ᠮᠠᠶᠢᠺᠯ ᠵᠡᠺᠰᠣᠨ

ᠴᠢᠯᠦᠭᠡᠲᠦ ᠨᠡᠪᠲᠡᠷᠬᠡᠢ ᠲᠣᠯᠢ — ᠸᠢᠺᠢᠫᠧᠳᠢᠶ᠎ᠠ ᠠᠴᠠ
— «ᠮᠠᠶᠢᠺᠯ ᠵᠧᠺᠰᠣᠨ» ᠭᠡᠳ ᠬᠣᠯᠪᠣᠭᠳᠠᠪᠠ —
ᠬᠠᠷᠠᠶᠢᠬᠤ: ᠤᠳᠤᠷᠢᠳᠬᠤ, ᠬᠠᠶᠢᠯᠲᠠ
ᠮᠠᠶᠢᠺᠯ ᠵᠡᠺᠰᠣᠨ
ᠲᠦᠷᠦᠭᠰᠡᠨ ᠨᠡᠷ᠎ᠡ ᠮᠠᠶᠢᠺᠯ ᠵᠣᠵᠡᠹ ᠵᠡᠺᠰᠣᠨ
ᠲᠦᠷᠦᠭᠰᠡᠨ {{{birth_place}}}
ᠬᠠᠷᠢᠶᠠᠯᠠᠯ ᠠᠮᠧᠷᠢᠺᠠ AНУ
 ᠨᠠᠰᠤ ᠪᠠᠷᠠᠭᠰᠠᠨ 2009 ᠣᠨ ᠤ 6 ᠰᠠᠷ᠎ᠠ ᠶᠢᠨ 25 (50 ᠨᠠᠰᠤᠯᠠᠭᠰᠠᠨ),ᠯᠠᠣᠰ-ᠠᠩᠵᠧᠯᠧᠰᠺᠠᠯᠢᠹᠣᠷᠨᠢᠠᠮᠧᠷᠢᠺᠠ ᠶᠢᠨ ᠨᠢᠭᠡᠳᠦᠭᠰᠡᠨ ᠤᠯᠤᠰ
ᠬᠥᠭᠵᠢᠮ ᠦᠨ ᠤᠷᠤᠰᠬᠠᠯ R&B,pop,Rock, soul,dance, funk, disco, new jack swing
ᠮᠡᠷᠭᠡᠵᠢᠯ ᠳᠠᠭᠤᠴᠢᠨᠫᠷᠣᠳᠢᠶᠦ᠋ᠰᠧᠷᠵᠦᠵᠦᠭᠡᠴᠢᠨᠪᠢᠽᠢᠨ᠋ᠧᠰᠮᠠᠨᠬᠥᠭᠵᠢᠮ ᠦᠨ ᠵᠣᠬᠢᠶᠠᠯᠴᠢ
ᠬᠤᠭᠤᠴᠠᠭ᠎ᠠ 1964–2009
ᠰᠲ᠋ᠦ᠋ᠳᠢ

Motown, Epic, Legacy, MJJ Productions

Michael Jackson signature.svg
ᠮᠠᠶᠢᠺᠯ ᠵᠢᠵᠢᠭᠰᠡᠭᠡᠭ᠍ᠰᠡᠨ ᠤ ᠭᠠᠷ ᠤᠨ ᠦᠰᠦᠭ

ᠮᠠᠶᠢᠺᠯ ᠵᠣᠽᠧᠹ ᠵᠡᠺᠰᠣᠨ (ᠠᠩᠭᠯᠢ ᠪᠠᠷ Michael Joseph Jackson, 1958 ᠣᠨ ᠤ 8 ᠰᠠᠷ᠎ᠠ ᠶᠢᠨ 29 - 2009 ᠣᠨ ᠤ 6 ᠰᠠᠷ᠎ᠠ ᠶᠢᠨ 25) ᠨᠢ ᠠᠮᠧᠷᠢᠺᠠ ᠶᠢᠨ ᠨᠢᠭᠡᠳᠦᠭᠰᠡᠨ ᠤᠯᠤᠰ ᠍ ᠤᠨ ᠳᠠᠭᠤᠴᠢᠨ᠂ ᠪᠢᠽᠢᠨ᠋ᠧᠰᠮᠧᠨ ᠪᠠᠶᠢᠪᠠ᠃ ᠶᠡᠬᠡᠪᠴᠢᠯᠡᠨ ᠲᠡᠭᠦᠨ ᠢ ᠫᠣᠫ ᠤᠨ ᠬᠠᠭᠠᠨ ᠡᠰᠡᠪᠡᠯ ᠲᠡᠭᠦᠨ ᠦ ᠨᠡᠷᠡᠨ ᠦ ᠡᠬᠢᠨ ᠦ ᠦᠰᠦᠭ ᠦᠳ ᠪᠤᠶᠤ "ᠡᠮ ᠵᠧᠢ" ᠭᠡᠵᠦ ᠳᠠᠭᠤᠳᠠᠳᠠᠭ᠃ ᠵᠡᠺᠰᠣᠨ ᠨᠢ ᠭᠢᠨᠢᠨ᠋ᠧᠰ ᠦᠨ ᠳᠡᠯᠡᠬᠡᠢ ᠶᠢᠨ ᠷᠧᠺᠣᠷᠳ᠋ᠣᠳ ᠪᠦᠷᠢᠳᠬᠡᠭᠳᠡᠭᠰᠡᠨ "ᠪᠦᠬᠦ ᠴᠠᠭ ᠦᠶ᠎ᠡ ᠶᠢᠨ ᠬᠠᠮᠤᠭ ᠤᠨ ᠠᠮᠵᠢᠯᠲᠠ ᠲᠠᠢ ᠧᠰᠲᠷᠠᠳ᠋ ᠍ ᠤᠨ ᠳᠠᠭᠤᠴᠢᠨ" ᠭᠡᠳᠡᠭ ᠢᠶᠡᠷ ᠢᠶᠡᠨ ᠲᠠᠨᠢᠭᠳᠠᠭᠰᠠᠨ᠃ ᠲᠡᠭᠦᠨ ᠦ ᠬᠥᠭᠵᠢᠮ᠂ᠪᠦᠵᠢᠭ᠂ᠵᠠᠭᠪᠤᠷ ᠵᠡᠷᠭᠡ ᠳᠦ ᠦᠨᠡᠲᠡᠢ ᠬᠤᠪᠢ ᠨᠡᠮᠡᠷᠢ ᠣᠷᠣᠭᠤᠯᠤᠭᠰᠠᠨ᠂ ᠮᠥᠨ ᠲᠡᠭᠦᠨ ᠦ ᠣᠯᠣᠩ ᠳᠤ ᠲᠠᠨᠢᠭᠳᠠᠭᠰᠠᠨ ᠬᠤᠪᠢ ᠤᠨ ᠠᠮᠢᠳᠤᠷᠠᠯ ᠵᠡᠷᠭᠡ ᠨᠢ 40 ᠵᠢᠯ ᠦᠨ ᠲᠤᠷᠰᠢ ᠲᠡᠭᠦᠨ ᠢ ᠳᠡᠯᠡᠬᠡᠢ ᠳᠠᠬᠢᠨ ᠳᠤ ᠲᠠᠨᠢᠭᠳᠠᠭᠤᠯᠤᠭᠰᠠᠨ᠃ ᠵᠡᠺᠰᠣᠨ ᠤ ᠭᠡᠷ ᠪᠦᠯᠢ ᠶᠢᠨ 8 ᠳᠠᠬᠢ ᠬᠡᠦᠬᠡᠳ᠃ ᠠᠩᠬᠠᠨ ᠤ ᠲᠣᠭᠯᠠᠯᠲᠠ ᠪᠠᠨ 1964 ᠣᠨ ᠳᠤ "ᠵᠡᠺᠰᠣᠨ 5" ᠪᠤᠶᠤ ᠠᠬ᠎ᠠ ᠨᠠᠷ ᠲᠠᠢ ᠪᠠᠨ ᠮᠡᠷᠭᠡᠵᠢᠯ ᠦᠨ ᠬᠡᠵᠢᠮ ᠤᠨ ᠲᠣᠭᠯᠠᠯᠲᠠ ᠲᠠᠯᠪᠢᠭᠰᠠᠨ᠂ ᠬᠠᠷᠢᠨ ᠭᠠᠭᠴᠠᠭᠠᠷᠴᠢᠯᠠᠭᠰᠠᠨ ᠺᠠᠷᠢᠸᠷ ᠢᠶᠠᠨ 1971 ᠣᠨ ᠳᠤ ᠡᠬᠢᠯᠡᠭᠦᠯᠦᠭᠰᠡᠨ᠃

1980 ᠍ ᠊ᠭᠠᠳ ᠣᠨ ᠤ ᠡᠬᠢ ᠪᠡᠷ ᠵᠡᠺᠰᠣᠨ ᠨᠡᠶᠢᠲᠡ ᠶᠢᠨ ᠬᠥᠭᠵᠢᠮᠳᠡ ᠨᠣᠶᠠᠷᠬᠠᠵᠤ ᠡᠬᠢᠯᠡᠭᠰᠡᠨ᠃ ᠲᠡᠭᠦᠨ ᠦ "Beat It", "Billie Jean", ᠪᠠ "Thriller" ᠵᠡᠷᠭᠡ ᠳᠠᠭᠤᠨ ᠨᠤᠭᠤᠳ ᠤᠨ ᠺᠯᠢᠫ ᠦᠳ ᠨᠢ ᠨᠡᠷ᠎ᠡ ᠳᠦ ᠭᠠᠷᠴᠤ᠂ ᠤᠷᠠᠯᠢᠭ ᠢᠶᠠᠷ ᠳᠠᠮᠵᠢᠭᠤᠯᠠᠨ ᠠᠷᠠᠰᠤ ᠥᠩᠭᠡ ᠪᠡᠷ ᠢᠯᠭᠠᠪᠤᠷᠢᠯᠠᠬᠤ ᠦᠵᠡᠯ ᠢ ᠤᠰᠠᠳᠬᠠᠬᠤ ᠳᠤ ᠳᠡᠮᠵᠢᠯᠭᠡ ᠦᠵᠡᠭᠦᠯᠵᠡᠢ᠃ ᠡᠳᠡᠭᠡᠷ ᠪᠢᠴᠢᠯᠭᠡᠨ ᠨᠦᠭᠦᠳ ᠨᠡᠷ᠎ᠡ ᠲᠡᠢ ᠪᠣᠯᠤᠭᠰᠠᠨ ᠢᠶᠠᠷ ᠰᠢᠨᠡᠬᠡᠨ ᠨᠡᠭᠡᠭᠡᠭᠳᠡᠵᠦ ᠪᠠᠶᠢᠭᠰᠠᠨ ᠲᠧᠯᠧᠸᠢᠰ ᠦᠨ ᠰᠤᠪᠠᠭ MTV ᠍ ᠢ ᠨᠡᠷ᠎ᠡ ᠳᠦ ᠭᠠᠷᠭᠠᠵᠠᠢ᠃ ᠮᠥᠨ ᠲᠡᠷᠡ ᠦᠷᠭᠦᠯᠵᠢᠯᠡᠭᠦᠯᠦᠨ 1990 ᠍ ᠊ᠭᠡᠳ ᠣᠨ ᠤ ᠳᠤᠮᠳᠠᠭᠤᠷ "Black or White" ᠪᠣᠯᠤᠨ "Scream" ᠵᠡᠷᠭᠡ ᠪᠢᠴᠢᠯᠭᠡᠨ ᠨᠦᠭᠦᠳ ᠭᠠᠷᠭᠠᠵᠤ ᠮᠥᠨ ᠠᠶᠠᠯᠠᠨ ᠰᠣᠯᠣ ᠤᠷᠠᠨ ᠪᠦᠲᠦᠭᠡᠯᠴᠢ ᠭᠡᠬᠦ ᠨᠡᠷ᠎ᠡ ᠬᠦᠨᠳᠦ ᠪᠡᠨ ᠳᠠᠪᠲᠠᠭᠰᠠᠨ᠃ ᠪᠢᠴᠢᠯᠭᠡ ᠪᠣᠯᠤᠨ ᠸᠢᠳᠢᠣ᠋ ᠲᠣᠭᠯᠠᠯᠲᠠ ᠪᠠᠷ ᠢᠶᠠᠨ ᠲᠡᠷᠡ ᠷᠣᠪᠣ ᠳᠤ᠂ ᠰᠠᠷᠠᠨ ᠤ ᠠᠯᠬᠤᠭ᠎ᠠ ᠵᠡᠷᠭᠡ ᠨᠡᠯᠢᠶᠡᠳ ᠬᠡᠳᠦᠨ ᠲᠥᠪᠡᠭᠲᠡᠢ ᠪᠦᠵᠢᠭ ᠦᠨ ᠬᠥᠳᠡᠯᠭᠡᠭᠡᠨ ᠢᠶᠡᠨ ᠳᠡᠯᠭᠡᠷᠡᠭᠦᠯᠵᠡᠢ᠃ ᠲᠡᠭᠦᠨ ᠦ ᠥᠪᠡᠷᠮᠢᠴᠡ ᠰᠢᠨᠵᠢ ᠲᠡᠢ ᠠᠶ᠎ᠠ ᠪᠣᠯᠤᠨ ᠪᠦᠵᠢᠭ ᠦᠨ ᠬᠥᠳᠡᠯᠭᠡᠭᠡᠨ ᠳᠦ ᠦᠶ᠎ᠡ ᠦᠶ᠎ᠡ ᠶᠢᠨ ᠬᠢᠫ ᠬᠣᠫ᠂ R&B, ᠫᠣᠫ᠂ ᠷᠣᠺ ᠤᠷᠠᠨ ᠪᠦᠲᠦᠭᠡᠯᠴᠢᠳ ᠠᠪᠲᠠᠵᠠᠢ᠃

