ᠮᠠᠶᠢᠶ᠎ᠠ

ᠴᠢᠯᠦᠭᠡᠲᠦ ᠨᠡᠪᠲᠡᠷᠬᠡᠢ ᠲᠣᠯᠢ — ᠸᠢᠺᠢᠫᠧᠳᠢᠶ᠎ᠠ ᠠᠴᠠ
ᠬᠠᠷᠠᠶᠢᠬᠤ: ᠤᠳᠤᠷᠢᠳᠬᠤ, ᠬᠠᠶᠢᠯᠲᠠ
ᠵᠢᠵᠢᠭ ᠵᠢᠷᠤᠭ ᠢ ᠡᠭᠦᠰᠭᠡᠬᠦ ᠳ᠋ᠦ ᠠᠯᠳᠠᠭ᠎ᠠ ᠭᠠᠷᠤᠯ᠎ᠠ: Unable to save thumbnail to destination
ᠮᠠᠶ᠋ᠢᠬ᠎ᠠ ᠶᠢᠨ ᠰᠣᠩᠭᠣᠳᠠᠭ ᠡᠷᠢᠨ᠂ ᠰᠣᠩᠭᠣᠳᠠᠭ ᠡᠷᠢᠩᠭᠡ ᠶᠢᠨ ᠳᠠᠷᠠᠭᠠᠬᠢ ᠦᠶ᠎ᠡ ᠶᠢᠨ ᠲᠣᠮᠣᠬᠠᠨ ᠲᠥᠪ ᠦᠳ᠃ ᠤᠯᠠᠭᠠᠨ ᠨᠢ ᠮᠠᠶᠠᠴᠤᠳ ᠤᠨ ᠨᠤᠲᠤᠭ ᠳᠡᠪᠢᠰᠬᠡᠷ᠂ ᠬᠠᠷ᠎ᠠ ᠨᠢ ᠪᠤᠰᠤᠳ ᠮᠧᠽᠣᠮᠧᠷᠢᠺ ᠤᠨ ᠢᠷᠭᠡᠰᠢᠯ ᠦᠳ ᠦᠨ ᠨᠤᠲᠤᠭ ᠳᠡᠪᠢᠰᠬᠡᠷ

ᠮᠠᠶᠢᠶ᠎ᠠ ᠪᠣᠯ ᠮᠧᠽᠣᠮᠧᠷᠢᠺ ᠲᠤ (ᠲᠥᠪ ᠮᠸᠺᠰᠢᠺᠣ ᠡᠴᠡ ᠭᠣᠩ ᠳᠤᠷᠠᠰ ᠨᠢᠺᠠᠷᠠᠭᠤᠸᠠ ᠬᠦᠷᠲᠡᠯᠡᠬᠢ ᠲᠡᠦᠬᠡ ᠰᠤᠶᠤᠯ ᠤᠨ ᠥᠯᠥᠭᠡᠢ ᠨᠤᠲᠤᠭ) ᠮᠠᠨ ᠤ ᠡᠷᠡᠨ ᠦ ᠡᠮᠦᠨ᠎ᠡ 2000 ᠍ ᠠᠴᠠ ᠮᠠᠨ ᠤ ᠡᠷᠡᠨ ᠦ 1500 ᠣᠨ ᠨᠤᠭᠤᠳ ᠲᠤ ᠣᠷᠣᠰᠢᠨ ᠲᠣᠭᠲᠠᠨᠢᠵᠤ ᠪᠠᠶᠢᠭᠰᠠᠨ ᠲᠡᠦᠬᠡ᠂ ᠤᠷᠠᠯᠢᠭ ᠰᠤᠶᠤᠯ᠂ ᠤᠷᠠᠨ ᠪᠠᠷᠢᠯᠭ᠎ᠠ᠂ ᠲᠣᠭᠠᠨ ᠤ ᠤᠬᠠᠭᠠᠨ᠂ ᠣᠳᠣᠨ ᠣᠷᠣᠨ ᠴᠡᠴᠡᠭᠯᠡᠵᠦ ᠠᠰᠠᠨ ᠡᠷᠲᠡᠨ ᠦ ᠰᠤᠶᠤᠯ ᠢᠷᠭᠡᠨᠰᠢᠯ ᠪᠢᠯᠡ᠃

ᠮᠠᠶᠠᠴᠤᠳ ᠨᠢ ᠮᠠᠨ ᠤ ᠡᠷᠡᠨ ᠦ ᠡᠮᠦᠨ᠎ᠡ 2 ᠳᠠᠬᠢ ᠮᠢᠩᠭᠠᠨ ᠵᠢᠯ ᠦᠨ ᠡᠮᠦᠨ᠎ᠡ ᠡᠴᠡ ᠲᠡᠮᠳᠡᠭᠯᠡᠭᠳᠡᠵᠦ ᠢᠷᠡᠭᠰᠡᠨ ᠪᠥᠭᠡᠳ ᠬᠥᠭᠵᠢᠯ ᠴᠡᠴᠡᠭᠯᠡᠯ ᠦᠨ ᠬᠢ ᠨᠢ ᠣᠷᠭᠢᠯ ᠦᠶ᠎ᠡ ᠮᠠᠨ ᠤ ᠡᠷᠡᠨ ᠦ 600-900 ᠣᠨ ᠤ ᠬᠣᠭᠣᠷᠣᠨᠳᠣ ᠪᠠᠶᠢᠪᠠ᠃ ᠮᠧᠽᠣᠮᠧᠷᠢᠺᠡᠶᠢᠨ ᠭᠣᠣᠯᠯᠠᠬᠤ ᠦᠨᠳᠦᠰᠦᠲᠡᠨ ᠨᠦᠭᠦᠳ ᠦᠨ ᠨᠢᠭᠡ ᠪᠠᠶᠢᠭᠰᠠᠨ ᠮᠠᠶᠠᠴᠤᠳ ᠨᠢ ᠡᠷᠲᠡᠨ ᠦ ᠶᠸᠵᠠᠫᠲᠡᠭᠦᠳᠡ ᠲᠡᠢ ᠠᠳᠠᠯᠢ ᠰᠡᠳᠬᠢᠯ ᠬᠥᠳᠡᠯᠭᠡᠮ᠎ᠡ ᠬᠥᠰᠢᠶ᠎ᠡ ᠳᠤᠷᠠᠰᠬᠠᠯ᠂ ᠶᠣᠰᠣᠯᠠᠯ ᠤᠨ ᠪᠠᠶᠢᠭᠤᠯᠤᠮᠵᠢ᠂ ᠲᠥᠪ ᠦᠳ ᠢ ᠪᠠᠶᠢᠭᠤᠯᠵᠤ᠂ ᠭᠠᠵᠠᠷ ᠲᠠᠷᠢᠶᠠᠯᠠᠩ ᠳᠤ ᠰᠠᠭᠤᠷᠢᠯᠠᠭᠰᠠᠨ ᠡᠳ᠋ ᠍ ᠦᠨ ᠵᠠᠰᠠᠭ ᠲᠤ ᠲᠤᠯᠭᠠᠭᠤᠷᠢᠯᠠᠨ ᠣᠷᠣᠰᠢᠵᠤ ᠪᠠᠶᠢᠪᠠ᠃ ᠲᠡᠳᠡᠨ ᠦ ᠪᠠᠷᠢᠯᠭ᠎ᠠ ᠪᠠᠶᠢᠭᠤᠯᠤᠮᠵᠢ ᠶᠢᠨ ᠠᠷᠬᠢᠲ᠋ᠧᠺᠲ᠋ᠣᠷ ᠭᠠᠶᠢᠬᠠᠯᠲᠠᠢ ᠬᠥᠭᠵᠢᠭᠰᠡᠨ ᠪᠠᠶᠢᠭᠰᠠᠨ ᠪᠥᠭᠡᠳ ᠣᠷᠴᠢᠨ ᠴᠠᠭ ᠤᠨ ᠤᠷᠠᠯᠢᠭ ᠤᠨ ᠰᠢᠨᠵᠢ ᠶᠢ ᠬᠦᠷᠲᠡᠯ᠎ᠡ ᠠᠭᠤᠯᠠᠳᠠᠭ ᠪᠠᠶᠢᠪᠠ᠃ ᠡᠭᠦᠨ ᠦ ᠢᠯᠡᠷᠡᠯ ᠢ ᠥᠨᠥ ᠦᠶ᠎ᠡ ᠳᠦ ᠮᠠᠶ᠋ᠢᠫᠠᠨᠴᠢᠴᠧᠨ ᠢᠴᠠᠫᠠᠯᠧᠩᠺᠠ ᠠᠴᠠ ᠬᠠᠷᠠᠵᠤ ᠪᠣᠯᠤᠨ᠎ᠠ᠃

