ᠮᠠᠶᠢᠺᠯ ᠣᠦ᠋ᠡᠨ

ᠴᠢᠯᠦᠭᠡᠲᠦ ᠨᠡᠪᠲᠡᠷᠬᠡᠢ ᠲᠣᠯᠢ — ᠸᠢᠺᠢᠫᠧᠳᠢᠶ᠎ᠠ ᠠᠴᠠ
ᠬᠠᠷᠠᠶᠢᠬᠤ: ᠤᠳᠤᠷᠢᠳᠬᠤ, ᠬᠠᠶᠢᠯᠲᠠ
ᠮᠠᠶᠢᠺᠯ ᠣᠦ᠋ᠡᠨ
Michael Owen 072007 cropped.jpg
ᠬᠤᠪᠢ ᠶᠢᠨ ᠮᠡᠳᠡᠭᠡᠯᠡᠯ
ᠪᠦᠲᠦᠨ ᠨᠡᠷ᠎ᠡᠮᠠᠶᠢᠺᠯ ᠵᠡᠮᠰ ᠣᠦ᠋ᠡᠨ
ᠥᠨᠳᠥᠷ5 ft 9 in (1.75 ᠮ)[1]
ᠪᠠᠶᠢᠷᠢᠯᠠᠯᠳᠣᠪᠲᠣᠯᠤᠭᠴᠢ
ᠪᠠᠭ ᠤᠨ ᠮᠡᠳᠡᠭᠡᠯᠡᠯ
ᠣᠳᠣ ᠶᠢᠨ ᠪᠠᠭᠮᠠᠴᠧᠰᠲ᠋ᠧᠷ ᠶᠤᠨ ᠠᠲ᠋ᠧᠳ
ᠳ᠋ᠤᠭᠠᠷ7
ᠥᠰᠪᠦᠷᠢ ᠶᠢᠨ ᠪᠠᠭ
1991–1996ᠯᠢᠤᠧᠷᠫᠦᠯ
ᠮᠡᠷᠭᠡᠵᠢᠯ ᠦᠨ ᠵᠠᠮᠨᠠᠯ*
ᠣᠨᠪᠠᠭᠣᠷᠣᠯᠴᠠᠭᠰᠠᠨ ᠤᠳᠠᠭ᠎ᠠ (ᠪᠥᠮᠪᠥᠭᠡ)
1996–2004ᠯᠢᠤᠧᠷᠫᠦᠯ216(118)
2004–2005ᠷᠧᠠᠯ ᠮᠠᠳᠷᠢᠳ35(13)
2005–2009ᠨᠦᠶᠢᠺᠠᠰᠯ ᠶᠤᠨ ᠠᠲ᠋ᠧᠳ71(26)
2009–ᠮᠠᠴᠧᠰᠲ᠋ᠧᠷ ᠶᠤᠨ ᠠᠲ᠋ᠧᠳ24(4)
ᠰᠢᠭᠰᠢᠭᠡ ᠪᠠᠭ
1997ᠠᠩᠭᠯᠢ U204(3)
1997ᠠᠩᠭᠯᠢ U211(1)
2006–2007ᠠᠩᠭᠯᠢ B2(0)
1998–2008ᠠᠩᠭᠯᠢ89(40)
* ᠮᠡᠷᠭᠡᠵᠢᠯ ᠦᠨ ᠵᠠᠮᠨᠠᠯ ᠤᠨ ᠲᠣᠭᠯᠠᠯᠲᠠ ᠶᠢᠨ (ᠭᠣᠣᠯ) ᠦᠵᠡᠭᠦᠯᠦᠯᠲᠡ ᠶᠢ ᠳᠣᠲᠣᠭᠠᠳᠤ ᠶᠢᠨ ᠯᠢᠭ ᠲᠡᠢ ᠨᠢ ᠤᠶᠠᠯᠳᠤᠭᠤᠯᠤᠭᠰᠠᠨ ᠪᠣᠯᠤᠨ᠎ᠠ᠃ ᠰᠡᠭᠦᠯ ᠳᠦ ᠰᠢᠨᠡᠴᠢᠯᠡᠭᠰᠡᠨ: 2011 ᠣᠨ ᠤ 1 ᠰᠠᠷ᠎ᠠ ᠶᠢᠨ 4 (UTC).

† ᠭᠠᠷ ᠢᠶᠠᠨ (ᠭᠣᠣᠯ).