ᠵᠡᠺᠰᠣᠨ ᠤ 1982 ᠣᠨ ᠳᠤ ᠭᠠᠷᠭᠠᠭᠰᠠᠨ Triller ᠴᠣᠮᠣᠭ ᠨᠢ ᠪᠦᠬᠦ ᠴᠠᠭ ᠦᠶ᠎ᠡ ᠶᠢᠨ ᠰᠢᠯᠢᠳᠡᠭ ᠵᠠᠷᠤᠭᠳᠠᠭᠰᠠᠨ ᠴᠣᠮᠣᠭ ᠪᠣᠯᠤᠭᠰᠠᠨ᠃ ᠲᠡᠭᠦᠨ ᠦ ᠪᠤᠰᠤᠳ ᠴᠣᠮᠣᠭ ᠤᠳ ᠪᠣᠯᠬᠤ off the wall(1979),BaD(1987),dangerous(1991),HIstory(1995) ᠨᠢ ᠴᠤ ᠭᠡᠰᠡᠨ ᠳᠡᠯᠡᠬᠡᠢ ᠳᠦ ᠪᠣᠷᠣᠯᠠᠭᠤᠯᠤᠯᠲᠠ ᠪᠠᠷ ᠢᠶᠠᠨ ᠳᠡᠭᠡᠭᠦᠷ ᠲᠦ ᠵᠢᠭ᠌ᠰᠠᠵᠤ ᠪᠠᠶᠢᠨ᠎ᠠ᠃ᠵᠡᠺᠰᠣᠨ ᠨᠢ Rock and Roll Hall of Fame ᠍ ᠳᠦ 2 ᠰᠢᠬᠢᠷ ᠤᠳᠠᠭ᠎ᠠ ᠣᠷᠣᠭᠰᠠᠨ ᠴᠥᠭᠡᠬᠡᠨ ᠤᠷᠠᠨ ᠪᠦᠲᠦᠭᠡᠯᠴᠢᠳ ᠦᠨ 1 ᠶᠤᠮ᠃ ᠮᠥᠨ ᠲᠡᠷᠡ ᠪᠦᠵᠢᠭ ᠦᠨ ᠠᠯᠳᠠᠷ ᠴᠤᠤᠲᠠᠨ ᠤ ᠲᠠᠩᠬᠢᠮ ᠳᠤ ᠷᠣᠺ&ᠷᠣᠯᠯ ᠪᠣᠯᠤᠨ ᠫᠣᠫ ᠳᠠᠭᠤᠴᠢᠳ ᠠᠴᠠ ᠣᠷᠣᠭᠰᠠᠨ ᠴᠣᠷ ᠤᠨ ᠭᠠᠭᠴᠠ ᠤᠷᠠᠨ ᠪᠦᠲᠦᠭᠡᠯᠴᠢ ᠶᠤᠮ᠃ ᠮᠥᠨ ᠲᠡᠭᠦᠨ ᠦ ᠣᠯᠤᠯᠲᠠ ᠠᠮᠵᠢᠯᠲᠠ ᠨᠤᠭᠤᠳ ᠠᠴᠠ ᠳᠤᠷᠠᠳᠪᠠᠯ᠂ ᠭᠷᠠᠮ ᠤᠨ ᠳᠣᠮᠣᠭ ᠱᠠᠩᠨᠠᠯ ᠪᠣᠯᠤᠨ ᠭᠷᠠᠮ ᠤᠨ ᠪᠦᠬᠦᠢ ᠯᠠ ᠠᠮᠢᠳᠤᠷᠠᠯ ᠤᠨ ᠣᠯᠤᠯᠲᠠ ᠠᠮᠵᠢᠯᠲᠠ ᠱᠠᠩᠨᠠᠯ ᠭᠡᠬᠦ ᠮᠡᠲᠦ 13 ᠤᠳᠠᠭ᠎ᠠ ᠭᠷᠠᠮ ᠤᠨ ᠱᠠᠩᠨᠠᠯ᠂ 26 ᠤᠳᠠᠭ᠎ᠠ ᠠᠮᠧᠷᠢᠺᠠ ᠶᠢᠨ ᠬᠥᠭᠵᠢᠮ ᠦᠨ ᠱᠠᠩᠨᠠᠯ᠂ 《ᠵᠠᠭᠤᠨ ᠤ ᠵᠦᠵᠦᠭᠡᠴᠢᠨ》, 《1980 ᠍ ᠊ᠭᠠᠳ ᠣᠨ ᠤ ᠵᠦᠵᠦᠭᠡᠴᠢᠨ》 ᠭᠡᠬᠦ ᠮᠡᠲᠦᠴᠢᠯᠠᠨ ᠪᠤᠰᠤᠳ ᠵᠦᠵᠦᠭᠡᠴᠢᠨ ᠦ ᠱᠠᠩᠨᠠᠯ᠂ ᠭᠣᠴᠣᠯᠠᠯ ᠳᠠᠭᠤᠴᠢᠨ ᠤ ᠪᠠᠨ ᠮᠡᠷᠭᠡᠵᠢᠯ ᠢᠶᠡᠷ ᠠᠪᠤᠭᠰᠠᠨ 13 ᠤᠳᠠᠭ᠎ᠠ ᠠᠮᠧᠷᠢᠺᠠ ᠶᠢᠨ ᠨᠢᠭᠡᠳᠦᠭᠰᠡᠨ ᠤᠯᠤᠰ ᠤᠨ ᠨᠣᠮᠧᠷ ᠨᠢᠭᠡ ᠳᠠᠭᠤᠴᠢᠨ ᠱᠠᠩᠨᠠᠯ᠂ ᠡᠷᠡᠨ ᠦᠶ᠎ᠡ ᠶᠢᠨ 《Hot 100》 ᠡᠷᠡᠭᠲᠡᠢ ᠵᠦᠵᠦᠭᠡᠴᠢᠨ ᠦ ᠣᠯᠠᠨ ᠱᠠᠩᠨᠠᠯ ᠪᠣᠯᠤᠨ ᠳᠡᠯᠡᠬᠡᠢ ᠳᠠᠬᠢᠨ ᠢᠶᠠᠨ 750 ᠰᠠᠶ᠎ᠠ ᠬᠠᠭᠤᠷᠴᠠᠭ ᠪᠣᠷᠣᠯᠠᠭᠤᠯᠤᠭᠰᠠᠨ ᠭᠡᠬᠦ ᠮᠡᠲᠦ ᠳᠡᠯᠡᠬᠡᠢ ᠶᠢᠨ ᠭᠧᠨᠨᠢᠰ ᠦᠨ ᠠᠮᠵᠢᠯᠲᠠ ᠨᠤᠭᠤᠳ ᠢ ᠪᠤᠢ ᠪᠣᠯᠭᠠᠭᠰᠠᠨ ᠬᠦᠮᠦᠨ ᠶᠤᠮ᠃ ᠵᠠᠺᠰᠣᠨ ᠧᠰᠲᠷᠠᠳ᠋ ᠍ ᠤᠨ ᠳᠠᠭᠤᠤ ᠬᠥᠭᠵᠢᠮ ᠦᠨ ᠲᠡᠭᠦᠬᠡᠨ ᠢᠶᠡᠨ ᠬᠠᠮᠤᠭ ᠤᠨ ᠶᠡᠬᠡ ᠱᠠᠩᠨᠠᠯ ᠠᠪᠤᠭᠰᠠᠨ ᠬᠠᠭᠤᠷᠴᠠᠭ ᠭᠠᠷᠭᠠᠭᠰᠠᠨ ᠪᠥᠭᠡᠳ ᠬᠡᠳᠦᠨ ᠵᠠᠭᠤᠨ ᠱᠠᠩᠨᠠᠯ ᠢ ᠬᠦᠷᠲᠡᠭᠰᠡᠨ ᠬᠦᠮᠦᠨ ᠶᠤᠮ᠃ ᠵᠠᠺᠰᠣᠨ ᠤ ᠭᠠᠳᠠᠭᠠᠳᠤ ᠲᠥᠷᠬᠥ ᠶᠢᠨ ᠥᠭᠡᠷᠡᠴᠢᠯᠡᠯᠲᠡ᠂ ᠬᠤᠪᠢ ᠤᠨ ᠬᠠᠷᠢᠯᠴᠠᠭ᠎ᠠ ᠪᠣᠯᠤᠨ ᠵᠠᠩ ᠲᠥᠯᠥᠪ ᠭᠡᠬᠦ ᠮᠡᠲᠦ ᠬᠤᠪᠢ ᠤᠨ ᠠᠮᠢᠳᠤᠷᠠᠯ ᠤᠨ ᠲᠠᠯ᠎ᠠ ᠳᠡᠭᠡᠷ᠎ᠡ ᠮᠠᠷᠭᠤᠭᠠᠨ ᠭᠠᠷᠳᠠᠭ ᠪᠠᠶᠢᠯ᠎ᠠ᠃ 1990 ᠍ ᠳᠦ ᠣᠨ ᠤ ᠳᠤᠮᠳᠠᠭᠤᠷ᠂ ᠲᠡᠭᠦᠨ ᠢ ᠨᠠᠰᠤᠨ ᠳᠤ ᠬᠦᠷᠢᠶ᠎ᠡ ᠭᠦᠢ ᠬᠣᠶᠠᠷ ᠬᠥᠪᠡᠭᠦᠨ ᠢ ᠪᠡᠯᠭᠡ ᠶᠢᠨ ᠬᠦᠴᠦᠷᠬᠡᠶᠢᠯᠡᠯ ᠢᠶᠡᠷ ᠳᠠᠷᠤᠮᠲᠠᠯᠠᠭᠰᠠᠨ ᠬᠡᠮᠡᠨ ᠪᠤᠷᠤᠭᠤᠳᠬᠠᠵᠤ᠂ 25 ᠰᠠᠶ᠎ᠠ ᠪᠣᠯᠤᠨ 2 ᠰᠠᠶ᠎ᠠ ᠳ᠋ᠣᠯᠯᠠᠷ ᠢᠶᠠᠷ ᠲᠣᠷᠭᠣᠬᠤ ᠰᠢᠢᠳᠪᠦᠷᠢ ᠭᠠᠷᠭᠠᠭᠰᠠᠨ ᠴᠤ ᠠᠯᠪᠠᠨ ᠶᠣᠰᠣᠨ ᠤ ᠲᠥᠯᠥᠪᠦᠷᠢ ᠲᠥᠯᠥᠭᠦᠯᠦᠭᠡ ᠦᠭᠡᠢ ᠪᠠᠶᠢᠨ᠎ᠠ᠃ ᠲᠡᠭᠦᠨ ᠦ ᠬᠦᠮᠦᠨᠯᠢᠭ ᠦᠨ ᠦᠢᠯᠡ ᠠᠵᠢᠯᠯᠠᠭ᠎ᠠ ᠪᠣᠯᠤᠨ ᠪᠤᠰᠤᠳ ᠫᠣᠫ ᠣᠳᠣ ᠨᠤᠭᠤᠳ ᠠᠴᠠ ᠢᠯᠡᠭᠦᠦ ᠲᠡᠢ 39 ᠪᠤᠶᠠᠨ ᠤ ᠦᠢᠯᠡ ᠠᠵᠢᠯᠯᠠᠭᠠᠨ ᠳᠤ ᠣᠷᠣᠯᠴᠠᠭᠰᠠᠨ ᠨᠢ 2000 ᠣᠨ ᠤ ᠭᠧᠨᠨᠢᠰ ᠦᠨ ᠨᠣᠮ ᠳᠤ ᠪᠢᠴᠢᠭᠳᠡᠨ᠂ ᠳᠡᠯᠡᠬᠡᠢ ᠳᠠᠬᠢᠨ ᠳᠤ ᠲᠠᠰᠤᠷᠠᠯᠲᠠ ᠦᠭᠡᠢ ᠠᠶᠠᠯᠠᠳᠠᠭ ᠪᠠᠶᠢᠭᠰᠠᠨ᠃ ᠬᠡᠳᠦᠢ ᠲᠡᠶᠢᠮᠦ ᠪᠣᠯᠪᠠᠴᠤ 1998 ᠣᠨ ᠳᠤ ᠪᠷᠢᠲ᠋ᠠᠨ ᠦ ᠬᠠᠯᠠᠮᠵᠢ ᠶᠢᠨ ᠬᠣᠷᠢᠶ᠎ᠠ ᠵᠠᠺᠰᠣᠨ ᠤ ᠬᠢᠵᠦ ᠪᠤᠢ ᠦᠢᠯᠡᠳᠦᠯ ᠦᠳ ᠨᠢ ᠲᠡᠭᠦᠨ ᠦ ᠪᠤᠶᠠᠨ ᠤ ᠭᠡᠬᠦ ᠰᠠᠶᠢᠨ ᠨᠡᠷ᠎ᠡ ᠶᠢ ᠭᠤᠲᠤᠭᠠᠵᠤ ᠪᠠᠶᠢᠨ᠎ᠠ ᠭᠡᠵᠦ ᠦᠵᠡᠭᠡᠳ ᠲᠡᠭᠦᠨ ᠦ Heal the world /ᠡᠬᠡ ᠳᠡᠯᠡᠬᠡᠢ ᠪᠡᠨ ᠬᠠᠶᠢᠷᠠᠯᠠ/ ᠪᠤᠶᠠᠨ ᠤ ᠪᠠᠶᠢᠭᠤᠯᠤᠯᠭ᠎ᠠ ᠶᠢᠨ ᠦᠢᠯᠡ ᠠᠵᠢᠯᠯᠠᠭ᠎ᠠ ᠶᠢ ᠵᠣᠭᠰᠣᠭᠠᠭᠰᠠᠨ᠃ 2005 ᠣᠨ ᠳᠤ᠂ ᠲᠡᠭᠦᠨ ᠢ ᠪᠠᠭ᠎ᠠ ᠨᠠᠰᠤᠨ ᠤ ᠬᠡᠦᠬᠡᠳ ᠢ ᠰᠠᠳᠤᠷ ᠰᠠᠮᠠᠭᠤᠨ ᠳᠤ ᠤᠷᠤᠭᠤ ᠲᠠᠲᠠᠭᠰᠠᠨ ᠭᠡᠰᠡᠨ ᠮᠡᠳᠡᠭᠳᠡᠯ ᠦᠳ ᠦᠨ ᠳᠠᠷᠠᠭ᠎ᠠ ᠲᠡᠭᠦᠨ ᠢ ᠪᠤᠷᠤᠭᠤ ᠦᠭᠡᠢ ᠭᠡᠳᠡᠭ ᠢ ᠨᠢ ᠪᠠᠲᠤᠯᠠᠭᠰᠠᠨ᠃ This Is It ᠨᠡᠷ᠎ᠡ ᠲᠡᠢ ᠲᠣᠭᠯᠠᠯᠲᠠᠨ ᠳᠤ ᠪᠠᠨ ᠪᠡᠯᠡᠳᠴᠦ ᠪᠠᠶᠢᠬᠤ ᠦᠶᠡᠳᠡᠭᠡ ᠵᠠᠺᠰᠣᠨ 2009 ᠣᠨ ᠤ ᠵᠢᠷᠭᠤᠳᠤᠭᠠᠷ ᠰᠠᠷ᠎ᠠ ᠶᠢᠨ 25 ᠍ ᠳᠦ ᠵᠢᠷᠦᠬᠡᠨ ᠦ ᠡᠮᠭᠡᠭ ᠦᠨ ᠲᠠᠶᠢᠪᠤᠰᠢᠷᠠᠭᠤᠯᠬᠤ ᠪᠣᠯᠤᠨ ᠡᠪᠡᠳᠴᠢᠨ ᠨᠠᠮᠳᠠᠭᠠᠬᠤ ᠡᠮ ᠲᠠᠷᠢᠶ᠎ᠠ ᠬᠡᠷᠡᠭᠯᠡᠭᠰᠡᠨ ᠦ ᠪᠡᠨ ᠳᠠᠷᠠᠭ᠎ᠠ ᠬᠣᠣᠷᠳᠠᠨ ᠨᠠᠰᠤ ᠪᠠᠷᠠᠭᠰᠠᠨ᠃ ᠯᠣᠰ ᠠᠨᠵᠧᠯᠧᠰ ᠬᠣᠲᠠ ᠶᠢᠨ ᠰᠢᠭᠦᠬᠦ ᠶᠢᠨ ᠵᠠᠳᠠᠯᠤᠨ ᠰᠢᠨᠵᠢᠯᠡᠭᠡ ᠪᠡᠷ ᠲᠡᠭᠦᠨ ᠢ ᠪᠤᠰᠤᠳ ᠤᠨ ᠭᠠᠷ ᠲᠤ ᠠᠮᠢᠶ᠎ᠠ ᠠᠯᠠᠳᠠᠭᠰᠠᠨ ᠭᠡᠵᠦ ᠳ᠋ᠦᠩᠨᠡᠭᠰᠡᠨ ᠪᠠ ᠡᠭᠦᠨ ᠳᠦ ᠨᠢ ᠲᠡᠭᠦᠨ ᠦ ᠬᠤᠪᠢ ᠤᠨ ᠡᠮᠴᠢ ᠶᠢ ᠰᠠᠨᠠᠭᠠᠨᠳᠠ ᠦᠭᠡᠢ ᠬᠦᠮᠦᠨ ᠦ ᠠᠮᠢ ᠬᠣᠷᠢᠶᠠᠭᠰᠠᠨ ᠬᠡᠮᠡᠨ ᠪᠤᠷᠤᠭᠤᠳᠬᠠᠭᠰᠠᠨ᠃ ᠵᠠᠺᠰᠣᠨ ᠤ ᠦᠬᠦᠯ ᠳᠡᠯᠡᠬᠡᠢ ᠶᠢᠨ ᠬᠦᠮᠦᠰ ᠢ ᠬᠠᠷᠠᠭᠤᠰᠤᠯ ᠳᠤ ᠤᠨᠠᠭᠠᠭᠰᠠᠨ ᠪᠠ᠂ ᠳᠡᠯᠡᠬᠡᠢ ᠶᠢᠨ ᠥᠨᠴᠥᠭ ᠪᠤᠯᠤᠨ ᠪᠦᠷᠢ ᠡᠴᠡ ᠨᠢᠭᠡ ᠲᠡᠷᠪᠤᠮ ᠬᠦᠮᠦᠰ ᠲᠡᠭᠦᠨ ᠦ ᠳᠤᠷᠠᠰᠬᠠᠯ ᠤᠨ ᠠᠵᠢᠯᠯᠠᠭ᠎ᠠ ᠶᠢ ᠲᠧᠯᠧᠸᠢᠰ ᠢᠶᠡᠷ ᠰᠢᠭᠤᠳ ᠦᠵᠡᠭᠢᠭ᠍ᠰᠡᠨ᠃ 2010 ᠣᠨ ᠤ ᠭᠤᠷᠪᠠᠳᠤᠭᠠᠷ ᠰᠠᠷ᠎ᠠ ᠳᠤ᠂ ᠲᠡᠭᠦᠨ ᠦ ᠳᠠᠭᠤᠤ ᠪᠢᠴᠢᠯᠭᠡ ᠶᠢᠨ ᠡᠷᠬᠡ ᠶᠢ 2017 ᠣᠨ ᠬᠦᠷᠲᠡᠯ᠎ᠡ ᠬᠡᠪ ᠢᠶᠡᠷ ᠨᠢ ᠬᠠᠳᠠᠭᠠᠯᠠᠬᠤ᠂ ᠲᠡᠭᠦᠨ ᠦ ᠨᠠᠰᠤ ᠪᠠᠷᠰᠤᠨ ᠤ ᠳᠠᠷᠠᠭᠠᠬᠢ 7 ᠠᠯᠢᠪᠤᠮ ᠢ ᠭᠠᠷᠭᠠᠬᠤ 250 ᠰᠠᠶ᠎ᠠ ᠳ᠋ᠣᠯᠯᠠᠷ ᠤᠨ ᠭᠡᠷ᠎ᠡ ᠬᠢᠭᠳᠡᠭᠰᠡᠨ᠃

ᠠᠮᠢᠳᠤᠷᠠᠯ ᠪᠣᠯᠤᠨ ᠠᠮᠵᠢᠯᠲᠠ ᠶᠢᠨ ᠵᠠᠮ[ᠵᠠᠰᠠᠪᠤᠷᠢᠯᠠᠬᠤ | ᠺᠣᠳ᠋ ᠢᠶᠠᠷ ᠵᠠᠰᠠᠬᠣ]

ᠪᠠᠭ᠎ᠠ ᠨᠠᠰᠤ ᠪᠣᠯᠤᠨ ᠵᠧᠺᠰᠣᠨ 5 ᠬᠠᠮᠲᠤᠯᠢᠭ (1958–1975)[ᠵᠠᠰᠠᠪᠤᠷᠢᠯᠠᠬᠤ | ᠺᠣᠳ᠋ ᠢᠶᠠᠷ ᠵᠠᠰᠠᠬᠣ]

A house surrounded by yellow colored grass, flowers, trees, and a light blue colored sky can be seen. The house has white walls, two windows, a white door with a black door frame, and a black roof. In front of the house there is a walk way, yellow grass and multiple colored flowers and memorabilia. In the background, there are two tall trees and a light blue colored sky that has multiple clouds.
ᠢᠨᠳᠢᠶᠠᠨ᠎ᠠ ᠳᠠᠬᠢ ᠴᠢᠺᠠᠭᠣ ᠬᠣᠲᠠ ᠶᠢᠨ ᠣᠶᠢᠷᠠᠯᠴᠠᠭ᠎ᠠ ᠪᠠᠶᠢᠬᠤ ᠦᠢᠯᠡᠳᠪᠦᠷᠵᠢᠭᠰᠡᠨ ᠭᠡᠷᠢ ᠬᠣᠳᠠ ᠳᠤ ᠪᠠᠶᠢᠬᠤ ᠵᠡᠺᠰᠣᠨ ᠤ ᠭᠡᠷ

ᠢᠨᠳᠢᠶᠠᠨ᠎ᠠ ᠳᠠᠬᠢ ᠴᠢᠺᠠᠭᠣ ᠬᠣᠲᠠ ᠶᠢᠨ ᠣᠶᠢᠷᠠᠯᠴᠠᠭ᠎ᠠ ᠪᠠᠶᠢᠬᠤ ᠦᠢᠯᠡᠳᠪᠦᠷᠵᠢᠭᠰᠡᠨ ᠭᠡᠷᠢ ᠬᠣᠳᠠ ᠳᠤ ᠪᠠᠶᠢᠬᠤ ᠭᠡᠷ ᠲᠦ ᠪᠡᠨ ᠪᠠᠭ᠎ᠠ ᠨᠠᠰᠤ ᠪᠠᠨ ᠥᠩᠭᠡᠷᠡᠭᠡᠭᠰᠡᠨ ᠲᠡᠷᠡᠪᠡᠷ 1958 ᠣᠨ ᠤ ᠨᠠᠶᠢᠮᠠᠳᠤᠭᠠᠷ ᠰᠠᠷ᠎ᠠ ᠶᠢᠨ 29 ᠍ ᠳᠦ᠂ ᠠᠹᠷᠢᠺᠠ-ᠠᠮᠧᠷᠢᠺᠠ ᠶᠢᠨ ᠠᠵᠢᠯᠵᠢᠨ ᠭᠡᠷ ᠪᠦᠯᠢ ᠳᠦ 10 ᠬᠡᠦᠬᠡᠳ ᠦᠨ ᠨᠠᠶᠢᠮᠠ ᠳᠠᠬᠢ ᠨᠢ ᠪᠣᠯᠤᠨ ᠲᠥᠷᠦᠵᠢ᠂ ᠭᠤᠷᠪᠠᠨ ᠥᠷᠥᠭᠡ ᠲᠡᠢ ᠵᠢᠵᠢᠭ ᠪᠠᠶᠢᠰᠢᠩ ᠳᠤ ᠥᠰᠴᠠᠢ᠃ ᠲᠡᠭᠦᠨ ᠦ ᠡᠵᠢ ᠺᠠᠲ᠋ᠧᠷᠢᠨ ᠡᠰᠲ᠋ᠧᠷ ᠰᠺᠷᠦ᠋ᠰ ᠢᠣᠬᠣᠨ ᠤ ᠭᠡᠷᠡᠴᠢᠯᠡᠯ ᠳᠦ ᠰᠦᠵᠢᠭ ᠲᠡᠢ ᠨᠢᠭᠡᠨ ᠪᠠᠶᠢᠭᠰᠠᠨ ᠪᠠ᠂ ᠲᠡᠭᠦᠨ ᠦ ᠡᠴᠢᠭᠡ ᠵᠣᠰᠧᠹ ᠤᠤᠯᠲ᠋ᠧᠷ ᠵᠢᠶ᠎ᠡ ᠵᠠᠺᠰᠣᠨ ᠲᠡᠮᠦᠷ ᠲᠡᠭᠡᠷᠮ᠎ᠡ ᠶᠢᠨ ᠠᠵᠢᠯᠴᠢᠨ ᠪᠠᠶᠢᠭᠰᠠᠨ ᠪᠠ The Falcons ᠨᠡᠷ᠎ᠡ ᠲᠡᠢ R&B ᠬᠠᠮᠲᠤᠯᠢᠭ ᠲᠤ ᠳᠠᠭᠤᠯᠠᠳᠠᠭ ᠪᠠᠶᠢᠭᠰᠠᠨ᠃ ᠵᠧᠺᠰᠣᠨ ᠷᠧᠪᠪᠡᠶ᠎ᠡ᠂ ᠯᠠ ᠲᠠᠶ᠎ᠠ ᠪᠣᠯᠤᠨ ᠵᠠᠩ ᠲᠤ ᠭᠡᠰᠡᠨ ᠭᠤᠷᠪᠠᠨ ᠡᠭᠡᠴᠢ᠂ ᠳᠡᠭᠦᠦ ᠲᠡᠢ᠂ ᠵᠠᠬᠢᠶ᠎ᠡ᠂ ᠲᠢᠲ᠋ᠣ᠂ ᠵᠡᠷᠮᠠᠢ ᠶᠢᠨ᠂ ᠮᠠᠷᠯᠠᠨ ᠪᠣᠯᠤᠨᠷᠠᠨᠳᠢ ᠭᠡᠰᠡᠨ ᠲᠠᠪᠤᠨ ᠠᠬ᠎ᠠ ᠲᠠᠢ ᠪᠠᠶᠢᠭᠰᠠᠨ᠃ ᠲᠡᠭᠦᠨ ᠦ ᠳᠡᠭᠦᠦ ᠪᠷᠠᠨᠳᠣᠨ ᠨᠢ ᠲᠥᠷᠦᠭᠰᠡᠨ ᠦ ᠪᠡᠨ ᠳᠠᠷᠠᠭ᠎ᠠ ᠤᠳᠠᠯ ᠦᠭᠡᠢ ᠨᠠᠰᠤ ᠪᠠᠷᠠᠭᠰᠠᠨ ᠶᠤᠮᠰᠠᠨᠵᠢ᠃ ᠵᠧᠺᠰᠣᠨ ᠥᠪᠡᠷ ᠦᠨ ᠡᠴᠢᠭᠡ ᠵᠢᠶ᠎ᠡ ᠲᠡᠢ ᠬᠠᠷᠢᠴᠠᠬᠤ ᠳᠤ ᠪᠡᠷᠬᠡᠰᠢᠶᠡᠯ ᠲᠡᠢ ᠪᠠᠶᠢᠳᠠᠭ ᠪᠠᠶᠢᠭᠰᠠᠨ᠃ ᠵᠣᠽᠧᠹ ᠵᠧᠺᠰᠣᠨ 2003 ᠣᠨ ᠳᠤ ᠮᠠᠶᠢᠺᠯ ᠵᠧᠺᠰᠣᠨ ᠢ ᠥᠪᠡᠷ ᠦᠨ ᠬᠦᠦ ᠬᠡᠮᠡᠨ ᠬᠦᠯᠢᠶᠡᠨ ᠵᠥᠪᠰᠢᠶᠡᠷᠡᠴᠢ ᠪᠠᠶᠢᠭ᠎ᠠ ᠪᠠᠨ ᠮᠡᠳᠡᠭᠳᠡᠵᠡᠢ᠃ ᠵᠧᠺᠰᠣᠨ ᠪᠡᠶ᠎ᠡ ᠮᠠᠬᠠᠪᠣᠳ ᠤᠨ ᠪᠣᠯᠤᠨ ᠰᠡᠳᠬᠢᠯ ᠰᠠᠨᠠᠭᠠᠨ ᠤ ᠳᠠᠭᠠᠷᠢᠯᠲᠠᠨ ᠳᠤ ᠲᠠᠰᠤᠷᠠᠯᠲᠠ ᠦᠭᠡᠢ ᠪᠡᠯᠡᠳᠬᠡᠯ ᠬᠢᠵᠦ ᠪᠠᠶᠢᠬᠤ ᠳᠤ ᠪᠠᠨ ᠶᠡᠬᠡ ᠥᠷᠲᠦᠳᠡᠭ ᠪᠠᠶᠢᠭᠰᠠᠨ ᠢᠶᠠᠨ ᠳᠤᠷᠠᠳᠤᠭᠰᠠᠨ ᠪᠠᠶᠢᠳᠠᠭ ᠪᠠ᠂ ᠲᠡᠶᠢᠮᠦ ᠡᠴᠡ ᠲᠡᠷᠡ ᠪᠡᠷ ᠠᠪᠤ ᠶᠢᠨ ᠢᠶᠠᠨ ᠬᠠᠲᠠᠭᠤ ᠳᠦᠷᠢᠮ ᠵᠢᠷᠤᠮ ᠤᠨ ᠳᠣᠣᠷ᠎ᠠ ᠬᠠᠮᠲᠤ ᠠᠮᠵᠢᠯᠲᠠᠨ ᠳᠤ ᠬᠦᠷᠬᠦ ᠢᠲᠡᠭᠡᠯ ᠢ ᠣᠯᠤᠭᠰᠠᠨ ᠪᠠᠶᠢᠨ᠎ᠠ᠃ ᠵᠧᠺᠰᠣᠨ ᠠᠩᠬ᠎ᠠ ᠣᠫᠷᠠ ᠤᠢᠨᠹᠷᠢᠭ ᠤᠨ ᠨᠡᠪᠲᠡᠷᠡᠭᠦᠯᠭᠡ ᠳᠦ 1993 ᠣᠨ ᠤ ᠬᠣᠶᠠᠳᠤᠭᠠᠷ ᠰᠠᠷ᠎ᠠ ᠳᠤ ᠣᠷᠣᠯᠴᠠᠵᠤ ᠪᠠᠶᠢᠬᠤ ᠳᠤ ᠪᠠᠨ ᠬᠡᠦᠬᠡᠳ ᠨᠠᠰᠤᠨ ᠤ ᠪᠠᠨ ᠳᠠᠷᠤᠮᠲᠠ ᠶᠢᠨ ᠢᠶᠠᠨ ᠲᠠᠯ᠎ᠠ ᠪᠠᠷ ᠨᠡᠭᠡᠭᠡᠯᠲᠡᠲᠡᠢ ᠶᠠᠷᠢᠭᠰᠠᠨ ᠪᠠᠶᠢᠳᠠᠭ᠃ ᠲᠡᠷᠡ ᠭᠠᠭᠴᠠᠭᠠᠷᠳᠠᠯ ᠠᠴᠠ ᠪᠣᠯᠤᠨ ᠶᠡᠬᠡ ᠤᠬᠢᠯᠠᠳᠠᠭ ᠪᠠᠶᠢᠭᠰᠠᠨ ᠲᠤᠬᠠᠢ ᠶᠢ ᠪᠠᠨ ᠠᠪᠤ ᠶᠢᠨ ᠢᠶᠠᠨ ᠪᠠᠷ᠎ᠠ ᠶᠢ ᠬᠠᠷᠠᠭᠠᠳ ᠳᠣᠲᠣᠷ᠎ᠠ ᠨᠢ ᠠᠷᠵᠠᠶᠢᠳᠠᠭ ᠪᠠᠶᠢᠭᠰᠠᠨ ᠲᠤᠬᠠᠢ ᠶᠠᠷᠢᠵᠠᠢ᠃ ᠵᠧᠺᠰᠣᠨ ᠤ ᠠᠪᠤ ᠨᠢ ᠵᠧᠺᠰᠣᠨ ᠢ ᠦᠭᠡ ᠪᠡᠷ ᠳᠠᠭᠠᠷᠢᠨ ᠳᠣᠷᠣᠮᠵᠢᠯᠠᠳᠠᠭ ᠪᠠᠶᠢᠭᠰᠠᠨ ᠲᠤᠬᠠᠢ ᠶᠠᠷᠢᠵᠤ ᠪᠠᠶᠢᠬᠤ ᠳᠤ ᠪᠠᠨ ᠬᠠᠮᠠᠷ ᠢᠶᠠᠨ ᠣᠯᠠᠨ ᠳᠠᠬᠢᠨ ᠦᠷᠴᠢᠢᠯᠭᠡᠵᠦ ᠪᠠᠶᠢᠵᠤ᠃ ᠦᠨᠡᠨ ᠳᠦ ᠪᠡᠨ᠂ ᠮᠠᠶᠢᠺᠯ ᠵᠧᠺᠰᠣᠨ ᠤ ᠲᠥᠷᠬᠡᠨ ᠳᠡᠭᠡᠷ᠎ᠡ ᠨᠢ ᠲᠣᠳᠣᠷᠠᠬᠤ ᠰᠡᠳᠬᠢᠯ ᠳᠤᠮᠳᠠᠭᠤᠷ ᠪᠠᠶᠢᠳᠠᠯ᠂ ᠵᠠᠪᠠᠭᠤᠷᠢ ᠪᠣᠯᠤᠨ ᠠᠷᠬᠠᠭ ᠡᠪᠡᠳᠴᠢᠨ ᠡᠴᠡ ᠡᠭᠦᠳᠦᠯᠲᠡᠢ ᠨᠣᠶᠢᠷᠠᠨ ᠤ ᠠᠰᠠᠭᠤᠳᠠᠯ᠂ ᠠᠪᠤ ᠶᠢᠨ ᠢᠶᠠᠨ ᠦᠭᠡ ᠶᠢ ᠳᠠᠭᠠᠮᠠᠲᠠᠭᠠᠢ ᠪᠠᠶᠢᠳᠠᠯ᠂ ᠲᠡᠭᠦᠨ ᠢ ᠠᠳᠠ ᠱᠣᠣ ᠦᠵᠡᠬᠦ ᠪᠠᠶᠢᠳᠠᠯ ᠪᠣᠯᠤᠨ ᠨᠠᠰᠤᠨ ᠳᠤ ᠬᠦᠷᠦᠭᠰᠡᠨ ᠴᠤ ᠭᠡᠨᠡᠨ ᠲᠣᠮᠣᠭ᠎ᠠ ᠦᠭᠡᠢ ᠵᠠᠩᠨᠠᠬᠤ ᠵᠡᠷᠭᠡ ᠪᠡᠷ ᠲᠡᠷᠡ ᠡᠨᠡ ᠪᠦᠭᠦᠳᠡ ᠶᠢ ᠶᠠᠭ ᠯᠠ ᠬᠡᠦᠬᠡᠳ ᠰᠢᠭ ᠳᠠᠪᠠᠨ ᠲᠤᠭᠤᠯᠵᠤ ᠪᠠᠶᠢᠭᠰᠠᠨ᠃ Living with Michael Jackson /ᠮᠠᠶᠢᠺᠯ ᠵᠧᠺᠰᠣᠨ ᠲᠠᠢ ᠠᠮᠢᠳᠤᠷᠠᠬᠤ/ ᠨᠡᠷ᠎ᠡ ᠲᠡᠢ ᠨᠡᠪᠲᠡᠷᠡᠭᠦᠯᠭᠡ ᠳᠦ 2003 ᠣᠨ ᠳᠤ ᠣᠷᠣᠯᠴᠠᠵᠤ ᠪᠠᠶᠢᠬᠤ ᠳᠤ ᠮᠠᠷᠲ᠋ᠢᠨ ᠪᠠᠰᠢᠷ ᠲᠠᠢ ᠬᠢᠭᠰᠡᠨ ᠶᠠᠷᠢᠯᠴᠠᠯᠭ᠎ᠠ ᠳᠤ ᠪᠠᠨ᠂ ᠵᠧᠺᠰᠣᠨ ᠬᠡᠦᠬᠡᠳ ᠪᠠᠶᠢᠬᠤ ᠳᠤ ᠨᠢ ᠲᠡᠭᠦᠨ ᠦ ᠠᠪᠤ ᠭᠡᠮᠲᠦᠭᠡᠵᠦ ᠪᠠᠶᠢᠭᠰᠠᠨ᠂ ᠭᠡᠰᠡᠨ ᠴᠤ ᠲᠡᠭᠦᠨ ᠦ ᠠᠪᠤ ᠶᠢᠨ ᠬᠢ ᠨᠢ ᠲᠠᠯᠪᠢᠳᠠᠭ ᠪᠠᠶᠢᠭᠰᠠᠨ ᠬᠠᠲᠠᠭᠤ ᠵᠢᠷᠤᠮ ᠲᠡᠭᠦᠨ ᠢ ᠠᠮᠵᠢᠯᠲᠠᠨ ᠳᠤ ᠬᠦᠷᠬᠦ ᠳᠦ ᠮᠠᠰᠢ ᠶᠡᠬᠡ ᠡᠭᠦᠷᠭᠡ ᠭᠦᠢᠴᠡᠳᠭᠡᠭᠰᠡᠨ ᠲᠤᠬᠠᠢ ᠶᠠᠷᠢᠵᠠᠢ᠃ ᠪᠠᠰᠢᠷ ᠡᠶᠡᠷᠡᠭ ᠵᠦᠢᠯᠡᠰ ᠦᠨ ᠲᠠᠯ᠎ᠠ ᠪᠠᠷ ᠠᠰᠠᠭᠤᠬᠤ ᠪᠠᠨ ᠪᠣᠯᠢᠭᠠᠳ ᠠᠪᠤ ᠶᠢᠨ ᠴᠣᠬᠢᠯᠲᠠ ᠶᠢᠨ ᠲᠤᠬᠠᠢ ᠦᠷᠭᠡᠵᠢᠯᠡᠭᠦᠯᠦᠨ ᠠᠰᠠᠭᠤᠬᠤ ᠳᠤ᠂ ᠵᠠᠺᠰᠣᠨ ᠭᠠᠷ ᠢᠶᠠᠨ ᠨᠢᠭᠤᠷᠠᠨ ᠳᠡᠭᠡᠷ᠎ᠡ ᠪᠡᠨ ᠲᠠᠯᠪᠢᠨ ᠠᠰᠠᠭᠤᠯᠲᠠᠨ ᠳᠤ ᠬᠠᠷᠢᠭᠤᠯᠬᠤ ᠠᠴᠠ ᠲᠠᠲᠠᠭᠠᠯᠵᠠᠵᠠᠢ᠃ ᠲᠡᠷᠡ ᠵᠣᠰᠧᠹ ᠢ ᠪᠥᠰᠡ ᠪᠠᠷᠢᠨ ᠰᠠᠭᠤᠳᠠᠯ ᠳᠤ ᠰᠠᠭᠤᠭᠠᠳ ᠵᠧᠺᠰᠣᠨ ᠪᠣᠯᠤᠨ ᠲᠡᠭᠦᠨ ᠦ ᠠᠬ᠎ᠠ ᠳᠡᠭᠦᠰ ᠢ ᠬᠡᠷᠪᠡ ᠵᠥᠪ ᠬᠢᠬᠦ ᠦᠭᠡᠢ ᠪᠣᠯ᠂ ᠲᠡᠷᠡ ᠦᠨᠡᠬᠡᠷ ᠶᠡᠬᠡ ᠠᠭᠤᠷᠯᠠᠳᠠᠭ ᠪᠠᠶᠢᠭᠰᠠᠨ ᠲᠤᠬᠠᠢ ᠶᠠᠷᠢᠵᠠᠢ᠃

ᠵᠧᠺᠰᠣᠨ (ᠭᠣᠣᠯ ᠳᠤ ᠨᠢ) 1972 ᠣᠨ ᠳᠤ ᠵᠧᠺᠰᠣᠨ ᠤ 5 ᠬᠠᠮᠲᠤᠯᠢᠭ ᠲᠤ

1964 ᠣᠨ ᠳᠤ᠂ ᠮᠠᠶᠢᠺᠯ᠂ ᠮᠠᠷᠯᠠᠨ ᠬᠣᠶᠠᠷ - ᠵᠠᠬᠢᠶ᠎ᠡ᠂ ᠲᠢᠲ᠋ᠣ ᠪᠣᠯᠤᠨ ᠵᠡᠷᠮᠠᠢ ᠶᠢᠨ ᠨᠠᠷ ᠤᠨ ᠪᠦᠷᠢᠳᠦᠭᠦᠯᠳᠡᠭ ᠪᠠᠶᠢᠭᠰᠠᠨ ᠵᠧᠺᠰᠣᠨ ᠤ ᠠᠬ᠎ᠠ ᠳᠡᠭᠦᠰ ᠦᠨ ᠬᠠᠮᠲᠤᠯᠢᠭ ᠲᠤ ᠨᠢᠭᠡᠳᠴᠦ ᠲᠠᠯ᠎ᠠ ᠬᠡᠩᠭᠡᠷᠭᠡ ᠪᠡᠷ ᠲᠣᠭᠯᠠᠳᠠᠭ ᠪᠠᠶᠢᠴᠠᠢ᠃ ᠵᠧᠺᠰᠣᠨ ᠰᠡᠭᠦᠯ ᠳᠦ ᠨᠢ ᠠᠷᠤ ᠶᠢᠨ ᠬᠣᠭᠣᠯᠠᠢ ᠶᠢ ᠭᠠᠷᠭᠠᠵᠤ᠂ ᠪᠦᠵᠢᠭᠯᠡᠳᠡᠭ ᠪᠣᠯᠤᠭᠰᠠᠨ ᠪᠠᠶᠢᠨ᠎ᠠ᠃ ᠲᠡᠷᠡ ᠨᠠᠶᠢᠮᠠᠲᠠᠢ ᠪᠠᠶᠢᠬᠤ ᠳᠤ ᠪᠠᠨ᠂ ᠠᠬ᠎ᠠ ᠵᠡᠷᠮᠠᠶᠢᠨ ᠲᠠᠢ ᠪᠠᠨ ᠭᠣᠴᠣᠯᠠᠨ ᠳᠠᠭᠤᠯᠠᠵᠤ ᠡᠬᠢᠯᠡᠭᠰᠡᠨ ᠪᠠ ᠲᠡᠷᠡ ᠦᠶᠡᠰ ᠬᠠᠮᠲᠤᠯᠢᠭ ᠤᠨ ᠨᠡᠷ᠎ᠡ ᠵᠠᠺᠰᠣᠨ ᠤ 5 ᠪᠣᠯᠤᠨ ᠥᠭᠡᠷᠡᠴᠢᠯᠡᠭᠳᠡᠵᠡᠢ᠃ ᠬᠠᠮᠲᠤᠯᠢᠭ 1966-1968 ᠣᠨ ᠤ ᠬᠣᠭᠣᠷᠣᠨᠳᠣ ᠪᠠᠷᠠᠭᠤᠨ ᠨᠤᠲᠤᠭ ᠢᠶᠠᠷ ᠠᠶᠠᠯᠠᠨ ᠲᠣᠭᠯᠠᠯᠲᠠ ᠬᠢᠵᠦ᠂ ᠲᠠᠶᠢᠴᠢᠬᠤ ᠦᠵᠡᠭᠦᠯᠪᠦᠷᠢ ᠪᠣᠯᠤᠨ ᠪᠤᠰᠤᠳ ᠨᠠᠰᠤᠨ ᠳᠤ ᠬᠦᠷᠡᠭᠴᠢᠳ ᠲᠦ ᠵᠣᠷᠢᠭᠤᠯᠤᠭᠰᠠᠨ ᠦᠵᠡᠭᠦᠯᠪᠦᠷᠢ ᠦᠵᠡᠭᠦᠯᠳᠡᠭ ᠰᠥᠨᠢ ᠶᠢᠨ ᠺᠯᠥ᠋ᠪ ᠤᠳ ᠲᠤ ᠲᠣᠭᠯᠠᠳᠠᠭ ᠪᠠᠶᠢᠴᠠᠢ᠃ 1966 ᠣᠨ ᠳᠤ᠂ ᠣᠷᠣᠨ ᠨᠤᠲᠤᠭ ᠤᠨ ᠠᠪᠢᠶᠠᠰᠤᠲᠠᠨ ᠢ ᠰᠢᠯᠭᠠᠷᠠᠭᠤᠯᠬᠤ Motown ᠳᠠᠭᠤᠤ ᠪᠢᠴᠢᠯᠭᠡ ᠶᠢᠨ ᠰᠲ᠋ᠤᠳ ᠤᠨ ᠲᠣᠭᠯᠠᠯᠲᠠᠨ ᠳᠤ ᠵᠡᠮᠰ ᠪᠷᠠᠤᠨ ᠤ ᠳᠠᠭᠤᠯᠠᠭᠰᠠᠨ "I Got You (I Feel Good)" ᠳᠠᠭᠤᠤ ᠶᠢ ᠵᠧᠺᠰᠣᠨ ᠭᠣᠣᠯᠯᠠᠨ ᠳᠠᠭᠤᠯᠠᠵᠤ ᠣᠷᠣᠯᠴᠠᠵᠤ ᠢᠯᠠᠭᠴᠢ ᠪᠣᠯᠵᠤ ᠪᠠᠶᠢᠭᠰᠠᠨ᠃ 1968 ᠣᠨ ᠳᠤ Motown ᠳᠠᠭᠤᠤ ᠪᠢᠴᠢᠯᠭᠡ ᠶᠢᠨ ᠭᠠᠵᠠᠷ ᠳᠠᠭᠤᠯᠠᠬᠤ ᠠᠴᠠ ᠡᠮᠦᠨ᠎ᠡ ᠣᠷᠣᠨ ᠨᠤᠲᠤᠭ ᠤᠨ Steeltown ᠬᠡᠮᠡᠬᠦ ᠭᠠᠵᠠᠷ Big Boy ᠬᠡᠮᠡᠬᠦ ᠳᠠᠭᠤᠤ ᠣᠷᠤᠯᠴᠠᠭᠤᠯᠤᠨ ᠬᠡᠳᠦ ᠬᠡᠳᠦᠨ ᠳᠠᠭᠤᠨ ᠤ ᠪᠢᠴᠢᠯᠭᠡ ᠳᠦ ᠣᠷᠣᠵᠤ ᠪᠠᠶᠢᠴᠠᠢ᠃ Rolling Stone ᠰᠡᠳᠬᠦᠯ ᠳᠡᠭᠡᠷ᠎ᠡ ᠮᠠᠶᠢᠺᠯ ᠢ 《ᠬᠥᠭᠵᠢᠮ ᠦᠨ ᠶᠢᠷᠲᠢᠨᠴᠦ ᠳ᠋ᠡᠬᠢ ᠳᠠᠪᠲᠠᠭᠳᠠᠰᠢ ᠦᠭᠡᠢ ᠪᠡᠯᠡᠭ》 ᠭᠠᠶᠢᠬᠠᠯᠲᠠᠢ ᠬᠡᠦᠬᠡᠳ ᠭᠡᠵᠦ ᠲᠣᠳᠣᠷᠬᠠᠶᠢᠯᠠᠵᠤ ᠪᠠᠶᠢᠭᠰᠠᠨ ᠪᠠ ᠲᠡᠭᠦᠨ ᠡᠴᠡ ᠬᠣᠶᠢᠰᠢ ᠮᠠᠶᠢᠺᠯ ᠭᠣᠴᠣᠯᠠᠨ ᠳᠠᠭᠤᠯᠠᠭᠴᠢ ᠪᠣᠯᠤᠭᠰᠠᠨ᠃ ᠬᠠᠮᠲᠤᠯᠢᠭ ᠠᠩᠬᠠᠨ ᠤ ᠳᠥᠷᠪᠡᠨ ᠰᠢᠩᠭᠡᠯ ᠢᠶᠡᠨ ᠭᠠᠷᠭᠠᠭᠰᠠᠨ ᠤ ("I Want You Back", "ABC", "The Love You Save", ᠪᠣᠯᠤᠨ "I'll Be There") ᠳᠠᠷᠠᠭ᠎ᠠ ᠴᠠᠷᠲ ᠲᠤ ᠷᠧᠺᠣᠷᠳ᠋ ᠦᠵᠡᠭᠦᠯᠦᠨ Billboard Hot 100 ᠵᠢᠭ᠌ᠰᠠᠭᠠᠯᠳᠠᠨ ᠳᠤ ᠨᠢᠭᠡᠳᠦᠭᠡᠷ ᠲᠦ ᠪᠢᠴᠢᠭᠳᠡᠵᠦ ᠪᠠᠶᠢᠭᠰᠠᠨ᠃ 1972-1975 ᠣᠨ ᠤ ᠬᠣᠭᠣᠷᠣᠨᠳᠣ᠂ ᠮᠠᠶᠢᠺᠯ Motown ᠍ ᠲᠠᠢ ᠬᠠᠮᠲᠤᠷᠠᠨ ᠳᠥᠷᠪᠡᠨ ᠭᠣᠴᠣᠯᠠᠯ ᠠᠯᠢᠪᠤᠮ ᠢᠶᠠᠨ ᠭᠠᠷᠭᠠᠭᠰᠠᠨ ᠪᠠ ᠲᠡᠳᠡᠭᠡᠷ ᠦᠨ ᠳᠤᠮᠳᠠ Got to Be There ᠪᠣᠯᠤᠨ Ben ᠳᠠᠭᠤᠤ ᠨᠤᠭᠤᠳ ᠣᠷᠣᠵᠤ ᠪᠠᠶᠢᠭᠰᠠᠨ ᠪᠠ᠂ Bobby Day's "Rockin' Robin" ᠍ ᠢ ᠳᠠᠬᠢᠨ ᠬᠢᠭᠰᠡᠨ᠃ ᠵᠧᠺᠰᠣᠨ ᠤ 5 ᠬᠠᠮᠲᠤᠯᠢᠭ ᠬᠠᠷ᠎ᠠ ᠠᠷᠠᠰᠤ ᠲᠠᠢ ᠵᠦᠵᠦᠭᠡᠴᠢᠳ ᠦᠨ ᠨᠡᠩ ᠲᠡᠷᠢᠭᠦᠨ ᠦ ᠵᠢᠱᠢᠶ᠎ᠡ ᠪᠣᠯᠤᠭᠰᠠᠨ ᠪᠠ ᠠᠵᠢᠯᠴᠢᠨ ᠠᠩᠬᠢ ᠶᠢᠨ ᠠᠹᠷᠢᠺᠠ ᠮᠠᠶ᠋ᠢᠭ ᠤᠨ ᠦᠰᠦᠨ ᠦ ᠵᠠᠰᠠᠯᠲᠠ ᠲᠠᠢ᠂ ᠥᠷᠭᠡᠨ ᠰᠢᠭᠤᠮᠠᠭ ᠲᠠᠢ ᠥᠮᠥᠳᠥ ᠡᠮᠦᠰᠦᠭᠰᠡᠨ ᠲᠠᠪᠤᠨ ᠬᠠᠷ᠎ᠠ ᠠᠷᠠᠰᠤᠲᠤ ᠬᠥᠪᠡᠭᠦᠳ ᠪᠠᠶᠢᠭᠰᠠᠨ ᠶᠤᠮ᠃ ᠬᠠᠮᠲᠤᠯᠢᠭ ᠤᠨ ᠪᠣᠷᠣᠯᠠᠭᠤᠯᠤᠯᠲᠠ 1973 ᠣᠨ ᠳᠤ ᠡᠬᠢᠯᠡᠭᠰᠡᠨ ᠪᠠ᠂ ᠬᠠᠮᠲᠤᠯᠢᠭ ᠤᠨ ᠭᠡᠰᠢᠭᠦᠳ Motown ᠰᠲ᠋ᠤᠳ ᠤᠨ ᠲᠡᠳᠡᠨ ᠢ ᠬᠠᠲᠠᠭᠤ ᠬᠢᠨᠠᠵᠤ᠂ ᠣᠷᠣᠯᠭ᠎ᠠ ᠶᠢ ᠨᠢ ᠬᠢᠨᠠᠬᠤ ᠭᠡᠰᠡᠨ ᠢ ᠡᠰᠡᠷᠭᠦᠴᠡᠵᠦ ᠤᠨᠳᠤᠭᠤᠴᠠᠭᠰᠠᠨ᠃ ᠬᠡᠳᠦᠢ ᠪᠡᠷ ᠲᠡᠳᠡ 《Dancing machine》 ᠲᠣᠫ ᠲᠠᠪᠤᠨ ᠳ᠋ᠢᠰᠺᠣ ᠰᠢᠩᠭᠡᠯ ᠲᠣᠫ 40 ᠬᠢᠲ ᠢ᠂ ᠮᠥᠨ 《I am Love》 ᠨᠡᠷᠡᠲᠡᠢ ᠳᠠᠭᠤᠤ ᠪᠠᠷ ᠢᠶᠠᠨ ᠲᠣᠫ 20 ᠍ ᠢ ᠲᠡᠷᠢᠭᠦᠯᠡᠵᠦ ᠪᠠᠶᠢᠭᠰᠠᠨ ᠴᠤ 1975 ᠣᠨ ᠳᠤ ᠵᠠᠺᠰᠣᠨ ᠤ 5 Motown ᠰᠲ᠋ᠤᠳ ᠢ ᠣᠷᠬᠢᠵᠠᠢ᠃

ᠳᠣᠮᠣᠭᠲᠤ ᠰᠢᠯᠵᠢᠯᠲᠡ ᠶᠢᠨ ᠦᠶ᠎ᠡ ᠪᠤᠶᠤ Off the Wall (1975–81)[ᠵᠠᠰᠠᠪᠤᠷᠢᠯᠠᠬᠤ | ᠺᠣᠳ᠋ ᠢᠶᠠᠷ ᠵᠠᠰᠠᠬᠣ]