ᠲᠡᠳᠡ ᠮᠥᠨ ᠳᠦᠷᠰᠦ ᠦᠰᠦᠭᠲᠡᠢ ᠪᠠᠶᠢᠭᠰᠠᠨ ᠪᠠ ᠬᠠᠷᠠᠬᠠᠨ ᠪᠦᠷᠢᠨ ᠲᠠᠶᠢᠯᠵᠤ ᠤᠩᠰᠢᠭ᠎ᠠ ᠦᠭᠡᠢ ᠪᠠᠶᠢᠨ᠎ᠠ᠃ ᠧᠦᠢᠷᠣᠫᠠᠴᠤᠳ ᠲᠡᠳᠡᠨ ᠦ ᠪᠢᠴᠢᠭ ᠦᠰᠦᠭ ᠢ ᠲᠡᠷᠰ ᠦᠵᠡᠯ ᠳᠦ ᠲᠣᠭᠠᠴᠠᠨ ᠮᠠᠰᠢ ᠶᠡᠬᠡ ᠬᠡᠮᠵᠢᠶ᠎ᠡ ᠪᠡᠷ ᠤᠰᠠᠳᠬᠠᠭᠰᠠᠨ ᠲᠤᠯᠠ ᠥᠨᠥᠳᠥᠷ ᠮᠠᠶᠠᠴᠤᠳ ᠤᠨ ᠪᠢᠴᠢᠭ ᠦᠰᠦᠭ ᠦᠨ ᠰᠤᠶᠤᠯ ᠢ ᠢᠯᠡᠷᠬᠡᠶᠢᠯᠡᠬᠦ ᠮᠠᠰᠢ ᠴᠥᠭᠡᠬᠡᠨ ᠨᠣᠮ ᠣᠯᠳᠠᠭᠠᠳ ᠪᠠᠶᠢᠨ᠎ᠠ᠃ ᠮᠠᠶᠠᠴᠤᠳ ᠲᠣᠭᠠᠨ ᠤ ᠣᠬᠠᠭᠠᠨᠣᠳᠣᠨ ᠣᠷᠣᠨ ᠰᠤᠳᠤᠯᠤᠯ ᠳᠤ ᠮᠠᠰᠢ ᠥᠨᠳᠥᠷ ᠲᠦᠪᠰᠢᠨ ᠳᠦ ᠬᠦᠷᠦᠭᠰᠡᠨ ᠪᠠ ᠣᠳᠣ ᠭᠠᠷᠠᠭᠰ ᠤᠨ ᠬᠥᠳᠡᠯᠭᠡᠭᠡᠨ ᠦᠨ ᠲᠠᠯ᠎ᠠ ᠪᠠᠷ ᠰᠠᠶᠢᠨ ᠮᠡᠳᠡᠳᠡᠭ᠂ ᠤᠷᠢᠳᠴᠢᠯᠠᠨ ᠲᠠᠭᠠᠮᠠᠭᠯᠠᠵᠤ ᠴᠢᠳᠠᠳᠠᠭ ᠪᠠᠶᠢᠪᠠ᠃ ᠲᠡᠳᠡᠨ ᠦ ᠲᠣᠭᠠᠴᠠᠭᠠᠯᠠᠨ ᠪᠤᠢ ᠪᠣᠯᠭᠠᠭᠰᠠᠨ ᠴᠠᠭ ᠲᠣᠭᠠᠨ ᠤ ᠪᠢᠴᠢᠭ ᠪᠣᠯᠤᠨ ᠴᠢᠬᠤᠯᠠ ᠲᠡᠮᠳᠡᠭᠯᠡᠯᠲᠦ ᠡᠳᠦᠷ ᠦᠳ ᠦᠨ ᠲᠡᠮᠳᠡᠭᠯᠡᠯ ᠨᠢ ᠡᠭᠦᠨ ᠢ ᠢᠯᠡᠷᠬᠡᠶᠢᠯᠡᠵᠦ ᠪᠠᠶᠢᠳᠠᠭ᠃ ᠮᠠᠶᠠᠴᠤᠳ ᠵᠢᠵᠢᠭ ᠲᠣᠰᠬᠣᠳᠣᠳ ᠠᠮᠢᠳᠤᠷᠠᠳᠠᠭ ᠪᠠᠶᠢᠭᠰᠠᠨ ᠴᠢᠬᠤᠯᠠ ᠪᠠᠶᠠᠷ ᠶᠣᠰᠣᠯᠠᠯ᠂ ᠲᠡᠮᠳᠡᠭᠯᠡᠯᠲᠦ ᠡᠳᠦᠷ ᠦᠳ ᠲᠦ ᠶᠣᠰᠣᠯᠠᠯ ᠤᠨ ᠲᠥᠪ ᠦᠳ ᠲᠡᠭᠡᠨ ᠴᠤᠭᠯᠠᠳᠠᠭ ᠪᠠᠶᠢᠪᠠ᠃ ᠰᠤᠷᠪᠤᠯᠵᠢᠲᠤ ᠳᠠᠶᠢᠴᠢᠳ ᠪᠣᠯᠤᠨ ᠯᠠᠮᠠᠲᠠᠬᠢᠯᠴᠢᠢᠳᠡ ᠡᠨᠡ ᠨᠡᠶᠢᠭᠡᠮ ᠤᠨ ᠳᠡᠭᠡᠳᠦ ᠠᠩᠭᠢ ᠶᠢ ᠪᠦᠷᠢᠳᠦᠭᠦᠯᠵᠦ᠂ ᠤᠯᠤᠰ ᠣᠷᠣᠨ ᠢ ᠤᠳᠤᠷᠢᠳᠥᠳᠠᠭ ᠪᠠᠶᠢᠪᠠ᠃

ᠮᠠᠨ ᠤ ᠡᠷᠡᠨ ᠦ ᠡᠮᠦᠨ᠎ᠡ 2600 ᠣᠨ ᠳᠤ ᠶᠢᠺᠠᠲᠠᠨ ᠬᠠᠪᠢ ᠳᠤ ᠰᠠᠭᠤᠷᠢᠰᠢᠭᠰᠠᠨ ᠴᠤ ᠪᠦᠲᠦᠨ 2000 ᠭᠠᠷᠤᠢ ᠵᠢᠯ ᠦᠨ ᠳᠠᠷᠠᠭ᠎ᠠ ᠪᠤᠶᠤ ᠮᠠᠨ ᠤ ᠡᠷᠡᠨ ᠦ 250 ᠣᠨ ᠳᠤ ᠠᠯᠳᠠᠷ ᠴᠤᠭᠤ ᠶᠢ ᠪᠠᠨ ᠳᠠᠭᠤᠷᠢᠰᠬᠠᠨ ᠬᠦᠴᠦᠷᠬᠡᠭᠵᠢᠵᠦ ᠡᠬᠢᠯᠡᠭᠰᠡᠨ ᠭᠡᠳᠡᠭ᠃ ᠮᠠᠶᠠᠴᠤᠳ ᠣᠳᠣ ᠶᠢᠨ ᠮᠧᠺᠰᠢᠺ᠂ ᠭᠤᠸᠠᠲ᠋ᠧᠮᠠᠯ᠂ ᠭᠣᠩ ᠳᠤᠷᠠᠰ᠂ ᠡᠯ᠎ᠡ ᠰᠠᠯᠢᠪᠠᠳᠣᠷ᠂ ᠤᠮᠠᠷᠠᠳᠤ ᠪᠧᠯᠢᠰᠴᠦᠳ ᠦᠨ ᠡᠪᠦᠭᠡ ᠳᠡᠭᠡᠳᠦᠰ ᠠᠵᠢ᠃

ᠲᠡᠦᠬᠡ[ᠵᠠᠰᠠᠪᠤᠷᠢᠯᠠᠬᠤ | ᠺᠣᠳ᠋ ᠢᠶᠠᠷ ᠵᠠᠰᠠᠬᠣ]

ᠵᠢᠵᠢᠭ ᠵᠢᠷᠤᠭ ᠢ ᠡᠭᠦᠰᠭᠡᠬᠦ ᠳ᠋ᠦ ᠠᠯᠳᠠᠭ᠎ᠠ ᠭᠠᠷᠤᠯ᠎ᠠ: Unable to save thumbnail to destination
"ᠮᠠᠶ᠋ᠢᠬ᠎ᠠ ᠶᠢᠨ ᠰᠤᠶᠤᠯ ᠤᠨ ᠨᠢᠭᠡ ᠭᠣᠣᠯ ᠲᠥᠪ ᠫᠠᠯᠧᠩᠺ ᠤᠨ ᠲᠤᠷ᠎ᠠ

ᠮᠠᠶᠠᠴᠤᠳ ᠤᠨ ᠡᠪᠦᠭᠡ ᠳᠡᠭᠡᠳᠦᠰ 20000 ᠭᠠᠷᠤᠢ ᠵᠢᠯ ᠦᠨ ᠲᠡᠷᠲᠡᠭᠡ ᠪᠧᠷᠢᠩ ᠦᠨ ᠬᠣᠭᠣᠯᠠᠢ ᠪᠠᠷ ᠠᠮᠧᠷᠢᠺᠠ ᠲᠢᠪ ᠲᠦ ᠬᠥᠯ ᠲᠠᠯᠪᠢᠭᠰᠠᠨ ᠭᠡᠳᠡᠭ᠃ ᠲᠡᠳᠡ ᠪᠣᠯ ᠨᠡᠭᠦᠳᠡᠯᠴᠢᠨ ᠠᠩᠴᠢᠳ ᠪᠠᠶᠢᠯ᠎ᠠ᠃ ᠠᠷᠬᠧᠢ ᠶᠢᠨ ᠦᠶ᠎ᠡ ᠪᠤᠶᠤ ᠮᠠᠨ ᠤ ᠡᠷᠡᠨ ᠦ ᠡᠮᠦᠨ᠎ᠡ 5000 ᠣᠨ ᠠᠴᠠ ᠮᠠᠨ ᠤ ᠡᠷᠡᠨ ᠦ 1500 ᠣᠨ ᠤ ᠬᠣᠭᠣᠷᠣᠨᠳᠣ ᠶᠢᠺᠠᠲᠠᠨ ᠬᠠᠪᠢ ᠳᠤ ᠰᠠᠭᠤᠷᠢᠰᠢᠨ ᠲᠣᠭᠲᠠᠵᠤ ᠠᠰᠠᠨ ᠬᠦᠴᠦᠷᠬᠡᠭ ᠮᠠᠶᠢᠶ᠎ᠠ ᠤᠯᠤᠰ ᠤᠨ ᠦᠨᠳᠦᠰᠦ ᠰᠠᠭᠤᠷᠢ ᠶᠢ ᠲᠠᠯᠪᠢᠵᠠᠢ᠃

