ᠮᠠᠶᠢᠺᠯ ᠪᠢᠽᠢᠯ

ᠴᠢᠯᠦᠭᠡᠲᠦ ᠨᠡᠪᠲᠡᠷᠬᠡᠢ ᠲᠣᠯᠢ — ᠸᠢᠺᠢᠫᠧᠳᠢᠶ᠎ᠠ ᠠᠴᠠ
ᠬᠠᠷᠠᠶᠢᠬᠤ: ᠤᠳᠤᠷᠢᠳᠬᠤ, ᠬᠠᠶᠢᠯᠲᠠ

ᠪᠠᠭ᠎ᠠ ᠮᠠᠶᠢᠺᠯ ᠫᠣᠯ ᠪᠢᠽᠢᠯ (ᠠᠩᠭᠯᠢ ᠪᠠᠷ Michael Paul Beasley Jr.; 1989 ᠣᠨ ᠤ ᠨᠢᠭᠡᠳᠦᠭᠡᠷ ᠰᠠᠷ᠎ᠠ ᠶᠢᠨ 9, ᠮᠡᠷᠡᠯᠧᠨᠳ᠂ ᠹᠷᠧᠳᠧᠷᠢᠺ) — ᠠᠮᠧᠷᠢᠺᠠ ᠶᠢᠨ ᠮᠡᠷᠭᠡᠵᠢᠯ ᠦᠨ ᠰᠠᠭᠰᠤᠨ ᠪᠥᠮᠪᠥᠭᠡᠴᠢᠨ ᠪᠥᠭᠡᠳ NBA ᠍ ᠦᠨ «ᠮᠠᠠᠮᠢ ᠬᠢᠲᠦ» ᠪᠠᠭ ᠲᠤ ᠲᠣᠭᠯᠠᠳᠠᠭ᠃ ᠲᠡᠭᠦᠨ ᠦ ᠬᠤᠪᠢ ᠳᠤ ᠳᠣᠪᠲᠣᠯᠤᠭᠴᠢ ᠶᠢᠨ ᠪᠠᠶᠢᠷᠢᠯᠠᠯ ᠳᠤ ᠲᠣᠭᠯᠠᠳᠠᠭ ᠪᠠ ᠪᠠᠷᠠᠭᠤᠨ᠂ ᠰᠣᠯᠣᠭᠠᠢ ᠦᠭᠡᠢ ᠦᠰᠦᠷᠦᠯᠲᠡ ᠲᠡᠢ ᠰᠢᠳᠡᠯᠲᠡ ᠭᠦᠢᠴᠡᠳᠭᠡᠳᠡᠭ ᠺᠠᠨᠵᠠᠰ ᠍ ᠤᠨ ᠶᠡᠬᠡ ᠰᠤᠷᠭᠠᠭᠤᠯᠢ ᠠᠴᠠ ᠲᠥᠷᠥᠨ ᠭᠠᠷᠤᠭᠰᠠᠨ ᠰᠢᠯᠢᠳᠡᠭ ᠣᠶᠤᠲᠠᠨ ᠲᠣᠭᠯᠠᠭᠴᠢ ᠪᠠᠶᠢᠪᠠ᠃

ᠨᠠᠮᠲᠠᠷ ᠤᠨ ᠲᠣᠪᠴᠢᠶᠠᠨ[ᠵᠠᠰᠠᠪᠤᠷᠢᠯᠠᠬᠤ | ᠺᠣᠳ᠋ ᠢᠶᠠᠷ ᠵᠠᠰᠠᠬᠣ]

2008 ᠣᠨ ᠤ ᠵᠢᠷᠭᠤᠳᠤᠭᠠᠷ ᠰᠠᠷ᠎ᠠ ᠶᠢᠨ 26 ᠍ ᠳᠤ ᠳ᠋ᠷᠠᠹᠲ ᠤᠨ ᠬᠣᠶᠠᠳᠤᠭᠠᠷ ᠰᠣᠩᠭᠣᠯᠲᠠ ᠪᠠᠷ «ᠮᠠᠠᠮᠢ ᠬᠢᠲᠦ» ᠪᠠᠭ ᠲᠤ ᠬᠤᠪᠢᠶᠠᠷᠢᠯᠠᠭᠳᠠᠵᠤ ᠪᠠᠶᠢᠪᠠ᠃[1] ᠳᠣᠯᠣᠳᠤᠭᠠᠷ ᠰᠠᠷ᠎ᠠ ᠶᠢᠨ 2 ᠍ ᠳᠤ ᠭᠡᠷ᠎ᠡ ᠪᠠᠶᠢᠭᠤᠯᠤᠭᠰᠠᠨ᠃[2]