‡ ᠰᠢᠭᠰᠢᠭᠡ ᠪᠠᠭ ᠤᠨ ᠭᠠᠷ ᠢᠶᠠᠨ ᠪᠣᠯᠤᠨ ᠭᠣᠣᠯ ᠢ ᠰᠡᠭᠦᠯ ᠳᠦ ᠰᠢᠨᠡᠴᠢᠯᠡᠭᠰᠡᠨ: 2009 ᠣᠨ ᠤ 7 ᠰᠠᠷ᠎ᠠ ᠶᠢᠨ 3 (UTC)

ᠮᠠᠶᠢᠺᠯ ᠵᠡᠮᠰ ᠣᠦ᠋ᠡᠨ (ᠠᠩᠭᠯᠢ ᠪᠠᠷ Michael James Owen, 1979 ᠣᠨ ᠤ 12 ᠰᠠᠷ᠎ᠠ ᠶᠢᠨ 14 ᠍ ᠳᠦ ᠴᠧᠰᠲ᠋ᠧᠷ ᠲᠤ ᠲᠦᠷᠦᠭᠰᠡᠨ) ᠨᠢ ᠠᠩᠭᠯᠢ ᠍ ᠶᠢᠨ ᠮᠡᠷᠭᠡᠵᠢᠯ ᠦᠨ ᠬᠥᠯ ᠪᠥᠮᠪᠥᠭᠡᠴᠢᠨ ᠪᠥᠭᠡᠳ ᠡᠳᠦᠭᠡ ᠮᠠᠴᠧᠰᠲ᠋ᠧᠷ ᠶᠤᠨ ᠠᠲ᠋ᠧᠳ ᠪᠠᠭ ᠲᠤ ᠳᠣᠪᠲᠣᠯᠤᠭᠴᠢ ᠪᠠᠷ ᠲᠣᠭᠯᠠᠳᠠᠭ.