10 ᠍ ᠳᠦᠭᠡᠷ ᠵᠠᠭᠤᠨ ᠤ ᠵᠠᠭᠤᠨ ᠤ ᠦᠶᠡᠰ ᠡᠬᠢᠯᠡᠨ ᠲᠡᠳᠡᠨ ᠦ ᠰᠤᠶᠤᠯ ᠢᠷᠭᠡᠨᠰᠢᠯ ᠤᠨᠠᠯᠲᠠᠨ ᠳᠤ ᠣᠷᠣᠵᠤ ᠡᠬᠢᠯᠡᠭᠰᠡᠨ ᠪᠥᠭᠡᠳ ᠡᠨᠡ ᠨᠢ ᠭᠠᠵᠠᠷ ᠬᠥᠳᠡᠯᠦᠯᠲᠡᠭᠠᠯᠲᠤ ᠠᠭᠤᠯᠠ ᠶᠢᠨ ᠳᠡᠯᠪᠡᠷᠡᠯᠲᠡᠡ ᠡᠴᠡ ᠰᠢᠯᠲᠠᠭᠠᠯᠠᠭᠰᠠᠨ ᠪᠠᠶᠢᠵᠤ ᠮᠠᠭᠠᠳ ᠦᠭᠡᠢ ᠶᠤᠮ᠃ ᠣᠯᠠᠨ ᠲᠣᠭᠠᠨ ᠤ ᠶᠣᠰᠣᠯᠠᠯ ᠤᠨ ᠲᠥᠪ ᠦᠳ ᠬᠠᠶᠠᠭᠳᠠᠵᠤ ᠡᠬᠢᠯᠡᠭᠰᠡᠨ ᠪᠥᠭᠡᠳ ᠲᠥᠪ ᠮᠸᠺᠰᠢᠺᠣ ᠣᠷᠴᠢᠮ ᠤᠨ ᠣᠪᠤᠭ ᠠᠶᠢᠮᠠᠭ ᠤᠳ ᠤᠨ ᠳᠣᠪᠲᠣᠯᠭᠠᠨ ᠳᠤ ᠵᠢᠵᠢᠭ ᠰᠠᠭᠤᠷᠢᠨᠤᠭ ᠤᠳ ᠡᠳᠡᠷᠡᠨ ᠰᠦᠢᠳᠡᠵᠦ᠂ ᠬᠠᠯᠠᠭᠤᠨ ᠣᠷᠣᠨ ᠤ ᠣᠢ ᠳᠤ ᠡᠵᠡᠯᠡᠭᠳᠡᠵᠡᠢ᠃ ᠮᠠᠶ᠋ᠢᠬ᠎ᠠ ᠶᠢᠨ ᠬᠠᠮᠤᠭ ᠤᠨ ᠰᠡᠭᠦᠯ ᠦᠨ ᠲᠥᠪ ᠨᠢ 17 ᠍ ᠳᠦᠭᠡᠷ ᠵᠠᠭᠤᠨ ᠤ ᠦᠶ᠎ᠡ ᠳᠦ ᠢᠰᠫᠠᠨᠢᠴᠤᠳ ᠲᠤ ᠡᠵᠡᠯᠡᠭᠳᠡᠨ ᠮᠥᠬᠦᠵᠡᠢ᠃ ᠭᠡᠬᠦ ᠳᠦ ᠪᠡᠨ ᠮᠠᠶᠠᠴᠤᠳ ᠤᠨ ᠤᠳᠤᠮ ᠤᠭᠰᠠᠭ᠎ᠠ ᠪᠣᠯᠬᠤ 2 ᠰᠠᠶ᠎ᠠ ᠭᠠᠷᠤᠢ ᠬᠦᠮᠦᠨ ᠥᠨᠥᠳᠥᠷ ᠶᠢᠺᠠᠲᠠᠨ ᠬᠣᠶᠢᠭ ᠳᠡᠭᠡᠷ᠎ᠡ ᠠᠮᠢᠳᠤᠷᠠᠵᠤ ᠪᠠᠶᠢᠨ᠎ᠠ᠃

ᠦᠶᠡᠴᠢᠯᠡᠯ[ᠵᠠᠰᠠᠪᠤᠷᠢᠯᠠᠬᠤ | ᠺᠣᠳ᠋ ᠢᠶᠠᠷ ᠵᠠᠰᠠᠬᠣ]

ᠮᠠᠶ᠋ᠢᠬ᠎ᠠ ᠶᠢᠨ ᠲᠡᠦᠬᠡ ᠶᠢ ᠦᠨᠳᠦᠰᠦᠨ 4 ᠬᠡᠰᠡᠭ ᠲᠦ ᠬᠤᠪᠢᠶᠠᠵᠤ ᠦᠵᠡᠳᠡᠭ:

  1. ᠮᠠᠨ ᠤ ᠡᠷᠡᠨ ᠦ 300-900 ᠰᠣᠩᠭᠣᠳᠠᠭ ᠡᠷᠢᠨ ᠪᠤᠶᠤ ᠠᠯᠲᠠᠨ ᠦᠶ᠎ᠡ
  2. ᠮᠠᠨ ᠤ ᠡᠷᠡᠨ ᠦ 900-1500 ᠰᠣᠩᠭᠣᠳᠠᠭ ᠡᠷᠡᠨ ᠦ ᠳᠠᠷᠠᠭᠠᠬᠢ ᠦᠶ᠎ᠡ ᠪᠤᠶᠤ ᠴᠡᠴᠡᠭᠯᠡᠯᠲᠡ ᠪᠣᠯᠤᠨ ᠰᠦᠢᠷᠡᠯ
  3. ᠮᠠᠨ ᠤ ᠡᠷᠡᠨ ᠦ 1500 ᠺᠣᠯᠤᠮᠪᠢᠶ ᠠ ᠶᠢᠨ ᠡᠷᠢᠨ ᠪᠤᠶᠤ ᠡᠵᠡᠯᠡᠨ ᠲᠦᠷᠢᠮᠡᠭᠡᠶᠢᠯᠡᠯ ᠬᠢᠭᠡᠳ ᠪᠣᠰᠤᠯᠭ᠎ᠠ
  4. ᠣᠷᠴᠢᠨ ᠦᠶ᠎ᠡ ᠶᠢᠨ ᠮᠠᠶᠢᠶ᠎ᠠ

ᠰᠤᠶᠤᠯ[ᠵᠠᠰᠠᠪᠤᠷᠢᠯᠠᠬᠤ | ᠺᠣᠳ᠋ ᠢᠶᠠᠷ ᠵᠠᠰᠠᠬᠣ]