«ᠮᠢᠨᠢᠨ᠋ᠧᠰᠣᠲ᠋ᠠ ᠲᠢᠩᠪᠧᠷᠧᠤᠯᠪᠽ» ᠪᠠᠭ ᠤᠨ 2011 ᠪᠣᠯᠤᠨ 2014 ᠣᠨ ᠤ ᠳ᠋ᠷᠠᠹᠲ ᠤᠨ ᠬᠣᠶᠠᠳᠤᠭᠠᠷ ᠲᠣᠭᠣᠷᠢᠭ ᠤᠨ ᠰᠣᠩᠭᠣᠯᠲᠠ ᠶᠢ ᠨᠢ ᠠᠪᠬᠤ ᠪᠠᠷ ᠲᠣᠬᠢᠷᠠᠯᠴᠠᠨ «ᠮᠠᠠᠮᠢ» ᠪᠢᠽᠢᠯᠢᠭ «ᠲᠢᠩᠪᠧᠷᠧᠤᠯᠪᠽ» ᠪᠠᠭ ᠲᠤ 2010 ᠣᠨ ᠤ ᠳᠣᠯᠣᠳᠤᠭᠠᠷ ᠰᠠᠷ᠎ᠠ ᠶᠢᠨ 12 ᠍ ᠳᠤ ᠰᠢᠯᠵᠢᠭᠦᠯᠦᠭᠰᠡᠨ ᠪᠠᠶᠢᠳᠠᠭ᠃[3]

2010 ᠣᠨ ᠤ ᠠᠷᠪᠠᠨ ᠨᠢᠭᠡᠳᠦᠭᠡᠷ ᠰᠠᠷ᠎ᠠ ᠶᠢᠨ 10 ᠍ ᠳᠤ «ᠰᠠᠺᠷᠠᠮᠧᠨᠲ᠋ᠣ ᠺᠢᠨᠭᠵᠠ» ᠪᠠᠭ ᠲᠠᠢ ᠲᠣᠭᠯᠠᠬᠤ ᠳᠤ ᠲᠡᠷᠡ ᠪᠡᠷ ᠳᠡᠭᠡᠳᠦ ᠣᠨᠣᠭ᠎ᠠ ᠪᠣᠯᠬᠤ 42 ᠣᠨᠣᠭ᠎ᠠ ᠠᠪᠬᠤ ᠶᠢᠨ ᠬᠠᠵᠠᠭᠤ ᠪᠠᠷ 9 ᠪᠥᠮᠪᠥᠭᠡ ᠠᠪᠤᠯᠲᠠ ᠬᠢᠵᠦ ᠪᠠᠭ᠎ᠠ ᠪᠠᠨ ᠢᠯᠠᠯᠲᠠᠨ ᠳᠤ ᠬᠦᠷᠭᠡᠭᠰᠡᠨ᠃[4] ᠰᠢᠨ᠎ᠡ ᠪᠠᠭ ᠳ᠋ᠠᠬᠢ ᠠᠩᠬᠠᠨ ᠤ ᠤᠯᠠᠷᠢᠯ ᠢ 19.2 ᠣᠨᠣᠭᠣᠨ ᠤ ᠳᠤᠮᠳᠠᠴᠢ᠂ ᠯᠢᠭ ᠦᠨ ᠡᠬᠢᠨ ᠦ 20 ᠍ ᠲᠤ ᠡᠷᠢᠮᠪᠡᠯᠡᠭᠳᠡᠭᠰᠡᠨ ᠠᠮᠵᠢᠯᠲᠠ ᠪᠠᠷ ᠦᠳᠡᠭᠰᠡᠨ᠃[5]

