ᠮᠠᠶᠢᠺᠯ ᠹᠠᠷᠠᠳᠧᠢ

ᠴᠢᠯᠦᠭᠡᠲᠦ ᠨᠡᠪᠲᠡᠷᠬᠡᠢ ᠲᠣᠯᠢ — ᠸᠢᠺᠢᠫᠧᠳᠢᠶ᠎ᠠ ᠠᠴᠠ
ᠬᠠᠷᠠᠶᠢᠬᠤ: ᠤᠳᠤᠷᠢᠳᠬᠤ, ᠬᠠᠶᠢᠯᠲᠠ
ᠵᠢᠵᠢᠭ ᠵᠢᠷᠤᠭ ᠢ ᠡᠭᠦᠰᠭᠡᠬᠦ ᠳ᠋ᠦ ᠠᠯᠳᠠᠭ᠎ᠠ ᠭᠠᠷᠤᠯ᠎ᠠ: Unable to save thumbnail to destination
ᠮᠠᠶᠢᠺᠯ ᠹᠠᠷᠠᠳᠧᠢ

ᠮᠠᠶᠢᠺᠯ ᠹᠠᠷᠠᠳᠧᠢ (ᠠᠩᠭᠯᠢ ᠪᠠᠷ Michael Faraday, 1791 ᠣᠨ ᠤ 9 ᠰᠠᠷ᠎ᠠ ᠶᠢᠨ 22 - 1867 ᠣᠨ ᠤ 8 ᠰᠠᠷ᠎ᠠ ᠶᠢᠨ 25) ᠨᠢ ᠡᠯᠧᠺᠲ᠋ᠷᠣᠳ᠋ᠢᠨᠠᠮᠢᠺ ᠲᠤ ᠥᠪᠡᠷ ᠦᠨ ᠨᠢ ᠨᠡᠷ᠎ᠡ ᠪᠡᠷ ᠨᠡᠷᠡᠯᠡᠭᠳᠡᠭᠰᠡᠨ ᠡᠯᠧᠺᠲ᠋ᠷᠣᠯᠢᠽᠢ ᠶᠢᠨ ᠲᠤᠬᠠᠢ ᠬᠠᠤᠯᠢ ᠪᠣᠯᠤᠨ ᠢᠨᠳᠦᠶᠢᠺᠼ ᠦᠨ ᠲᠤᠬᠠᠢ ᠬᠠᠤᠯᠢ ᠨᠤᠭᠤᠳ ᠢ ᠨᠡᠭᠡᠭᠡᠵᠦ᠂ ᠪᠤᠨᠰᠧᠨ ᠤ ᠰᠢᠲᠠᠭᠠᠭᠴᠢᠡᠶᠢᠭ ᠵᠣᠬᠢᠶᠠᠨ ᠪᠦᠲᠦᠭᠡᠬᠦ ᠵᠡᠷᠭᠡ ᠪᠡᠷ ᠰᠢᠨᠵᠢᠯᠡᠬᠦ ᠤᠬᠠᠭᠠᠨ ᠳᠤ ᠲᠣᠮᠣ ᠬᠤᠪᠢ ᠨᠡᠮᠡᠷᠢ ᠣᠷᠣᠭᠤᠯᠤᠭᠰᠠᠨ ᠠᠩᠭᠯᠢ ᠍ ᠶᠢᠨ ᠬᠢᠮᠢᠴᠹᠢᠽᠢᠺᠴᠢ ᠶᠤᠮ᠃

ᠨᠠᠮᠲᠠᠷ[ᠵᠠᠰᠠᠪᠤᠷᠢᠯᠠᠬᠤ | ᠺᠣᠳ᠋ ᠢᠶᠠᠷ ᠵᠠᠰᠠᠬᠣ]