ᠲᠡᠳᠡᠨ ᠦ ᠪᠠᠷᠢᠯᠭ᠎ᠠ ᠠᠷᠬᠢᠲ᠋ᠧᠺᠲ᠋ᠣᠷ ᠤᠨ ᠤᠷ᠎ᠠ ᠤᠬᠠᠭᠠᠨ ᠭᠠᠶᠢᠬᠠᠮᠰᠢᠭᠲᠠᠢ ᠪᠠᠶᠢᠯ᠎ᠠ᠃ ᠣᠭᠲᠣ ᠥᠭᠡᠷ᠎ᠡ ᠲᠢᠪ ᠲᠦ ᠠᠮᠢᠳᠤᠷᠠᠬᠤ ᠠᠪᠴᠤ ᠶᠥᠭᠢᠫᠧᠲ᠋ᠴᠦᠳ ᠡᠴᠡ᠂ ᠭᠷᠧᠺ᠂ ᠷᠣᠮᠣᠴᠤᠳ ᠠᠴᠠ ᠳᠤᠲᠠᠬᠤ ᠦᠭᠡᠢ ᠬᠣᠣᠰ ᠦᠭᠡᠢ ᠭᠠᠶᠢᠬᠠᠯᠲᠠᠢ ᠤᠷᠠᠨ ᠪᠠᠷᠢᠯᠭ᠎ᠠ ᠨᠤᠭᠤᠳ᠂ ᠫᠢᠷᠠᠮᠢᠳ ᠤᠳ ᠢ ᠮᠧᠲ᠋ᠠᠯ ᠠᠰᠢᠭᠯᠠᠯ ᠦᠭᠡᠢ ᠪᠡᠷ ᠪᠠᠷᠢᠵᠤ ᠦᠯᠡᠳᠡᠭᠡᠭᠰᠡᠨ ᠪᠠᠶᠢᠨ᠎ᠠ᠃ ᠪᠠᠷᠢᠭᠰᠠᠨ ᠪᠠᠷᠢᠯᠭ᠎ᠠ ᠪᠠᠨ ᠴᠤ ᠭᠠᠶᠢᠬᠠᠯᠲᠠᠢ ᠪᠠᠷ ᠴᠢᠮᠡᠭᠯᠡᠨ ᠡᠯᠳᠡᠪ ᠦᠨ ᠪᠠᠷᠢᠮᠠᠯ᠂ ᠬᠡ ᠳᠦᠷᠰᠦ ᠶᠢ ᠰᠡᠶᠢᠯᠳᠡᠭ ᠪᠠᠶᠢᠭᠰᠠᠨ ᠨᠢ ᠲᠡᠳᠡᠨ ᠦ ᠵᠠᠰᠠᠯ ᠴᠢᠮᠡᠭᠯᠡᠯ ᠦᠨ ᠤᠷ᠎ᠠ ᠤᠬᠠᠭᠠᠨ ᠬᠢᠷᠢ ᠥᠨᠳᠥᠷ ᠪᠠᠶᠢᠭᠰᠠᠨ ᠢ ᠢᠯᠡᠳᠬᠡᠨ᠎ᠡ᠃ ᠮᠥᠨ ᠲᠡᠳᠡ ᠪᠢᠴᠢᠭ ᠦᠰᠦᠭ᠂ ᠣᠳᠣᠨ ᠣᠷᠣᠨ ᠠᠰᠲ᠋ᠷᠣᠨᠣᠮ ᠤᠨ ᠤᠬᠠᠭᠠᠨ ᠳᠤ ᠭᠠᠷᠭᠠᠭᠤᠳ ᠰᠤᠷᠤᠯᠴᠠᠭᠰᠠᠨ ᠠᠭᠠᠳ ᠺᠠᠯᠧᠨᠳᠠᠷᠢ ᠪᠤᠶᠤ ᠬᠤᠸᠠᠩᠯᠢ ᠠᠰᠢᠭᠯᠠᠳᠠᠭ ᠪᠠᠶᠢᠭᠰᠠᠨ ᠭᠡᠳᠡᠭ᠃

ᠮᠥᠨ ᠬᠠᠯᠠᠭᠤᠨ ᠪᠥᠰᠡ ᠶᠢᠨ ᠣᠢ ᠶᠢ ᠴᠡᠪᠡᠷᠯᠡᠨ ᠲᠣᠮᠣ ᠲᠣᠮᠣ ᠲᠠᠷᠢᠶᠠᠯᠠᠩ ᠤᠨ ᠲᠠᠯᠠᠪᠠᠢ ᠨᠤᠭᠤᠳ ᠢ ᠪᠤᠢ ᠪᠣᠯᠭᠠᠵᠤ ᠲᠠᠯᠠᠪᠠᠢ ᠶᠢᠨ ᠳᠣᠣᠭᠤᠷ ᠤᠰᠤᠯᠠᠬᠤ ᠪᠠᠶᠢᠭᠤᠯᠤᠮᠵᠢ ᠪᠠᠷᠢᠭᠰᠠᠨ ᠨᠢ ᠭᠠᠶᠢᠬᠠᠯᠲᠠᠢ᠃ ᠮᠠᠶᠠᠴᠤᠳ ᠤᠨ ᠳᠤᠮᠳᠠ ᠭᠠᠷ ᠤᠷᠠᠯᠠᠯ ᠬᠥᠭᠵᠢᠵᠦ ᠢᠷᠡᠭᠰᠡᠨ ᠠᠵᠢ᠃ ᠢᠯᠠᠩᠭᠤᠶ᠎ᠠ ᠰᠢᠪᠠᠷ ᠸᠠᠭᠠᠷ ᠢ ᠲᠡᠳᠡ ᠦᠨᠡᠬᠡᠷ ᠭᠠᠷᠭᠠᠭᠤᠳ ᠬᠢᠳᠡᠭ ᠪᠠᠶᠢᠭᠰᠠᠨ ᠪᠠ ᠡᠭᠦᠨ ᠢ ᠪᠡᠨ ᠲᠡᠳᠡ ᠬᠥᠷᠰᠢ ᠵᠡᠷᠭᠡᠯᠡᠳᠡᠭᠡ ᠣᠯᠮᠧᠺ ᠵᠡᠷᠭᠡ ᠤᠯᠤᠰ ᠤᠳ ᠲᠤ ᠬᠤᠳᠠᠯᠳᠤᠳᠠᠭ ᠪᠠᠶᠢᠭᠰᠠᠨ ᠪᠠᠶᠢᠨ᠎ᠠ᠃

ᠬᠡᠯᠡ[ᠵᠠᠰᠠᠪᠤᠷᠢᠯᠠᠬᠤ | ᠺᠣᠳ᠋ ᠢᠶᠠᠷ ᠵᠠᠰᠠᠬᠣ]

ᠮᠠᠶᠢᠶ᠎ᠠ ᠬᠡᠯᠡ ᠨᠢ ᠺᠢᠴᠧ (K'iche'), ᠺᠠᠺᠴᠢᠺᠧᠯ (Kaqchickel), ᠺᠧᠺᠴᠢ (Q'eqchi'), ᠪᠣᠯᠤᠨ ᠮᠠᠮᠤ (Mam) ᠵᠡᠷᠭᠡ ᠬᠡᠯᠡᠨ ᠨᠦᠭᠦᠳ ᠲᠦ ᠬᠤᠪᠢᠶᠠᠭᠳᠠᠬᠤ ᠠᠭᠠᠳ ᠣᠳᠣ ᠪᠠᠷ 300'000 ᠭᠠᠷᠤᠢ ᠬᠦᠮᠦᠨ ᠡᠳᠡᠭᠡᠷ ᠬᠡᠯᠡ ᠪᠡᠷ ᠶᠠᠷᠢᠳᠠᠭ ᠭᠡᠨ᠎ᠡ᠃ ᠡᠳᠡᠭᠡᠷ ᠬᠦᠮᠦᠨ ᠦ 2/3 ᠨᠢ ᠴᠡᠪᠡᠷ ᠮᠠᠶᠠᠴᠤᠳ ᠠᠵᠢ᠃ ᠮᠥᠨ ᠣᠳᠣ ᠶᠢᠨ ᠵᠠᠷᠢᠮ ᠭᠠᠵᠠᠷ ᠤᠨ ᠢᠨᠳᠢᠶᠠᠨᠴᠤᠤᠳ ᠢᠰᠫᠠᠨᠢ ᠬᠡᠯᠡ ᠪᠡᠷ ᠶᠠᠷᠢᠯᠴᠠᠳᠠᠭ ᠭᠡᠨ᠎ᠡ᠃ ᠬᠠᠷᠢᠨ ᠡᠳᠡᠭᠡᠷ ᠦᠨᠳᠦᠰᠦᠨ ᠬᠡᠯᠡᠨ ᠡᠴᠡ ᠰᠠᠯᠪᠤᠷᠢᠯᠠᠨ ᠭᠠᠷᠤᠭᠰᠠᠨ 21 ᠬᠡᠯᠡ ᠪᠤᠢ ᠭᠡᠵᠦ ᠲᠣᠭᠲᠠᠭᠠᠭᠰᠠᠨ ᠪᠠᠶᠢᠬᠤ ᠠᠭᠠᠳ 6 ᠰᠠᠶ᠎ᠠ ᠬᠦᠮᠦᠨ ᠶᠠᠷᠢᠯᠴᠠᠬᠤ ᠠᠵᠤ᠃

ᠰᠢᠪᠡᠭᠡᠰᠦ[ᠵᠠᠰᠠᠪᠤᠷᠢᠯᠠᠬᠤ | ᠺᠣᠳ᠋ ᠢᠶᠠᠷ ᠵᠠᠰᠠᠬᠣ]

