡᠨᠡ ᠲᠧᠭᠨᠣᠯᠣᠭᠢ ᠶᠢ ᠠᠯᠪᠠᠨ ᠶᠣᠰᠣᠭᠠᠷ 《AR》 ᠪᠤᠶᠤ 《ᠨᠡᠮᠡᠯᠲᠡ ᠪᠣᠳᠠᠲᠤ ᠪᠠᠶᠢᠳᠠᠯ》 ᠭᠡᠵᠦ ᠨᠡᠷᠡᠯᠡᠳᠡᠭ ᠶᠤᠮ ᠪᠠᠶᠢᠨ᠎ᠠ᠃ ᠺᠣᠮᠫᠠᠨᠢ ᠡᠨᠡᠬᠦ ᠲᠧᠭᠨᠣᠯᠣᠭᠢ ᠶᠢ ᠬᠡᠳᠦᠨ ᠵᠢᠯ ᠦᠨ ᠲᠤᠷᠰᠢ ᠨᠢᠭᠤᠴᠠᠬᠠᠨ ᠢᠶᠠᠷ ᠬᠥᠭᠵᠢᠭᠦᠯᠦᠭᠰᠡᠨ ᠪᠥᠭᠡᠳ ᠶᠠᠭᠠᠬᠢᠭᠠᠳ ᠬᠢᠬᠦ ᠪᠣᠯᠤᠭᠰᠠᠨ ᠭᠡᠳᠡᠭ ᠢᠶᠡᠨ 《ᠪᠢᠳᠡ ᠥᠨᠥᠳᠥᠷ ᠳᠡᠯᠭᠡᠴᠡ ᠭᠡᠳᠡᠭ ᠰᠢᠯᠢᠨ ᠦ ᠴᠠᠭᠠᠨ᠎ᠠ ᠠᠴᠠ ᠸᠢᠷᠲᠤᠸᠠᠯ ᠶᠢᠷᠲᠢᠨᠴᠦ ᠲᠡᠢ ᠬᠠᠷᠢᠯᠴᠠᠵᠤ ᠪᠠᠶᠢᠨ᠎ᠠ᠃ ᠲᠡᠭᠦᠨ ᠡᠴᠡ ᠯᠠ ᠰᠠᠯᠭᠠᠬᠤ ᠶᠢᠨ ᠲᠤᠯᠠᠳᠠ ᠡᠭᠦᠨ ᠢ ᠬᠥᠭᠵᠢᠭᠦᠯᠦᠭᠰᠡᠨ》 ᠭᠡᠵᠡᠢ᠃ ᠲᠡᠶᠢᠮᠦ ᠡᠴᠡ ᠯᠠ ᠲᠡᠳᠡ ᠡᠭᠦᠨ ᠢ ᠪᠡᠨ ᠵᠦᠭᠡᠷ ᠨᠢᠭᠡ ᠡᠩ ᠦᠨ 《ᠨᠢᠭᠤᠷᠠᠨ ᠳᠤ ᠨᠠᠭᠠᠳᠠᠭ ᠺᠣᠮᠫᠢᠶᠦ᠋ᠲ᠋ᠧᠷ》 ᠍ ᠨᠤᠭᠤᠳ ᠤᠨ ᠥᠭᠡᠷ᠎ᠡ ᠨᠢᠭᠡ ᠵᠠᠭᠪᠤᠷ ᠪᠣᠯᠭᠠᠬᠤ ᠶᠢᠬᠦᠰᠡᠭᠡ ᠦᠭᠡᠢ ᠶᠤᠮ᠃ ᠡᠴᠦᠰ ᠦᠨ ᠡᠴᠦᠰ ᠲᠦ 2015 ᠤᠨ ᠳᠤ ᠪᠢᠳᠡ ᠶᠠᠮᠠᠷ ᠴᠤ ᠺᠣᠮᠫᠢᠶᠦ᠋ᠲ᠋ᠧᠷ ᠤᠨ ᠭᠠᠷ᠂ ᠬᠤᠯᠤᠭᠠᠨ᠎ᠠ᠂ ᠦᠵᠦᠭ ᠦᠭᠡᠢ ᠪᠡᠷ ᠳ᠋ᠢᠵᠢᠲᠠᠯ᠎ᠠ ᠶᠢᠷᠲᠢᠨᠴᠦᠳ ᠶᠠᠭᠤᠮ᠎ᠠ ᠪᠦᠲᠦᠭᠡᠵᠦ ᠪᠣᠯᠤᠨ᠎ᠠ ᠭᠡᠳᠡᠭ ᠢ ᠮᠡᠳᠡᠵᠦ ᠠᠪᠤᠯ᠎ᠠ᠃

ᠭᠠᠳᠠᠭᠠᠳᠤ ᠬᠣᠯᠪᠣᠭᠠᠰᠤ[ᠵᠠᠰᠠᠪᠤᠷᠢᠯᠠᠬᠤ | ᠺᠣᠳ᠋ ᠢᠶᠠᠷ ᠵᠠᠰᠠᠬᠣ]

Commons
Викимедиа дуу дүрсний сан: Microsoft
http://wiki.uhaan.com/index.php?title=Microsoft&oldid=481706》 ᠍  ᠡᠴᠡ ᠠᠪᠤᠭᠰᠠᠨ

ᠪᠢᠴᠢᠭᠡᠰᠦ