ᠬᠥᠯᠪᠥᠮᠪᠦᠭᠡᠴᠢᠨ ᠠᠰᠠᠨ ᠲᠧᠷᠷᠢ ᠣᠦ᠋ᠡᠨᠢᠢ ᠬᠦᠦ ᠲᠡᠷᠡ ᠪᠡᠷ 1996 ᠣᠨ ᠳᠤ ᠯᠢᠤᠧᠷᠫᠦᠯ ᠪᠠᠭ᠎ᠠ ᠠᠴᠠ ᠮᠡᠷᠭᠡᠵᠢᠯ ᠦᠨ ᠬᠥᠯᠪᠥᠮᠪᠦᠭᠡᠴᠢᠨ ᠦ ᠵᠠᠮᠨᠠᠯ᠎ᠠ ᠡᠬᠢᠯᠡᠵᠡᠢ᠃ ᠡᠬᠢᠨ ᠳᠦ ᠪᠡᠨ ᠵᠠᠯᠠᠭᠤᠴᠤᠳ ᠤᠨ ᠪᠠᠭ ᠲᠤ ᠲᠣᠭᠯᠠᠳᠠᠭ ᠪᠠᠶᠢᠭᠰᠠᠨ ᠬᠦᠦ ᠦᠨᠳᠦᠰᠦᠨ ᠪᠠᠭ ᠲᠤ 1997 ᠣᠨ ᠤ 5 ᠰᠠᠷ᠎ᠠ ᠳᠤ ᠠᠩᠬ᠎ᠠ ᠲᠣᠭᠯᠠᠬᠤ ᠳᠤ ᠪᠠᠨ ᠯᠠ ᠭᠣᠣᠯ ᠣᠷᠣᠭᠤᠯᠵᠠᠢ᠃ ᠤᠯᠠᠮ ᠢᠶᠠᠷ ᠫᠷᠧᠮᠢᠶᠧᠷ ᠯᠢᠭ ᠲᠦ ᠪᠦᠲᠦᠨ ᠲᠣᠭᠯᠠᠭᠰᠠᠨ ᠠᠩᠬᠠᠨ ᠤ ᠤᠯᠠᠷᠢᠯ ᠳᠤ ᠪᠠᠨ ᠮᠡᠷᠭᠡᠨ ᠫᠤᠤᠴᠢᠳ ᠤᠨ ᠵᠢᠭ᠌ᠰᠠᠭᠠᠯᠳᠠ ᠶᠢ ᠲᠡᠷᠢᠭᠦᠯᠡᠭᠰᠡᠨ ᠶᠤᠮ᠃ ᠤᠭ ᠠᠮᠵᠢᠯᠲᠠ ᠪᠠᠨ ᠳᠠᠷᠠᠭ᠎ᠠ ᠶᠢᠨ ᠵᠢᠯ ᠨᠢ ᠳᠠᠪᠲᠠᠭᠰᠠᠨ ᠲᠡᠷᠡ ᠪᠡᠷ ᠭᠤᠶᠠᠨ ᠤ ᠪᠠᠨ ᠭᠡᠮᠲᠦᠯ ᠢ ᠦᠯᠦ ᠬᠠᠶᠢᠬᠤᠷᠤᠨ 1997–2004 ᠣᠨ ᠳᠤ ᠯᠢᠤᠧᠷᠫᠦᠯ ᠪᠠᠭ ᠤᠨ ᠢᠶᠠᠨ ᠮᠡᠷᠭᠡᠨ ᠪᠤᠤᠴᠢ ᠨᠢ ᠪᠠᠶᠢᠵᠤ ᠢᠷᠡᠭᠰᠡᠨ ᠪᠢᠯᠡ᠃ 2001 ᠣᠨ ᠳᠤ ᠯᠢᠤᠧᠷᠫᠦᠯ ᠪᠠᠭ Union Europeennes de Football Associations ᠍ ᠦᠨ ᠴᠣᠮᠣᠠᠩᠭᠯᠢ ᠶᠢᠨ ᠬᠥᠯᠪᠥᠮᠪᠥᠭᠡ ᠶᠢᠨ ᠬᠣᠯᠪᠣᠭᠠᠨ ᠤ ᠴᠣᠮᠣᠬᠥᠯᠪᠥᠮᠪᠥᠭᠡ ᠶᠢᠨ ᠯᠢᠭ ᠦᠨ ᠴᠣᠮᠣ ᠍ ᠢ ᠬᠦᠷᠲᠡᠵᠦ᠂ ᠣᠦ᠋ᠡᠨ ᠥᠪᠡᠷ ᠢᠶᠡᠨ ᠪᠠᠯᠯᠠᠨ ᠳ'ᠣᠷᠣ ᠱᠠᠩᠨᠠᠯ ᠢ ᠬᠦᠷᠢᠲᠦᠨ᠂ ᠠᠩᠬᠠᠨ ᠤ ᠲᠣᠮᠣᠬᠠᠨ ᠠᠮᠵᠢᠯᠲᠠ ᠨᠤᠭᠤᠳ ᠢᠶᠠᠨ ᠭᠠᠷᠭᠠᠵᠠᠢ᠃ ᠲᠡᠷᠡ ᠪᠡᠷ ᠯᠢᠤᠧᠷᠫᠦᠯ ᠦᠨ ᠪᠦᠷᠢᠯᠳᠦᠬᠦᠨ ᠳᠦ ᠫᠷᠧᠮᠢᠶᠧᠷ ᠯᠢᠭ ᠲᠦ 216 ᠲᠣᠭᠯᠠᠯᠲᠠ ᠬᠢᠬᠦ ᠳᠦ ᠪᠡᠨ 118 ᠭᠣᠣᠯ ᠣᠷᠣᠭᠤᠯᠤᠭᠰᠠᠨ ᠶᠤᠮ᠃