ᠰᠢᠪᠡᠭᠡᠰᠦ ᠬᠢᠭᠰᠡᠨ ᠢᠶᠡᠷ ᠲᠡᠳᠡ ᠪᠤᠷᠬᠠᠨ ᠲᠩᠷᠢᠲᠡᠢ ᠪᠡᠨ ᠬᠣᠯᠪᠣᠭ᠎ᠠ ᠲᠣᠭᠲᠠᠭᠠᠵᠤ᠂ ᠲᠡᠳᠡᠨ ᠡᠴᠡ ᠣᠨᠴᠠᠭᠠᠢ ᠨᠢᠭᠡᠨ ᠬᠦᠴᠦ ᠴᠢᠳᠠᠯ ᠢ ᠠᠪᠬᠤ ᠪᠣᠯᠤᠨ᠎ᠠ ᠭᠡᠵᠦ ᠢᠲᠡᠭᠡᠳᠡᠭ ᠪᠠᠶᠢᠯ᠎ᠠ᠃ 1519 ᠣᠨ ᠳᠤ ᠢᠷᠡᠭᠰᠡᠨ ᠡᠷᠨᠠᠨ ᠺᠣᠷᠲ᠋ᠧᠰ ᠲᠡᠷᠢᠭᠦᠲᠡᠢ ᠢᠰᠫᠠᠨᠢᠴᠤᠳ ᠲᠡᠳᠡᠨ ᠦ ᠰᠦᠷᠳᠡᠮᠡᠷ ᠬᠥᠰᠢᠶ᠎ᠡ ᠪᠠᠷᠢᠮᠠᠯ ᠤᠳ ᠠᠴᠠ ᠢᠯᠡᠭᠦᠦ ᠲᠡᠢ ᠪᠡᠷ ᠲᠡᠳᠡᠨ ᠦ ᠡᠯᠳᠡᠪ ᠦᠨ ᠬᠡ ᠳᠦᠷᠰᠦ ᠪᠣᠯᠤᠭᠰᠠᠨ ᠠᠷᠠᠰᠤ᠂ ᠪᠡᠶ᠎ᠡ ᠶᠢ ᠬᠠᠷᠠᠨ ᠴᠣᠴᠢᠷᠳᠠᠭᠰᠠᠨ ᠭᠡᠳᠡᠭ᠃ ᠤᠴᠢᠷ ᠨᠢ ᠲᠡᠳᠡ ᠤᠷᠢᠳ ᠡᠮᠦᠨ᠎ᠡ ᠬᠡᠵᠢᠶ᠎ᠡ ᠴᠤ ᠰᠢᠪᠡᠭᠡᠰᠦᠨ ᠦ ᠲᠤᠬᠠᠢ ᠰᠣᠨᠣᠰᠴᠢ᠂ ᠲᠡᠭᠦᠨ ᠢ ᠬᠠᠷᠠᠵᠤ ᠪᠠᠶᠢᠭ᠎ᠠ ᠦᠭᠡᠢ ᠪᠠᠶᠢᠪᠠ᠃ ᠮᠠᠶᠠᠴᠤᠳ ᠢᠶᠠᠷ ᠰᠢᠪᠡᠭᠡᠰᠦ ᠬᠢᠯᠭᠡᠭᠰᠡᠨ ᠴᠣᠷ ᠤᠨ ᠭᠠᠭᠴᠠ ᠢᠰᠫᠠᠨᠢ ᠬᠦᠮᠦᠨ ᠪᠣᠯ ᠭᠣᠨᠵᠠᠯᠠ ᠭᠤᠷᠶᠢᠷᠣ ᠬᠡᠮᠡᠨ ᠲᠡᠦᠬᠡᠨ ᠳᠦ ᠲᠡᠮᠳᠡᠭᠯᠡᠭᠳᠡᠵᠡᠢ᠃

ХҮМҮҮСЭЭР ТАХИЛ ӨРГӨХ

ᠮᠠᠶᠠᠴᠤᠳ ᠤᠨ ᠬᠤᠪᠢ ᠳᠤ ᠪᠤᠷᠬᠠᠨ ᠳᠤ ᠪᠠᠨ ᠬᠦᠮᠦᠰ ᠢᠶᠡᠷ ᠲᠠᠬᠢᠯ ᠡᠷᠭᠦᠬᠦ ᠨᠢ ᠬᠡᠪ ᠦᠨ ᠦᠵᠡᠭᠳᠡᠯ  ᠪᠠᠶᠢᠪᠠ᠃ ᠬᠣᠶᠠᠷ ᠲᠤ ᠬᠢ ᠠᠮᠢᠳᠤᠷᠠᠯ ᠪᠠᠶᠢᠳᠠᠭ ᠭᠡᠳᠡᠭ ᠲᠦ ᠢᠲᠡᠭᠡᠳᠡᠭ ᠮᠠᠶᠠᠴᠤᠳ ᠪᠤᠷᠬᠠᠳ ᠢ ᠪᠣᠯᠤᠨ ᠡᠪᠦᠭᠡ ᠳᠡᠭᠡᠳᠦᠰ ᠢᠶᠡᠨ "ᠪᠠᠶᠠᠷᠯᠠᠭᠤᠯᠤᠨ" ᠮᠥᠨ ᠤᠷᠭᠤᠴᠠ ᠶᠡᠬᠡ ᠬᠤᠷᠢᠶᠠᠵᠤ᠂ ᠠᠮᠢᠳᠤᠷᠠᠯ ᠢ ᠨᠢ ᠢᠪᠡᠭᠡᠬᠦ ᠶᠢ ᠮᠥᠷᠭᠥᠵᠦ ᠬᠦᠩ ᠢᠶᠡᠷ ᠲᠠᠬᠢᠯ ᠡᠷᠭᠦᠳᠡᠭ ᠪᠠᠶᠢᠴᠠᠢ᠃ ᠲᠤᠩ ᠤᠳᠠᠯ ᠦᠭᠡᠢ ᠬᠣᠲᠠ ᠥᠷᠭᠡᠵᠢᠬᠡ ᠶᠢᠨ ᠬᠢᠷᠢ ᠪᠡᠷ ᠰᠦᠮ᠎ᠡ ᠳᠤᠭᠠᠩ᠂ ᠪᠠᠷᠢᠯᠭ᠎ᠠ ᠪᠠᠶᠢᠭᠤᠯᠤᠮᠵᠢ ᠴᠤ ᠲᠣᠮᠣᠷᠴᠢ ᠤᠯᠠᠮ ᠶᠡᠬᠡ ᠠᠵᠢᠯ ᠤᠨᠨ ᠬᠦᠴᠦ᠂ ᠬᠡᠷᠡᠭᠴᠡᠭᠡ ᠱᠠᠭᠠᠷᠳᠠᠭᠳᠠᠬᠤ ᠶᠢᠨ ᠵᠡᠷᠭᠡᠴᠡᠭᠡ ᠲᠡᠨᠳᠡ ᠳᠠᠶᠢᠨ ᠳᠡᠭ ᠲᠦ ᠬᠢ ᠪᠣᠯᠵᠤ ᠳᠠᠪᠬᠤᠷ ᠬᠦᠮᠦᠨ ᠠᠮᠠ ᠶᠢᠨ ᠲᠣᠭ᠎ᠠ ᠪᠠᠭᠠᠰᠠᠭᠰᠠᠨ ᠢᠶᠠᠷ ᠨᠢᠭᠡ ᠶᠣᠰᠣᠨ ᠳᠤ ᠪᠠᠨ ᠮᠥᠬᠥᠯ ᠷᠦᠦ ᠪᠡᠨ ᠳᠥᠬᠦᠭᠰᠡᠨ ᠠᠵᠢ᠃ 950 ᠣᠨ ᠬᠦᠷᠲᠡᠯ᠎ᠡ ᠮᠠᠶᠠᠴᠤᠳ ᠤᠨ ᠦᠯᠡᠳᠡᠭᠳᠡᠯ ᠳᠤᠮᠳᠠᠳᠤ ᠠᠮᠧᠷᠢᠺᠠ ᠶᠢᠨ ᠪᠥᠰᠡ ᠳᠦ ᠣᠷᠣᠰᠢᠨ ᠲᠣᠭᠲᠠᠨᠢᠭᠰᠠᠭᠠᠷ ᠢᠷᠡᠭᠰᠡᠨ ᠪᠠᠶᠢᠳᠠᠭ᠃

МАЯЧУУДЫН ХОТ'