2012 ᠣᠨ ᠤ ᠳᠣᠯᠣᠳᠤᠭᠠᠷ ᠰᠠᠷ᠎ᠠ ᠶᠢᠨ 10 ᠍ ᠳᠤ ᠪᠢᠽᠢᠯ 18 ᠰᠠᠶ᠎ᠠ ᠳ᠋ᠣᠯᠯᠠᠷ ᠤᠨ ᠦᠨᠡᠲᠡᠢ 3 ᠵᠢᠯ ᠦᠨ ᠭᠡᠷ᠎ᠡ ᠶᠢ «ᠹᠢᠨᠢᠺᠰ ᠰᠠᠨᠵᠠ» ᠪᠠᠭ ᠲᠠᠢ ᠪᠠᠶᠢᠭᠤᠯᠪᠠ᠃[6] 2013 ᠣᠨ ᠤ ᠶᠢᠰᠦᠳᠦᠭᠡᠷ ᠰᠠᠷ᠎ᠠ ᠶᠢᠨ 3 ᠍ ᠳᠤ ᠲᠡᠭᠦᠨ ᠦ ᠬᠠᠷ᠎ᠠ ᠲᠠᠮᠠᠬᠢ ᠲᠠᠢ ᠳ᠋ᠠᠬᠢᠨ (2011 ᠣᠨ ᠳᠤ ᠮᠥᠨ ᠬᠣᠯᠪᠣᠭᠳᠠᠵᠤ ᠪᠠᠶᠢᠭᠰᠠᠨ) ᠬᠣᠯᠪᠣᠭᠳᠠᠭᠰᠠᠨ ᠬᠡᠷᠡᠭ ᠦᠨ ᠤᠴᠢᠷ ᠪᠠᠭ᠎ᠠ ᠠᠴᠠ ᠶᠠᠪᠤᠭᠤᠯᠬᠤ ᠰᠢᠢᠳᠪᠦᠷᠢ ᠭᠠᠷᠭᠠᠵᠤ᠂[7] ᠤᠯᠠᠮ ᠢᠶᠠᠷ ᠶᠢᠰᠦᠳᠦᠭᠡᠷ ᠰᠠᠷ᠎ᠠ ᠶᠢᠨ 11 ᠍ ᠳᠤ «ᠮᠠᠠᠮᠢ ᠬᠢᠲᠦ» ᠪᠠᠭᠲᠠᠭ᠎ᠠ ᠡᠷᠭᠢᠨ ᠢᠷᠡᠵᠦ ᠪᠠᠶᠢᠯ᠎ᠠ᠃[8]

ᠬᠢᠲᠠᠳ ᠍ ᠤᠨ «ᠱᠠᠩᠬᠠᠢ ᠱᠠᠷᠺᠰ» ᠪᠠᠭ ᠲᠤ 2014 ᠣᠨ ᠤ ᠶᠢᠰᠦᠳᠦᠭᠡᠷ ᠰᠠᠷ᠎ᠠ ᠶᠢᠨ 25 ᠍ ᠳᠤ ᠡᠯᠰᠡᠭᠡᠳ[9] 37 ᠲᠣᠭᠯᠠᠯᠲᠠᠨ ᠳᠤ 28.6 ᠣᠨᠣᠭ᠎ᠠ᠂ 10.4 ᠰᠠᠮᠪᠠᠷ᠎ᠠ᠂ 5.2 ᠳᠠᠮᠵᠢᠭᠤᠯᠤᠯ ᠳᠤ᠂ 1.9 ᠲᠠᠰᠤᠯᠤᠯᠲᠠ ᠳᠤᠮᠳᠠᠵᠢᠯᠤᠨ 17:21 ᠠᠮᠵᠢᠯᠲᠠ ᠲᠠᠢ ᠪᠠᠷ ᠫᠯᠧᠹ ᠣᠹᠹᠲ ᠰᠢᠯᠭᠠᠷᠠᠭ᠎ᠠ ᠦᠭᠡᠢ ᠪᠠᠭ᠎ᠠ ᠪᠠᠨ ᠣᠷᠬᠢᠨ[10] 2015 ᠣᠨ ᠤ ᠬᠣᠶᠠᠳᠤᠭᠠᠷ ᠰᠠᠷ᠎ᠠ ᠶᠢᠨ 26 ᠍ ᠳᠤ «ᠮᠠᠠᠮᠢ ᠬᠢᠲᠦ ᠳᠦ ᠪᠡᠨ» 10 ᠡᠳᠦᠷ ᠦᠨ ᠭᠡᠷ᠎ᠡ ᠪᠡᠷ ᠡᠷᠭᠢᠨ ᠢᠷᠡᠵᠦ᠂[11] ᠪᠣᠯᠤᠮᠵᠢ ᠶᠢᠨ ᠲᠣᠭᠯᠠᠯᠲᠠ ᠦᠵᠡᠭᠦᠯᠦᠭᠰᠡᠨ ᠢᠶᠡᠷ ᠤᠯᠠᠷᠢᠯ ᠤᠨ ᠲᠤᠷᠰᠢ ᠲᠣᠭᠯᠠᠬᠤ ᠪᠠᠷ ᠪᠣᠯᠵᠠᠢ᠃[12]