ᠣᠦ᠋ᠡᠨ 2004 ᠣᠨ ᠤ ᠳᠤᠮᠳᠠᠭᠤᠷ 8 ᠰᠠᠶ᠎ᠠ ᠹᠦᠨᠲ ᠰᠲ᠋ᠧᠷᠯᠢᠨ ᠢᠶᠡᠷ ᠷᠧᠠᠯ ᠮᠠᠳᠷᠢᠳ ᠪᠠᠭ ᠲᠤ ᠣᠴᠢᠭᠰᠠᠨ ᠪᠣᠯᠪᠠᠴᠤ ᠲᠣᠭᠯᠠᠯᠲᠠᠨ ᠳᠤ ᠶᠡᠬᠡᠩᠬᠢ ᠳᠦ ᠪᠡᠨ ᠰᠡᠯᠭᠦᠭᠡ ᠪᠡᠷ ᠣᠷᠣᠵᠤ ᠢᠷᠡᠳᠡᠭ ᠪᠠᠶᠢᠯ᠎ᠠ᠃ ᠭᠡᠬᠦ ᠳᠦ ᠪᠡᠨ ᠯᠠ ᠯᠠ ᠯᠢᠭᠠ ᠳᠤ 13 ᠭᠣᠣᠯ ᠣᠷᠣᠭᠤᠯᠤᠭᠰᠠᠨ ᠨᠢ ᠲᠣᠭᠯᠠᠭᠰᠠᠨ ᠮᠢᠨᠦ᠋ᠲ ᠲᠠᠢ ᠨᠢ ᠬᠠᠷᠢᠴᠠᠭᠤᠯᠬᠤ ᠳᠤ ᠤᠯᠠᠷᠢᠯ ᠤᠨ ᠬᠠᠮᠤᠭ ᠤᠨ ᠥᠨᠳᠥᠷ ᠦᠵᠡᠭᠦᠯᠦᠯᠲᠡ ᠪᠣᠯᠵᠤ ᠪᠠᠶᠢᠭᠰᠠᠨ ᠶᠤᠮ᠃ ᠲᠡᠷᠡ ᠪᠡᠷ ᠳᠠᠷᠠᠭ᠎ᠠ ᠶᠢᠨ ᠤᠯᠠᠷᠢᠯ ᠳᠤ ᠨᠢ ᠠᠩᠭᠠᠯ ᠳᠤ ᠪᠠᠨ ᠪᠤᠴᠠᠨ ᠢᠷᠡᠵᠦ᠂ 16 ᠰᠠᠶ᠎ᠠ ᠹᠦᠨᠲ ᠰᠲ᠋ᠧᠷᠯᠢᠨ ᠢᠶᠡᠷ ᠨᠦᠶᠢᠺᠠᠰᠯ ᠶᠤᠨ ᠠᠲ᠋ᠧᠳ ᠪᠠᠭ ᠲᠤ ᠰᠢᠯᠵᠢᠵᠡᠢ᠃ 2005–06 ᠣᠨ ᠤ ᠤᠯᠠᠷᠢᠯ ᠢ ᠠᠮᠵᠢᠯᠲᠠ ᠲᠠᠢ ᠪᠠᠷ ᠡᠬᠢᠯᠡᠭᠦᠯᠦᠭᠰᠡᠨ ᠴᠤ ᠳᠠᠷᠤᠭ᠎ᠠ ᠶᠢᠨ 18 ᠰᠠᠷ᠎ᠠ ᠶᠢᠨ ᠲᠤᠷᠰᠢ ᠪᠡᠷᠲᠡᠯ ᠭᠡᠮᠲᠦᠯ ᠡᠴᠡ ᠰᠠᠯᠤᠭᠰᠠᠨ ᠦᠭᠡᠢ᠃ ᠬᠥᠯᠪᠥᠮᠪᠥᠭᠡ ᠳᠦ ᠪᠡᠨ ᠪᠤᠴᠠᠵᠤ ᠢᠷᠡᠭᠰᠡᠨ ᠣᠦ᠋ᠡᠨ ᠪᠠᠭ ᠤᠨ ᠠᠬᠠᠯᠠᠭᠴᠢ ᠪᠠᠷ ᠰᠣᠩᠭᠣᠭᠳᠠᠵᠤ᠂ 2007–08 ᠣᠨ ᠤ ᠤᠯᠠᠷᠢᠯ ᠳᠤ ᠪᠠᠭ ᠤᠨ ᠢᠶᠠᠨ ᠮᠡᠷᠭᠡᠨ ᠪᠤᠤᠴᠢ ᠪᠠᠷ ᠲᠣᠳᠣᠷᠠᠵᠠᠢ᠃ ᠲᠡᠭᠦᠨ ᠦ ᠭᠡᠷ᠎ᠡ ᠶᠢᠨ 4 ᠵᠢᠯ ᠦᠨ ᠬᠤᠭᠤᠴᠠᠭᠠᠨ ᠤ ᠰᠡᠭᠦᠯ ᠦᠨ ᠤᠯᠠᠷᠢᠯ ᠳᠤ ᠨᠦᠶᠢᠺᠠᠰᠯ ᠪᠠᠭ ᠵᠢᠨᠳᠠ ᠤᠷᠤᠭᠤᠳᠠᠵᠤ᠂ ᠴᠢᠯᠦᠭᠡᠲᠦ ᠠᠭᠧᠨᠲ ᠪᠣᠯᠤᠭᠰᠠᠨ ᠣᠦ᠋ᠡᠨ ᠮᠠᠴᠧᠰᠲ᠋ᠧᠷ ᠶᠤᠨ ᠠᠲ᠋ᠧᠳ ᠪᠠᠭ ᠷᠤ ᠦᠨ᠎ᠡ ᠦᠭᠡᠢ ᠰᠢᠯᠵᠢᠵᠦ ᠢᠷᠡᠵᠡᠢ᠃