ᠡᠷᠲᠡᠨ ᠦ ᠮᠠᠶᠠᠴᠤᠳ ᠤᠨ ᠲᠡᠦᠬᠡᠨ ᠳ᠋ᠡᠬᠢ ᠬᠠᠮᠤᠭ ᠤᠨ ᠲᠣᠮᠣ ᠬᠣᠲᠠ ᠪᠠᠷ ᠡᠯ᠎ᠡ ᠮᠢᠷᠠᠳᠣᠷ ᠲᠣᠳᠣᠷᠠᠭᠰᠠᠨ ᠪᠠᠶᠢᠳᠠᠭ᠃ ᠮᠠᠨ ᠤ ᠡᠷᠡᠨ ᠦ ᠡᠮᠦᠨ᠎ᠡ 150 ᠣᠨ ᠳᠤ 80 000 ᠣᠷᠣᠰᠢᠨ ᠰᠠᠭᠤᠭᠴᠢ ᠲᠠᠢ ᠪᠠᠷ ᠪᠠᠶᠢᠭᠤᠯᠤᠭᠳᠠᠵᠤ ᠪᠠᠶᠢᠴᠠᠢ᠃ ᠬᠠᠷᠠᠮᠰᠠᠯᠲᠠᠢ ᠨᠢ ᠮᠠᠨ ᠤ ᠡᠷᠡᠨ ᠦ ᠡᠮᠦᠨ᠎ᠡ 150 ᠍ ᠊ᠭᠠᠳ ᠣᠨ ᠤ ᠦᠶᠡᠰ ᠣᠷᠬᠢᠭᠳᠠᠵᠤ ᠡᠬᠢᠯᠡᠭᠰᠡᠨ᠃ ᠡᠭᠦᠨ ᠦ ᠳᠠᠷᠠᠭ᠎ᠠ ᠬᠠᠮᠤᠭ ᠤᠨ ᠬᠣᠲᠠ ᠬᠣᠲᠠ ᠪᠠᠷ ᠴᠠᠬᠢᠯᠭᠠᠨ ᠳᠤ ᠲᠩᠷᠢ (ᠢᠩᠭᠢᠵᠦ ᠯᠠ ᠣᠷᠴᠢᠭᠤᠯᠤᠭᠳᠠᠬᠤ ᠶᠤᠮ ᠪᠨ ᠬᠡᠬᠡ) ᠤᠳᠤᠷᠢᠳᠤᠭᠴᠢ ᠶᠢᠨᠲ᠋ᠢᠺᠠᠯ ᠬᠣᠲᠠ ᠰᠣᠩᠭᠣᠭᠳᠠᠪᠠ᠃ 450 ᠍ ᠊ᠭᠠᠳ ᠣᠨ ᠤ ᠬᠠᠪᠢᠴᠠᠭ᠎ᠠ ᠡᠨᠡ ᠬᠣᠳᠠ ᠳᠤ 100 000 ᠬᠦᠮᠦᠨ ᠠᠮᠢᠳᠤᠷᠠᠵᠤ ᠪᠠᠶᠢᠭᠰᠠᠨ ᠭᠡᠳᠡᠭ᠃ ᠶᠡᠷᠦ ᠨᠢ ᠶᠡᠬᠡᠩᠬᠢ ᠮᠠᠶᠠᠴᠤᠳ ᠤᠨ ᠬᠣᠲᠠ ᠨᠤᠭᠤᠳ ᠮᠠᠰᠢ ᠦᠵᠡᠰᠬᠦᠯᠡᠩᠲᠡᠢ ᠪᠠᠶᠢᠭᠰᠠᠨ ᠶᠤᠮ᠃ ᠥᠨᠥ ᠶᠢᠨ ᠹᠡᠩ ᠢ ᠱ ᠲᠡᠢ ᠠᠳᠠᠯᠢ ᠮᠠᠶᠠᠴᠤᠳ ᠴᠤ ᠪᠠᠰᠠ ᠵᠦᠭᠡᠷ ᠬᠠᠮᠢᠭ᠎ᠠ ᠬᠠᠮᠢᠶ᠎ᠠ ᠦᠭᠡᠢ ᠪᠠᠶᠢᠰᠢᠩ ᠰᠠᠪᠠ ᠪᠠᠷᠢᠴᠢᠬᠠᠳᠠᠭ ᠦᠭᠡᠢ ᠪᠠᠶᠢᠭᠰᠠᠨ ᠪᠣᠯᠤᠯᠲᠠᠢ᠃ ᠨᠠᠷᠢᠨ ᠰᠤᠳᠤᠯᠵᠤ ᠨᠠᠷᠠ ᠰᠠᠷᠠᠨ ᠤ ᠮᠠᠨᠳᠠᠯ ᠳᠤ᠂ ᠡᠮᠦᠨ᠎ᠡ ᠬᠣᠶᠢᠳᠤ ᠵᠦᠭ ᠢ ᠪᠣᠳᠣᠯᠴᠠᠵᠤ ᠰᠢᠨ᠎ᠡ ᠪᠠᠶᠢᠭᠤᠯᠤᠮᠵᠢ᠂ ᠰᠦᠮ᠎ᠡ ᠬᠡᠶᠢᠳ ᠪᠠᠷᠢᠳᠠᠭ ᠪᠠᠶᠢᠵᠤ᠃ ᠱᠠᠰᠢᠨ ᠪᠣᠯᠤᠭᠠᠳ ᠰᠦᠮ᠎ᠡ ᠨᠦᠭᠦᠳ᠂ ᠫᠢᠷᠠᠮᠢᠳ ᠤᠳ ᠨᠢ 2000 ᠵᠢᠯ ᠦᠨ ᠲᠡᠷᠲᠡᠭᠡᠬᠢ ᠡᠷᠲᠡᠨ ᠦ ᠶᠥᠭᠢᠫᠲ ᠢ ᠰᠠᠨᠠᠭᠳᠠᠭᠤᠯᠤᠮ᠎ᠠ᠃

ᠲᠣᠭᠠᠨ ᠤ ᠣᠬᠠᠭᠠᠨ[ᠵᠠᠰᠠᠪᠤᠷᠢᠯᠠᠬᠤ | ᠺᠣᠳ᠋ ᠢᠶᠠᠷ ᠵᠠᠰᠠᠬᠣ]

ᠮᠠᠶᠠᠴᠤᠳ ᠬᠣᠷᠢᠲᠤ ᠶᠢᠨ ᠲᠣᠭᠠᠯᠠᠯ ᠤᠨ ᠰᠢᠰᠲ᠋ᠧᠮ ᠠᠰᠢᠭᠯᠠᠵᠤ ᠪᠠᠶᠢᠴᠠᠢ᠃ ᠮᠥᠨ ᠲᠡᠭᠡ ᠶᠢᠨ ᠲᠣᠭ᠎ᠠ ᠶᠢ ᠲᠡᠮᠳᠡᠭᠯᠡᠵᠦ ᠪᠠᠶᠢᠪᠠ᠃ ᠲᠣᠭ᠎ᠠ ᠨᠤᠭᠤᠳ ᠨᠢ ᠶᠡᠬᠡᠪᠴᠢᠯᠡᠨ ᠴᠡᠭ ᠪᠣᠯᠤᠨ ᠵᠢᠷᠤᠭᠠᠰᠤᠨ ᠠᠴᠠ ᠪᠦᠲᠦᠬᠦ ᠠᠭᠠᠳ ᠳᠣᠣᠷ᠎ᠠ ᠠᠴᠠ ᠪᠠᠨ ᠳᠡᠭᠡᠭᠰᠢ ᠪᠢᠴᠢᠭᠳᠡᠨ᠎ᠡ᠃ ᠮᠠᠶ᠎ᠠa ᠬᠤᠳᠠᠯᠳᠤᠭᠠᠴᠢᠳ ᠨᠠᠶᠢᠮᠠᠢ ᠬᠢᠬᠦ ᠳᠦ ᠪᠡᠨ ᠺᠠᠺᠠᠣᠨ ᠤ ᠦᠷ᠎ᠡ ᠠᠰᠢᠭᠯᠠᠨ ᠲᠣᠭ᠎ᠠ ᠪᠣᠳᠣᠳᠠᠭ ᠪᠠᠶᠢᠪᠠ᠃

ᠬᠥᠳᠡᠭᠡ ᠠᠵᠤ ᠠᠬᠤᠢ[ᠵᠠᠰᠠᠪᠤᠷᠢᠯᠠᠬᠤ | ᠺᠣᠳ᠋ ᠢᠶᠠᠷ ᠵᠠᠰᠠᠬᠣ]

ᠲᠡᠳᠡ ᠬᠠᠯᠠᠭᠤᠨ ᠪᠥᠰᠡ ᠶᠢ ᠣᠢ ᠬᠥᠪᠴᠢ ᠶᠢ ᠲᠠᠭᠠᠷᠢᠨ ᠴᠡᠪᠡᠷᠯᠡᠵᠦ᠂ ᠣᠷᠣᠨ ᠳᠤ ᠨᠢ ᠲᠣᠮᠣ ᠠᠴᠠ ᠲᠣᠮᠣ ᠲᠠᠷᠢᠶᠠᠯᠠᠩ ᠤᠨ ᠲᠠᠯᠠᠪᠠᠢ ᠨᠤᠭᠤᠳ ᠢ ᠪᠠᠶᠢᠭᠤᠯᠤᠭᠰᠠᠨ ᠪᠠᠶᠢᠬᠤ ᠠᠭᠠᠳ ᠳᠣᠣᠭᠤᠷ ᠨᠢ ᠬᠣᠭᠣᠷᠣᠨᠳᠣ ᠪᠠᠨ ᠬᠣᠯᠪᠣᠭᠳᠠᠭᠰᠠᠨ ᠰᠤᠪᠠᠭ ᠪᠦᠬᠦᠢ ᠪᠦᠬᠦᠯᠢ ᠪᠦᠲᠦᠨ ᠤᠰᠤᠯᠠᠬᠤ ᠪᠠᠶᠢᠭᠤᠯᠵᠢ ᠶᠢ ᠪᠠᠷᠢᠭᠰᠠᠨ ᠨᠢ ᠭᠠᠶᠢᠬᠠᠯᠲᠠᠢ᠃ ᠮᠠᠨ ᠤ ᠡᠷᠡᠨ ᠦ ᠡᠮᠦᠨ᠎ᠡ 2500 ᠣᠨ ᠠᠴᠠ ᠯᠠ ᠡᠬᠢᠯᠡᠨ ᠲᠡᠳᠡ ᠨᠠᠷᠠᠨᠴᠡᠴᠡᠭ ᠦᠨ ᠦᠷ᠎ᠡ᠂ ᠠᠷᠪᠠᠢ ᠪᠤᠭᠤᠳᠠᠢ , ᠬᠥᠪᠥᠩ ᠲᠠᠷᠢᠵᠤ ᠡᠬᠢᠯᠡᠭᠰᠡᠨ ᠭᠡᠳᠡᠭ᠃

ᠥᠪᠡᠷ ᠥᠪᠡᠷ ᠦᠨ ᠭᠡᠰᠡᠨ ᠨᠠᠷᠢᠨ ᠠᠷᠠᠴᠢᠯᠠᠭ᠎ᠠ ᠱᠠᠭᠠᠷᠳᠠᠳᠠᠭ ᠬᠠᠯᠠᠭᠤᠨ ᠴᠢᠨᠵᠦᠦ᠂ ᠬᠤᠯᠤ᠂ ᠮᠥᠨ ᠲᠥᠷᠥᠯ ᠪᠦᠷᠢ ᠶᠢᠨ ᠱᠣᠰᠢᠨ ᠨᠤᠭᠤᠳ ᠢ ᠲᠠᠷᠢᠶᠠᠯᠠᠳᠠᠭ ᠪᠠᠶᠢᠭᠰᠠᠨ ᠠᠴᠠ ᠦᠵᠡᠪᠡᠯ ᠲᠡᠳᠡ ᠦᠨᠡᠬᠡᠷ ᠦᠨ ᠭᠠᠷᠭᠠᠭᠤᠳ ᠲᠠᠷᠢᠶᠠᠯᠠᠩᠴᠢᠳ ᠪᠠᠶᠢᠴᠠᠢ᠃

ᠮᠥᠨ ᠮᠠᠶᠢᠶ᠎ᠠ ᠲᠠᠷᠢᠶᠠᠯᠠᠩᠴᠢᠳ ᠭᠠᠳᠢᠯ᠂ ᠺᠠᠺᠠᠣ ᠵᠡᠷᠭᠡ ᠵᠢᠮᠢᠰ ᠪᠣᠯᠤᠨ ᠵᠥᠭᠡᠢ ᠶᠢᠨ ᠪᠠᠯ ᠢ ᠬᠤᠷᠢᠶᠠᠨ ᠪᠣᠯᠪᠠᠰᠤᠷᠠᠭᠤᠯᠳᠠᠭ ᠪᠠᠶᠢᠵᠤ᠃ ᠲᠡᠭᠡᠭᠡᠳ ᠲᠡᠷᠡ ᠪᠦᠬᠦᠨ ᠡᠴᠡ ᠪᠡᠨ ᠲᠠᠩᠰᠤᠭ ᠤᠮᠳᠠᠭᠠᠨ ᠨᠤᠭᠤᠳ ᠢ ᠭᠠᠷᠭᠠᠨ ᠠᠪᠳᠠᠭ ᠪᠠᠶᠢᠴᠠᠢ᠃ ᠡᠳᠡᠭᠡᠷ ᠨᠢ ᠰᠤᠭᠳᠤᠭᠤᠷᠠᠭᠤᠯᠬᠤ ᠦᠢᠯᠡᠴᠢᠯᠡᠯ ᠲᠤᠩ ᠥᠨᠳᠥᠷ ᠪᠠᠶᠢᠭᠰᠠᠨ ᠲᠤᠯᠠ ᠡᠵᠡᠨ ᠬᠠᠭᠠᠨ ᠬᠣᠷᠢᠭ ᠲᠠᠯᠪᠢᠵᠤ ᠪᠠᠶᠢᠭᠰᠠᠨ ᠭᠡᠳᠡᠭ᠃ ᠮᠥᠨ ᠺᠠᠺᠠᠣᠨ ᠠᠴᠠ ᠱᠣᠺᠣᠯᠠᠳ᠋ ᠭᠠᠷᠭᠠᠵᠤ ᠠᠪᠴᠤ ᠪᠠᠶᠢᠪᠠ᠃ ᠮᠥᠨ ᠠᠨ ᠠᠩᠨᠠᠭᠤᠷ ᠬᠢᠳᠡᠭ ᠪᠠᠶᠢᠭᠰᠠᠨ ᠴᠤ ᠲᠡᠳᠡ ᠮᠢᠬ᠎ᠠ ᠢᠳᠡᠬᠦ ᠨᠢ ᠴᠥᠭᠡᠨ ᠪᠠᠶᠢᠯ᠎ᠠ᠃

ᠨᠡᠶᠢᠭᠡᠮ[ᠵᠠᠰᠠᠪᠤᠷᠢᠯᠠᠬᠤ | ᠺᠣᠳ᠋ ᠢᠶᠠᠷ ᠵᠠᠰᠠᠬᠣ]

ᠮᠠᠶᠠᠴᠤᠳ ᠤᠨ ᠳᠤᠮᠳᠠ ᠨᠡᠶᠢᠭᠡᠮ ᠤᠨ ᠳᠠᠪᠬᠤᠷᠠᠵᠢᠯ ᠳᠤ ᠪᠠᠶᠢᠯ᠎ᠠ᠃ ᠭᠠᠷ ᠤᠷᠠᠴᠤᠳ᠂ ᠲᠠᠷᠢᠶᠠᠯᠠᠩᠴᠢᠳ᠂ ᠪᠠᠷᠢᠯᠭᠠᠴᠢᠳ᠂ ᠤᠯᠤᠰ ᠲᠥᠷᠥ ᠶᠢᠨ ᠵᠢᠳᠬᠦᠯᠲᠡᠨ ᠨᠦᠭᠦᠳ ᠲᠡᠷᠢᠭᠦᠨ ᠪᠠᠶᠢᠷᠢ ᠶᠢ ᠡᠵᠡᠯᠡᠳᠡᠭ ᠪᠠᠶᠢᠪᠠ᠃

ᠬᠤᠪᠴᠠᠰᠤᠯᠠᠯᠲᠠ ᠶᠢᠨ ᠬᠤᠪᠢ ᠳᠤ ᠲᠡᠳᠡ ᠶᠡᠬᠡᠪᠴᠢᠯᠡᠨ ᠳᠣᠣᠭᠤᠷ ᠢᠶᠠᠨ ᠠᠷᠠᠰᠤ᠂ ᠳᠠᠪᠤᠤ ᠪᠠᠷ ᠬᠢᠭᠰᠡᠨ ᠬᠤᠪᠴᠠᠰᠤᠡᠮᠦᠰᠳᠡᠭ ᠪᠠᠶᠢᠭᠰᠠᠨ ᠪᠠ ᠵᠠᠷᠢᠮ ᠳᠤ ᠪᠠᠨ ᠥᠩᠭᠡ ᠶᠢᠨ ᠪᠤᠳᠤᠭ ᠢᠶᠠᠷ ᠪᠤᠳᠤᠵᠤ᠂ ᠬᠡ ᠪᠡᠷ ᠴᠢᠮᠡᠭᠰᠡᠨ ᠴᠠᠮᠴᠠ ᠡᠮᠦᠰᠳᠡᠭ ᠪᠠᠶᠢᠪᠠ᠃ ᠡᠮᠡᠭᠲᠡᠶᠢᠴᠦᠳ ᠦᠨ ᠬᠤᠪᠢ ᠳᠤ ᠪᠥᠰᠡ ᠪᠦᠬᠦᠢ ᠴᠠᠮᠴᠠ ᠡᠮᠦᠰᠳᠡᠭ ᠪᠠᠶᠢᠭᠰᠠᠨ ᠪᠠ ᠡᠷ᠎ᠡ ᠡᠮ᠎ᠡ ᠭᠡᠯᠲᠡ ᠦᠭᠡᠢ ᠴᠥᠮ ᠠᠳᠠᠯᠢᠬᠠᠨ ᠭᠤᠲᠤᠯ ᠡᠮᠦᠰᠳᠡᠭ ᠪᠠᠶᠢᠨ᠎ᠠ᠃ ᠭᠡᠷᠯᠡᠯᠲᠡ ᠶᠢᠨ ᠬᠤᠪᠢ ᠳᠤ ᠲᠡᠳᠡ ᠵᠠᠪᠠᠯ ᠬᠠᠷᠢᠶᠠᠲᠤ ᠤᠳᠤᠷᠢᠳᠤᠭᠴᠢ ᠠᠴᠠ ᠪᠠᠨ ᠵᠥᠪᠰᠢᠶᠡᠷᠡᠯ ᠠᠪᠤᠭᠰᠠᠨ ᠪᠠᠶᠢᠬᠤ ᠶᠣᠰᠣᠲᠠᠢ ᠠᠭᠠᠳ ᠶᠠᠭ ᠯᠠ ᠣᠷᠴᠢᠨ ᠦᠶ᠎ᠡ ᠶᠢᠨ ᠬᠤᠷᠢᠮ ᠰᠢᠭ ᠨᠣᠮᠠᠯᠠᠨᠴᠢ ᠶᠢᠨ ᠡᠮᠦᠨ᠎ᠡ ᠵᠣᠭᠰᠣᠭᠠᠳ ᠲᠠᠩᠭᠠᠷᠢᠭ ᠡᠷᠭᠦᠳᠡᠭ ᠪᠠᠶᠢᠨ᠎ᠠ᠃ ᠬᠠᠷᠢᠨ ᠢᠵᠢᠯ ᠬᠦᠢᠰᠦᠲᠡᠨ ᠨᠦᠭᠦᠳ ᠢ ᠮᠠᠰᠢ ᠬᠠᠲᠠᠭᠤ ᠬᠣᠷᠢᠭᠯᠠᠳᠠᠭ ᠪᠠᠶᠢᠭᠰᠠᠨ᠃

ᠴᠡᠷᠢᠭ ᠠᠷᠮᠢ ᠶᠢᠨ ᠬᠤᠪᠢ ᠳᠤ ᠦᠨᠡᠬᠡᠷ ᠲᠡᠭᠦᠰ᠂ ᠲᠡᠳᠡ ᠲᠥᠷᠥᠯ ᠪᠦᠷᠢ ᠶᠢᠨ ᠢᠯᠳᠦ᠂ ᠵᠢᠳᠠ᠂ ᠨᠤᠮᠤ ᠰᠤᠮᠤ ᠪᠠᠷ ᠥᠪᠴᠢ ᠵᠡᠪᠰᠡᠭᠯᠡᠭᠰᠡᠨ ᠪᠠᠶᠢᠬᠤ ᠠᠭᠠᠳ ᠪᠥᠮᠪᠥᠷ ᠨᠦᠳᠦᠬᠦ᠂ ᠱᠦᠭᠯᠦᠳᠡᠬᠦ ᠵᠡᠷᠭᠡ ᠨᠢᠭᠤᠴᠠ ᠳᠣᠬᠢᠶᠠᠨ ᠨᠤᠭᠤᠳ ᠢ ᠪᠡᠶ᠎ᠡ ᠪᠡᠶᠡᠳᠡᠭᠡ ᠥᠭᠬᠦ ᠡᠴᠡ ᠭᠠᠳᠠᠨ᠎ᠠ ᠪᠦᠷ ᠣᠯᠵᠠᠯᠠᠨ ᠠᠪᠤᠭᠰᠠᠨ ᠳᠠᠶᠢᠰᠤᠨ ᠤ ᠴᠡᠷᠢᠭ ᠦᠳ ᠡᠴᠡ ᠪᠡᠨ ᠲᠣᠷᠭᠠᠭᠤᠯᠢ ᠶᠢᠨ ᠰᠤᠮᠤᠨ ᠢ ᠬᠦᠷᠲᠡᠯ᠎ᠡ ᠪᠦᠷᠢᠳᠦᠭᠦᠯᠳᠡᠭ ᠪᠠᠶᠢᠭᠰᠠᠨ ᠪᠠᠶᠢᠨ᠎ᠠ᠃

ᠭᠠᠳᠠᠭᠠᠳᠤ ᠬᠣᠯᠪᠣᠭᠠᠰᠤ[ᠵᠠᠰᠠᠪᠤᠷᠢᠯᠠᠬᠤ | ᠺᠣᠳ᠋ ᠢᠶᠠᠷ ᠵᠠᠰᠠᠬᠣ]

Commons
Викимедиа дуу дүрсний сан: Maya civilization

ᠮᠠᠶᠠᠴᠤᠳ ᠤᠨ ᠨᠡᠶᠢᠭᠡᠮ ᠬᠣᠳᠠ ᠳᠤ ᠠᠮᠢᠳᠤᠷᠠᠬᠤ ᠪᠠᠶᠠᠴᠤᠤᠯ᠂ ᠰᠠᠨᠸᠠᠷᠲᠠᠨ᠂ ᠤᠳᠤᠷᠢᠳᠤᠭᠴᠢᠳ᠂ ᠠᠯᠪᠠᠨ ᠭᠠᠵᠠᠷ ᠤᠨ ᠠᠵᠢᠯᠲᠠᠨᠤᠭ ᠤᠳ ᠪᠣᠯᠤᠨ ᠲᠡᠳᠡᠨ ᠦ ᠵᠠᠷᠤᠴᠠ ᠪᠣᠭᠣᠯ ᠤᠳ᠂ ᠮᠥᠨ ᠬᠥᠳᠡᠭᠡ ᠲᠣᠰᠬᠣᠨ ᠳᠠᠬᠢ ᠬᠣᠲᠠ ᠷᠤ ᠱᠠᠰᠢᠨ ᠤ ᠪᠠᠶᠠᠷ ᠶᠣᠰᠣᠯᠠᠯ ᠤᠨ ᠦᠶ᠎ᠡ ᠪᠡᠷ ᠪᠣᠯᠤᠨ ᠠᠷᠠᠯᠵᠢᠶ᠎ᠠ ᠬᠤᠳᠠᠯᠳᠤᠭᠠᠨ ᠤ ᠦᠶ᠎ᠡ ᠪᠡᠷ ᠬᠠᠯᠢᠲᠤᠬᠠᠨ ᠣᠷᠣᠵᠤ ᠢᠷᠡᠳᠡᠭ ᠪᠠᠶᠢᠭᠰᠠᠨ ᠵᠢᠷ ᠦᠨ ᠢᠷᠭᠡᠳ᠂ ᠲᠠᠷᠢᠶᠠᠴᠢᠳ ᠠᠴᠠ ᠪᠦᠷᠢᠳᠳᠡᠭ ᠪᠠᠶᠢᠪᠠ᠃ ᠮᠠᠶᠠᠴᠤᠳ ᠤᠨ ᠴᠠᠭᠠᠨ ᠲᠣᠯᠣᠭᠠᠢ 800 ᠬᠢᠶᠢᠷᠣᠭᠯᠢᠹ ᠦᠰᠦᠭ ᠡᠴᠡ ᠪᠥᠷᠢᠳᠬᠦ ᠪᠠ ᠲᠡᠳᠡ ᠳᠡᠭᠡᠳᠦ ᠲᠣᠭᠠᠨ ᠤ ᠣᠬᠠᠭᠠᠨ ᠢ ᠶᠡᠬᠡᠬᠡᠨ ᠰᠣᠨᠢᠷᠬᠠᠳᠠᠭ ᠤᠯᠤᠰ ᠪᠠᠶᠢᠪᠠ᠃ ᠮᠥᠨ ᠡᠭᠦᠨ ᠦ ᠵᠡᠷᠭᠡᠴᠡᠭᠡ ᠣᠳᠣᠨ ᠣᠷᠣᠨ ᠰᠤᠳᠤᠯᠤᠯ ᠢ ᠰᠢᠮᠡᠳᠦᠨ ᠰᠤᠳᠤᠯᠵᠤ ᠣᠨ ᠲᠣᠭᠠᠯᠠᠯ᠂ ᠬᠤᠸᠠᠩᠯᠢ ᠵᠣᠬᠢᠶᠠᠵᠠᠭᠠᠳᠠᠭ ᠪᠠᠶᠢᠴᠠᠢ᠃ ᠠᠨᠲ᠋ᠢᠭ ᠤᠨ ᠭᠷᠧᠺ ᠰᠢᠭ ᠮᠠᠶᠠᠴᠤᠳ ᠤᠨ ᠬᠣᠲᠠ ᠨᠤᠭᠤᠳ ᠴᠤ ᠪᠠᠰᠠ ᠪᠡᠶ᠎ᠡ ᠳᠠᠭᠠᠭᠰᠠᠨ ᠬᠣᠲᠠ ᠤᠯᠠᠰ ᠤᠳ ᠪᠠᠶᠢᠯ᠎ᠠ᠃ ᠪᠠᠶᠢᠰᠬᠢᠭᠡᠳ ᠯᠠ ᠡᠭᠦᠰᠬᠦ ᠬᠣᠲᠠ ᠨᠤᠭᠤᠳ ᠤᠨ ᠦᠯᠦ ᠣᠶᠢᠯᠠᠭᠠᠯᠴᠠᠯ᠂ ᠮᠤᠳᠠᠯᠴᠠᠭᠠᠨ ᠶᠡᠬᠡᠪᠴᠢᠯᠡᠨ ᠣᠯᠵᠠ ᠣᠮᠤᠭ ᠮᠥᠨ ᠣᠯᠵᠠᠨ ᠤ ᠬᠦᠮᠦᠰ ᠡᠴᠡ ᠪᠣᠯᠳᠠᠭ ᠪᠠᠶᠢᠭᠰᠠᠨ ᠨᠢ ᠰᠣᠨᠢᠷᠬᠠᠯᠲᠠᠢ᠃ МЭ 230 ᠣᠨ ᠳᠤ ᠢᠯᠣᠫᠠᠩ ᠢᠶᠠ ᠭᠠᠯᠲᠤ ᠠᠭᠤᠯᠠ ᠳᠡᠯᠪᠡᠷᠡᠴᠢ ᠡᠮᠦᠨᠡᠲᠦ ᠮᠸᠺᠰᠢᠺᠣ ᠤᠨ ᠨᠤᠲᠤᠭ ᠦᠨᠡᠰᠦᠨ ᠳᠦ ᠳᠠᠷᠤᠭᠳᠠᠬᠤ ᠲᠡᠷᠡ ᠮᠥᠴᠡ ᠡᠴᠡ ᠮᠠᠶᠠᠴᠤᠳ ᠤᠨ "ᠰᠣᠩᠭᠣᠳᠠᠭ ᠦᠶᠡᠰ ᠡᠮᠦᠨᠡᠬᠢ" ᠦᠶ᠎ᠡ ᠶᠢᠨ ᠢᠷᠭᠡᠨᠰᠢᠯ ᠮᠥᠬᠦᠭᠰᠡᠨ ᠭᠡᠵᠦ ᠦᠵᠡᠳᠡᠭ᠃ ᠪᠦᠬᠦ ᠬᠦᠮᠦᠰ ᠬᠣᠲᠠ ᠪᠠᠨ ᠣᠷᠬᠢᠵᠤ ᠶᠠᠪᠤᠬᠤ ᠬᠡᠷᠡᠭᠲᠡᠢ ᠪᠣᠯᠤᠭᠰᠠᠨ ᠶᠤᠮ᠃

http://wiki.uhaan.com/index.php?title=ᠮᠠᠶᠢᠶ᠎ᠠ&oldid=342594》 ᠍  ᠡᠴᠡ ᠠᠪᠤᠭᠰᠠᠨ

ᠪᠢᠴᠢᠭᠡᠰᠦ