1975 ᠣᠨ ᠤ ᠵᠤᠨ᠂ ᠵᠠᠺᠰᠣᠨ 5 Epic ᠳᠠᠭᠤᠤ ᠪᠢᠴᠢᠯᠭᠡ ᠶᠢᠨ ᠭᠠᠵᠠᠷ ᠲᠠᠢ ᠭᠡᠷ᠎ᠡ ᠪᠠᠶᠢᠭᠤᠯᠵᠤ᠂ ᠬᠠᠵᠠᠭᠤ ᠪᠠᠷ ᠨᠢ CBS ᠪᠢᠴᠢᠯᠭᠡ ᠶᠢᠨ ᠭᠠᠵᠠᠷ ᠲᠠᠢ ᠭᠡᠷ᠎ᠡ ᠪᠠᠶᠢᠭᠤᠯᠤᠭᠰᠠᠨ ᠪᠠ ᠥᠪᠡᠷᠰᠡᠳ ᠢ ᠪᠠᠨ ᠵᠠᠺᠰᠣᠨ ᠤ ᠬᠢᠨ ᠬᠡᠮᠡᠨ ᠨᠡᠷᠡᠯᠡᠭᠰᠡᠨ᠃ ᠳᠡᠭᠦᠦ ᠷᠠᠨᠳᠢ ᠨᠢ ᠵᠡᠷᠮᠠᠢ ᠶᠢᠨ ᠭᠣᠴᠣᠯᠠᠨ ᠳᠠᠭᠤᠯᠠᠨ ᠭᠠᠭᠴᠠᠭᠠᠷ ᠢᠶᠠᠨ ᠶᠠᠪᠤᠬᠤ ᠦᠶ᠎ᠡ ᠳᠦ ᠬᠠᠮᠲᠤᠯᠢᠭ ᠲᠤ ᠨᠢᠭᠡᠳᠦᠭᠰᠡᠨ᠃ ᠲᠡᠳᠡ ᠣᠯᠠᠨ ᠤᠯᠤᠰ ᠢᠶᠠᠷ ᠠᠶᠠᠯᠠᠨ ᠲᠣᠭᠯᠠᠯᠲᠠ ᠪᠠᠨ ᠦᠷᠭᠦᠯᠵᠢᠯᠡᠭᠦᠯᠦᠨ᠂ 1976-1984 ᠣᠨ ᠤ ᠬᠣᠭᠣᠷᠣᠨᠳᠣ ᠵᠢᠷᠭᠤᠭᠠᠨ ᠠᠯᠪᠦᠮ ᠨᠡᠮᠡᠵᠦ ᠭᠠᠷᠭᠠᠭᠰᠠᠨ ᠪᠠ ᠡᠨᠡ ᠦᠶ᠎ᠡ ᠳᠦ ᠮᠠᠶᠢᠺᠯ ᠳᠠᠭᠤᠨ ᠤ ᠦᠭᠡ ᠪᠢᠴᠢᠵᠦ "Shake Your Body (Down to the Ground)", "This Place Hotel" ᠪᠣᠯᠤᠨ "Can You Feel It" ᠵᠡᠷᠭᠡ ᠬᠢ ᠳᠦ ᠳᠠᠭᠤᠤ ᠨᠤᠭᠤᠳ ᠢ ᠭᠠᠷᠭᠠᠵᠠᠢ᠃ 1978 ᠣᠨ ᠳᠤ᠂ The Wiz ᠳᠠᠭᠤᠤ ᠪᠠᠷ ᠢᠶᠠᠨ ᠬᠥᠭᠵᠢᠮ ᠦᠨ ᠶᠢᠷᠲᠢᠨᠴᠦᠳ ᠠᠶᠢᠳᠠᠰ ᠥᠭᠭᠦᠭᠰᠡᠨ ᠪᠠ ᠪᠣᠺᠰ ᠣᠹᠹᠢᠰᠲ ᠲᠡᠰᠦᠷᠡᠯᠲᠡ ᠶᠢ ᠠᠪᠴᠢᠷᠠᠭᠰᠠᠨ᠃ ᠡᠨᠡ ᠤᠳᠠᠭ᠎ᠠ ᠲᠡᠷᠡᠪᠡᠷ ᠺᠢᠨᠣᠨ ᠤ ᠠᠶ᠎ᠠ ᠵᠣᠬᠢᠶᠠᠭᠴᠢ Quincy Jones ᠍ ᠲᠠᠢ ᠬᠠᠮᠲᠤᠷᠠᠵᠤ ᠠᠵᠢᠯᠯᠠᠭᠰᠠᠨ᠃ Jones ᠵᠠᠺᠰᠣᠨ ᠤ ᠳᠠᠷᠤᠭ᠎ᠠ ᠶᠢᠨ Off the Wall ᠨᠡᠷ᠎ᠡ ᠲᠡᠢ ᠰᠣᠯᠣ ᠠᠯᠢᠪᠤᠮ ᠢ ᠨᠠᠶᠢᠷᠠᠭᠤᠯᠬᠤ ᠶᠢ ᠵᠥᠪᠰᠢᠶᠡᠷᠡᠭᠰᠡᠨ᠃ 1979 ᠣᠨ ᠳᠤ᠂ ᠵᠠᠺᠰᠣᠨ ᠪᠦᠵᠢᠭ ᠦᠨ ᠪᠡᠯᠡᠳᠬᠡᠯ ᠬᠢᠵᠦ ᠦᠶᠡᠳᠡᠭᠡ ᠬᠠᠮᠠᠷ ᠢᠶᠠᠨ ᠭᠡᠮᠲᠦᠭᠡᠭᠰᠡᠨ᠃ ᠲᠡᠭᠦᠨ ᠦ ᠬᠠᠮᠠᠷ ᠵᠠᠰᠠᠯ ᠤᠨ ᠬᠠᠭᠠᠯᠭ᠎ᠠ ᠠᠮᠵᠢᠯᠲᠠ ᠲᠠᠢ ᠪᠣᠯᠤᠭ᠎ᠠ ᠦᠭᠡᠢ; ᠲᠡᠷᠡ ᠪᠡᠷ ᠬᠠᠮᠠᠷ ᠢᠶᠠᠷ ᠢᠶᠠᠨ ᠠᠮᠢᠰᠬᠤᠯᠠᠬᠤ ᠳᠤ ᠡᠭᠦᠰᠳᠡᠭ ᠠᠰᠠᠭᠤᠳᠠᠯ ᠨᠢ ᠲᠡᠭᠦᠨ ᠦ ᠳᠠᠭᠤᠯᠠᠬᠤ ᠳᠤ ᠨᠦᠯᠦᠭᠡᠯᠡᠬᠦ ᠸᠢᠢ ᠬᠡᠮᠡᠨ ᠭᠣᠮᠣᠳᠠᠯᠯᠠᠳᠠᠭ ᠪᠠᠶᠢᠭᠰᠠᠨ᠃ ᠲᠡᠷᠡ ᠪᠡᠷ ᠥᠪᠡᠷ ᠦᠨ ᠬᠢ ᠨᠢ ᠬᠠᠮᠠᠷ ᠤᠨ ᠬᠣᠶᠠᠷ ᠳ᠋ᠡᠬᠢ ᠬᠠᠭᠠᠯᠭ᠎ᠠ ᠶᠢ ᠬᠢᠭᠰᠡᠨ ᠡᠮᠵᠢ ᠰᠲ᠋ᠢᠸᠧᠨ ᠬᠣᠧᠹᠹᠯᠢᠨ ᠢ ᠢᠯᠡᠭᠦᠦ ᠳᠦ ᠦᠵᠡᠳᠡᠭ ᠪᠠᠶᠢᠭᠰᠠᠨ᠃ ᠵᠣᠩ ᠡᠴᠡ᠂ ᠵᠠᠺᠰᠣᠨ ᠬᠣᠶᠠᠷ ᠬᠠᠮᠲᠤ ᠳᠤ ᠪᠠᠨ Off the Wall ᠠᠯᠢᠪᠤᠮ ᠢ ᠬᠢᠭᠰᠡᠨ᠃ ᠠᠯᠢᠪᠤᠮ ᠤᠨ ᠳᠠᠭᠤᠤ ᠶᠢ ᠵᠠᠺᠰᠣᠨ᠂ ᠷᠣᠳ ᠲᠧᠮᠫᠷᠲ᠋ᠣᠨ᠂ ᠰᠡᠲᠡᠶᠢᠪᠡ ᠤᠣᠨᠳᠡᠷ ᠪᠣᠯᠤᠨ ᠫᠠᠦ᠋ᠯ ᠮᠺᠺᠠᠷᠲ᠋ᠨᠡᠢ ᠨᠠᠷ ᠪᠢᠴᠢᠵᠡᠭᠡᠭᠰᠡᠨ᠃ 1979 ᠣᠨ ᠳᠤ ᠠᠯᠪᠦᠮ ᠭᠠᠷᠤᠭᠰᠠᠨ ᠪᠠ "Don't Stop 'til You Get Enough" ᠪᠣᠯᠤᠨ "Rock with You" ᠴᠢᠷᠠᠲᠤ ᠶᠢᠨ ᠲᠣᠫ ᠳᠠᠭᠤᠤ ᠨᠤᠭᠤᠳ ᠢ ᠠᠭᠤᠯᠠᠭᠰᠠᠨ ᠠᠩᠬᠠᠨ ᠤ ᠰᠣᠯᠣ ᠠᠯᠢᠪᠤᠮ ᠪᠣᠯᠤᠭᠰᠠᠨ ᠶᠤᠮ᠃ ᠡᠨᠡ ᠠᠯᠪᠦᠮ ᠨᠢ ᠪᠢᠯᠪᠶᠠᠷᠳ᠋ ᠍ ᠤᠨ 200 ᠳᠠᠭᠤᠨ ᠤ ᠭᠤᠷᠪᠠ ᠳᠤ ᠪᠢᠴᠢᠭᠳᠡᠵᠦ ᠪᠠᠶᠢᠭᠰᠠᠨ ᠳᠠ ᠳᠡᠯᠡᠬᠡᠢ ᠳᠠᠬᠢᠨ ᠢᠶᠠᠨ 20 ᠭᠠᠷᠤᠨ ᠰᠠᠶ᠎ᠠ ᠬᠤᠪᠢ ᠪᠣᠷᠣᠯᠠᠭᠳᠠᠭᠰᠠᠨ᠃ 1980 ᠣᠨ ᠳᠤ᠂ ᠠᠮᠧᠷᠢᠺᠠ ᠶᠢᠨ ᠬᠥᠭᠵᠢᠮ ᠦᠨ ᠱᠠᠩᠨᠠᠯ ᠠᠴᠠ ᠰᠣᠯᠣ ᠠᠯᠢᠪᠤᠮ ᠳᠤ ᠪᠠᠨ ᠭᠤᠷᠪᠠᠨ ᠱᠠᠩᠨᠠᠯ ᠬᠦᠷᠲᠡᠭᠰᠡᠨ; ᠬᠠᠮᠤᠭ ᠤᠨ ᠰᠢᠯᠢᠳᠡᠭ R&B ᠠᠯᠪᠦᠮ᠂ ᠬᠠᠮᠤᠭ ᠤᠨ ᠰᠢᠯᠢᠳᠡᠭ R&B ᠡᠷᠡᠭᠲᠡᠢ ᠵᠦᠵᠦᠭᠡᠴᠢᠨ ᠪᠣᠯᠤᠨ "Don't Stop 'Til You Get Enough" ᠳᠠᠭᠤᠤ ᠪᠠᠷ ᠢᠶᠠᠨ R&B ᠰᠢᠯᠢᠳᠡᠭ ᠭᠣᠴᠣᠯᠠᠯ ᠳᠠᠭᠤᠴᠢᠨ ᠱᠠᠩᠨᠠᠯ ᠤᠳ ᠢ ᠬᠦᠷᠲᠡᠭᠰᠡᠨ᠃ ᠲᠡᠷᠡ ᠵᠢᠯ ᠢᠶᠡᠨ ᠲᠡᠷᠡ ᠮᠥᠨ "Don't Stop 'Til You Get Enough" ᠳᠠᠭᠤᠤ ᠪᠠᠷ ᠢᠶᠠᠨ ᠰᠢᠯᠢᠳᠡᠭ ᠬᠠᠷ᠎ᠠ ᠠᠷᠠᠰᠤᠲᠤ ᠵᠦᠵᠦᠭᠡᠴᠢᠨ᠂ ᠰᠢᠯᠢᠳᠡᠭ ᠬᠠᠷ᠎ᠠ ᠠᠷᠠᠰᠤᠲᠤ ᠶᠢᠨ ᠠᠯᠢᠪᠤᠮ ᠪᠣᠯᠤᠨ ᠰᠢᠯᠢᠳᠡᠭ R&B ᠭᠣᠴᠣᠯᠠᠯ ᠳᠠᠭᠤᠴᠢᠨ ᠭᠷᠠᠮ ᠤᠨ ᠱᠠᠩᠨᠠᠯ ᠢ ᠪᠢᠯᠪᠶᠠᠷᠳ᠋ ᠍ ᠤᠨ ᠵᠢᠯ ᠦᠨ ᠱᠠᠩᠨᠠᠯ ᠢᠶᠠᠷ ᠬᠦᠷᠲᠡᠭᠰᠡᠨ᠃ ᠲᠡᠷᠡ ᠮᠥᠨ 1981 ᠣᠨ ᠳᠤ ᠠᠮᠧᠷᠢᠺᠠ ᠶᠢᠨ ᠬᠠᠮᠤᠭ ᠤᠨ ᠰᠢᠯᠢᠳᠡᠭ R&B ᠠᠯᠪᠦᠮ᠂ ᠬᠠᠮᠤᠭ ᠤᠨ ᠰᠢᠯᠢᠳᠡᠭ R&B ᠡᠷᠡᠭᠲᠡᠢ ᠵᠦᠵᠦᠭᠡᠴᠢᠨ ᠱᠠᠩᠨᠠᠯ ᠢ ᠠᠪᠤᠭᠰᠠᠨ᠃ ᠲᠡᠭᠦᠨ ᠦ ᠠᠯᠪᠦᠮ ᠪᠣᠷᠣᠯᠠᠭᠤᠯᠤᠯᠲᠠ ᠶᠢᠨ ᠠᠮᠵᠢᠯᠲᠠ ᠶᠢ ᠦᠯᠦ ᠬᠠᠷᠠᠭᠠᠯᠵᠠᠨ᠂ ᠵᠠᠺᠰᠣᠨ ᠥᠪᠡᠷ ᠦᠨ ᠭᠠᠷᠭᠠᠭᠰᠠᠨ Off the Wall ᠠᠯᠪᠦᠮ ᠨᠢ ᠢᠯᠡᠭᠦᠦ ᠶᠡᠬᠡ ᠠᠮᠵᠢᠯᠲᠠ ᠲᠠᠢ ᠪᠠᠶᠢᠭᠠᠰᠠᠢ ᠭᠡᠵᠦ ᠬᠦᠰᠡᠭᠰᠡᠨᠴᠢᠯᠡᠨ᠂ ᠲᠡᠭᠦᠨ ᠦ ᠨᠠᠶᠢᠳᠠᠵᠤ ᠪᠠᠶᠢᠭᠰᠠᠨ ᠢᠯᠡᠭᠦᠦ ᠦᠷ᠎ᠡ ᠳ᠋ᠦᠩ ᠨᠢ ᠳᠠᠷᠠᠭ᠎ᠠ ᠨᠢ ᠭᠠᠷᠤᠭᠰᠠᠨ᠃1980 ᠣᠨ ᠳᠤ᠂ ᠲᠡᠷᠡ ᠪᠡᠷ ᠬᠥᠭᠵᠢᠮ ᠦᠨ ᠶᠢᠷᠲᠢᠨᠴᠦᠳ ᠣᠶᠤᠨ ᠤ ᠥᠮᠴᠢ ᠶᠢᠨ ᠡᠷᠬᠡ ᠶᠢᠨ ᠰᠢᠮᠡᠳᠬᠡᠯ ᠦᠨ ᠬᠡᠮᠵᠢᠶ᠎ᠡ ᠶᠢ ᠪᠠᠲᠤᠯᠠᠭᠠᠵᠢᠭᠤᠯᠵᠤ ᠠᠪᠤᠭᠰᠠᠨ: ᠲᠡᠭᠦᠨ ᠦ ᠠᠯᠢᠪᠤᠮ ᠤᠨ ᠪᠦᠬᠦ ᠠᠰᠢᠭ ᠤᠨ 37 ᠬᠤᠪᠢ ᠲᠠᠢ ᠲᠡᠩᠴᠡᠭᠰᠡᠨ

Thriller and Motown 25: ᠥᠴᠥᠭᠡᠳᠦᠷ᠂ ᠥᠨᠥᠳᠥᠷ᠂ ᠴᠢᠨᠠᠭᠰᠢᠳᠠ (1982-1983)[ᠵᠠᠰᠠᠪᠤᠷᠢᠯᠠᠬᠤ | ᠺᠣᠳ᠋ ᠢᠶᠠᠷ ᠵᠠᠰᠠᠬᠣ]

1982 ᠣᠨ ᠳᠤ᠂ ᠵᠠᠺᠰᠣᠨ E.T. the Extra-Terrestrial ᠺᠢᠨᠣᠨ ᠤ ᠬᠡᠦᠬᠡᠳ ᠦᠨ ᠦᠯᠢᠭᠡᠷ ᠦᠨ ᠲᠡᠭᠦᠪᠦᠷᠢ ᠶᠢᠨ "Someone In the Dark" ᠳᠠᠭᠤᠤ ᠶᠢ ᠵᠣᠬᠢᠶᠠᠬᠤ ᠳᠤ ᠬᠤᠪᠢ ᠨᠡᠮᠡᠷᠢ ᠪᠡᠨ ᠣᠷᠣᠭᠤᠯᠤᠭᠰᠠᠨ: ᠳᠠᠭᠤᠨ ᠤ ᠪᠢᠴᠢᠯᠭᠡ ᠨᠢ 1984 ᠣᠨ ᠳᠤ ᠭᠷᠠᠮ ᠦᠨ ᠬᠠᠮᠤᠭ ᠤᠨ ᠰᠠᠶᠢᠨ ᠸᠢᠳᠢᠣ᠋ ᠪᠢᠴᠢᠯᠭᠡ ᠱᠠᠩᠨᠠᠯ ᠢ ᠬᠦᠷᠲᠡᠭᠰᠡᠨ᠃ ᠲᠡᠷᠡ ᠵᠢᠯ ᠳᠤ ᠪᠡᠨ ᠲᠡᠷᠡ ᠭᠷᠠᠮᠢᠭ ᠤᠨ ᠥᠭᠡᠷ᠎ᠡ 7 ᠱᠠᠩᠨᠠᠯ᠂ ᠠᠮᠧᠷᠢᠺᠠ ᠶᠢᠨ ᠬᠥᠭᠵᠢᠮ ᠦᠨ 8 ᠱᠠᠩᠨᠠᠯ ᠢ ᠬᠦᠷᠢᠲᠦᠵᠦ᠂ ᠨᠢᠭᠡ ᠰᠥᠨᠢ ᠶᠢᠨ ᠳᠣᠲᠣᠷ᠎ᠠ ᠬᠠᠮᠤᠭ ᠤᠨ ᠣᠯᠠᠨ ᠱᠠᠩᠨᠠᠯ ᠬᠦᠷᠲᠡᠭᠰᠡᠨ ᠳᠠᠭᠤᠴᠢᠨ ᠪᠣᠯᠤᠭᠰᠠᠨ᠃ ᠡᠳᠡᠭᠡᠷ ᠱᠠᠩᠨᠠᠯ ᠤᠳ ᠢ ᠲᠡᠷᠡ ᠪᠡᠷ 1982 ᠣᠨ ᠳᠤ ᠭᠠᠷᠭᠠᠵᠤ᠂ 1983 ᠣᠨ ᠳᠤ ᠳᠡᠯᠡᠬᠡᠢ ᠳᠠᠬᠢᠨ ᠳᠤ ᠬᠠᠮᠤᠭ ᠤᠨ ᠶᠡᠬᠡ ᠪᠣᠷᠣᠯᠠᠭᠳᠠᠭᠰᠠᠨ ᠪᠣᠯᠤᠭᠰᠠᠨ ᠮᠥᠨ ᠨᠢᠭᠡᠳᠦᠭᠰᠡᠨ ᠤᠯᠤᠰ ᠤᠨ ᠬᠡᠮᠵᠢᠶᠡᠨ ᠳᠦ ᠪᠦᠬᠦ ᠴᠠᠭ ᠦᠶ᠎ᠡ ᠶᠢᠨ ᠬᠠᠮᠤᠭ ᠤᠨ ᠶᠡᠬᠡ ᠪᠣᠷᠣᠯᠠᠭᠳᠠᠭᠰᠠᠨ ᠠᠯᠢᠪᠤᠮ᠂ ᠳᠡᠯᠡᠬᠡᠢ ᠳᠠᠬᠢᠨ ᠢᠶᠠᠨ ᠪᠦᠬᠦ ᠴᠠᠭ ᠦᠶ᠎ᠡ ᠶᠢᠨ ᠬᠠᠮᠤᠭ ᠤᠨ ᠶᠡᠬᠡ ᠪᠣᠷᠣᠯᠠᠭᠳᠠᠭᠰᠠᠨ ᠠᠯᠢᠪᠤᠮ ᠪᠣᠯᠤᠭᠰᠠᠨ Thriller ᠴᠣᠮᠣᠭ ᠢᠶᠠᠷ ᠢᠶᠠᠨ ᠠᠪᠤᠭᠰᠠᠨ ᠪᠥᠭᠡᠳ 110 ᠭᠠᠷᠤᠨ ᠰᠠᠶ᠎ᠠ ᠬᠤᠪᠢ ᠪᠣᠷᠣᠯᠠᠭᠳᠠᠭᠰᠠᠨ ᠪᠠᠶᠢᠨ᠎ᠠ᠃ ᠡᠨᠡ ᠴᠣᠮᠣᠭ ᠨᠢ ᠪᠢᠯᠪᠶᠠᠷᠳ᠋ ᠍ ᠤᠨ 200 ᠳᠠᠭᠤᠨ ᠤ ᠴᠢᠷᠲ ᠢ 37 ᠳᠣᠯᠣᠭ᠎ᠠ ᠬᠣᠨᠣᠭ ᠤᠨ ᠲᠤᠷᠰᠢᠳᠠ ᠲᠡᠷᠢᠭᠦᠯᠡᠵᠦ᠂ ᠳᠠᠷᠠᠭᠠᠯᠠᠯᠠᠭᠰᠠᠨ 80 ᠳᠣᠯᠣᠭ᠎ᠠ ᠬᠣᠨᠣᠭ ᠤᠨ ᠲᠤᠷᠰᠢᠳᠠ 200 ᠳᠠᠭᠤᠨ ᠤ ᠵᠢᠭ᠌ᠰᠠᠭᠠᠯᠳᠠ ᠶᠢᠨ ᠰᠢᠯᠢᠳᠡᠭ 10 ᠍ ᠳᠦ ᠪᠠᠭᠳᠠᠵᠣ ᠪᠠᠶᠢᠴᠠᠢ᠃ "Billie Jean", "Beat It" ᠪᠣᠯᠤᠨ "Wanna Be Startin' Somethin'》 ᠳᠠᠭᠤᠨ ᠨᠤᠭᠤᠳ ᠢᠶᠠᠷ ᠢᠶᠠᠨ ᠪᠢᠯᠪᠶᠠᠷᠳ᠋ ᠍ ᠤᠨ Hot 100 ᠳᠠᠭᠤᠨ ᠤ ᠰᠢᠯᠢᠳᠡᠭ 10 ᠰᠢᠩᠭᠡᠯᠡ ᠳᠠᠭᠤᠤ ᠪᠠᠷ ᠰᠢᠯᠭᠠᠷᠴᠢ ᠪᠠᠶᠢᠭᠰᠠᠨ᠃ Thriller ᠴᠣᠮᠣᠭ ᠨᠢ 29 ᠰᠠᠶ᠋ᠢ ᠬᠤᠪᠢ RIAA ᠍ ᠶᠢᠨ ᠤᠰᠤᠨ ᠣᠩᠭᠣᠴᠠ ᠪᠠᠷ ᠲᠡᠭᠡᠭᠡᠪᠦᠷᠢᠯᠡᠭᠳᠡᠭᠰᠡᠨ ᠪᠠ ᠨᠢᠭᠡᠳᠦᠭᠰᠡᠨ ᠤᠯᠤᠰ ᠤᠨ ᠬᠡᠮᠵᠢᠶᠡᠨ ᠳᠦ ᠬᠣᠶᠠᠷ ᠤᠳᠠᠭ᠎ᠠ ᠶᠢᠨ ᠣᠴᠢᠷ ᠡᠷᠳᠡᠨᠢ ᠵᠡᠷᠭᠡ ᠶᠢ ᠠᠪᠴᠤ ᠪᠠᠶᠢᠴᠠᠢ᠃ ᠡᠨᠡ ᠠᠯᠪᠦᠮ ᠨᠢ ᠭᠷᠠᠮ ᠦᠨ ᠬᠠᠮᠤᠭ ᠤᠨ ᠰᠠᠶᠢᠨ ᠢᠨᠵᠧᠨᠧᠷ ᠦᠨ ᠪᠢᠴᠢᠯᠭᠡ ᠲᠡᠢ ᠠᠯᠢᠪᠤᠮ ᠱᠠᠩᠨᠠᠯ ᠠᠪᠤᠭᠰᠠᠨ- 1984 ᠣᠨ ᠳᠤ ᠣᠯᠣᠩ ᠳᠤ ᠲᠠᠨᠢᠭᠳᠠᠭ᠎ᠠ ᠦᠭᠡᠢ ᠪᠠᠶᠢᠭᠰᠠᠨ ᠪᠷᠤᠶᠢᠰ ᠰᠢᠪ ᠲᠦᠢᠨ ᠢ ᠬᠢᠭᠰᠡᠨ ᠬᠥᠳᠡᠯᠮᠦᠷᠢ ᠶᠢ ᠦᠨᠡᠯᠡᠨ ᠱᠠᠩᠨᠠᠭᠰᠠᠨ᠃ ᠵᠠᠺᠰᠣᠨ ᠤ ᠬᠠᠤᠯᠢᠴᠢ ᠲᠡᠭᠦᠨ ᠢ ᠬᠤᠳᠠᠯᠳᠤᠭᠠᠯᠠᠭᠳᠠᠭᠰᠠᠨ ᠨᠢᠭᠡ ᠴᠣᠮᠣᠭ ᠲᠤᠲᠤᠮ ᠳᠤ ᠪᠠᠨ ᠣᠶᠢᠷᠠᠯᠴᠠᠭ᠎ᠠ ᠪᠠᠷ 2 ᠳ᠋ᠣᠯᠯᠠᠷ ᠤᠨ ᠬᠠᠮᠤᠭ ᠤᠨ ᠥᠨᠳᠥᠷ ᠬᠡᠮᠵᠢᠶᠡᠨ ᠦ ᠵᠣᠬᠢᠶᠠᠭᠴᠢ ᠶᠢᠨ ᠡᠷᠬᠡ ᠶᠢᠨ ᠰᠢᠮᠡᠳᠭᠡᠯ ᠲᠥᠯᠦᠳᠡᠭ ᠬᠡᠮᠡᠨ ᠲᠡᠮᠳᠡᠭᠯᠡᠭᠰᠡᠨ ᠪᠠᠶᠢᠳᠠᠭ᠃ ᠮᠥᠨ ᠲᠡᠷᠡ ᠸᠢᠳᠢᠣ᠋ ᠬᠠᠭᠤᠷᠴᠠᠭ ᠪᠣᠷᠣᠯᠠᠭᠤᠯᠤᠯᠲᠠ ᠶᠢᠨ ᠠᠰᠢᠭ ᠤᠨ ᠠᠰᠢᠭ ᠢ ᠡᠪᠳᠡᠭᠰᠡᠨ᠃ The Making of Michael Jackson's Thriller ᠪᠠᠷᠢᠮᠲᠠᠲᠤ ᠬᠠᠭᠤᠷᠴᠠᠭ ᠨᠢ ᠬᠡᠳᠦᠬᠡᠨ ᠰᠠᠷ᠎ᠠ ᠶᠢᠨ ᠳᠣᠲᠣᠷ᠎ᠠ 350000 ᠬᠤᠪᠢ ᠬᠤᠳᠠᠯᠳᠤᠭᠠᠯᠠᠭᠳᠠᠭᠰᠠᠨ ᠪᠠᠶᠢᠳᠠᠭ᠃ ᠲᠡᠦᠬᠡᠴᠢ ᠵ᠃ᠷᠠᠨᠳᠢ ᠲᠠᠷᠠᠪᠤᠷᠷᠧᠯ 《Thriller ᠰᠡᠳᠬᠦᠯ᠂ ᠲᠣᠭᠯᠠᠭᠠᠮ᠂ ᠺᠢᠨᠣᠨ ᠤ ᠲᠠᠰᠤᠯᠪᠤᠷᠢ ᠵᠡᠷᠭᠡ ᠡᠩ ᠦᠨ ᠬᠡᠷᠡᠭᠯᠡᠭᠡᠨ ᠦ ᠵᠦᠢᠯᠡᠰ ᠦᠨ ᠭᠦᠢᠯᠭᠡᠭᠡ ᠶᠢ ᠵᠣᠭᠰᠣᠭᠠᠵᠤ- ᠬᠦᠮᠦᠰ ᠦᠨ ᠭᠣᠣᠯ ᠬᠡᠷᠡᠭᠯᠡᠯ ᠮᠡᠲᠦ ᠬᠤᠳᠠᠯᠳᠤᠭᠠᠯᠠᠭᠳᠠᠵᠤ ᠡᠬᠢᠯᠡᠭᠰᠡᠨ 》 ᠬᠡᠮᠡᠨ ᠪᠢᠴᠢᠭᠰᠡᠨ ᠪᠠᠶᠢᠳᠠᠭ᠃ 1985 ᠣᠨ ᠳᠤ The Making of Michael Jackson's Thriller ᠭᠷᠠᠮ ᠦᠨ ᠬᠠᠮᠤᠭ ᠤᠨ ᠰᠠᠶᠢᠨ ᠸᠢᠳᠢᠣ᠋ ᠪᠢᠴᠢᠯᠭᠡ ᠱᠠᠩᠨᠠᠯ ᠢ ᠬᠦᠷᠲᠡᠭᠰᠡᠨ᠃ 2009 ᠣᠨ ᠤ 12 ᠰᠠᠷ᠎ᠠ ᠳᠤ᠂ "Thriller" ᠍ ᠦᠨ ᠸᠢᠳᠢᠣ᠋ᠷ ᠨᠢ ᠦᠨᠳᠦᠰᠦᠨ ᠦ ᠺᠢᠨᠣᠨ ᠤ ᠪᠦᠷᠢᠳᠬᠡᠯ ᠳᠦ ᠺᠣᠩᠷᠧᠰᠰ ᠤᠨ ᠨᠣᠮ ᠤᠨ ᠰᠠᠩ ᠳᠤ ᠰᠣᠩᠭᠣᠨ ᠠᠪᠤᠭᠰᠠᠨ᠃ "Thriller" ᠠᠯᠪᠠᠨ ᠶᠣᠰᠣᠭᠠᠷ ᠣᠷᠣᠭᠤᠯᠤᠭᠰᠠᠨ ᠠᠩᠬᠠᠨ ᠤ ᠬᠥᠭᠵᠢᠮ ᠦᠨ ᠸᠢᠳᠢᠣ᠋ ᠶᠤᠮ᠃ Time ᠴᠣᠮᠣᠭ ᠨᠢ 《ᠳᠠᠭᠤᠤ ᠪᠢᠴᠢᠯᠭᠡ᠂ ᠷᠠᠳᠢᠣ᠋, ᠷᠣᠺ ᠸᠢᠳᠢᠣ᠋ ᠍ ᠶᠢᠨ ᠤ ᠣᠳᠣ᠃ ᠨᠢᠭᠡ ᠬᠦᠮᠦᠨ ᠬᠥᠭᠵᠢᠮ ᠦᠨ ᠪᠢᠽᠢᠨ᠋ᠧᠰ ᠲᠦ ᠪᠠᠭ ᠤᠨ ᠠᠪᠤᠷᠠᠭᠴᠢ ᠪᠣᠯᠤᠭᠰᠠᠨ᠃ ᠳᠠᠭᠤᠤ ᠵᠣᠬᠢᠶᠠᠭᠴᠢ ᠬᠡᠳᠦᠨ ᠠᠷᠪᠠᠨ ᠵᠢᠯ ᠦᠨ ᠬᠤᠭᠤᠴᠠᠭᠠᠨ ᠳᠤ ᠪᠠᠶᠢᠷᠢ ᠰᠠᠭᠤᠷᠢᠢᠠ ᠬᠠᠳᠠᠭᠠᠯᠠᠵᠤ ᠢᠷᠡᠭᠰᠡᠨ᠃ ᠬᠥᠯ ᠢᠶᠡᠷ ᠢᠶᠡᠨ ᠭᠤᠳᠤᠮᠵᠢᠨ ᠳᠤ ᠬᠠᠮᠤᠭ ᠤᠨ ᠲᠠᠭᠠᠲᠠᠢ ᠬᠥᠳᠡᠯᠭᠡᠭᠡᠨ ᠢ ᠬᠢᠳᠡᠭ᠃ ᠬᠡᠪ ᠮᠠᠶ᠋ᠢᠭ᠂ ᠵᠠᠭᠪᠤᠷ ᠪᠣᠯᠤᠭᠠᠳ ᠠᠷᠠᠰᠤᠨ ᠤ ᠥᠩᠭᠡᠨ ᠦ ᠬᠢᠯᠢ ᠬᠢᠵᠠᠭᠠᠷ ᠢ ᠡᠪᠳᠡᠵᠦ ᠴᠢᠳᠠᠭᠰᠠᠨ ᠳᠠᠭᠤᠴᠢᠨ᠃》 ᠵᠡᠷᠭᠡ ᠵᠠᠺᠰᠣᠨ ᠤ ᠨᠥᠯᠥᠭᠡᠯᠡᠯ ᠢ ᠲᠣᠳᠣᠷᠬᠠᠶᠢᠯᠠᠭᠰᠠᠨ᠃ The New York Times ᠰᠣᠨᠢᠨ ᠳᠤ᠂ 《ᠫᠣᠫ ᠬᠥᠭᠵᠢᠮ ᠦᠨ ᠶᠢᠷᠲᠢᠨᠴᠦᠳ᠂ ᠮᠠᠶᠢᠺᠯ ᠵᠠᠺᠰᠣᠨ ᠪᠠᠶᠢᠬᠤ ᠳᠤ ᠥᠭᠡᠷ᠎ᠡ ᠪᠤᠰᠤᠳ ᠨᠢ ᠴᠤ ᠮᠥᠨ ᠪᠠᠶᠢᠨ᠎ᠠ》 ᠬᠡᠮᠡᠨ ᠪᠢᠴᠢᠭᠰᠡᠨ ᠪᠠᠶᠢᠭᠰᠠᠨ᠃ 1983 ᠣᠨ ᠤ ᠭᠤᠷᠪᠠᠳᠤᠭᠠᠷ ᠰᠠᠷ᠎ᠠ ᠶᠢᠨ 25 ᠨᠳ᠂ ᠮᠠᠶᠢᠺᠯ ᠵᠠᠺᠰᠣᠨ ᠠᠬ᠎ᠠ ᠳᠡᠭᠦᠦ ᠨᠠᠷ ᠲᠠᠢ ᠪᠠᠨ ᠡᠷᠭᠢᠨ ᠨᠢᠭᠡᠳᠴᠦ Motown 25: Yesterday, Today, Forever ᠲᠧᠯᠧᠸᠢᠰ ᠦᠨ ᠴᠤᠪᠤᠷᠠᠯ ᠬᠥᠲᠥᠯᠪᠦᠷᠢ ᠳᠦ ᠣᠷᠣᠯᠴᠠᠭᠰᠠᠨ᠃ 1983 ᠣᠨ ᠤ ТАвдугаар ᠰᠠᠷ᠎ᠠ ᠶᠢᠨ 16 ᠡᠳ᠋ ᠴᠠᠴᠤᠭᠳᠠᠭᠰᠠᠨ ᠱᠣᠤᠭ 47 ᠰᠠᠶ᠋ᠢ ᠦᠵᠡᠭᠴᠢ ᠦᠵᠡᠵᠦ ᠲᠡᠳᠡᠨ Motown ᠪᠤᠰᠤᠳ ᠣᠳᠣᠳ ᠲᠡᠳᠡᠨ ᠳᠦ ᠠᠩᠬᠠᠷᠤᠯ ᠬᠠᠨᠳᠤᠭᠤᠯᠤᠭᠰᠠᠨ ᠪᠠᠶᠢᠨ᠎ᠠ᠃ ᠡᠨᠳᠡ ᠲᠣᠭᠯᠠᠭᠳᠠᠭᠰᠠᠨ "Billie Jean" ᠬᠡᠮᠡᠬᠦ ᠵᠠᠺᠰᠣᠨ ᠤ ᠭᠣᠴᠣᠯᠠᠯ ᠳᠠᠭᠤᠤ ᠬᠠᠮᠤᠭ ᠤᠨ ᠰᠠᠶᠢᠨ ᠨᠢ ᠪᠠᠶᠢᠭᠰᠠᠨ ᠪᠠ ᠡᠭᠦᠪᠡᠷ ᠢᠶᠡᠨ ᠡᠮᠮᠢᠭ ᠤᠨ ᠱᠠᠩᠨᠠᠯ ᠬᠦᠷᠲᠡᠭᠰᠡᠨ᠃ ᠬᠠᠷ᠎ᠠ ᠼᠧᠬᠡᠨ /ᠢᠲ᠋ᠠᠯᠢ ᠶᠢᠨ ᠠᠯᠲᠠᠨ ᠵᠣᠭᠣᠰ/ ᠬᠦᠷᠮ᠎ᠡ᠂ ᠭᠣᠯᠢᠹ ᠤᠨ ᠪᠡᠭᠡᠯᠡᠢ ᠶᠢ ᠬᠢᠮᠡᠯ ᠠᠯᠮᠠᠭᠠᠵᠠ ᠪᠠᠷ ᠴᠢᠮᠡᠭᠰᠡᠨ ᠪᠠᠶᠢᠭᠰᠠᠨ ᠪᠠ ᠲᠡᠷᠡ ᠥᠪᠡᠷ ᠦᠨ ᠰᠠᠷᠠᠨ ᠢᠶᠠᠨ ᠶᠠᠪᠤᠭᠴᠢ ᠬᠡᠮᠡᠬᠦ Soul Train ᠪᠦᠵᠢᠭᠴᠢᠨ ᠪᠤᠶᠤ Shalamar ᠍ ᠶᠢᠨ ᠭᠡᠰᠢᠭᠦᠨ ᠵᠧᠹᠹᠷᠡᠢ ᠳᠠᠨᠧᠯ ᠤᠨ ᠭᠤᠷᠪᠠᠨ ᠵᠢᠯ ᠦᠨ ᠡᠮᠦᠨ᠎ᠡ ᠵᠢᠭᠠᠭᠰᠠᠨ ᠪᠦᠵᠢᠭ ᠦᠨ ᠠᠩᠬ᠎ᠠ ᠤᠳᠠᠭ᠎ᠠ ᠪᠦᠵᠢᠭᠯᠡᠵᠦ ᠪᠠᠶᠢᠴᠠᠢ᠃ ᠠᠯᠳᠠᠷ ᠬᠦᠨᠳᠦ᠂ ᠱᠠᠩᠨᠠᠯ ᠮᠠᠶᠢᠺᠯ ᠵᠠᠺᠰᠣᠨ 1980 ᠣᠨ ᠳᠤ ᠵᠠᠺᠰᠣᠨ ᠤ ᠬᠢᠨ ᠬᠠᠮᠲᠤᠳᠠᠯᠢᠭ ᠲᠤ᠂ 1984 ᠣᠨ ᠳᠤ ᠭᠣᠴᠣᠯᠠᠯ ᠳᠠᠭᠤᠴᠢᠨ ᠪᠣᠯᠤᠭᠰᠠᠨ ᠢᠶᠠᠷ ᠬᠣᠯᠠᠯᠢᠪ ᠦᠳ ᠦᠨ ᠠᠯᠳᠠᠷᠲᠠᠨ ᠨᠤᠭᠤᠳ ᠤᠨ ᠲᠣᠭᠠᠨ ᠳᠤ ᠣᠷᠣᠭᠰᠠᠨ᠃ ᠲᠡᠷᠡ ᠳᠠᠭᠤᠤ ᠬᠥᠭᠵᠢᠮ ᠦᠨ ᠠᠵᠢᠯ ᠢᠶᠠᠨ ᠬᠢᠵᠦ ᠪᠠᠶᠢᠬᠤ ᠵᠠᠭᠤᠷ᠎ᠠ ᠪᠠᠨ ᠳᠡᠯᠡᠬᠡᠢ ᠶᠢᠨ ᠬᠥᠭᠵᠢᠮ ᠦᠨ ᠱᠠᠩᠨᠠᠯ᠂ ᠬᠠᠮᠤᠭ ᠤᠨ ᠶᠡᠬᠡ ᠪᠣᠷᠣᠯᠠᠭᠤᠯᠤᠯᠲᠠ ᠬᠢᠭᠰᠡᠨ ᠡᠷᠡᠭᠲᠡᠢ ᠫᠣᠫ ᠳᠠᠭᠤᠴᠢᠨ᠂ ᠠᠮᠧᠷᠢᠺᠠ ᠶᠢᠨ ᠬᠥᠭᠵᠢᠮ ᠦᠨ ᠱᠠᠩᠨᠠᠯ ᠤᠨ ᠵᠠᠭᠤᠨ ᠤ ᠵᠦᠵᠦᠭᠡᠴᠢᠨ ᠱᠠᠩᠨᠠᠯ᠂ ᠪᠡᠮᠪᠡ ᠶᠢᠨ ᠫᠣᠫ ᠵᠦᠵᠦᠭᠡᠴᠢᠨ ᠵᠡᠷᠭᠡ ᠮᠠᠰᠢ ᠣᠯᠠᠨ ᠲᠣᠭᠠᠨ ᠤ ᠱᠠᠩᠨᠠᠯ ᠤᠳ ᠢ ᠠᠪᠤᠭᠰᠠᠨ᠃ ᠲᠡᠷᠡ ᠪᠡᠷ 1997 ᠣᠨ ᠳᠤ ᠵᠠᠺᠰᠣᠨ ᠤ 5 ᠬᠠᠮᠲᠤᠯᠢᠭ ᠲᠤ ᠣᠷᠣᠭᠠᠳ᠂ ᠳᠠᠷᠠᠭ᠎ᠠ ᠨᠢ ᠭᠣᠴᠣᠯᠠᠯ ᠳᠠᠭᠤᠴᠢᠨ ᠪᠣᠯᠤᠭᠠᠳ 2001 ᠣᠨ ᠳᠤ ᠬᠣᠶᠠᠷ ᠤᠳᠠᠭ᠎ᠠ Rock and Roll Hall of Fame ᠍ ᠳᠦ ᠬᠣᠶᠠᠷᠠᠨ ᠲᠠᠢ ᠪᠦᠷᠢᠳᠬᠡᠭᠳᠡᠭᠰᠡᠨ ᠪᠠᠶᠢᠳᠠᠭ᠃ ᠲᠡᠷᠡ ᠪᠡᠷ ᠮᠥᠨ 1999 ᠣᠨ ᠳᠤ Vocal Group Hall of Fame (ᠵᠠᠺᠰᠣᠨ ᠤ 5 ᠍ ᠶᠢᠨ ᠭᠡᠰᠢᠭᠦᠨ ᠪᠠᠶᠢᠬᠤ ᠳᠤ ᠪᠠᠨ) ᠪᠣᠯᠤᠨ 2002 ᠣᠨ ᠳᠤ Songwriters Hall of Fame ᠍ ᠳᠦ ᠡᠯᠰᠡᠵᠦ ᠪᠠᠶᠢᠭᠰᠠᠨ᠃ ᠵᠠᠺᠰᠣᠨ ᠳᠡᠯᠡᠬᠡᠢ ᠶᠢᠨ ᠭᠧᠨᠨᠢᠰ ᠦᠨ ᠠᠮᠵᠢᠯᠲᠠ᠂ ᠭᠷᠠᠮ ᠦᠨ ᠱᠠᠩᠨᠠᠯ᠂ ᠠᠮᠧᠷᠢᠺᠠ ᠶᠢᠨ ᠬᠥᠭᠵᠢᠮ ᠦᠨ ᠱᠠᠩᠨᠠᠯ ᠪᠣᠯᠤᠨ ᠨᠢᠭᠡᠳᠦᠭᠰᠡᠨ ᠤᠯᠤᠰ ᠤᠨ ᠭᠣᠴᠣᠯᠠᠯ ᠳᠠᠭᠤᠴᠢᠨ ᠤ ᠱᠠᠩᠨᠠᠯ ᠤᠳ ᠭᠡᠳ ᠮᠠᠰᠢ ᠣᠯᠠᠨ ᠲᠣᠭᠠᠨ ᠤ ᠱᠠᠩᠨᠠᠯ ᠤᠳ ᠢ ᠠᠪᠴᠤ ᠪᠠᠶᠢᠭᠰᠠᠨ ᠪᠥᠭᠡᠳ ᠳᠡᠯᠡᠬᠡᠢ ᠳᠠᠬᠢᠨ ᠢᠶᠠᠨ 750 ᠰᠠᠶ᠎ᠠ ᠬᠤᠪᠢ ᠬᠠᠭᠤᠷᠴᠠᠭ ᠪᠣᠷᠣᠯᠠᠭᠤᠯᠤᠭᠰᠠᠨ ᠬᠠᠮᠤᠭ ᠤᠨ ᠶᠡᠬᠡ ᠪᠣᠷᠣᠯᠠᠭᠤᠯᠤᠯᠲᠠ ᠲᠠᠢ ᠡᠷᠡᠭᠲᠡᠢ ᠳᠠᠭᠤᠴᠢᠨ ᠢᠶᠠᠷ ᠰᠢᠯᠭᠠᠷᠴᠢ ᠪᠠᠶᠢᠭᠰᠠᠨ᠃ 2009 ᠣᠨ ᠤ 12 ᠰᠠᠷ᠎ᠠ ᠶᠢᠨ 29 ᠍ ᠳᠦ ᠠᠮᠧᠷᠢᠺᠠ ᠶᠢᠨ ᠺᠢᠨᠣ᠋ ᠢᠨᠰᠲ᠋ᠢᠲ᠋ᠦᠶᠢᠲ ᠠᠴᠠ ᠵᠠᠺᠰᠣᠨ ᠤ ᠦᠬᠦᠯ ᠭᠡᠨᠡᠳᠲᠡ ᠶᠢᠨ ᠵᠦᠢᠯ ᠪᠣᠯᠤᠯ᠎ᠠ ᠭᠡᠵᠦ ᠮᠡᠳᠡᠭᠳᠡᠭᠰᠡᠨ ᠪᠠᠶᠢᠳᠠᠭ᠃ ᠮᠠᠶᠢᠺᠯ ᠵᠠᠺᠰᠣᠨ ᠮᠥᠨ ᠨᠢᠭᠡᠳᠦᠭᠰᠡᠨ ᠨᠧᠭᠷ ᠤᠨ ᠺᠣᠯᠯᠧᠵᠢ ᠶᠢᠨ ᠰᠠᠩ ᠠᠴᠠ ᠬᠦᠮᠦᠨᠯᠢᠭ ᠦᠨ ᠳ᠋ᠣᠺᠲ᠋ᠣᠷ ᠤᠨ ᠵᠡᠷᠭᠡ᠂ ᠹᠢᠰᠺ ᠦᠨ ᠶᠡᠬᠡ ᠰᠤᠷᠭᠠᠭᠤᠯᠢ ᠠᠴᠠ ᠬᠦᠮᠦᠨᠯᠢᠭ ᠦᠨ ᠳ᠋ᠣᠺᠲ᠋ᠣᠷ ᠤᠨ ᠵᠡᠷᠭᠡ ᠶᠢ ᠲᠤᠰ ᠲᠤᠰ ᠠᠪᠤᠭᠰᠠᠨ᠃