ᠣᠯᠠᠨ ᠤᠯᠤᠰ ᠤᠨ ᠲᠠᠪᠴᠠᠩ ᠳᠤ ᠠᠩᠬ᠎ᠠ 1998 ᠣᠨ ᠳᠤ ᠨᠠᠰᠤᠨ ᠳᠤ ᠬᠦᠷᠡᠭᠴᠢᠳ ᠦᠨ ᠰᠢᠭᠰᠢᠭᠡ ᠪᠠᠭᠲᠠᠭ᠎ᠠ ᠪᠠᠭᠲᠠᠨ ᠲᠣᠭᠯᠠᠭᠰᠠᠨ ᠲᠡᠷᠡ ᠪᠡᠷ ᠲᠤᠬᠠᠢ ᠶᠢᠨ ᠦᠶᠡᠳᠡᠭᠡ ᠠᠩᠭᠯᠢ ᠶᠢᠨ ᠰᠢᠭᠰᠢᠭᠡ ᠪᠠᠭ ᠤᠨ ᠬᠠᠮᠤᠭ ᠤᠨ ᠵᠠᠯᠠᠭᠤ ᠲᠣᠭᠯᠠᠭᠴᠢ᠂ ᠬᠠᠮᠤᠭ ᠤᠨ ᠵᠠᠯᠠᠭᠤ ᠳᠤ ᠪᠠᠨ ᠭᠣᠣᠯ ᠣᠷᠣᠭᠤᠯᠤᠭᠰᠠᠨ ᠲᠣᠭᠯᠠᠭᠴᠢ ᠪᠣᠯᠵᠤ ᠪᠠᠶᠢᠪᠠ᠃ ᠲᠡᠭᠦᠨ ᠦ 1998 ᠣᠨ ᠤ ᠳᠡᠯᠡᠬᠡᠢ ᠶᠢᠨ ᠠᠪᠤᠷᠭᠤ ᠰᠢᠯᠭᠠᠷᠠᠭᠤᠯᠬᠤ ᠲᠡᠮᠡᠴᠡᠭᠡᠨ ᠍ ᠳᠦ ᠦᠵᠡᠭᠦᠯᠦᠭᠰᠡᠨ ᠭᠠᠶᠢᠬᠠᠯᠲᠠᠢ ᠲᠣᠭᠯᠠᠯᠲᠠ ᠲᠡᠭᠦᠨ ᠢ ᠣᠳᠣ ᠪᠣᠯᠭᠠᠭᠰᠠᠨ ᠪᠥᠭᠡᠳ ᠤᠭ ᠲᠡᠮᠡᠴᠡᠭᠡᠨ ᠡᠴᠡ ᠭᠠᠳᠠᠨ᠎ᠠ 2000 ᠣᠨ ᠤ ᠧᠦ᠋ᠷᠣᠫᠠ ᠶᠢᠨ ᠠᠪᠤᠷᠭᠤ ᠰᠢᠯᠭᠠᠷᠠᠭᠤᠯᠬᠤ ᠲᠡᠮᠡᠴᠡᠭᠡᠨ2002 ᠣᠨ ᠤ ᠳᠡᠯᠡᠬᠡᠢ ᠶᠢᠨ ᠠᠪᠤᠷᠭᠤ ᠰᠢᠯᠭᠠᠷᠠᠭᠤᠯᠬᠤ ᠲᠡᠮᠡᠴᠡᠭᠡᠨ2004 ᠣᠨ ᠤ ᠧᠦ᠋ᠷᠣᠫᠠ ᠶᠢᠨ ᠠᠪᠤᠷᠭᠤ ᠰᠢᠯᠭᠠᠷᠠᠭᠤᠯᠬᠤ ᠲᠡᠮᠡᠴᠡᠭᠡᠨ ᠍ ᠳᠦ ᠣᠷᠣᠯᠴᠠᠵᠤ᠂ ᠭᠣᠣᠯ ᠣᠷᠣᠭᠤᠯᠵᠤ ᠶᠠᠪᠤᠵᠠᠢ᠃ ᠲᠡᠷᠡ ᠪᠡᠷ ᠠᠩᠭᠯᠢ ᠶᠢᠨ ᠰᠢᠭᠰᠢᠭᠡ ᠪᠠᠭ ᠤᠨ ᠪᠦᠷᠢᠯᠳᠦᠬᠦᠨ ᠳᠦ 4 ᠲᠣᠮᠣ ᠲᠡᠮᠡᠴᠡᠭᠡᠨ ᠳᠦ ᠭᠣᠣᠯ ᠣᠷᠣᠭᠤᠯᠵᠤ ᠪᠠᠶᠢᠭᠰᠠᠨ ᠴᠣᠷ ᠤᠨ ᠭᠠᠭᠴᠠ ᠲᠣᠭᠯᠠᠭᠴᠢ ᠨᠢ ᠶᠠᠭᠤᠮ᠎ᠠ᠃ ᠮᠥᠨ 2006 ᠣᠨ ᠤ ᠳᠡᠯᠡᠬᠡᠢ ᠶᠢᠨ ᠠᠪᠤᠷᠭᠤ ᠰᠢᠯᠭᠠᠷᠠᠭᠤᠯᠬᠤ ᠲᠡᠮᠡᠴᠡᠭᠡᠨ ᠍ ᠳᠦ ᠣᠷᠣᠯᠴᠠᠭᠰᠠᠨ ᠴᠤ ᠭᠡᠮᠲᠦᠯ ᠠᠪᠴᠤ᠂ ᠪᠦᠷᠢᠨ ᠡᠳᠡᠭᠡᠷᠡᠬᠦ ᠬᠦᠷᠲᠡᠯ᠎ᠡ ᠪᠦᠲᠦᠨ ᠵᠢᠯ ᠵᠠᠷᠤᠴᠠᠭᠤᠯᠤᠭᠰᠠᠨ ᠪᠢᠯᠡ᠃ ᠪᠠᠭ ᠤᠨ ᠠᠬᠠᠯᠠᠭᠴᠢ ᠶᠢᠨ ᠲᠤᠤᠵᠠ ᠶᠢ ᠴᠤ ᠵᠡᠭᠦᠵᠦ ᠪᠠᠶᠢᠭᠰᠠᠨ ᠤᠳᠠᠭ᠎ᠠ ᠲᠠᠢ ᠣᠦ᠋ᠡᠨ ᠠᠩᠭᠯᠢ ᠶᠢᠨ ᠰᠢᠭᠰᠢᠭᠡ ᠪᠠᠭ ᠤᠨ ᠪᠦᠷᠢᠯᠳᠦᠬᠦᠨ ᠳᠦ ᠬᠢᠭᠰᠡᠨ ᠲᠣᠭᠯᠠᠯᠲᠠ ᠶᠢᠨ ᠢᠶᠠᠨ ᠲᠣᠭ᠎ᠠ ᠪᠠᠷ 7 ᠍ ᠷᠲ ᠪᠢᠴᠢᠭᠳᠡᠳᠡᠭ᠃ ᠲᠡᠷᠡ ᠪᠡᠷ 89 ᠲᠣᠭᠯᠠᠯᠲᠠᠳ 40 ᠭᠣᠣᠯ ᠣᠷᠣᠭᠤᠯᠤᠭᠰᠠᠨ ᠤ 26 ᠨᠢ ᠲᠣᠭᠯᠠᠯᠲᠠ ᠶᠢᠨ ᠬᠤᠪᠢ ᠵᠠᠶᠠᠭ᠎ᠠ ᠶᠢ ᠰᠢᠢᠳᠪᠦᠷᠢᠯᠡᠵᠦ ᠪᠠᠶᠢᠭᠰᠠᠨ ᠠᠵᠢ᠃[2]