ᠹᠠᠷᠠᠳᠧᠢ ᠨᠢ III ᠵᠣᠷᠵᠢᠡᠶᠢᠨ ᠬᠠᠭᠠᠨᠴᠢᠯᠠᠯ ᠤᠨ ᠦᠶ᠎ᠡ ᠪᠤᠶᠤ 1791 ᠣᠨ ᠳᠤ ᠲᠡᠮᠦᠷᠴᠢᠨ ᠦ ᠭᠡᠷ ᠪᠦᠯᠢ ᠳᠦ 3 ᠳᠠᠬᠢ ᠬᠦᠦ ᠨᠢ ᠪᠣᠯᠤᠨ ᠯᠣᠨᠳᠣᠨ ᠬᠣᠲᠣᠩ ᠢᠶᠠᠨ ᠮᠡᠨᠳᠦᠯᠡᠵᠡᠢ᠃ ᠲᠡᠳᠡᠨ ᠦ ᠬᠢ 10 ᠬᠡᠦᠬᠡᠳ ᠲᠡᠢ᠂ ᠲᠤᠩ ᠶᠠᠳᠠᠭᠤ ᠠᠶᠢᠯ ᠪᠠᠶᠢᠭᠰᠠᠨ ᠲᠤᠯᠠ ᠲᠡᠷᠡ ᠪᠡᠷ ᠳᠥᠩᠭᠡᠵᠢ ᠪᠠᠭ᠎ᠠ ᠰᠤᠷᠭᠠᠭᠤᠯᠢ ᠯᠠ ᠲᠡᠭᠦᠰᠦᠭᠰᠡᠨ ᠪᠥᠭᠡᠳ 13 ᠨᠠᠰᠤᠨ ᠠᠴᠠ ᠪᠠᠨ ᠬᠡᠪᠯᠡᠬᠦ ᠦᠢᠯᠡᠳᠪᠦᠷᠢ ᠳᠦ ᠠᠵᠢᠯᠯᠠᠵᠤ ᠡᠬᠢᠯᠡᠭᠰᠡᠨ ᠠᠵᠢ᠃

ᠲᠡᠨᠳᠡ ᠣᠯᠠᠨ ᠶᠠᠩᠵᠤ ᠶᠢᠨ ᠨᠣᠮ ᠤᠩᠰᠢᠳᠠᠭ ᠪᠠᠶᠢᠭᠰᠠᠨ ᠠᠴᠠ ᠰᠢᠨᠵᠢᠯᠡᠬᠦ ᠤᠬᠠᠭᠠᠨ ᠲᠠᠢ ᠬᠣᠯᠪᠣᠭᠳᠠᠯ ᠲᠠᠢ ᠨᠣᠮᠣᠨ ᠨᠤᠭᠤᠳ ᠲᠡᠭᠦᠨ ᠦ ᠰᠣᠨᠢᠷᠬᠠᠯ ᠢ ᠲᠠᠲᠠᠳᠠᠭ᠂ ᠲᠤᠷᠰᠢᠯᠲᠠ ᠶᠢᠨ ᠵᠢᠷᠤᠭ ᠤᠳ ᠢ ᠬᠠᠭᠤᠯᠵᠤ ᠵᠢᠷᠤᠳᠠᠭ ᠪᠠᠶᠢᠪᠠ᠃ ᠨᠢᠭᠡ ᠡᠳᠦᠷ ᠲᠡᠭᠦᠨ ᠦ ᠳᠡᠪᠲᠡᠷ ᠢ ᠣᠯᠵᠤ ᠦᠵᠡᠭᠰᠡᠨ ᠦᠢᠯᠡᠴᠢᠯᠡᠭᠦᠯᠦᠭᠴᠢ ᠨᠢ ᠰᠢᠨᠵᠢᠯᠡᠬᠦ ᠤᠬᠠᠭᠠᠨ ᠤ ᠯᠧᠺᠼ ᠦᠨ ᠲᠠᠰᠤᠯᠪᠤᠷᠢ ᠪᠡᠯᠡᠭᠯᠡᠭᠰᠡᠨ ᠪᠠᠶᠢᠨ᠎ᠠ᠃ ᠲᠡᠷᠡ ᠯᠧᠺᠼ ᠦᠨ ᠡᠵᠡᠨ ᠨᠢ ᠬᠣᠵᠢᠮ ᠲᠡᠭᠦᠨ ᠦ ᠪᠠᠭᠰᠢ ᠪᠣᠯᠬᠤ ᠬᠤᠪᠢ ᠲᠠᠢ ᠬᠧᠮᠹᠷᠢ ᠳᠡᠪᠢ ᠪᠠᠶᠢᠭᠰᠠᠨ ᠪᠥᠭᠡᠳ ᠹᠠᠷᠠᠳᠧᠢ ᠳᠡᠪ ᠲᠡᠢ ᠦᠭᠡ ᠰᠤᠯᠢᠵᠤ᠂ ᠰᠢᠨᠵᠢᠯᠡᠬᠦ ᠤᠬᠠᠭᠠᠨ ᠤ ᠵᠠᠮ ᠢᠶᠠᠷ ᠵᠠᠮᠨᠠᠬᠤ ᠬᠦᠰᠡᠯᠲᠡᠢ ᠪᠡᠨ ᠢᠯᠡᠷᠬᠡᠶᠢᠯᠡᠵᠦ ᠠᠮᠵᠢᠭ᠌ᠰᠠᠨ ᠪᠠᠶᠢᠨ᠎ᠠ᠃

ᠳᠡᠪᠢ ᠨᠢᠭᠡ ᠤᠳᠠᠭ᠎ᠠ ᠶᠢᠨ ᠢᠶᠠᠨ ᠲᠤᠷᠰᠢᠯᠲᠠ ᠶᠢᠨ ᠦᠶ᠎ᠡ ᠪᠡᠷ ᠵᠡᠭᠦᠨ ᠨᠢᠳᠦ ᠪᠡᠨ ᠭᠡᠮᠲᠦᠭᠡᠵᠦ᠂ ᠲᠡᠷᠡ ᠬᠣᠭᠣᠷᠣᠨᠳᠣ ᠪᠠᠨ ᠹᠠᠷᠠᠳᠧᠢ ᠶᠢ ᠲᠤᠰᠯᠠᠬᠤ ᠪᠠᠷ ᠢᠶᠠᠨ ᠠᠪᠤᠭᠰᠠᠨ ᠠᠵᠢ᠃

ᠲᠡᠷᠡ ᠥᠪᠡᠷ ᠦᠨ ᠠᠪᠢᠶᠠᠰ ᠴᠢᠳᠠᠪᠤᠷᠢ ᠪᠠᠷ ᠢᠶᠠᠨ 1825 ᠣᠨ ᠳᠤ ᠪᠧᠨ᠋ᠽᠣᠯ ᠍ ᠢ ᠨᠡᠭᠡᠭᠡᠬᠦ ᠵᠡᠷᠭᠡ ᠪᠡᠷ ᠮᠠᠰᠢ ᠣᠯᠠᠨ ᠨᠡᠭᠡᠭᠡᠯᠲᠡ ᠬᠢᠵᠦ᠂ 1831 ᠣᠨ ᠳᠤ ᠡᠯᠧᠺᠲ᠋ᠷᠣ ᠮᠠᠭᠨᠧᠲ ᠤᠨ ᠢᠨᠳᠦ᠋ᠺᠼᠢᠡᠶᠢᠨ ᠦᠵᠡᠭᠳᠡᠯ ᠢ ᠢᠯᠡᠷᠡᠭᠦᠯᠵᠦ᠂ ᠤᠯᠠᠮ ᠢᠶᠠᠷ 1833 ᠣᠨ ᠳᠤ ᠥᠪᠡᠷ ᠦᠨ ᠨᠢ ᠨᠡᠷ᠎ᠡ ᠪᠡᠷ ᠨᠡᠷᠡᠯᠡᠭᠳᠡᠭᠰᠡᠨ ᠬᠠᠤᠯᠢ ᠨᠤᠭᠤᠳ ᠢᠶᠠᠨ ᠭᠠᠷᠭᠠᠵᠤ ᠢᠷᠡᠭᠰᠡᠨ ᠶᠤᠮ᠃ ᠭᠡᠪᠡᠴᠦ ᠢᠵᠠᠭᠤᠷᠲᠠᠨ ᠤᠭᠰᠠᠭ᠎ᠠ ᠲᠠᠢ ᠳᠡᠪᠢ ᠹᠠᠷᠠᠳᠧᠢ ᠶᠢ ᠳᠣᠣᠷ᠎ᠠ ᠳᠤ ᠦᠵᠡᠳᠡᠭ ᠪᠠᠶᠢᠭᠰᠠᠨ ᠲᠤᠯᠠ ᠠᠮᠵᠢᠯᠲᠠ ᠳᠤ ᠨᠢ ᠠᠲᠠᠭᠠᠷᠬᠠᠵᠤ᠂ ᠰᠢᠨᠵᠢᠯᠡᠬᠦ ᠤᠬᠠᠭᠠᠨ ᠤ ᠠᠺᠠᠳᠧᠮᠢ ᠳᠤ ᠡᠯᠰᠡᠬᠦ ᠳᠦ ᠨᠢ ᠰᠠᠭᠠᠳ ᠲᠣᠳᠬᠠᠷ ᠬᠢᠬᠦ ᠵᠡᠷᠭᠡ ᠪᠡᠷ ᠠᠪᠤᠷᠢᠯᠠᠵᠤ ᠪᠠᠶᠢᠴᠠᠢ᠃ ᠭᠡᠬᠦ ᠳᠦ ᠪᠡᠨ ᠳᠡᠪᠢ 《ᠮᠢᠨᠦ ᠬᠠᠮᠤᠭ ᠤᠨ ᠲᠣᠮᠣ ᠨᠡᠭᠡᠭᠡᠯᠲᠡ ᠪᠣᠯ ᠹᠠᠷᠠᠳᠧᠢ ᠶᠤᠮ》 ᠭᠡᠵᠦ ᠬᠡᠯᠡᠭᠰᠡᠨ ᠪᠠᠶᠢᠳᠠᠭ ᠨᠢ ᠦᠨᠡᠨ ᠦ ᠬᠤᠪᠢ ᠲᠠᠢ ᠪᠢᠯᠡ᠃