ᠮᠥᠩᠭᠥᠨ ᠦ ᠡᠬᠢ ᠡᠭᠦᠰᠪᠦᠷᠢ ᠪᠣᠯᠤᠨ ᠬᠥᠷᠥᠩᠭᠡ[ᠵᠠᠰᠠᠪᠤᠷᠢᠯᠠᠬᠤ | ᠺᠣᠳ᠋ ᠢᠶᠠᠷ ᠵᠠᠰᠠᠬᠣ]

An aerial view of land that has roads and many rides

ᠮᠠᠶᠢᠺᠯ ᠵᠠᠺᠰᠣᠨ ᠠᠮᠢᠳᠤᠷᠠᠯ ᠤᠨ ᠢᠶᠠᠨ ᠲᠤᠷᠰᠢᠳᠠ 750 ᠣᠷᠴᠢᠮ ᠰᠠᠶ᠎ᠠ ᠳ᠋ᠣᠯᠯᠠᠷ ᠠᠰᠢᠭ ᠣᠯᠤᠭᠰᠠᠨ ᠪᠠᠶᠢᠳᠠᠭ ᠲᠤᠬᠠᠢ ᠰᠤᠳᠤᠯᠤᠭᠰᠠᠨ ᠪᠠᠶᠢᠳᠠᠭ᠃ ᠰᠡᠭᠦᠯ ᠦᠨ ᠬᠡᠳᠦᠨ ᠠᠷᠪᠠᠨ ᠵᠢᠯ ᠳᠤ᠂ ᠰᠣᠨᠢ ᠦᠨ ᠬᠥᠭᠵᠢᠮ ᠦᠨ ᠬᠤᠳᠠᠯᠳᠤᠭᠠᠨ ᠳᠤ ᠣᠷᠣᠭᠰᠠᠨ ᠲᠡᠭᠦᠨ ᠦ ᠳᠠᠭᠤᠤ ᠪᠢᠴᠢᠯᠭᠡ ᠨᠢ ᠲᠡᠭᠦᠨ ᠳᠦ 300 ᠰᠠᠶ᠎ᠠ ᠳ᠋ᠣᠯᠯᠠᠷ ᠤᠨ ᠮᠥᠩᠭᠥ ᠣᠯᠵᠤ ᠥᠭᠭᠦᠭᠰᠡᠨ ᠪᠠᠶᠢᠳᠠᠭ᠃ ᠲᠡᠷᠡ ᠪᠤᠰᠤᠳ 400 ᠰᠠᠶ᠎ᠠ ᠳ᠋ᠣᠯᠯᠠᠷ ᠢ ᠺᠣᠨᠼᠧᠷᠲ᠂ ᠬᠥᠭᠵᠢᠮ ᠦᠨ ᠬᠡᠪᠯᠡᠯ᠂ ᠬᠥᠭᠵᠢᠮ ᠦᠨ ᠬᠤᠳᠠᠯᠳᠤᠭᠠᠨ ᠠᠴᠠ ᠣᠯᠤᠭᠰᠠᠨ ᠪᠠᠶᠢᠵᠤ ᠪᠣᠯᠬᠤ ᠲᠠᠯ᠎ᠠ ᠲᠠᠢ᠃ ᠲᠡᠭᠦᠨ ᠦ ᠣᠯᠤᠭᠰᠠᠨ ᠪᠦᠬᠦ ᠮᠥᠨᠭᠡᠨ ᠦ ᠬᠡᠮᠵᠢᠶ᠎ᠡ ᠶᠢ ᠲᠣᠭᠠᠴᠠᠭᠠᠯᠠᠬᠤ ᠪᠣᠯᠤᠮᠵᠢ ᠦᠭᠡᠢ ᠶᠤᠮ᠂ ᠤᠴᠢᠷ ᠨᠢ ᠲᠡᠷᠡ ᠮᠠᠰᠢ ᠶᠡᠬᠡ ᠬᠡᠮᠵᠢᠶᠡᠨ ᠦ ᠲᠠᠲᠠᠪᠤᠷᠢ ᠲᠥᠯᠦᠳᠡᠭ ᠪᠠᠶᠢᠭᠰᠠᠨ᠃ ᠬᠡᠳᠦ ᠬᠡᠳᠦᠨ ᠰᠤᠳᠤᠯᠭᠠᠨ ᠠᠴᠠ ᠬᠠᠷᠠᠬᠤ ᠳᠤ᠂ ᠲᠡᠭᠦᠨ ᠦ ᠣᠷᠣᠯᠭ᠎ᠠ – 285 ᠰᠠᠶ᠋ᠢ ᠬᠠᠰᠤᠬᠤ ᠬᠡᠮᠵᠢᠶᠡᠨ ᠡᠴᠡ + 350 ᠰᠠᠶ᠎ᠠ ᠪᠣᠯᠲᠠᠯ᠎ᠠ ᠪᠠᠨ ᠥᠭᠡᠷᠡᠴᠢᠯᠡᠭᠳᠡᠭᠰᠡᠨ ᠪᠠᠶᠢᠳᠠᠭ᠃ 2009 ᠣᠨ ᠤ ᠵᠢᠷᠭᠤᠳᠠᠤᠭᠠᠷ ᠰᠠᠷ᠎ᠠ ᠶᠢᠨ 25 ᠍ ᠳᠦ ᠲᠡᠷᠡ ᠯᠣᠰ ᠠᠨᠵᠧᠯᠧᠰ ᠤᠨ ᠬᠣᠯᠠᠮᠪᠢ ᠬᠢᠯᠢᠯᠵᠠ ᠳ᠋ᠡᠬᠢ ᠬᠣᠶᠢᠳᠤ ᠺᠠᠷᠤᠯᠪ ᠦᠳ ᠳ᠋ᠷᠠᠶᠢᠪᠲ ᠲᠦᠷᠢᠶᠡᠰᠦᠯᠡᠵᠦ ᠪᠠᠶᠢᠭᠰᠠᠨ ᠬᠠᠷᠰᠢ ᠳᠤ ᠪᠠᠨ ᠣᠷᠣᠨ ᠳᠤ ᠪᠠᠨ ᠨᠠᠰᠤ ᠪᠠᠷᠠᠭᠰᠠᠨ᠃ ᠲᠡᠭᠦᠨ ᠦ ᠬᠤᠪᠢᠢ ᠡᠮᠴᠢ ᠺᠣᠩᠷᠠᠳ ᠮᠤᠷᠷᠡᠢ ᠰᠡᠬᠡᠭᠡ ᠤᠷᠤᠭᠤᠯᠬᠤ ᠣᠷᠣᠯᠳᠤᠯᠭ᠎ᠠ ᠬᠢᠭᠰᠡᠨ ᠪᠣᠯᠪᠠᠴᠤ ᠠᠮᠵᠢᠯᠲᠠ ᠦᠭᠡᠢ ᠪᠣᠯᠤᠭᠰᠠᠨ ᠪᠠᠶᠢᠨ᠎ᠠ᠃ ᠯᠣᠰ ᠠᠨᠵᠧᠯᠧᠰ ᠦᠨ ᠭᠠᠯ ᠤᠨ ᠠᠪᠬᠠᠷ ᠭᠠᠵᠠᠷ 12:22 ᠲᠠᠩᠺ 911 ᠍ ᠦᠨ ᠳᠠᠭᠤᠳᠠᠯᠭ᠎ᠠ ᠶᠢ ᠬᠦᠯᠢᠶᠡᠨ ᠠᠪᠴᠤ᠂ ᠵᠠᠺᠰᠣᠨ ᠤ ᠭᠡᠷ ᠲᠦ 3 ᠮᠢᠨᠦ᠋ᠲ ᠤᠨ ᠳᠠᠷᠠᠭ᠎ᠠ ᠢᠷᠡᠭᠰᠡᠨ ᠪᠠᠶᠢᠨ᠎ᠠ᠃ ᠲᠡᠷᠡ ᠣᠭᠲᠣ ᠠᠮᠢᠰᠬᠤᠯᠠᠬᠤ ᠦᠭᠡᠢ ᠪᠣᠯᠤᠭᠰᠠᠨ ᠪᠠᠶᠢᠭᠰᠠᠨ ᠪᠠ ᠬᠢᠮᠡᠯ ᠠᠮᠢᠰᠬᠤᠭ᠎ᠠ ᠬᠢᠵᠦ ᠠᠷᠭ᠎ᠠ ᠬᠡᠮᠵᠢᠶ᠎ᠡ ᠠᠪᠤᠭᠰᠠᠨ ᠠᠵᠢ᠃ ᠳᠠᠬᠢᠭᠠᠳ ᠴᠠᠭ ᠤᠨ ᠳᠠᠷᠠᠭ᠎ᠠ UCLA ᠲᠥᠪ ᠡᠮᠨᠡᠯᠭᠡ ᠶᠢᠨ ᠷᠤᠨᠠᠯ ᠳᠤ ᠷᠧᠭᠠᠨ ᠰᠡᠷᠭᠦᠭᠡᠬᠦ ᠣᠷᠣᠯᠳᠤᠯᠭ᠎ᠠ ᠬᠢᠭᠰᠡᠨ ᠴᠤ ᠪᠦᠲᠦᠯᠭᠦᠶᠢᠲᠦᠵᠦ ᠲᠡᠭᠦᠨ ᠢ ᠣᠷᠣᠨ ᠨᠤᠲᠤᠭ ᠤᠨ ᠴᠠᠭ ᠢᠶᠠᠷ 2:26 ᠍ ᠳᠦ ᠠᠮᠢᠰᠬᠤᠯ ᠬᠤᠷᠢᠶᠠᠭᠰᠠᠨ ᠭᠡᠵᠦ ᠲᠡᠮᠳᠡᠭᠯᠡᠭᠰᠡᠨ ᠪᠥᠭᠡᠳ ᠳᠡᠯᠡᠬᠡᠢ ᠳᠠᠬᠢᠨ ᠢ ᠭᠦᠨ ᠬᠠᠷᠠᠭᠤᠰᠤᠯ ᠳᠤ ᠤᠨᠠᠭᠠᠭᠰᠠᠨ᠃ ᠡᠨᠡ ᠲᠤᠬᠠᠢ ᠮᠡᠳᠡᠭᠡ ᠣᠨᠯᠠᠶᠢᠨ ᠢᠶᠠᠷ ᠮᠠᠰᠢ ᠬᠤᠷᠪᠠ ᠲᠠᠢ ᠲᠠᠷᠬᠠᠭᠰᠠᠨ᠃ TMZ ᠪᠣᠯᠤᠨ ᠯᠣᠰ ᠠᠨᠵᠧᠯᠧᠰ ᠬᠣᠶᠠᠭᠤᠯᠠ ᠪᠠᠨ ᠡᠮᠭᠡᠨᠢᠯ ᠢᠯᠡᠷᠬᠡᠶᠢᠯᠡᠭᠰᠡᠨ ᠮᠡᠳᠡᠭᠡᠯᠡᠯ ᠲᠠᠷᠠᠭᠠᠭᠰᠠᠨ᠃ Google ᠮᠠᠶᠢᠺᠯ ᠵᠠᠺᠰᠣᠨ ᠲᠠᠢ ᠬᠣᠯᠪᠣᠭ᠎ᠠ ᠲᠠᠢ ᠬᠡᠳᠦᠨ ᠰᠠᠶ᠎ᠠ ᠬᠦᠮᠦᠨ ᠡᠴᠡ ᠮᠡᠳᠡᠭᠡᠯᠡᠯ ᠢ ᠠᠪᠤᠭᠠᠳ ᠢᠲᠡᠭᠡᠭᠰᠡᠨ ᠴᠤ Ddos ᠳᠠᠭᠠᠷᠢᠯᠲᠠᠨ ᠳᠤ ᠶᠡᠬᠡ ᠪᠡᠷ ᠥᠷᠲᠦᠭᠰᠡᠨ ᠤᠴᠢᠷ 30 ᠮᠢᠨᠦ᠋ᠲ ᠤᠨ ᠳᠣᠲᠣᠷ᠎ᠠ ᠲᠡᠭᠦᠨ ᠦ ᠲᠤᠬᠠᠢ ᠮᠡᠳᠡᠭᠡᠯᠡᠯ ᠦᠳ ᠦᠨ ᠬᠠᠶᠢᠯᠲᠠ ᠶᠢ ᠵᠣᠭᠰᠣᠬᠤ ᠠᠷᠭ᠎ᠠ ᠬᠡᠮᠵᠢᠶ᠎ᠡ ᠠᠪᠴᠠᠢ᠃ ᠸᠢᠭᠫᠡᠳᠢᠶᠠᠭ ᠦᠨᠳᠦᠰᠦᠯᠡᠭᠴᠢ ᠰᠠᠶ᠋ᠢ ᠣᠷᠴᠢᠮ ᠨᠡᠲᠢ ᠠᠰᠢᠭᠯᠠᠭᠴᠢᠳ ᠵᠠᠺᠰᠣᠨ ᠤ ᠲᠠᠯ᠎ᠠ ᠪᠠᠷ ᠬᠢ ᠮᠡᠳᠡᠭᠡᠯᠡᠯ ᠢ ᠴᠠᠭ ᠤᠨ ᠳᠣᠲᠣᠷ᠎ᠠ ᠤᠩᠰᠢᠭᠰᠠᠨ ᠨᠢ ᠸᠢᠺᠢᠫ ᠲᠦᠢᠭ᠎ᠠ ᠶᠢᠨ ᠲᠡᠦᠬᠡᠨ ᠳᠦ ᠪᠠᠶᠢᠭ᠎ᠠ ᠦᠭᠡᠢᠬᠠᠮᠤᠭ ᠤᠨ ᠣᠯᠠᠨ ᠬᠠᠨᠳᠤᠯᠲᠠ ᠪᠣᠯᠤᠭᠰᠠᠨ ᠭᠡᠵᠦ ᠮᠡᠳᠡᠭᠡᠯᠡᠵᠡᠢ᠃ AOL Instant Messenger 40 ᠮᠢᠨᠦ᠋ᠲ ᠤᠨ ᠲᠤᠷᠰᠢᠳᠠ ᠵᠣᠭᠰᠣᠯᠲᠠᠨ ᠳᠤ ᠣᠷᠣᠵᠠᠢ᠃ AOL –ᠢᠢ ᠶᠢᠨ ᠬᠢᠨ ᠦ ᠵᠦᠭ ᠡᠴᠡ ᠪᠢᠳᠡ ᠡᠮᠦᠨ᠎ᠡ ᠨᠢ ᠬᠡᠵᠢᠶ᠎ᠡ ᠴᠤ ᠡᠶᠢᠮᠦ ᠵᠦᠢᠯ ᠬᠠᠷᠠᠵᠤ ᠪᠠᠶᠢᠭᠰᠠᠨ ᠦᠭᠡᠢ᠂ ᠡᠨᠡ ᠪᠣᠯᠣ ᠢᠨᠲ᠋ᠧᠷᠨᠡᠲ ᠦᠨ ᠲᠡᠦᠬᠡᠨ ᠳᠦ ᠭᠠᠷᠴᠤ ᠪᠠᠶᠢᠭ᠎ᠠ ᠦᠭᠡᠢ ᠣᠭᠴᠣᠮ ᠦᠰᠦᠷᠦᠯᠲᠡ ᠪᠠᠶᠢᠯ᠎ᠠ ᠭᠡᠵᠦ ᠮᠡᠳᠡᠭᠳᠡᠭᠰᠡᠨ ᠪᠠᠶᠢᠨ᠎ᠠ᠃ Twitter ᠠᠰᠢᠭᠯᠠᠭᠴᠢᠳ ᠤᠨ 15 ᠬᠤᠪᠢ ᠨᠢ ᠮᠢᠨᠦ᠋ᠲᠤᠨ ᠳᠤ 5000 ᠮᠧᠰᠰᠧᠵ ᠶᠠᠪᠤᠭᠤᠯᠵᠤ ᠪᠠᠶᠢᠭᠰᠠᠨ ᠨᠢ – ᠢᠷᠠᠨ ᠤ ᠴᠠᠬᠢᠯᠭᠠᠨ ᠤ ᠲᠤᠬᠠᠢ ᠶᠠᠷᠢᠵᠤ ᠪᠠᠶᠢᠭᠰᠠᠨ ᠲᠠᠢ ᠬᠠᠷᠢᠴᠠᠭᠤᠯᠪᠠᠯ 5 ᠬᠤᠪᠢᠶᠠᠷᠢ ᠢᠯᠡᠭᠦᠦ ᠬᠠᠨᠳᠤᠯᠲᠠ ᠪᠣᠯᠵᠤ ᠪᠠᠶᠢᠴᠠᠢ᠃ ᠸᠪ ᠠᠰᠢᠭᠯᠠᠭᠴᠢᠳ ᠪᠠᠭ᠎ᠠ ᠳᠤ ᠪᠠᠨ ᠯᠠ ᠭᠡᠬᠦ ᠳᠦ 11-20 ᠬᠤᠪᠢᠶᠠᠷᠢ ᠡᠩ ᠦᠨ ᠦᠶᠡᠰ ᠢᠯᠡᠭᠦᠦ ᠬᠠᠨᠳᠤᠯᠲᠠ ᠬᠡᠶᠢᠵᠢᠭᠡ᠃ MTV ᠪᠣᠯᠤᠨ Black Entertainment Television (BET) ᠵᠠᠺᠰᠣᠨ ᠤ ᠬᠥᠭᠵᠢᠮ ᠦᠨ ᠠᠮᠢᠳᠤᠷᠠᠯ ᠤᠨ ᠲᠤᠬᠠᠢ ᠶᠢᠨ ᠨᠡᠪᠲᠡᠷᠡᠭᠦᠯᠭᠡ ᠴᠠᠴᠤᠭᠰᠠᠨ᠃ ᠵᠠᠺᠰᠣᠨ ᠤ ᠲᠤᠬᠠᠢ ᠲᠤᠰᠬᠠᠢ ᠨᠡᠪᠲᠡᠷᠡᠭᠦᠯᠭᠡ ᠨᠦᠭᠦᠳ ᠢ ᠳᠡᠳ᠋ᠬᠢ ᠳᠠᠬᠢᠨ ᠢᠶᠠᠨ ᠴᠠᠴᠤᠵᠤ ᠪᠠᠶᠢᠴᠠᠢ᠃ ᠵᠠᠺᠰᠣᠨ ᠢ ᠨᠠᠰᠤ ᠪᠠᠷᠰᠤᠨ ᠠᠴᠠ ᠬᠣᠶᠠᠷ ᠳᠣᠯᠣᠭ᠎ᠠ ᠬᠣᠨᠣᠭ ᠤᠨ ᠲᠤᠷᠰᠢᠳᠠ ᠡᠳᠦᠷ ᠲᠦ ᠶᠠᠪᠤᠭᠳᠠᠬᠤ ᠬᠥᠲᠥᠯᠪᠦᠷᠢ ᠶᠢᠨ ᠡᠬᠢᠨ ᠪᠣᠯᠭᠠᠨ ᠳᠤ ᠵᠠᠺᠰᠣᠨ ᠤ ᠲᠤᠬᠠᠢ ᠭᠠᠷᠴᠤ ᠪᠠᠶᠢᠭᠰᠠᠨ᠃ ᠠᠮᠧᠷᠢᠺᠠ ᠶᠢᠨ ᠭᠣᠣᠯ ᠮᠡᠳᠡᠭᠡᠯᠡᠯ ᠦᠨ ᠰᠤᠪᠠᠭ ᠤᠳ ᠪᠣᠯᠬᠤ ABC World News, CBS Evening News ᠪᠣᠯᠤᠨ NBC Nightly News ᠮᠡᠳᠡᠭᠡᠯᠡᠯ ᠦᠨ ᠰᠤᠪᠠᠭ ᠤᠳ ᠮᠡᠳᠡᠭᠡᠯᠡᠯ ᠦᠨ ᠢᠶᠡᠨ 34 ᠣᠷᠴᠢᠮ ᠬᠤᠪᠢ ᠶᠢ ᠲᠡᠭᠦᠨ ᠦ ᠲᠤᠬᠠᠢ ᠶᠠᠷᠢᠬᠤ ᠳᠤ ᠵᠠᠷᠤᠴᠠᠭᠤᠯᠵᠤ ᠪᠠᠶᠢᠴᠠᠢ᠃ 2009 ᠣᠨ ᠤ 7 ᠰᠠᠷ᠎ᠠ ᠶᠢᠨ 7 ᠳ ᠵᠠᠺᠰᠣᠨ ᠤ ᠳᠤᠷᠠᠰᠬᠠᠯ ᠳᠤ ᠵᠣᠷᠢᠭᠤᠯᠤᠨ ᠯᠣᠰ ᠠᠨᠵᠧᠯᠧᠰ ᠦᠨ ᠰᠲ᠋ᠠᠫᠯᠧᠰ ᠲᠥᠪ ᠲᠦ ᠡᠷᠬᠡ ᠴᠢᠯᠦᠭᠡᠨ ᠦ Forest Lawn ᠳᠤᠷᠠᠰᠬᠠᠯ ᠤᠨ ᠫᠠᠷᠺ ᠲᠤ ᠠᠵᠢᠯᠯᠠᠭ᠎ᠠ ᠶᠢ ᠵᠡᠬᠢᠭᠰᠠᠨ᠃ ᠵᠠᠺᠰᠣᠨ ᠤ ᠠᠪᠰᠠ ᠶᠢ ᠬᠦᠨᠳᠦᠳᠬᠡᠯ ᠦᠨ ᠠᠵᠢᠯᠯᠠᠭᠠᠨ ᠤ ᠶᠠᠪᠤᠴᠠ ᠳᠤ ᠬᠠᠷᠠᠭᠤᠯᠤᠭᠰᠠᠨ ᠴᠤ᠂ ᠪᠡᠶ᠎ᠡ ᠶᠢ ᠨᠢ ᠬᠠᠮᠢᠭ᠎ᠠ ᠪᠠᠶᠢᠭᠰᠠᠨ ᠲᠠᠯ᠎ᠠ ᠪᠠᠷ ᠶᠠᠮᠠᠷ ᠴᠤ ᠮᠡᠳᠡᠭᠡᠯᠡᠯ ᠥᠭᠭᠦᠭᠳᠡᠭᠡ ᠦᠭᠡᠢ ᠥᠩᠭᠡᠷᠡᠭᠰᠡᠨ᠃ ᠲᠡᠦᠬᠡᠨ ᠳᠦ ᠲᠡᠭᠦᠨ ᠦ ᠬᠦᠨᠳᠦᠳᠬᠡᠯ ᠦᠨ ᠠᠵᠢᠯᠯᠠᠭ᠎ᠠ ᠶᠢ ᠬᠠᠮᠤᠭ ᠤᠨ ᠣᠯᠠᠨ ᠬᠦᠮᠦᠨ ᠦᠵᠡᠭᠰᠡᠨ ᠲᠣᠬᠢᠶᠠᠯᠳᠤᠯ ᠪᠣᠯᠤᠭᠰᠠᠨ᠃ ᠨᠢᠭᠡᠳᠦᠭᠰᠡᠨ ᠤᠯᠤᠰ ᠤᠨ ᠬᠡᠮᠵᠢᠶᠡᠨ ᠳᠦ ᠶᠡᠷᠦᠩᠬᠡᠶᠢᠯᠡᠭᠴᠢ ᠷᠤᠨᠠᠯ ᠳᠤ ᠷᠢᠨᠤᠭᠠᠨ ᠤ ᠤᠷᠤᠰᠢᠭᠤᠯᠬᠤ ᠠᠵᠢᠯᠯᠠᠭ᠎ᠠ ᠶᠢ 2004 ᠣᠨ ᠳᠤ 33.1 ᠰᠠᠶ᠎ᠠ ᠬᠦᠮᠦᠨ᠂ 1997 ᠣᠨ ᠳᠤ ᠳᠢᠶᠠᠨ᠎ᠠ ᠭᠦᠨᠵᠡ ᠶᠢᠨ ᠣᠷᠣᠰᠢᠭᠤᠯᠭ᠎ᠠ ᠶᠢᠨ ᠠᠵᠢᠯᠯᠠᠭ᠎ᠠ ᠶᠢ 33.1 ᠰᠠᠶ᠎ᠠ ᠬᠦᠮᠦᠨ ᠦᠵᠡᠭᠰᠡᠨ ᠲᠡᠢ ᠬᠠᠷᠢᠴᠠᠭᠤᠯᠬᠤ ᠳᠤ ᠮᠢᠯᠦᠰᠦᠨ ᠦ ᠬᠥᠲᠥᠯᠦᠭᠰᠡᠨ ᠨᠡᠪᠲᠡᠷᠡᠭᠦᠯᠭᠡ ᠶᠢ 31.1 ᠰᠠᠶ᠎ᠠ ᠬᠦᠮᠦᠨ ᠦᠵᠡᠭᠰᠡᠨ ᠪᠠᠶᠢᠨ᠎ᠠ᠃ ᠮᠠᠷᠢᠶ᠎ᠠ ᠺᠷᠢ᠂ ᠰᠡᠲᠡᠶᠢᠪᠡ ᠤᠣᠨᠳᠡᠷ᠂ ᠯᠢᠣᠨᠢᠯ ᠷᠢᠴᠢᠶ᠎ᠡ᠂ ᠵᠢᠨᠦᠩ ᠮᠠᠧᠢᠷ᠂ ᠵᠧᠨᠨᠢᠹᠧᠷ ᠬᠠᠳᠤᠭᠰᠠᠨ᠂ ᠠᠱᠧᠷ᠂ ᠵᠧᠷᠮᠠᠢ ᠶᠢᠨ ᠵᠠᠺᠰᠣᠨ ᠪᠣᠯᠤᠨ ᠰᠢᠬ᠎ᠠ ᠶᠢᠨ ᠵᠠᠹᠠᠷᠭᠣᠯᠢ ᠨᠠᠷ ᠶᠣᠰᠣᠯᠠᠯ ᠤᠨ ᠠᠵᠢᠯᠯᠠᠭᠠᠨ ᠳᠤ ᠣᠷᠣᠯᠴᠠᠭᠰᠠᠨ ᠪᠠᠶᠢᠨ᠎ᠠ᠃ ᠮᠠᠶᠠᠭ᠎ᠠ ᠠᠨᠵᠧᠯᠤ ᠶᠢᠨ ᠪᠢᠴᠢᠭᠰᠡᠨ 《We had him》 ᠰᠢᠯᠦᠭ ᠢ ᠬᠠᠲᠤᠨ ᠬᠠᠭᠠᠨ ᠯᠠᠲ᠋ᠢᠹᠠ ᠤᠩᠰᠢᠭᠰᠠᠨ ᠪᠣᠯ ᠪᠡᠷᠢ ᠭᠣᠷᠳ᠋ ᠪᠣᠯᠤᠨ ᠰᠮᠥᠺᠢ ᠷᠣᠪᠢᠩᠰᠠᠨ ᠨᠠᠷ ᠮᠠᠭᠲᠠᠭᠠᠯ ᠤᠨ ᠬᠡᠯᠡᠭᠰᠡᠨ ᠪᠠᠶᠢᠨ᠎ᠠ᠃ ᠠᠯᠠ ᠰᠢᠷᠠᠫᠲ᠋ᠣᠨ ᠵᠠᠺᠰᠣᠨ ᠤ ᠬᠡᠦᠬᠡᠳ ᠦᠳ ᠲᠦ ᠬᠠᠨᠳᠤᠨ 《ᠠᠪᠤ ᠶᠢᠨ ᠴᠢᠨᠢ ᠬᠤᠪᠢ ᠳᠤ ᠶᠠᠭᠤ ᠴᠤ ᠡᠲᠡᠭᠡᠳ ᠪᠠᠶᠢᠭ᠎ᠠ ᠦᠭᠡᠢ ᠶᠤᠮ ᠰᠢᠦ᠃ ᠠᠪᠤ ᠶᠢᠨ ᠴᠢᠨᠢ ᠬᠢᠵᠦ ᠪᠠᠶᠢᠭ᠎ᠠ ᠵᠦᠢᠯᠡᠰ ᠨᠢ ᠥᠪᠡᠷᠮᠢᠴᠡ ᠪᠠᠶᠢᠳᠠᠭ ᠪᠠᠶᠢᠯ᠎ᠠ᠃ ᠭᠡᠪᠡᠴᠦ ᠲᠡᠷᠡ ᠶᠠᠭᠤ ᠴᠤ ᠪᠠᠶᠢᠭᠰᠠᠨ ᠵᠣᠷᠢᠭᠲᠠᠢ ᠬᠢᠳᠡᠭ ᠪᠠᠶᠢᠭᠰᠠᠨ》 ᠭᠡᠵᠦ ᠬᠡᠯᠡᠭᠰᠡᠨ ᠦᠭᠡ ᠨᠢ ᠣᠯᠠᠨ ᠢ ᠤᠳᠤᠲᠠᠯ᠎ᠠ ᠠᠯᠭ᠎ᠠ ᠲᠠᠰᠢᠬᠤ ᠳᠤ ᠬᠦᠷᠭᠡᠭᠰᠡᠨ ᠪᠠᠶᠢᠨ᠎ᠠ᠃ ᠲᠡᠭᠦᠨ ᠦ 11 ᠨᠠᠰᠤᠲᠠᠢ ᠥᠬᠢᠨ ᠫᠠᠷᠢᠰ ᠺᠠᠲ᠋ᠧᠷᠢᠨ 《ᠨᠠᠮᠠᠢ ᠲᠦᠷᠦᠭᠰᠡᠨ ᠴᠠᠭ ᠠᠴᠠ ᠠᠪᠬᠠᠭᠤᠯᠤᠭᠠᠳ ᠠᠪᠤ ᠮᠢᠨᠢ ᠲᠠ ᠨᠠᠷ ᠤᠨ ᠲᠥᠰᠦᠭᠡᠯᠡᠵᠦ ᠪᠠᠶᠢᠭᠰᠠᠨ ᠠᠴᠠ ᠢᠯᠡᠭᠦᠦ ᠡᠨᠡ ᠬᠣᠷᠸ᠎ᠠ ᠶᠢᠨ ᠬᠠᠮᠤᠭ ᠤᠨ ᠰᠠᠶᠢᠨ ᠠᠪᠤ ᠪᠠᠶᠢᠭᠰᠠᠨ᠃ ᠪᠢ ᠲᠡᠭᠦᠨ ᠳᠦ ᠮᠠᠰᠢ ᠶᠡᠬᠡ ᠬᠠᠶᠢᠷᠠᠲᠠᠢ ᠭᠡᠳᠡᠭ ᠢᠶᠡᠨ ᠬᠡᠯᠡᠬᠦ ᠶᠢ ᠬᠦᠰᠡᠵᠦ ᠪᠠᠶᠢᠨ᠎ᠠ》 ᠬᠡᠮᠡᠨ ᠤᠬᠢᠯᠠᠨ ᠬᠡᠯᠡᠭᠰᠡᠨ ᠪᠠᠶᠢᠨ᠎ᠠ᠃ ᠰᠠᠨᠸᠠᠷᠲᠠᠨ ᠯᠦᠰᠢᠤᠰ ᠰᠮᠢᠲ ᠬᠠᠯᠲᠤ ᠶᠢᠨ ᠵᠠᠯᠪᠠᠷᠢᠯ ᠢ ᠦᠢᠯᠡᠳᠦᠭᠰᠡᠨ ᠪᠠᠶᠢᠨ᠎ᠠ᠃ Forest Lawn Memorial Park ᠍ ᠳᠦ 2010 ᠣᠨ ᠤ 6 ᠰᠠᠷ᠎ᠠ ᠶᠢᠨ 25 ᠨᠳ ᠪᠣᠯᠤᠭᠰᠠᠨ ᠲᠡᠭᠦᠨ ᠦ ᠨᠠᠰᠤ ᠪᠠᠷᠠᠭᠰᠠᠨ ᠤ ᠨᠢᠭᠡ ᠵᠢᠯ ᠦᠨ ᠣᠢ ᠶᠢᠨ ᠬᠦᠩᠯᠡᠳᠬᠡᠯ ᠦᠨ ᠠᠷᠭ᠎ᠠ ᠬᠡᠮᠵᠢᠶᠡᠨ ᠳᠦ ᠳᠡᠯᠡᠬᠡᠢ ᠶᠢᠨ ᠥᠨᠴᠥᠭ ᠪᠤᠯᠤᠨ ᠪᠦᠷᠢ ᠡᠴᠡ ᠲᠡᠭᠦᠨ ᠦ ᠹᠧᠨ ᠨᠦᠭᠦᠳ ᠨᠢ ᠢᠷᠡᠵᠦ ᠢᠷᠡᠵᠦ᠂ Hollywood Walk of Fame ᠳ᠋ᠡᠬᠢ ᠲᠡᠭᠦᠨ ᠦ ᠣᠳᠣ ᠶᠢ ᠣᠴᠢᠵᠤ ᠦᠵᠡᠨ ᠯᠣᠰ ᠠᠨᠵᠧᠯᠧᠰᠠᠷ᠎ᠠ ᠠᠶᠠᠯᠠᠵᠤ ᠮᠥᠨ ᠲᠡᠭᠦᠨ ᠦ ᠭᠡᠷ ᠢᠶᠡᠷ ᠵᠣᠴᠢᠯᠠᠭᠰᠠᠨ ᠪᠠᠶᠢᠨ᠎ᠠ᠃ ᠵᠠᠺᠰᠣᠨ ᠤ ᠭᠡᠷ ᠪᠦᠯᠢ ᠶᠢᠨ ᠬᠢᠨ ᠪᠣᠯᠤᠨ ᠣᠶᠢᠷ᠎ᠠ ᠳᠣᠲᠣᠨ ᠤ ᠨᠠᠶᠢᠵᠠ ᠨᠥᠬᠥᠳ ᠨᠢ ᠲᠡᠭᠦᠨ ᠢ ᠬᠦᠨᠳᠦᠳᠬᠡᠨ ᠮᠥᠩᠭᠥᠨ ᠲᠤᠰᠠᠯᠠᠮᠵᠢ ᠥᠭᠬᠦ ᠪᠡᠷ ᠵᠣᠴᠢᠯᠠᠭᠰᠠᠨ ᠪᠠᠶᠢᠨ᠎ᠠ᠃ ᠺᠠᠲ᠋ᠧᠷᠢᠨ᠎ᠠ ᠢᠨᠳᠢᠶᠠᠨᠠᠭ ᠤᠨ ᠭᠠᠷᠢ ᠳᠤ ᠡᠷᠭᠢᠨ ᠢᠷᠡᠵᠦ᠂ ᠭᠡᠷ ᠪᠦᠯᠢ ᠶᠢᠨ ᠪᠠᠶᠢᠰᠢᠩ ᠤᠨ ᠬᠢ ᠨᠢ ᠤᠷᠳᠤ ᠳᠤᠷᠠᠰᠬᠠᠯ ᠤᠨ ᠬᠥᠰᠢᠶ᠎ᠡ ᠪᠠᠷᠢᠭᠤᠯᠵᠠᠢ᠃ ᠬᠦᠨᠳᠦᠳᠬᠡᠯ ᠦᠨ ᠠᠵᠢᠯᠯᠠᠭ᠎ᠠ ᠰᠥᠨᠢ ᠯᠠᠨ ᠤ ᠭᠡᠷᠡᠯ ᠳᠦ᠂ 《We are the world》 ᠭᠡᠳᠡᠭ ᠳᠠᠭᠤᠤ ᠪᠠᠷ ᠦᠷᠭᠦᠯᠵᠢᠯᠡᠭᠰᠡᠨ ᠪᠠᠶᠢᠨ᠎ᠠ᠃

