ᠮᠠᠶᠢᠺᠯ ᠫᠣᠷᠲ᠋ᠧᠷ

ᠴᠢᠯᠦᠭᠡᠲᠦ ᠨᠡᠪᠲᠡᠷᠬᠡᠢ ᠲᠣᠯᠢ — ᠸᠢᠺᠢᠫᠧᠳᠢᠶ᠎ᠠ ᠠᠴᠠ
ᠬᠠᠷᠠᠶᠢᠬᠤ: ᠤᠳᠤᠷᠢᠳᠬᠤ, ᠬᠠᠶᠢᠯᠲᠠ

ᠮᠠᠶᠢᠺᠯ ᠫᠣᠷᠲ᠋ᠧᠷ(Michael E. Porter, 1947 - )ᠨᠢ ᠠᠮᠧᠷᠢᠺᠠ ᠶᠢᠨ ᠡᠳ᠋ ᠍ ᠦᠨ ᠵᠠᠰᠠᠭᠴᠢᠪᠢᠽᠢᠨ᠋ᠧᠰ ᠦᠨ ᠤᠳᠤᠷᠢᠳᠤᠯᠭ᠎ᠠ ᠶᠢᠨ ᠡᠷᠳᠡᠮᠲᠡᠨ ᠬᠦᠮᠦᠨ ᠶᠤᠮ᠃ ᠣᠳᠣ ᠪᠠᠷ ᠬᠠᠷᠸᠷᠳ᠋ ᠤᠨ ᠪᠢᠽᠢᠨ᠋ᠧᠰ ᠦᠨ ᠰᠤᠷᠭᠠᠭᠤᠯᠢ ᠶᠢᠨ MBA ᠍ ᠤᠳ ᠤᠨ ᠨᠢᠭᠡ ᠪᠥᠱᠣᠫ ᠤᠣᠯᠢᠮ ᠯᠣᠷᠧᠨᠰ ᠶᠡᠬᠡ ᠰᠤᠷᠭᠠᠭᠤᠯᠢ ᠳᠤ ᠪᠠᠭᠰᠢᠯᠠᠵᠤ ᠪᠠᠶᠢᠨ᠎ᠠ᠃

ᠨᠠᠮᠲᠠᠷ[ᠵᠠᠰᠠᠪᠤᠷᠢᠯᠠᠬᠤ | ᠺᠣᠳ᠋ ᠢᠶᠠᠷ ᠵᠠᠰᠠᠬᠣ]