ᠮᠠᠶᠢᠺᠯ ᠹᠠᠷᠠᠳᠧᠢ 1867 ᠣᠨ ᠳᠤ ᠭᠡᠷ ᠲᠦ ᠪᠡᠨ ᠰᠠᠨᠳᠠᠯᠢ ᠳᠡᠭᠡᠷ᠎ᠡ ᠰᠠᠭᠤᠭ᠎ᠠ ᠪᠠᠷ ᠢᠶᠠᠨ ᠨᠠᠰᠤ ᠪᠠᠷᠠᠭᠰᠠᠨ ᠶᠤᠮ᠃

ᠪᠠᠭᠲᠠᠭᠠᠮᠵᠢᠡᠶᠢᠨ ᠬᠡᠮᠵᠢᠭᠦᠷ ᠹᠠᠷᠠᠳᠹᠢᠽᠢᠺᠡᠶᠢᠨ ᠹᠠᠷᠠᠳᠧᠢ ᠶᠢᠨ ᠲᠣᠭᠲᠠᠮᠠᠯ ᠨᠢ ᠲᠡᠭᠦᠨ ᠦ ᠨᠡᠷ᠎ᠡ ᠪᠡᠷ ᠨᠡᠷᠡᠯᠡᠭᠳᠡᠭᠰᠡᠨ ᠪᠠᠶᠢᠳᠠᠭ᠃ ᠮᠥᠨ 1991-2001 ᠣᠨ ᠳᠤ ᠭᠦᠢᠯᠭᠡᠭᠡᠨ ᠳᠦ ᠬᠡᠷᠡᠭᠯᠡᠭᠳᠡᠵᠦ ᠪᠠᠶᠢᠭᠰᠠᠨ 20 ᠹᠦᠨᠲ ᠰᠲ᠋ᠧᠷᠯᠢᠨ ᠢᠡᠶᠢᠨ ᠮᠥᠩᠭᠥᠨ ᠲᠡᠮᠳᠡᠭᠲᠦ ᠳᠡᠭᠡᠷ᠎ᠡ ᠲᠡᠭᠦᠨ ᠦ ᠬᠥᠷᠥᠭ ᠪᠠᠶᠢᠳᠠᠭ ᠪᠠᠶᠢᠪᠠ᠃

ᠭᠠᠳᠠᠭᠠᠳᠤ ᠬᠣᠯᠪᠣᠭᠠᠰᠤ[ᠵᠠᠰᠠᠪᠤᠷᠢᠯᠠᠬᠤ | ᠺᠣᠳ᠋ ᠢᠶᠠᠷ ᠵᠠᠰᠠᠬᠣ]

Commons
Викимедиа дуу дүрсний сан: ᠮᠠᠶᠢᠺᠯ ᠹᠠᠷᠠᠳᠧᠢ

ᠪᠢᠴᠢᠭᠡᠰᠦ