A group of adults and a child are shown in the photo. An African American female with short brown hair who is wearing a jean jacket and a light wash pair of jeans with a red shirt is seen holding a video camera, which is pointing forward. To the right of the female there is an opened black umbrella that is held above a light-skinned male with long black hair who is wearing all black clothes. In front of the male there is a child with black hair that is wearing a black cap with a blue shirt, a pair of white pants and black shoes. To the farthest right there are two Caucasian males with dark brown hair. In the background, trees, bushes and people can be seen.

ᠦᠬᠦᠯ[ᠵᠠᠰᠠᠪᠤᠷᠢᠯᠠᠬᠤ | ᠺᠣᠳ᠋ ᠢᠶᠠᠷ ᠵᠠᠰᠠᠬᠣ]

 Image of Jacksons Star with flowerd and notes on it

2009 ᠣᠨ ᠤ 6 ᠰᠠᠷ᠎ᠠ ᠶᠢᠨ 25 ᠍ ᠳᠦ ᠵᠡᠺᠰᠣᠨ ᠯᠣᠰ ᠠᠨᠵᠧᠯᠰ ᠤᠨ ᠬᠣᠯᠪᠢᠶᠠ ᠬᠢᠯᠢᠯᠰ ᠳᠠᠬᠢ ᠬᠠᠷᠰᠢ ᠳᠤ ᠪᠠᠨ ᠣᠷᠣᠨ ᠳᠤ ᠪᠠᠨ ᠪᠠᠶᠢᠬᠤ ᠳᠤ ᠪᠠᠨ ᠨᠠᠰᠤ ᠪᠠᠷᠠᠵᠠᠢ᠃ᠲᠡᠭᠦᠨ ᠦ ᠬᠤᠪᠢ ᠤᠨ ᠡᠮᠴᠢ ᠺᠣᠩᠷᠠᠳ ᠮᠤᠷᠤᠶ᠎ᠡ ᠲᠡᠭᠦᠨ ᠢ ᠳᠠᠬᠢᠨ ᠠᠮᠢᠳᠤᠷᠠᠭᠤᠯᠬᠤ ᠣᠷᠣᠯᠳᠤᠯᠭ᠎ᠠ ᠬᠢᠭᠰᠡᠨ ᠪᠣᠯᠪᠠᠴᠤ ᠪᠦᠲᠦᠯᠭᠦᠶᠢᠲᠦᠵᠡᠢ᠃ᠯᠣᠰ ᠠᠨᠵᠧᠯᠰ ᠤᠨ ᠭᠠᠯ ᠤᠨ ᠳ᠋ᠧᠫᠣ ᠦᠨ ᠰᠤᠪᠢᠯᠠᠭᠴᠢ 911 ᠡᠶᠢᠨ ᠳᠠᠭᠤᠳᠠᠯᠭ᠎ᠠ ᠶᠢ 12 ᠴᠠᠭ 22 ᠮᠢᠨᠦ᠋ᠲᠤᠨ ᠳᠤ ᠬᠦᠯᠢᠶᠡᠨ ᠠᠪᠤᠨ 3 ᠮᠢᠨᠦ᠋ᠲ ᠤᠨ ᠳᠠᠷᠠᠭ᠎ᠠ ᠵᠡᠺᠰᠣᠨ ᠤ ᠪᠠᠶᠢᠭᠰᠠᠨ ᠭᠠᠵᠠᠷ ᠲᠤ ᠣᠴᠢᠭᠰᠠᠨ ᠪᠣᠯᠪᠠᠴᠤ ᠠᠯᠢ ᠬᠡᠳᠦᠶᠢᠨ ᠠᠮᠢᠰᠬᠤᠯ ᠬᠤᠷᠢᠶᠠᠭᠰᠠᠨ ᠪᠠᠢᠴᠡᠢ᠃ᠡᠨᠡ ᠮᠡᠳᠡᠭᠡ ᠣᠨᠯᠠᠶᠢᠨ ᠢᠶᠠᠷ ᠮᠠᠰᠢ ᠬᠤᠷᠳᠤᠨ ᠲᠠᠷᠬᠠᠵᠤ᠂ ᠬᠡᠷᠡᠭᠯᠡᠭᠴᠢᠳ ᠦᠨ ᠬᠡᠲᠦ ᠠᠴᠢᠶᠠᠯᠠᠯ ᠨᠢ ᠸᠪᠰᠠᠶᠢᠲᠤᠳ ᠢ ᠤᠳᠠᠭᠠᠰᠢᠷᠠᠭᠤᠯᠤᠨ ᠭᠠᠴᠠᠭᠠᠬᠤ ᠳᠤ ᠬᠦᠷᠭᠡᠵᠡᠢ᠃

ᠦᠬᠦᠯ ᠦᠨ ᠳᠠᠷᠠᠭ᠎ᠠ[ᠵᠠᠰᠠᠪᠤᠷᠢᠯᠠᠬᠤ | ᠺᠣᠳ᠋ ᠢᠶᠠᠷ ᠵᠠᠰᠠᠬᠣ]

Portrait tribute, other tribute items, mural and messages from 650 Spanish fans, letters, pictures, teddy bears, sunflowers and other kind of flowers were dropped off by fans from all over the world at Forest Lawn Memorial Park on the first anniversary of Michael Jackson's death.
ᠵᠡᠺᠰᠣᠨ ᠢ ᠨᠠᠰᠤ ᠪᠠᠷᠠᠭᠰᠠᠨ ᠤ 1 ᠵᠢᠯ ᠦᠨ ᠣᠢ ᠪᠠᠷ Forest Lawn ᠬᠦᠨᠳᠦᠳᠬᠡᠯ ᠦᠨ ᠫᠠᠷᠺ ᠳᠦ ᠲᠡᠭᠦᠨ ᠦ ᠰᠢᠲᠦᠨ ᠪᠢᠰᠢᠷᠡᠭᠴᠢᠳ ᠡᠴᠡ ᠨᠢ