2006 ᠣᠨ ᠤ ᠳᠡᠯᠡᠬᠡᠢ ᠶᠢᠨ ᠠᠪᠤᠷᠭᠤ ᠰᠢᠯᠭᠠᠷᠠᠭᠤᠯᠬᠤ ᠲᠡᠮᠡᠴᠡᠭᠡᠨ ᠳᠦ ᠣᠦ᠋ᠡᠨ ᠭᠡᠮᠲᠦᠯ ᠠᠪᠴᠤ᠂ ᠤᠳᠠᠭᠠᠨ ᠬᠤᠭᠤᠴᠠᠭ᠎ᠠ ᠪᠠᠷ ᠲᠣᠭᠯᠠᠭ᠎ᠠ ᠦᠭᠡᠢ ᠨᠢ Federation Internationale de Football Association, ᠠᠩᠭᠯᠢ ᠶᠢᠨ ᠬᠥᠯᠪᠥᠮᠪᠥᠭᠡ ᠶᠢᠨ ᠬᠣᠯᠪᠣᠭ᠎ᠠ᠂ ᠨᠦᠶᠢᠺᠠᠰᠯ ᠶᠤᠨ ᠠᠲ᠋ᠧᠳ ᠪᠠᠭ ᠤᠨ ᠬᠣᠭᠣᠷᠣᠨᠳᠣ ᠮᠠᠷᠭᠤᠭᠠᠨ ᠡᠭᠦᠰᠬᠡᠵᠦ ᠪᠠᠶᠢᠭᠰᠠᠨ ᠪᠥᠭᠡᠳ ᠨᠦᠶᠢᠺᠠᠰᠯ 10 ᠰᠠᠶ᠎ᠠ ᠹᠦᠨᠲ ᠰᠲ᠋ᠧᠷᠯᠢᠩ ᠦᠨ ᠨᠥᠬᠥᠨ ᠲᠥᠯᠥᠪᠦᠷᠢ ᠠᠪᠴᠤ᠂ ᠤᠷᠢᠳ ᠬᠣᠵᠢᠳ ᠦᠵᠡᠭᠳᠡᠭᠡ ᠦᠭᠡᠢ ᠶᠠᠪᠤᠳᠠᠯ ᠭᠠᠷᠴᠤ ᠪᠠᠶᠢᠭᠰᠠᠨ᠃ ᠤᠯᠠᠮ ᠢᠶᠠᠷ ᠲᠣᠭᠯᠠᠭᠴᠢᠳ ᠰᠢᠭᠰᠢᠭᠡ ᠪᠠᠭᠲᠠᠭ᠎ᠠ ᠲᠣᠭᠯᠠᠵᠤ ᠪᠠᠶᠢᠭᠠᠳ ᠭᠡᠮᠲᠦᠯ ᠠᠪᠠᠪᠠᠯ ᠬᠠᠷᠢᠶᠠᠯᠠᠭᠳᠠᠬᠤ ᠪᠠᠭ ᠪᠣᠯᠤᠨ ᠰᠢᠭᠰᠢᠭᠡ ᠪᠠᠭ ᠤᠨ ᠬᠣᠭᠣᠷᠣᠨᠳᠣᠬᠢ ᠬᠠᠷᠢᠴᠠᠭ᠎ᠠ ᠶᠢ ᠵᠣᠬᠢᠴᠠᠭᠤᠯᠬᠤ ᠠᠰᠠᠭᠤᠳᠠᠯ ᠳᠤ ᠥᠭᠡᠷᠡᠴᠢᠯᠡᠯᠲᠡ ᠣᠷᠣᠭᠰᠠᠨ ᠲᠡᠦᠬᠡ ᠲᠡᠢ ᠪᠢᠯᠡ᠃