ᠲᠡᠷᠡ ᠪᠡᠷ ᠮᠡᠴᠢᠭᠠᠨ ᠮᠤᠵᠢ ᠳᠤ ᠲᠦᠷᠦᠭᠰᠡᠨ ᠴᠤ᠂ ᠲᠡᠭᠦᠨ ᠦ ᠠᠪᠤ ᠳᠡᠭᠡᠭᠦᠷ ᠴᠣᠯᠠ ᠲᠠᠢ ᠴᠡᠷᠢᠭ ᠦᠨ ᠬᠦᠮᠦᠨ ᠪᠠᠶᠢᠭᠰᠠᠨ ᠲᠤᠯᠠ ᠳᠡᠯᠡᠬᠡᠢ ᠶᠢᠨ ᠣᠯᠠᠨ ᠣᠷᠣᠨ ᠲᠠᠢ ᠲᠠᠨᠢᠯᠴᠠᠵᠤ ᠥᠰᠴᠠᠢ᠃ 1969 ᠣᠨ ᠳᠤᠫᠷᠢᠨᠰᠲ᠋ᠣᠨ ᠶᠡᠬᠡ ᠰᠤᠷᠭᠠᠭᠤᠯᠢ ᠶᠢᠨ ᠰᠠᠨᠰᠠᠷ ᠤᠨ ᠬᠥᠯᠭᠡ ᠶᠢᠨ ᠲᠧᠭᠨᠢᠭ ᠦᠨ ᠲᠡᠩᠬᠡᠮ ᠢ ᠳᠦᠭᠦᠷᠭᠡᠭᠰᠡᠨ᠃ ᠰᠫᠣᠷᠲ ᠤᠨ ᠬᠤᠪᠢ ᠳᠤ ᠴᠤ ᠪᠠᠰᠠ ᠢᠳᠡᠪᠬᠢᠲᠡᠢ ᠨᠢᠭᠡᠨ ᠪᠠᠶᠢᠴᠠᠢ᠃ ᠠᠬᠠᠯᠠᠬᠤ ᠰᠤᠷᠭᠠᠭᠤᠯᠢ ᠳᠤ ᠪᠠᠶᠢᠬᠤ ᠳᠤ ᠪᠠᠨ ᠠᠮᠧᠷᠢᠺᠠ ᠬᠥᠯ ᠪᠥᠮᠪᠥᠭᠡᠪᠡᠶᠢᠰᠪᠣᠯᠣᠣᠷ ᠮᠤᠵᠢ ᠶᠢᠨ ᠢᠶᠠᠨ ᠰᠢᠭᠰᠢᠭᠡ ᠪᠠᠭ ᠲᠤ ᠰᠢᠯᠭᠠᠷᠴᠢ᠂ ᠣᠶᠤᠲᠠᠨ ᠪᠣᠯᠤᠭᠠᠳ ᠴᠤ ᠲᠡᠷᠡ ᠭᠣᠯᠢᠹ ᠦᠨ ᠠᠮᠧᠷᠢᠺᠠ ᠶᠢᠨ ᠰᠢᠭᠰᠢᠭᠡ ᠪᠠᠭ ᠲᠤ ᠲᠣᠭᠯᠠᠵᠤ ᠪᠠᠶᠢᠴᠠᠢ᠃ 1971 ᠣᠨ ᠳᠤ ᠬᠠᠷᠸᠷᠳ᠋ ᠤᠨ ᠪᠢᠽᠢᠨ᠋ᠧᠰ ᠦᠨ ᠰᠤᠷᠭᠠᠭᠤᠯᠢ ᠶᠢᠨ MBA ᠍ ᠦᠨ ᠵᠡᠷᠭᠡ ᠠᠪᠴᠤ、1973 ᠣᠨ ᠳᠤ ᠰᠤᠷᠭᠠᠭᠤᠯᠢ ᠶᠢᠨ ᠢᠶᠠᠨ ᠡᠳ᠋ ᠍ ᠦᠨ ᠵᠠᠰᠠᠭ ᠤᠨ ᠤᠬᠠᠭᠠᠨ ᠤ ᠳ᠋ᠣᠺᠲ᠋ᠣᠷ ᠴᠣᠯᠠ ᠶᠢ ᠪᠠᠰᠠ ᠬᠠᠮᠠᠭᠠᠯᠠᠵᠤ ᠴᠢᠳᠠᠵᠠᠢ᠃ ᠤᠯᠠᠮ ᠢᠶᠠᠷ ᠲᠡᠷᠡ ᠪᠡᠷ 1982 ᠣᠨ ᠳᠤ ᠰᠤᠷᠭᠠᠭᠤᠯᠢ ᠶᠢᠨ ᠢᠶᠠᠨ ᠲᠡᠦᠬᠡᠨ ᠳ᠋ᠡᠬᠢ ᠬᠠᠮᠤᠭ ᠤᠨ ᠵᠠᠯᠠᠭᠤ ᠫᠷᠣᠹᠧᠰᠰᠣᠷ ᠨᠢ ᠪᠣᠯᠪᠠ᠃