ᠯᠠᠪᠠᠯᠠᠬᠤ ᠬᠣᠯᠪᠣᠭᠠᠰᠤ[ᠵᠠᠰᠠᠪᠤᠷᠢᠯᠠᠬᠤ | ᠺᠣᠳ᠋ ᠢᠶᠠᠷ ᠵᠠᠰᠠᠬᠣ]

  1. HEAT Select Michael Beasley In The 2008 NBA Draft. NBA (June 26, 2008). December 7, 2011 ᠍ ᠳᠦ ᠬᠠᠨᠳᠤᠭᠰᠠᠨ᠃
  2. Heat Sign Beasley. NBA (July 10, 2008). December 7, 2011 ᠍ ᠳᠦ ᠬᠠᠨᠳᠤᠭᠰᠠᠨ᠃
  3. Sources: Heat clear space, deal Beasley. ESPN (July 9, 2010). July 9, 2010 ᠍ ᠳᠦ ᠬᠠᠨᠳᠤᠭᠰᠠᠨ᠃
  4. Beasley's career night lifts Wolves over Kings. NBA (November 11, 2010). November 11, 2010 ᠍ ᠳᠦ ᠬᠠᠨᠳᠤᠭᠰᠠᠨ᠃
  5. 2010-11 SCORING LEADERS : Points Per Game. NBA (June 11, 2011). June 11, 2011 ᠍ ᠳᠦ ᠬᠠᠨᠳᠤᠭᠰᠠᠨ᠃
  6. Suns Sign Michael Beasley
  7. Phoenix Suns Waive Michael Beasley. NBA.com. Turner Sports Interactive, Inc. (September 3, 2013). September 3, 2013 ᠍ ᠳᠦ ᠬᠠᠨᠳᠤᠭᠰᠠᠨ᠃
  8. "HEAT Signs Michael Beasley", NBA.com, September 11, 2013. September 11, 2013 ᠍ ᠳᠦ ᠠᠪᠤᠭᠰᠠᠨ᠃ 
  9. Memphis Grizzlies announce 2014 Training Camp roster
  10. Michael Beasley is training in Miami...should the Heat show interest?
  11. "HEAT Signs Michael Beasley", NBA.com, February 26, 2015. February 26, 2015 ᠍ ᠳᠦ ᠠᠪᠤᠭᠰᠠᠨ᠃ 
  12. HEAT Signs Michael Beasley For Remainder Of Season

ᠭᠠᠳᠠᠨ᠎ᠠ ᠶᠢᠨ ᠬᠣᠯᠪᠣᠭᠠᠰᠤ[ᠵᠠᠰᠠᠪᠤᠷᠢᠯᠠᠬᠤ | ᠺᠣᠳ᠋ ᠢᠶᠠᠷ ᠵᠠᠰᠠᠬᠣ]


  1. ЧИГЛҮҮЛЭГ ᠵᠠᠭᠪᠤᠷ:ᠮᠠᠠᠮᠢ ᠬᠡᠢ ᠳᠦ ᠪᠠᠭ ᠤᠨ ᠪᠦᠷᠢᠯᠳᠦᠬᠦᠨ

ᠵᠠᠭᠪᠤᠷ:ᠬᠤᠷᠢᠶᠠᠩᠭᠤᠢ ᠬᠦᠰᠦᠨᠦᠭ ᠲᠦ

ᠪᠢᠴᠢᠭᠡᠰᠦ