ᠨᠠᠰᠤ ᠪᠠᠷᠠᠭᠰᠠᠨ ᠤ ᠪᠠᠨ ᠳᠠᠷᠠᠭ᠎ᠠ ᠵᠠᠺᠰᠣᠨ 2009 ᠣᠨ ᠤ ᠬᠠᠮᠤᠭ ᠤᠨ ᠶᠡᠬᠡ ᠬᠠᠭᠤᠷᠴᠠᠭ ᠪᠣᠷᠣᠯᠠᠭᠤᠯᠤᠭᠰᠠᠨ ᠳᠠᠭᠤᠴᠢᠨ ᠪᠣᠯᠤᠭᠰᠠᠨ᠃ ᠨᠢᠭᠡᠳᠦᠭᠰᠡᠨ ᠤᠯᠤᠰ ᠤᠨ ᠬᠡᠮᠵᠢᠶᠡᠨ ᠳᠦ ᠲᠡᠭᠦᠨ ᠦ 8.2 ᠰᠠᠶ᠎ᠠ ᠴᠣᠮᠣᠭ᠂ ᠳᠡᠯᠡᠬᠡᠢ ᠳᠠᠬᠢᠨ ᠳᠤ ᠨᠡᠶᠢᠲᠡ ᠳᠦ ᠪᠡᠨ 35 ᠰᠠᠶ᠎ᠠ ᠴᠣᠮᠣᠭ ᠨᠠᠰᠤ ᠪᠠᠷᠠᠭᠰᠠᠨ ᠠᠴᠠ ᠨᠢ ᠬᠣᠶᠢᠰᠢ 12 ᠰᠠᠷ᠎ᠠ ᠶᠢᠨ ᠳᠣᠲᠣᠷ᠎ᠠ ᠵᠠᠷᠠᠭᠰᠠᠳᠠᠨ ᠪᠠᠶᠢᠨ᠎ᠠ᠃ ᠵᠠᠺᠰᠣᠨ ᠨᠡᠲᠦᠰ ᠫᠷᠣᠭᠷᠠᠮ ᠲᠠᠲᠠᠬᠤ ᠷᠧᠺᠣᠷᠳ᠋ ᠍ ᠢ 2.6 ᠰᠠᠢ ᠲᠠᠲᠠᠯᠲᠠ ᠪᠠᠷ ᠡᠪᠳᠡᠭᠰᠡᠨ ᠪᠠᠶᠢᠨ᠎ᠠ᠂ ᠳᠣᠯᠣᠭ᠎ᠠ ᠬᠣᠨᠣᠭ ᠲᠤ ᠲᠡᠭᠦᠨ ᠦ ᠳᠠᠭᠤᠤ ᠨᠤᠭᠤᠳ ᠠᠴᠠ ᠨᠢᠭᠡ ᠰᠠᠶ᠎ᠠ ᠲᠠᠲᠠᠯᠲᠠ ᠬᠢᠭᠰᠡᠨ ᠠᠵᠤ᠃ ᠨᠠᠰᠤ ᠪᠠᠷᠰᠤᠨ ᠠᠴᠠ ᠬᠣᠶᠢᠰᠢ ᠭᠤᠷᠪᠠᠨ ᠳᠣᠯᠣᠭ᠎ᠠ ᠬᠣᠨᠣᠭ ᠤᠨ ᠳᠠᠷᠠᠭ᠎ᠠ ᠲᠡᠭᠦᠨ ᠦ ᠴᠣᠮᠣᠭ ᠤᠳ ᠨᠢ ᠥᠭᠡᠷ᠎ᠡ ᠪᠤᠰᠤᠳ ᠰᠢᠨ᠎ᠡ ᠲᠥᠷᠥᠯ ᠦᠨ ᠴᠣᠮᠣᠭ ᠤᠳ ᠠᠴᠠ ᠢᠯᠡᠭᠦᠦ ᠲᠡᠢ ᠪᠣᠷᠣᠯᠠᠭᠳᠠᠭᠰᠠᠨ ᠪᠠᠶᠢᠨ᠎ᠠ᠃ ᠵᠠᠺᠰᠣᠨ ᠮᠥᠨ ᠰᠢᠯᠢᠳᠡᠭ 20 ᠴᠣᠮᠣᠭ ᠢ ᠰᠠᠶᠢᠨ ᠪᠣᠷᠣᠯᠠᠭᠤᠯᠤᠭᠰᠠᠨ ᠳᠠᠭᠤᠴᠢᠨ ᠪᠣᠯᠤᠭᠰᠠᠨ ᠪᠠᠶᠢᠨ᠎ᠠ᠃ ᠡᠨᠡᠬᠦ ᠲᠣᠬᠢᠶᠠᠯᠳᠤᠯ ᠢᠶᠠᠷ ᠰᠣᠨ ᠵᠠᠺᠰᠣᠨ ᠤ ᠪᠦᠲᠦᠭᠡᠯ ᠦᠳ ᠲᠡᠢ ᠢᠯᠡᠭᠦᠦ ᠣᠶᠢᠷ᠎ᠠ ᠳᠣᠲᠣᠨᠣ ᠪᠣᠯᠤᠭᠰᠠᠨ ᠠᠵᠢ᠃ ᠰᠣᠨᠢ ᠲᠡᠭᠦᠨ ᠦ ᠳᠠᠭᠤᠤ ᠶᠢ ᠪᠦᠲᠦᠭᠡᠭᠳᠡᠬᠦᠨ ᠨᠦᠭᠦᠳ ᠲᠡᠭᠡᠨ ᠠᠰᠢᠭᠯᠠᠬᠤ ᠡᠷᠬᠡ ᠶᠢ 2015 ᠣᠨ ᠬᠦᠷᠲᠡᠯ᠎ᠡ ᠠᠪᠤᠭᠰᠠᠨ᠃ 2010 ᠣᠨ ᠤ 11 ᠰᠠᠷ᠎ᠠ ᠶᠢᠨ 4 ᠨᠳ ᠰᠣᠨ ᠵᠠᠺᠰᠣᠨ ᠤ ᠨᠠᠰᠤ ᠪᠠᠷᠠᠭᠰᠠᠨ ᠤ ᠳᠠᠷᠠᠭᠠᠬᠢ ᠴᠣᠮᠣᠭ ᠨᠢ 12 ᠰᠠᠷ᠎ᠠ ᠶᠢᠨ 4 ᠨᠳ ᠭᠠᠷᠤᠨ᠎ᠠ ᠬᠡᠮᠡᠨ ᠮᠡᠳᠡᠭᠳᠡᠭᠰᠡᠨ ᠪᠠ ᠡᠨᠡ ᠲᠤᠬᠠᠢ 11 ᠰᠠᠷ᠎ᠠ ᠶᠢᠨ 8 ᠨᠳ ᠷᠠᠳᠢᠣᠨ ᠤ ᠰᠢᠭᠤᠷᠬᠠᠢ ᠮᠡᠳᠡᠭᠡ ᠪᠡᠷ ᠮᠡᠳᠡᠭᠡᠯᠡᠭᠰᠡᠨ ᠪᠠᠶᠢᠨ᠎ᠠ᠃ ᠡᠨᠡ ᠭᠡᠷ᠎ᠡ ᠨᠢ ᠬᠥᠭᠵᠢᠮ ᠦᠨ ᠶᠢᠷᠲᠢᠨᠴᠦᠳ ᠡᠮᠦᠨ᠎ᠡ ᠨᠢ ᠬᠢᠭᠳᠡᠵᠦ ᠪᠠᠶᠢᠭ᠎ᠠ ᠦᠭᠡᠢ ᠬᠠᠮᠤᠭ ᠤᠨ ᠦᠨᠡᠲᠡᠢ ᠭᠡᠷ ᠢᠶᠡᠨ ᠪᠠᠶᠢᠬᠤ ᠲᠠᠯ᠎ᠠ ᠪᠠᠷ᠂ ᠰᠣᠨᠢ ᠡᠨᠡ ᠭᠡᠷᠢᠶᠡᠨ ᠳᠦ 250 ᠰᠠᠶ᠎ᠠ ᠳ᠋ᠣᠯᠯᠠᠷ ᠲᠥᠯᠦᠵᠦ ᠪᠠᠶᠢᠭ᠎ᠠ ᠲᠠᠯ᠎ᠠ ᠪᠠᠷ ᠳᠤᠷᠠᠳᠤᠭᠰᠠᠨ ᠪᠠᠶᠢᠨ᠎ᠠ᠃ ᠸᠢᠳᠢᠣ᠋ ᠲᠣᠭᠯᠠᠭᠠᠮ ᠭᠠᠷᠭᠠᠭᠴᠢ ᠶᠤᠪᠢᠰᠣᠹᠲ ᠠᠴᠠ 2010 ᠣᠨ ᠤ ᠪᠠᠶᠠᠷ ᠤᠨ ᠤᠯᠠᠷᠢᠯ ᠤᠨ ᠦᠶ᠎ᠡ ᠪᠡᠷ ᠮᠠᠶᠢᠺᠯ ᠵᠠᠺᠰᠣᠨ ᠤ ᠣᠨᠴᠠᠯᠢᠭ ᠢ ᠬᠠᠷᠠᠭᠤᠯᠤᠭᠰᠠᠨ ᠪᠦᠵᠢᠭ ᠲᠡᠢ ᠳᠠᠭᠤᠲᠠᠢ ᠰᠢᠨ᠎ᠡ ᠲᠣᠭᠯᠠᠭᠠᠮ ᠭᠠᠷᠭᠠᠬᠤ ᠭᠡᠵᠦ ᠪᠠᠶᠢᠭ᠎ᠠ ᠲᠠᠯ᠎ᠠ ᠪᠠᠷ ᠢᠶᠠᠨ ᠮᠡᠳᠡᠭᠡᠯᠡᠭᠰᠡᠨ᠃ ᠮᠠᠶᠢᠺᠯ ᠵᠠᠺᠰᠣᠨ ᠬᠡᠮᠡᠨ ᠨᠡᠷᠡᠯᠡᠭᠳᠡᠬᠦ ᠤᠭ ᠲᠣᠭᠯᠠᠭᠠᠮ Kinect ᠪᠣᠯᠤᠨ PlayStation Move, Microsoft's Xbox 360 ᠪᠣᠯᠤᠨ Sony's PlayStation 3 ᠬᠥᠳᠡᠯᠭᠡᠭᠡᠨ ᠮᠡᠳᠡᠷᠡᠭᠴᠢ ᠫᠷᠣᠭᠷᠠᠮ ᠢ ᠣᠷᠣᠭᠤᠯᠤᠨ ᠬᠢᠬᠦ ᠲᠠᠯ᠎ᠠ ᠪᠠᠷ ᠣᠨᠴᠠᠯᠠᠵᠠᠢ᠃ ᠮᠠᠶᠢᠺᠯ ᠵᠠᠺᠰᠣᠨ ᠰᠠᠷᠠᠨ ᠤ ᠲᠣᠮᠣᠬᠠᠨ ᠡᠵᠡᠮᠰᠢᠭᠴᠢ ᠪᠣᠯᠬᠤ ᠲᠠᠯ᠎ᠠ ᠪᠠᠷ ᠮᠥᠨ ᠮᠡᠳᠡᠭᠡᠯᠡᠵᠡᠢ᠃ 2005 ᠣᠨ ᠳᠤ ᠲᠡᠷᠡ ᠪᠡᠷ 1200 ᠠᠺᠷ ᠲᠠᠯᠠᠪᠠᠢ ᠪᠦᠬᠦᠢ ᠳᠷᠦᠮᠰ ᠨᠠᠭᠤᠷ ᠤᠨ ᠣᠶᠢᠷᠠᠯᠴᠠᠭ᠎ᠠ ᠭᠠᠵᠠᠷ ᠬᠤᠳᠠᠯᠳᠤᠨ ᠠᠪᠴᠠᠢ᠃ ᠡᠭᠦᠨ ᠢ ᠠᠯᠪᠠᠨ ᠶᠣᠰᠣᠭᠠᠷ Posidonius J ᠭᠡᠵᠦ ᠨᠡᠷᠡᠯᠡᠳᠡᠭ ᠭᠠᠯᠲᠤ ᠠᠭᠤᠯᠠ ᠪᠠ ᠳᠷᠦᠮᠰ ᠨᠠᠭᠤᠷ ᠭᠡᠳᠡᠭ ᠢᠶᠡᠷ ᠮᠡᠳᠡᠳᠡᠭ ᠰᠠᠷ᠎ᠠ ᠶᠢᠨ ᠭᠠᠵᠠᠷ ᠭᠡᠳᠡᠭ ᠠᠵᠢ᠃ ᠠᠯᠪᠠᠨ ᠤ ᠬᠦᠮᠦᠨ ᠦ ᠮᠡᠳᠡᠭᠡᠯᠡᠭᠰᠡᠨ ᠢᠶᠡᠷ ᠰᠠᠷᠠᠨ ᠤ ᠭᠠᠯᠲᠤ ᠲᠣᠭᠣᠭᠠᠨ ᠤ ᠭᠠᠵᠠᠷ ᠢ ᠴᠥᠭᠡᠨ ᠬᠡᠳᠦᠬᠡᠨ ᠨᠠᠷᠠᠨ ᠳᠤ ᠥᠭᠭᠦᠭᠰᠡᠨ ᠲᠤᠬᠠᠢ ᠶᠠᠷᠢᠵᠠᠢ᠃ ᠡᠨᠡᠬᠦ ᠭᠠᠵᠠᠷ ᠢ ᠥᠮᠴᠢᠯᠡᠵᠦ ᠪᠠᠶᠢᠭᠰᠠᠨ ᠬᠦᠮᠦᠰ ᠦᠨ ᠳᠣᠲᠣᠷ᠎ᠠ ᠯᠧᠣᠨᠠᠠᠳᠠ ᠳᠠ ᠸᠢᠨᠴᠢ᠂ ᠺᠷᠢᠰᠲ᠋ᠣᠹᠧᠷ ᠺᠣᠯᠤᠮᠪᠤ᠂ ᠰᠢᠷᠢᠢ ᠠ ᠢᠰᠠᠺ ᠨᠢᠶᠦ᠋ᠲ᠋ᠣᠨ᠂ ᠵᠢᠯᠢᠤᠰ ᠺᠠᠧᠰᠡᠷ ᠪᠣᠯᠤᠨ ᠵᠢᠯ ᠡᠴᠡ ᠸᠷᠨᠧ ᠨᠠᠷ ᠪᠠᠶᠢᠴᠠᠢ᠃ 2010 ᠣᠨ ᠤ 11 ᠰᠠᠷ᠎ᠠ ᠶᠢᠨ 3 ᠨᠳ Cirque du Soleil ᠲᠢᠶᠠᠲ᠋ᠷ ᠤᠨ ᠦᠢᠯᠡ ᠠᠵᠢᠯᠯᠠᠭ᠎ᠠ ᠶᠠᠪᠤᠭᠤᠯᠤᠭᠴᠢ ᠺᠣᠮᠫᠠᠨᠢ ᠮᠠᠶᠢᠺᠯ ᠵᠠᠺᠰᠣᠨ ᠤ: ᠮᠥᠩᠬᠡ ᠶᠢᠨ ᠳᠡᠯᠡᠬᠡᠢ ᠶᠢ ᠲᠣᠭᠣᠷᠢᠨ ᠠᠶᠠᠯᠠᠯ ᠨᠡᠷ᠎ᠡ ᠲᠡᠢ ᠲᠣᠭᠯᠠᠯᠲᠠ ᠶᠢᠨ ᠲᠠᠯ᠎ᠠ ᠪᠠᠷ ᠮᠡᠳᠡᠭᠳᠡᠯ ᠬᠢᠭᠰᠡᠨ᠃ ᠡᠨᠡᠬᠦ ᠲᠣᠭᠯᠠᠯᠲᠠ ᠨᠢ 90 ᠮᠢᠨᠦ᠋ᠲ ᠤᠨ ᠬᠤᠭᠤᠴᠠᠭ᠎ᠠ ᠲᠠᠢ ᠶᠠᠪᠤᠭᠳᠠᠬᠤ ᠪᠠ 57 ᠰᠠᠶ᠎ᠠ ᠠᠮᠧᠷᠢᠺᠠ ᠳ᠋ᠣᠯᠯᠠᠷ ᠵᠠᠷᠤᠴᠠᠯᠤᠭᠳᠠᠵᠤ ᠪᠤᠢ᠂ ᠵᠠᠺᠰᠣᠨ ᠤ ᠵᠢᠷᠤᠭ ᠢ ᠣᠷᠣᠯᠴᠠᠯᠭᠤᠭᠰᠠᠨ 65 ᠪᠦᠵᠢᠭᠴᠢᠨ ᠡᠴᠡ ᠪᠦᠷᠢᠳᠦᠭᠰᠡᠨ ᠲᠣᠭᠯᠠᠯᠲᠠ ᠪᠣᠯᠬᠤ ᠠᠵᠤ᠃ ᠡᠨᠡᠬᠦ ᠲᠣᠭᠯᠠᠯᠲᠠ ᠶᠢ ᠵᠥᠮᠥᠶ᠎ᠡ ᠺᠢᠨ ᠢ ᠵᠣᠬᠢᠶᠠᠨ ᠨᠠᠶᠢᠷᠠᠭᠤᠯᠤᠭᠰᠠᠨ ᠪᠠ ᠲᠡᠭᠦᠨ ᠦ ᠳᠤᠷᠠᠲᠠᠢ ᠬᠥᠭᠵᠢᠮ᠂ ᠪᠦᠵᠢᠭ᠂ ᠲᠡᠦᠬᠡ᠂ ᠦᠯᠢᠭᠡᠷ ᠵᠣᠬᠢᠶᠠᠯ᠂ ᠢᠳᠡ ᠰᠢᠳᠢ ᠶᠢᠨ ᠦᠵᠡᠭᠦᠯᠪᠦᠷᠢ᠂ ᠪᠠᠶᠢᠭᠠᠯᠢ ᠶᠢᠨ ᠦᠵᠡᠰᠬᠦᠯᠡᠩᠲᠦ ᠵᠣᠬᠢᠶᠠᠮᠵᠢ ᠶᠢ ᠬᠠᠷᠠᠭᠤᠯᠤᠭᠰᠠᠨ ᠲᠣᠭᠯᠠᠯᠲᠠ ᠶᠤᠮ᠃ 2011 ᠣᠨ ᠤ 10 ᠰᠠᠷ᠎ᠠ ᠶᠢᠨ 3 ᠨᠳ ᠮᠥᠩᠬᠡ ᠶᠢᠨ ᠨᠡᠷ᠎ᠡ ᠲᠡᠢ ᠳᠠᠭᠤᠨ ᠤ ᠴᠣᠮᠣᠭ ᠲᠤ ᠵᠠᠺᠰᠣᠨ ᠤ 40 ᠭᠠᠷᠤᠢ ᠳᠠᠭᠤᠨ ᠤ ᠡᠬᠢ ᠬᠤᠪᠢᠯᠪᠤᠷᠢ ᠶᠢ ᠺᠡᠪᠢᠨ ᠠᠨᠲ᠋ᠤᠶᠢᠨᠢᠰ ᠳᠠᠬᠢᠨ ᠨᠠᠶᠢᠷᠠᠭᠤᠯᠤᠨ ᠣᠷᠣᠭᠤᠯᠤᠭᠰᠠᠨ ᠲᠤᠬᠠᠢ ᠮᠡᠳᠡᠭᠳᠡᠭᠰᠡᠨ᠃ 2011 ᠣᠨ ᠤ 4 ᠰᠠᠷ᠎ᠠ ᠳᠤ ᠵᠠᠺᠰᠣᠨ ᠤ ᠤᠳᠠᠭᠠᠨ ᠨᠥᠬᠥᠷᠯᠡᠭᠰᠡᠨ ᠨᠠᠶᠢᠵᠠ᠂ ᠹᠦᠯᠬᠠᠮ ᠹ᠃ᠰ ᠦᠨ ᠵᠠᠬᠢᠷᠤᠯ᠂ ᠢᠪᠽᠢᠨ᠋ᠧᠰᠮᠡᠨ ᠮᠤᠬᠤᠮᠧᠳ ᠠᠯᠹᠡᠢ ᠲᠦ ᠺᠯᠥ᠋ᠪ ᠤᠨ ᠢᠶᠠᠨ ᠭᠠᠳᠠᠨ᠎ᠠ ᠲᠠᠳᠪᠠᠢ ᠳᠤ ᠲᠡᠭᠦᠨ ᠦ ᠪᠠᠷᠢᠮᠠᠯ ᠢ ᠬᠢᠭᠰᠡᠨ᠃ ᠮᠤᠬᠤᠮᠧᠳ ᠤᠨ ᠹᠧᠨ ᠨᠦᠭᠦᠳ ᠲᠡᠭᠦᠨ ᠢ ᠺᠯᠥ᠋ᠪ ᠤᠨ ᠢᠶᠡᠨ ᠭᠠᠳᠠᠭ᠎ᠠ ᠶᠠᠭᠠᠳᠠ ᠵᠠᠺᠰᠣᠨ ᠤ ᠪᠠᠷᠢᠮᠠᠯ ᠢ ᠪᠠᠷᠢᠭᠤᠯᠤᠭᠰᠠᠨ ᠢ ᠭᠠᠶᠢᠬᠠᠵᠤ ᠪᠠᠶᠢᠭᠰᠠᠨ᠃ ᠮᠤᠬᠤᠮᠧᠳ ᠬᠡᠷᠪᠡ ᠲᠡᠳᠡ ᠶᠠᠭᠠᠬᠢᠭᠠᠳ ᠬᠥᠰᠢᠶ᠎ᠡ ᠪᠠᠷᠢᠭᠰᠠᠨ ᠢ ᠣᠶᠢᠯᠠᠭᠠᠬᠤ ᠦᠭᠡᠢ᠂ ᠬᠦᠯᠢᠶᠡᠨ ᠵᠥᠪᠰᠢᠶᠡᠷᠡᠴᠢ ᠴᠢᠳᠠᠬᠤ ᠦᠭᠡᠢ ᠪᠠᠶᠢᠭ᠎ᠠ ᠪᠣᠯ ᠶᠠᠢᠳᠬᠥᠷ ᠯᠦᠦ ᠪᠡᠨ ᠲᠣᠨᠢᠯ ᠬᠡᠮᠡᠨ ᠬᠡᠯᠡᠭᠰᠡᠨ ᠪᠠᠶᠢᠨ᠎ᠠ᠃ 2012 ᠣᠨ ᠳᠤ ᠭᠡᠷ ᠪᠦᠯᠡ ᠶᠢᠨᠦᠯ ᠣᠶᠢᠯᠠᠭᠠᠯᠴᠠᠯ ᠠᠴᠠ ᠪᠣᠯᠤᠨ ᠵᠠᠺᠰᠣᠨ ᠤ ᠠᠬ᠎ᠠ ᠵᠡᠷᠮᠠᠢ ᠶᠢᠨ ᠵᠠᠺᠰᠣᠨ ᠮᠠᠶᠢᠺᠯ ᠵᠠᠺᠰᠣᠨ ᠤ ᠥᠪ ᠬᠥᠷᠦᠩᠭᠡᠨ ᠦ ᠲᠠᠯ᠎ᠠ ᠪᠠᠷ ᠡᠵᠢ ᠶᠢᠨ ᠢᠶᠡᠨ ᠵᠥᠪᠯᠡᠬᠦ ᠲᠡᠢ ᠰᠠᠨᠠᠯ ᠵᠥᠷᠢᠯᠳᠦᠭᠰᠡᠨ ᠡᠴᠡ ᠭᠠᠷ ᠤᠨ ᠦᠰᠦᠭ ᠵᠢᠷᠤᠬᠤ ᠠᠴᠠ ᠲᠠᠲᠠᠭᠠᠯᠵᠠᠭᠰᠠᠨ᠃ ᠲᠢᠲ᠋ᠣ ᠵᠠᠺᠰᠣᠨ ᠤ ᠬᠦᠦ ᠲ᠃ᠵ᠃ ᠵᠠᠺᠰᠣᠨ ᠳᠤ᠂ ᠮᠠᠶᠢᠺᠯ ᠢ ᠨᠠᠰᠤ ᠪᠠᠷᠰᠤᠨ ᠠᠴᠠ ᠬᠣᠶᠢᠰᠢ ᠺᠠᠲ᠋ᠧᠷᠢᠨ ᠰᠤᠷᠠᠭ ᠦᠭᠡᠢ ᠠᠯᠠᠭ᠎ᠠ ᠪᠣᠯᠤᠭᠰᠠᠨ ᠬᠡᠮᠡᠨ ᠬᠤᠳᠠᠯ ᠴᠤᠤᠷᠬᠠᠯ ᠲᠠᠷᠠᠰᠤᠨ ᠤ ᠳᠠᠷᠠᠭ᠎ᠠ ᠲᠡᠳᠡᠨ ᠢ ᠬᠠᠮᠠᠭᠠᠯᠠᠨ ᠥᠮᠥᠭᠡᠯᠡᠬᠦ ᠡᠷᠬᠡ ᠶᠢ ᠣᠯᠭᠤᠭᠰᠠᠨ ᠪᠠᠶᠢᠨ᠎ᠠ᠃

ᠪᠢᠴᠢᠭᠡᠰᠦ