ᠰᠲ᠋ᠠᠲ᠋ᠢᠰᠲ᠋ᠢᠭ[ᠵᠠᠰᠠᠪᠤᠷᠢᠯᠠᠬᠤ | ᠺᠣᠳ᠋ ᠢᠶᠠᠷ ᠵᠠᠰᠠᠬᠣ]

ᠪᠠᠭ ᠤᠯᠠᠷᠢᠯ ᠯᠢᠭ ᠴᠣᠮᠣ ᠯᠢᠭ ᠦᠨ ᠴᠣᠮᠣ ᠧᠦ᠋ᠷᠣᠫᠠ ᠪᠤᠰᠤᠳ ᠨᠡᠶᠢᠲᠡ
ᠲᠣᠭᠯᠠᠯᠲᠠ ᠭᠣᠣᠯ ᠲᠣᠭᠯᠠᠯᠲᠠ ᠭᠣᠣᠯ ᠲᠣᠭᠯᠠᠯᠲᠠ ᠭᠣᠣᠯ ᠲᠣᠭᠯᠠᠯᠲᠠ ᠭᠣᠣᠯ ᠲᠣᠭᠯᠠᠯᠲᠠ ᠭᠣᠣᠯ ᠲᠣᠭᠯᠠᠯᠲᠠ ᠭᠣᠣᠯ
ᠯᠢᠤᠧᠷᠫᠦᠯ 1996–97 2 1 0 0 0 0 0 0 0 0 2 1
1997–98 36 18 0 0 4 4 4 1 0 0 44 23
1998–99 30 18 2 2 2 1 6 2 0 0 40 23
1999–2000 27 11 1 0 2 1 0 0 0 0 30 12
2000–01 28 16 5 3 2 1 11 4 0 0 46 24
2001–02 29 19 2 2 0 0 12 5 2 2 45 28
2002–03 35 19 2 0 4 2 13 7 1 0 55 28
2003–04 29 16 3 1 0 0 6 2 0 0 38 19
ᠨᠡᠶᠢᠲᠡ 216 118 15 8 14 9 52 21 3 2 297 158
ᠷᠧᠠᠯ ᠮᠠᠳᠷᠢᠳ 2004–05 35 13 4 2 4 1 0 0 43 16
ᠨᠡᠶᠢᠲᠡ 35 13 4 2 4 1 0 0 43 16
ᠨᠦᠶᠢᠺᠠᠰᠯ ᠶᠤᠨ ᠠᠲ᠋ᠧᠳ 2005–06 11 7 0 0 0 0 0 0 0 0 11 7
2006–07 3 0 0 0 0 0 0 0 0 0 3 0
2007–08 29 11 3 1 1 1 0 0 0 0 33 13
2008–09 28 8 2 0 2 2 0 0 0 0 32 10
ᠨᠡᠶᠢᠲᠡ 71 26 5 1 3 3 0 0 0 0 79 30
ᠮᠠᠴᠧᠰᠲ᠋ᠧᠷ ᠶᠤᠨ ᠠᠲ᠋ᠧᠳ 2009–10 19 3 1 0 4 2 6 4 1 0 31 9
2010–11 5 1 0 0 1 2 1 0 1 0 8 3
ᠨᠡᠶᠢᠲᠡ 24 4 1 0 5 4 7 4 2 0 39 12
ᠪᠦᠭᠦᠳᠡ 346 161 25 11 22 16 63 26 5 2 458 216

2011 ᠣᠨ ᠤ 1 ᠰᠠᠷ᠎ᠠ ᠶᠢᠨ 4 ᠍ ᠦ ᠪᠠᠶᠢᠳᠠᠯ ᠢᠶᠠᠷ[3]

[4] [5]

<tr><th colspan="3">ᠠᠩᠭᠯᠢ ᠶᠢᠨ ᠰᠢᠭᠰᠢᠭᠡ ᠪᠠᠭ</tr><tr><th>ᠣᠩᠨᠠᠭ᠎ᠠ</th><th>ᠭᠠᠷ ᠢᠶᠠᠨ</th><th>ᠭᠣᠣᠯ</th></tr>
1998 12 4
1999 6 1
2000 6 3
2001 8 6
2002 12 5
2003 9 5
2004 13 4
2005 9 7
2006 5 1
2007 8 4
2008 1 0
ᠨᠡᠶᠢᠲᠡ 89 40

ᠡᠰᠢᠯᠡᠯ[ᠵᠠᠰᠠᠪᠤᠷᠢᠯᠠᠬᠤ | ᠺᠣᠳ᠋ ᠢᠶᠠᠷ ᠵᠠᠰᠠᠬᠣ]

  1. Hugman, Barry J. (2009). The PFA Footballers Who's Who 2009–10. Edinburgh: Mainstream Publishing. ISBN 978-1-84596-474-0. 
  2. Arnhold, Matthias. "England – Record International Players", RSSSF, 2009-01-29. 2009-02-11 ᠍ ᠳᠦ ᠠᠪᠤᠭᠰᠠᠨ᠃ 
  3. Endlar, Andrew. Michael Owen. StretfordEnd.co.uk. 2 October 2010 ᠍ ᠳᠦ ᠬᠠᠨᠳᠤᠭᠰᠠᠨ᠃
  4. http://www.national-football-teams.com/v2/player.php?id=2190
  5. http://www.rsssf.com/miscellaneous/owen-intlg.html

ᠭᠠᠳᠠᠨ᠎ᠠ ᠶᠢᠨ ᠬᠣᠯᠪᠣᠭᠠᠰᠤ ᠨᠤᠭᠤᠳ[ᠵᠠᠰᠠᠪᠤᠷᠢᠯᠠᠬᠤ | ᠺᠣᠳ᠋ ᠢᠶᠠᠷ ᠵᠠᠰᠠᠬᠣ]

ᠸᠢᠭᠮᠧᠳᠢᠶᠠ ᠵᠢᠷᠤᠭ ᠤᠨ ᠰᠠᠩ:
«ᠮᠠᠶᠢᠺᠯ ᠣᠦ᠋ᠡᠨ»


ᠪᠢᠴᠢᠭᠡᠰᠦ