ᠲᠡᠷᠡ ᠪᠡᠷ ᠠᠮᠧᠷᠢᠺᠠ ᠠᠴᠠ ᠭᠠᠳᠠᠨ᠎ᠠ ᠣᠯᠠᠨ ᠤᠯᠤᠰ ᠤᠨ ᠵᠠᠰᠠᠭ ᠤᠨ ᠭᠠᠵᠠᠷ᠂ ᠺᠣᠮᠫᠠᠨᠢ ᠨᠤᠭᠤᠳ ᠲᠤ ᠪᠠᠶᠢᠯᠳᠣᠬᠣ ᠪᠣᠳᠣᠯᠭ᠎ᠠ ᠶᠢᠨ ᠵᠥᠪᠯᠡᠬᠦ ᠪᠡᠷ ᠠᠵᠢᠯᠯᠠᠵᠤ ᠪᠠᠶᠢᠭᠰᠠᠨ ᠪᠣᠳᠠᠲᠤ ᠲᠤᠷᠰᠢᠯᠭ᠎ᠠ ᠲᠠᠢ᠃ ᠮᠥᠨ 5 ᠍ ᠶᠢᠨ ᠬᠦᠴᠦᠨ ᠦ ᠰᠢᠨᠵᠢᠯᠡᠭᠡᠸᠠᠯᠶᠤ ᠴᠡᠢ ᠶᠢᠨ ᠵᠡᠷᠭᠡ ᠥᠷᠢᠰᠦᠯᠳᠦᠭᠡᠨ ᠦ ᠣᠨᠣᠯ ᠤᠳ ᠢ ᠦᠨᠳᠦᠰᠦᠯᠡᠭᠰᠡᠨ ᠢᠶᠡᠷ ᠢᠶᠡᠨ ᠮᠠᠰᠢ ᠠᠯᠳᠠᠷᠲᠠᠢ ᠠᠵᠢ᠃

ᠲᠡᠭᠦᠨ ᠦ ᠪᠦᠲᠦᠭᠡᠯ ᠦᠳ ᠡᠴᠡ ᠥᠷᠢᠰᠦᠯᠳᠦᠭᠡᠨ ᠦ ᠣᠨᠣᠯ ᠨᠢ ᠪᠠᠶᠢᠯᠳᠣᠬᠣ ᠪᠣᠳᠣᠯᠭ᠎ᠠ ᠶᠢᠨ ᠣᠨᠣᠯ ᠤᠨ ᠪᠢᠪᠯᠢ ᠪᠣᠯᠤᠨ ᠣᠶᠤᠲᠠᠨ ᠨᠤᠭᠤᠳ ᠤᠨ ᠳᠤᠮᠳᠠ ᠲᠤᠬᠠᠶᠢᠯᠠᠨ MBA ᠺᠦᠷᠰ ᠤᠨ ᠬᠢᠨ ᠤ ᠲᠠᠭᠠᠯᠠᠭᠳᠠᠭᠰᠠᠨ ᠨᠣᠮᠣᠨ ᠤ ᠵᠢᠭ᠌ᠰᠠᠭᠠᠯᠳᠠ ᠶᠢ ᠲᠡᠷᠢᠭᠦᠯᠡᠳᠡᠭ ᠪᠠᠶᠢᠨ᠎ᠠ᠃

ᠪᠦᠲᠦᠭᠡᠯ ᠦᠳ[ᠵᠠᠰᠠᠪᠤᠷᠢᠯᠠᠬᠤ | ᠺᠣᠳ᠋ ᠢᠶᠠᠷ ᠵᠠᠰᠠᠬᠣ]

  • Porter, M. (1979) 《How competitive forces shape strategy》, Harvard business Review, March/April 1979.
  • Porter, M. (1985) Competitive Strategy, Free Press, New York, 1980.
  • Porter, M. (1987) 《From Competitive Advantage to Corporate Strategy》, Harvard Business Review, May/June 1987, pp 43-59.
  • Porter, M. (1996) 《What is Strategy》, Harvard Business Review, Nov/Dec 1996.
  • Porter, M. (2001) 《Strategy and the Internet》, Harvard Business Review, March 2001.

ᠪᠢᠴᠢᠭᠡᠰᠦ