ᠮᠠᠶᠢᠯ ᠰᠠᠶᠢᠷᠦ᠋ᠰ

ᠴᠢᠯᠦᠭᠡᠲᠦ ᠨᠡᠪᠲᠡᠷᠬᠡᠢ ᠲᠣᠯᠢ — ᠸᠢᠺᠢᠫᠧᠳᠢᠶ᠎ᠠ ᠠᠴᠠ
ᠬᠠᠷᠠᠶᠢᠬᠤ: ᠤᠳᠤᠷᠢᠳᠬᠤ, ᠬᠠᠶᠢᠯᠲᠠ
ᠵᠢᠵᠢᠭ ᠵᠢᠷᠤᠭ ᠢ ᠡᠭᠦᠰᠭᠡᠬᠦ ᠳ᠋ᠦ ᠠᠯᠳᠠᠭ᠎ᠠ ᠭᠠᠷᠤᠯ᠎ᠠ: Unable to save thumbnail to destination
ᠸᠢᠺᠢ ᠤᠬᠠᠭᠠᠨ ᠤᠨ ᠴᠢᠨᠠᠷ ᠤᠨ ᠰᠲ᠋ᠠᠨᠳᠠᠷᠲ ᠲᠤ ᠨᠡᠶᠢᠴᠡᠭᠦᠯᠬᠦ ᠶᠢᠨ ᠲᠤᠯᠠᠳᠠ ᠡᠨᠡ ᠥᠭᠦᠯᠡᠯ ᠢ ᠬᠢᠨᠠᠨ ᠲᠣᠬᠢᠶᠠᠯᠳᠤᠭᠤᠯᠬᠤ ᠬᠡᠷᠡᠭᠲᠡᠢ ᠪᠠᠶᠢᠨ᠎ᠠ᠃
ᠡᠨᠡ ᠲᠠᠯ᠎ᠠ ᠪᠠᠷ ᠬᠡᠯᠡᠯᠴᠡᠭᠦᠯᠭᠡ ᠶᠢᠨ ᠬᠠᠭᠤᠳᠠᠰᠤ ᠳᠡᠭᠡᠷ᠎ᠡ ᠶᠤᠮ ᠤᠤ ᠡᠨᠡ ᠲᠡᠮᠳᠡᠭ ᠢ ᠢᠯᠡᠭᠦᠦ ᠨᠠᠷᠢᠪᠴᠢᠯᠠᠭᠰᠠᠨ ᠲᠡᠮᠳᠡᠭ ᠢᠶᠡᠷ ᠰᠣᠯᠢᠨ᠎ᠠ ᠤᠤ᠃
ᠵᠢᠵᠢᠭ ᠵᠢᠷᠤᠭ ᠢ ᠡᠭᠦᠰᠭᠡᠬᠦ ᠳ᠋ᠦ ᠠᠯᠳᠠᠭ᠎ᠠ ᠭᠠᠷᠤᠯ᠎ᠠ: Unable to save thumbnail to destination
ᠮᠠᠶᠢᠯ ᠰᠠᠶᠢᠷᠦ᠋ᠰ

ᠮᠠᠶᠢᠯ ᠰᠠᠶᠢᠷᠦ᠋ᠰ (ᠠᠩᠭᠯᠢ ᠪᠠᠷ Miley Cyrus) 1992 ᠣᠨ ᠤ 11 ᠰᠠᠷ᠎ᠠ ᠶᠢᠨ 23 ᠍ ᠳᠦ ᠲᠧᠨᠨᠡᠰᠰᠢ ᠮᠤᠵᠢ ᠤᠯᠤᠰ ᠤᠨ ᠨᠡᠰᠢᠪᠯ ᠬᠣᠳᠠ ᠳᠤ ᠷᠣᠺ ᠳᠠᠭᠤᠴᠢᠨ ᠪᠢᠯᠯᠢ ᠷᠡᠢ ᠰᠠᠶᠢᠷᠦ᠋ᠰ ᠪᠣᠯᠤᠨ ᠯᠧᠲ᠋ᠢᠰᠢᠶᠠ ᠲᠡᠰᠢ ᠨᠠᠷ ᠤᠨ ᠭᠡᠷ ᠲᠦ ᠮᠡᠨᠳᠦᠯᠡᠵᠡᠢ᠃ ᠲᠡᠭᠦᠨ ᠢ ᠲᠥᠷᠥᠬᠦ ᠳᠦ ᠡᠴᠢᠭᠡ ᠡᠬᠡ ᠨᠢ ᠣᠬᠢᠨ᠎ᠠ ᠪᠠᠨ ᠭᠠᠶᠢᠬᠠᠯᠲᠠᠢ ᠵᠦᠢᠯ ᠦᠳ ᠢ ᠬᠢᠵᠦ ᠴᠢᠳᠠᠨ᠎ᠠ ᠬᠡᠮᠡᠨ ᠪᠡᠯᠭᠡᠳᠡᠵᠦ ᠳ᠋ᠧᠰᠲ᠋ᠢᠨᠢ ᠬᠥᠫ (Destiny Hope) ᠪᠤᠶᠤ ᠢᠲᠡᠭᠡᠯ ᠨᠠᠶᠢᠳᠠᠪᠤᠷᠢ ᠶᠢᠨ ᠬᠤᠪᠢ ᠲᠠᠪᠢᠯᠠᠩ ᠭᠡᠰᠡᠨ ᠤᠳᠬ᠎ᠠ ᠲᠠᠢ ᠨᠡᠷ᠎ᠡ ᠥᠭᠴᠡᠢ᠃ ᠬᠠᠷᠢᠨ ᠰᠠᠶᠢᠷᠦ᠋ᠰ ᠪᠠᠭ᠎ᠠ ᠳᠤ ᠪᠠᠨ ᠳᠠᠩᠳᠠ ᠢᠨᠢᠶᠡᠵᠦ ᠶᠠᠪᠤᠳᠠᠭ ᠪᠠᠶᠢᠭᠰᠠᠨ ᠤᠴᠢᠷ ᠲᠡᠭᠦᠨ ᠢ 《Smiley》 ᠭᠡᠵᠦ ᠳᠠᠭᠤᠳᠠᠳᠠᠭ ᠪᠠᠶᠢᠭᠰᠠᠨ ᠪᠥᠭᠡᠳ ᠡᠨᠡ ᠨᠡᠷᠡᠨ ᠡᠴᠡ ᠨᠢ ᠮᠠᠶᠢᠯ ᠭᠡᠳᠡᠭ 2 ᠳᠠᠬᠢ ᠨᠡᠷ᠎ᠡ ᠶᠢ ᠨᠢ ᠥᠭᠴᠡᠢ᠃

9 ᠨᠠᠰᠤᠨ ᠳᠤ ᠪᠠᠨ 《ᠳ᠋ᠣᠺ》 ᠭᠡᠳᠡᠭ ᠲᠧᠯᠧᠸᠢᠰ ᠦᠨ ᠣᠯᠠᠨ ᠠᠩᠭᠢᠲᠤ ᠴᠤᠪᠤᠷᠠᠯ ᠳᠤ ᠺᠠᠶᠢᠯ ᠭᠡᠳᠡᠭ ᠪᠢᠴᠢᠬᠠᠨ ᠥᠬᠢᠨ ᠤ ᠳᠦᠷᠢ ᠶᠢ ᠪᠦᠲᠦᠭᠡᠵᠦ ᠺᠢᠨᠣᠨ ᠳᠤ ᠲᠣᠭᠯᠠᠬᠤ ᠭᠠᠷᠤᠭ᠎ᠠ ᠪᠠᠨ ᠡᠬᠢᠯᠡᠭᠰᠡᠨ ᠶᠤᠮ᠃ 11 ᠨᠠᠰᠤᠲᠠᠢ ᠳᠤ ᠪᠠᠨ ᠳ᠋ᠢᠰᠤᠨᠧᠢ ᠬᠡᠦᠬᠡᠳ ᠦᠨ ᠰᠤᠪᠠᠭ ᠤᠨ ᠵᠦᠵᠦᠭᠡᠴᠢᠨ ᠦ ᠰᠢᠯᠭᠠᠷᠠᠭᠤᠯᠤᠯᠲᠠ ᠳᠤ ᠲᠡᠩᠴᠡᠭᠰᠡᠨ ᠪᠥᠭᠡᠳ ᠣᠷᠣᠭᠠᠳ ᠤᠳᠠᠭ᠎ᠠ ᠦᠭᠡᠢ ᠪᠠᠶᠢᠬᠤ ᠳᠤ ᠨᠢ ᠳ᠋ᠢᠰᠤᠨᠧᠢ ᠺᠣᠮᠫᠠᠨᠢᠢ ᠶᠡᠷᠦᠩᠬᠡᠶᠢᠯᠡᠭᠴᠢ ᠭᠡᠷᠢ ᠮᠠᠷᠱ ᠲᠡᠭᠦᠨ ᠳᠦ 《ᠬᠠᠨᠠ ᠮᠣᠨᠲ᠋ᠠᠨ᠎ᠠ》 ᠬᠡᠮᠡᠬᠦ ᠲᠧᠯᠧᠸᠢᠰ ᠦᠨ ᠣᠯᠠᠨ ᠠᠩᠭᠢᠲᠤ ᠴᠤᠪᠤᠷᠠᠯ ᠳᠤ ᠲᠣᠭᠯᠠᠬᠤ ᠰᠠᠨᠠᠯ ᠲᠠᠯᠪᠢᠭᠰᠠᠨ ᠪᠥᠭᠡᠳ ᠡᠨᠡ ᠺᠢᠨᠣ᠋ ᠨᠢ ᠥᠰᠪᠦᠷᠢ ᠨᠠᠰᠤᠨ ᠤ ᠰᠤᠫᠧᠷ ᠣᠳᠣ ᠶᠢᠨ ᠲᠤᠬᠠᠢ ᠦᠭᠦᠯᠡᠳᠡᠭ ᠶᠤᠮ᠃ ᠺᠢᠨᠣᠨ ᠤ ᠨᠡᠭᠡᠭᠡᠯᠲᠡ ᠶᠢᠨ ᠦᠶ᠎ᠡ ᠪᠡᠷ ᠳ᠋ᠢᠰᠤᠨᠧᠢ ᠺᠣᠮᠫᠠᠨᠢᠢ ᠶᠡᠷᠦᠩᠬᠡᠶᠢᠯᠡᠭᠴᠢ 《ᠮᠠᠶᠢᠯ ᠡᠨᠡ ᠳᠦᠷᠢ ᠳᠦ ᠶᠠᠭ ᠲᠣᠬᠢᠷᠠᠭᠰᠠᠨ ᠬᠦᠮᠦᠨ᠃ ᠤᠴᠢᠷ ᠨᠢ ᠲᠡᠭᠦᠨ ᠦ ᠶᠠᠮᠠᠷ ᠴᠤ ᠠᠵᠢᠯ ᠢ ᠴᠢᠨᠠᠷᠲᠠᠢ᠂ ᠰᠡᠳᠬᠢᠯ ᠡᠴᠡ ᠪᠡᠨ ᠭᠦᠢᠴᠡᠳᠭᠡᠳᠡᠭ ᠴᠢᠨᠠᠷ᠂ ᠠᠪᠢᠶᠠᠰ ᠴᠢᠳᠠᠪᠤᠷᠢ᠂ ᠮᠥᠨ ᠠᠮᠢᠳᠤᠷᠠᠯ ᠤᠨ ᠮᠢᠨᠦ᠋ᠲ ᠪᠦᠷᠢ ᠶᠢ ᠬᠠᠶᠢᠷᠠᠯᠠᠳᠠᠭ ᠴᠢᠨᠠᠷ ᠨᠢ ᠺᠢᠨᠣᠨ ᠤ ᠳᠦᠷᠢ ᠶᠢᠨ ᠵᠠᠩ ᠴᠢᠨᠠᠷ ᠲᠠᠢ ᠶᠡᠬᠡ ᠠᠳᠠᠯᠢᠬᠠᠨ ᠤᠴᠢᠷ ᠲᠡᠭᠦᠨ ᠳᠦ ᠡᠨᠡ ᠳᠦᠷᠢ ᠶᠢ ᠪᠦᠲᠦᠭᠡᠬᠦ ᠳᠦ ᠳᠥᠬᠥᠮ ᠪᠠᠶᠢᠭᠰᠠᠨ᠃ ᠮᠥᠨ ᠲᠡᠭᠦᠨ ᠦ ᠡᠳᠡᠭᠡᠷ ᠴᠢᠨᠠᠷ ᠨᠢ ᠲᠡᠭᠦᠨ ᠢ ᠠᠰᠤᠷᠤ ᠲᠣᠮᠣ ᠠᠮᠵᠢᠯᠲᠠᠨ ᠳᠤ ᠬᠦᠷᠭᠡᠬᠦ ᠪᠣᠯᠤᠨ᠎ᠠ ᠭᠡᠳᠡᠭ ᠲᠦ ᠪᠢ ᠢᠲᠡᠭᠡᠯ ᠲᠡᠢ ᠪᠠᠶᠢᠨ᠎ᠠ》 ᠭᠡᠵᠦ ᠬᠡᠯᠡᠵᠡᠢ᠃ ᠮᠠᠶᠢᠯ ᠡᠨᠡ ᠰᠠᠨᠠᠯ ᠢ ᠪᠠᠶᠠᠷᠲᠠᠢ ᠪᠠᠷ ᠬᠦᠯᠢᠶᠡᠨ ᠠᠪᠤᠭᠰᠠᠨ ᠪᠥᠭᠡᠳ 《ᠬᠠᠨᠠ ᠮᠣᠨᠲ᠋ᠠᠨ᠎ᠠ》 ᠲᠧᠯᠧᠸᠢᠰ ᠦᠨ ᠴᠤᠪᠤᠷᠠᠯ ᠳᠤ ᠥᠪᠡᠷ ᠦᠨ ᠡᠴᠢᠭᠡ ᠶᠢᠨ ᠬᠠᠮᠲᠤ ᠲᠣᠭᠯᠠᠬᠤ ᠪᠣᠯᠤᠭᠰᠠᠨ ᠶᠤᠮ᠃ ᠡᠨᠡ ᠦᠶᠡᠰ ᠲᠡᠭᠦᠨ ᠦ ᠠᠮᠵᠢᠯᠲᠠ ᠶᠢᠨ ᠭᠠᠷ ᠢᠶᠠᠨ ᠡᠬᠢᠯᠡᠵᠡᠢ᠃ 《ᠬᠠᠨᠠ ᠮᠣᠨᠲ᠋ᠠᠨ᠎ᠠ》 ᠴᠤᠪᠤᠷᠠᠯ ᠭᠠᠷᠴᠤ ᠡᠬᠢᠯᠡᠭᠰᠡᠨ ᠳᠠᠷᠤᠢ ᠳᠤ ᠪᠠᠨ ᠮᠠᠰᠢ ᠣᠯᠠᠨ ᠦᠵᠡᠭᠴᠢ ᠲᠡᠢ ᠪᠣᠯᠤᠭᠰᠠᠨ ᠪᠥᠭᠡᠳ ᠲᠡᠭᠦᠨ ᠦ ᠵᠢᠷᠤᠭ ᠲᠠᠢ ᠬᠤᠪᠴᠠᠰᠤ᠂ ᠲᠣᠭᠯᠠᠭᠠᠮ ᠤᠳ ᠰᠢᠭᠤᠷᠭ᠎ᠠ ᠳᠠᠭᠠᠷᠢᠭᠰᠠᠨ ᠮᠡᠲᠦ ᠬᠤᠷᠳᠤᠨ ᠳᠠᠭᠤᠰᠴᠢ ᠪᠠᠶᠢᠯ᠎ᠠ᠃ 2006 ᠣᠨ ᠳᠤ ᠡᠨᠡ ᠺᠢᠨᠣᠨ ᠤ ᠳᠠᠭᠤᠤ ᠨᠤᠭᠤᠳ ᠠᠴᠠ ᠪᠦᠷᠢᠳᠦᠭᠰᠡᠨ 《ᠬᠠᠨᠠ ᠮᠣᠨᠲ᠋ᠠᠨ᠎ᠠ》 ᠬᠡᠮᠡᠬᠦ 8 ᠳᠠᠭᠤᠤ ᠲᠠᠢ ᠴᠣᠮᠣᠭ ᠭᠠᠷᠭᠠᠭᠰᠠᠨ ᠪᠢᠯᠡ᠃ ᠡᠨᠡ ᠴᠣᠮᠣᠭ ᠭᠠᠷᠤᠭᠰᠠᠨ ᠡᠬᠢᠨ ᠦ 7 ᠬᠣᠨᠣᠭ ᠲᠤ ᠪᠠᠨ 281 ᠮᠢᠩᠭᠠᠨ ᠬᠤᠪᠢ ᠪᠣᠷᠣᠯᠠᠭᠳᠠᠵᠤ ᠪᠢᠯᠪᠣᠷᠳ᠋ ᠍ ᠤᠨ ᠴᠣᠮᠣᠭ ᠤᠨ ᠵᠢᠭ᠌ᠰᠠᠭᠠᠯᠳᠠ ᠶᠢᠨ 1 ᠍ ᠷᠲ ᠣᠷᠣᠭᠰᠠᠨ ᠪᠥᠭᠡᠳ ᠲᠤᠬᠠᠢ ᠶᠢᠨ ᠦᠶᠡᠳᠡᠭᠡ ᠬᠢᠲᠦ ᠪᠣᠯᠵᠤ ᠪᠠᠶᠢᠭᠰᠠᠨ John Legend, My chemical romance ᠨᠠᠷ ᠤᠨ ᠠᠮᠵᠢᠯᠲᠠ ᠶᠢ ᠡᠪᠳᠡᠭᠰᠡᠨ ᠶᠤᠮ᠃ ᠡᠨᠡ ᠴᠣᠮᠣᠭ ᠲᠤᠬᠠᠢ ᠶᠢᠨ ᠵᠢᠯ ᠳᠤ ᠪᠡᠨ ᠨᠡᠶᠢᠲᠡ 2 ᠰᠠᠶ᠎ᠠ ᠣᠷᠴᠢᠮ ᠬᠤᠪᠢ ᠪᠣᠷᠣᠯᠠᠭᠳᠠᠭᠰᠠᠨ ᠪᠢᠯᠡ᠃

2007 ᠣᠨ ᠳᠤ 《Hannah Montana 2:meet Miley Cyrus》 ᠬᠡᠮᠡᠬᠦ 2 ᠳᠠᠬᠢ ᠴᠣᠮᠣᠭ ᠢᠶᠠᠨ ᠭᠠᠷᠭᠠᠭᠰᠠᠨ ᠪᠥᠭᠡᠳ ᠤᠭ ᠴᠣᠮᠣᠭ ᠨᠢ ᠬᠣᠣᠰ CD ᠍ ᠨ ᠡᠴᠡ ᠪᠦᠷᠢᠳᠦᠭᠰᠡᠨ ᠪᠠᠶᠢᠯ᠎ᠠ᠃ ᠡᠬᠢᠨ ᠦ CD ᠳᠡᠭᠡᠷ᠎ᠡ ᠡᠮᠦᠨᠡᠬᠢ ᠶᠢᠨ ᠠᠳᠠᠯᠢ 《Hannah Montana》 ᠺᠢᠨᠣᠨ ᠤ ᠳᠠᠭᠤᠤ ᠨᠤᠭᠤᠳ ᠪᠠᠶᠢᠭᠰᠠᠨ ᠪᠣᠯ ᠨᠥᠭᠥᠭᠡ CD ᠲᠡᠭᠦᠨ ᠦ ᠥᠪᠡᠷ ᠦᠨ ᠳᠠᠭᠤᠤ ᠨᠤᠭᠤᠳ ᠠᠴᠠ ᠪᠦᠷᠢᠳᠦᠭᠰᠡᠨ ᠪᠥᠭᠡᠳ ᠡᠨᠡ ᠨᠢ ᠲᠡᠭᠦᠨ ᠦ ᠪᠡᠶ᠎ᠡ ᠳᠠᠭᠠᠭᠰᠠᠨ ᠠᠩᠬᠠᠨ ᠤ ᠤᠷᠠᠨ ᠪᠦᠲᠦᠭᠡᠯ ᠪᠠᠶᠢᠯ᠎ᠠ᠃ ᠡᠨᠡ ᠴᠣᠮᠣᠭ ᠴᠤ ᠮᠥᠨ Billboard ᠍ ᠶᠢᠨ ᠰᠢᠯᠢᠳᠡᠭ ᠴᠣᠮᠣᠭ ᠤᠨ ᠵᠢᠭ᠌ᠰᠠᠭᠠᠯᠳᠠ ᠶᠢᠨ №1 ᠍ ᠳᠦ ᠪᠢᠴᠢᠭᠳᠡᠭᠰᠡᠨ ᠪᠢᠯᠡ᠃ ᠴᠣᠮᠣᠭ ᠠᠩᠬᠠᠨ ᠤ 7 ᠬᠣᠨᠣᠭ ᠲᠤ ᠪᠠᠨ 326 ᠮᠢᠩᠭᠠᠨ ᠬᠤᠪᠢ ᠪᠣᠷᠣᠯᠠᠭᠳᠠᠭᠰᠠᠨ ᠪᠥᠭᠡᠳ 6 ᠰᠠᠷ᠎ᠠ ᠶᠢᠨ ᠲᠤᠷᠰᠢ Billboard ᠍ ᠶᠢᠨ ᠰᠢᠯᠢᠳᠡᠭ 10 ᠴᠣᠮᠣᠭ ᠤᠨ ᠵᠢᠭ᠌ᠰᠠᠭᠠᠯᠳᠠ ᠳᠤ ᠪᠢᠴᠢᠭᠳᠡᠭᠰᠡᠨ ᠶᠤᠮ᠃ ᠡᠨᠡ ᠴᠣᠮᠣᠭ ᠨᠡᠶᠢᠲᠡ 3 ᠰᠠᠶ᠎ᠠ ᠬᠤᠪᠢ ᠪᠣᠷᠣᠯᠠᠭᠳᠠᠵᠠᠢ᠃ 2007 ᠣᠨ ᠳᠤ ᠥᠪᠡᠷ ᠦᠨ ᠠᠩᠬᠠᠨ ᠤ ᠪᠡᠶ᠎ᠡ ᠳᠠᠭᠠᠭᠰᠠᠨ 《Best Of Both》 69 ᠡᠳᠦᠷ ᠦᠨ ᠠᠶᠠᠯᠠᠨ ᠲᠣᠭᠯᠠᠯᠲᠠ ᠪᠠᠨ ᠠᠮᠧᠷᠢᠺᠠ ᠶᠢᠨ ᠮᠤᠵᠢᠭᠤᠳᠠ ᠪᠠᠷ ᠬᠢᠭᠰᠡᠨ ᠪᠥᠭᠡᠳ ᠲᠣᠭᠯᠠᠯᠲᠠ ᠶᠢᠨ ᠪᠦᠬᠦ ᠪᠢᠯᠧᠲ 20 ᠬᠣᠨᠣᠭ ᠤᠨ ᠳᠣᠲᠣᠷ᠎ᠠ ᠪᠣᠷᠣᠯᠠᠭᠳᠠᠵᠤ ᠳᠠᠭᠤᠰᠴᠠᠢ᠃ 2008 ᠣᠨ ᠤ 7 ᠰᠠᠷ᠎ᠠ ᠳᠤ Miley ᠥᠪᠡᠷ ᠦᠨ 2 ᠳᠠᠬᠢ ᠪᠡᠶ᠎ᠡ ᠳᠠᠭᠠᠭᠰᠠᠨ ᠴᠣᠮᠣᠭ 《Breakout》 ᠍ ᠢ ᠭᠠᠷᠭᠠᠭᠰᠠᠨ᠃ ᠡᠨᠡ ᠴᠣᠮᠣᠭ ᠲᠤ Miley ᠍ ᠦᠨ ᠥᠪᠡᠷ ᠢᠶᠡᠨ ᠪᠢᠴᠢᠭᠰᠡᠨ 2 ᠳᠠᠭᠤᠤ ᠪᠠᠭᠲᠤᠭᠰᠠᠨ ᠪᠥᠭᠡᠳ ᠲᠡᠷᠡᠪᠡᠷ ᠪᠠᠭ᠎ᠠ ᠠᠴᠠ ᠪᠠᠨ ᠯᠠ ᠳᠠᠭᠤᠤ ᠪᠢᠴᠢᠬᠢ ᠶᠢ ᠮᠥᠷᠥᠭᠡᠳᠴᠦ ᠪᠠᠶᠢᠴᠠᠢ᠃ ᠤᠭ ᠴᠣᠮᠣᠭ ᠮᠥᠨ ᠯᠠ Billboard ᠍ ᠦᠨ №1 ᠣᠷᠣᠭᠰᠠᠨ ᠪᠥᠭᠡᠳ ᠬᠤᠳᠠᠯᠳᠤᠭᠠᠨ ᠳᠤ ᠭᠠᠷᠤᠭᠰᠠᠨ ᠡᠬᠢᠨ ᠦ 7 ᠬᠣᠨᠣᠭ ᠲᠤ ᠪᠠᠨ 371 ᠮᠢᠩᠭᠠᠨ ᠬᠤᠪᠢ ᠪᠣᠷᠣᠯᠠᠭᠳᠠᠭᠰᠠᠨ ᠶᠤᠮ᠃ ᠭᠡᠪᠡᠴᠦ Mariah Carey ᠍ ᠶᠢᠨ 《E=MC2《 ᠴᠣᠮᠣᠭ ᠭᠠᠷᠴᠤ ᠡᠬᠢᠨ ᠦ 7 ᠬᠣᠨᠣᠭ ᠲᠤ ᠪᠠᠨ 462 ᠮᠢᠩᠭᠠᠨ ᠬᠤᠪᠢ ᠬᠤᠳᠠᠯᠳᠤᠭᠠᠯᠠᠭᠳᠠᠭᠰᠠᠨ ᠤᠴᠢᠷ 《Breakout》 Billboard ᠍ ᠦᠨ 1 ᠍ ᠳᠦᠭᠡᠷ ᠪᠠᠶᠢᠷᠢ ᠪᠠᠨ ᠠᠯᠠᠳᠠᠭᠰᠠᠨ ᠶᠤᠮ᠃ Miley 2008 ᠣᠨ ᠤ Teen choice awards ᠨᠠᠭᠠᠳᠤᠮ ᠠᠴᠠ ᠰᠢᠯᠢᠳᠡᠭ ᠡᠮᠡᠭᠲᠡᠢ ᠵᠠᠯᠠᠭᠤ ᠳᠠᠭᠤᠴᠢᠨ ᠨᠣᠮᠨᠠᠴᠢ ᠶᠢᠨ ᠡᠵᠡᠨ ᠪᠣᠯᠤᠭᠰᠠᠨ ᠪᠢᠯᠡ᠃ ᠡᠨᠡ ᠣᠨᠳᠣᠣ 《ᠣᠰᠺᠠᠷ ᠤᠨ ᠱᠠᠩᠨᠠᠯ ᠭᠠᠷᠳᠠᠭᠤᠯᠬᠤ ᠶᠣᠰᠣᠯᠠᠯ》 ᠍ ᠶᠢᠨ 《ᠰᠢᠯᠢᠳᠡᠭ ᠬᠡᠦᠬᠡᠯᠳᠡᠢ ᠶᠢᠨ ᠺᠢᠨᠣ᠋》 ᠨᠣᠮᠨᠠᠴᠢ ᠳᠤ ᠨᠡᠷ᠎ᠡ ᠳᠡᠪᠰᠢᠭᠰᠡᠨ 《Bolt》 ᠬᠡᠦᠬᠡᠯᠳᠡᠢ ᠶᠢᠨ ᠺᠢᠨᠣᠨ ᠤ ᠪᠢᠴᠢᠬᠠᠨ ᠮᠤᠤᠷ Penny ᠍ ᠦᠨ ᠳᠦᠷᠢ ᠳᠦ ᠳᠠᠭᠤᠤ ᠣᠷᠣᠭᠤᠯᠤᠭᠰᠠᠨ ᠪᠥᠭᠡᠳ ᠵᠦᠵᠦᠭᠡᠴᠢᠨ John Travolta ᠍ ᠲᠠᠢ ᠬᠠᠮᠲᠤᠷᠠᠨ ᠳᠠᠭᠤᠯᠠᠭᠰᠠᠨ 《I thought I lost you》 ᠳᠠᠭᠤᠤ ᠨᠢ 《ᠠᠯᠲᠠᠨ ᠪᠥᠮᠪᠥᠷᠴᠡᠭ》 ᠺᠢᠨᠣ᠋ ᠨᠠᠭᠠᠳᠤᠮ ᠤᠨ 《ᠰᠢᠯᠢᠳᠡᠭ ᠺᠢᠨᠣᠨ ᠤ ᠳᠠᠭᠤᠤ》 ᠲᠥᠷᠥᠯ ᠳᠦ ᠱᠠᠩᠨᠠᠯ ᠬᠦᠷᠲᠡᠭᠰᠡᠨ ᠪᠥᠭᠡᠳ ᠡᠨᠡ ᠺᠢᠨᠣ᠋ ᠨᠢ ᠳᠡᠯᠡᠬᠡᠢ ᠳᠠᠶᠠᠭᠠᠷ ᠨᠡᠶᠢᠲᠡ 286 ᠰᠠᠶ᠋ᠢ ᠳ᠋ᠣᠯᠯᠠᠷ ᠤᠨ ᠠᠰᠢᠭ ᠣᠯᠤᠭᠰᠠᠨ ᠪᠢᠯᠡ᠃ 2008 ᠣᠨ ᠤ 11 ᠰᠠᠷ᠎ᠠ ᠳᠤ Miley 16 ᠨᠠᠰᠤᠨ ᠤ ᠪᠠᠨ ᠲᠦᠷᠦᠭᠰᠡᠨ ᠡᠳᠦᠷ ᠢ 《Disneyland》 ᠍ ᠳᠦ ᠬᠢᠭᠰᠡᠨ ᠪᠥᠭᠡᠳ 5000 ᠰᠢᠷᠬᠡᠭ ᠲᠠᠰᠤᠯᠪᠤᠷᠢ ᠭᠠᠷᠭᠠᠭᠰᠠᠨ ᠬᠡᠳᠦᠢ ᠴᠤ ᠲᠡᠭᠦᠨ ᠦ ᠲᠦᠷᠦᠭᠰᠡᠨ ᠡᠳᠦᠷ ᠢ ᠲᠡᠮᠳᠡᠭᠯᠡᠬᠦ ᠪᠡᠷ ᠣᠶᠢᠷᠠᠯᠴᠠᠭ᠎ᠠ ᠪᠠᠷ 100 ᠮᠢᠩᠭ᠎ᠠ ᠣᠷᠴᠢᠮ ᠬᠦᠮᠦᠨ ᠴᠤᠭᠯᠠᠷᠠᠭᠰᠠᠨ ᠪᠠᠶᠢᠨ᠎ᠠ᠃ ᠭᠡᠪᠡᠴᠦ ᠵᠥᠪᠬᠡᠨ 5000 ᠬᠦᠮᠦᠨ ᠯᠠ ᠲᠠᠰᠤᠯᠪᠤᠷᠢ ᠠᠪᠴᠤ ᠴᠢᠳᠠᠭᠰᠠᠨ ᠪᠥᠭᠡᠳ 1 ᠲᠠᠰᠤᠯᠪᠤᠷᠢ 250 ᠳ᠋ᠣᠯᠯᠠᠷ ᠢᠶᠠᠷ ᠪᠣᠷᠣᠯᠠᠭᠳᠠᠵᠤ ᠪᠠᠶᠢᠭᠰᠠᠨ ᠶᠤᠮ᠃ ᠬᠠᠷᠢᠨ ᠦᠯᠡᠳᠡᠭᠰᠡᠨ ᠬᠦᠮᠦᠰ 《Disneyland》 ᠍ ᠦᠨ ᠭᠠᠳᠠᠭᠠᠬᠢ ᠳᠡᠯᠭᠡᠴᠡ ᠪᠡᠷ ᠲᠡᠭᠦᠨ ᠦ ᠲᠣᠭᠯᠠᠯᠲᠠ ᠶᠢ ᠦᠵᠡᠵᠦ ᠪᠠᠶᠢᠭᠰᠠᠨ ᠶᠤᠮ᠃ 2009 ᠣᠨ ᠤ 4 ᠍ ᠳᠦᠭᠡᠷ ᠰᠠᠷ᠎ᠠ ᠳᠤ 《Hannah Montana》 ᠴᠤᠪᠤᠷᠠᠯ ᠤ ᠪᠠᠨ ᠪᠦᠷᠢᠨ ᠬᠡᠮᠵᠢᠶᠡᠨ ᠦ ᠺᠢᠨᠣᠭ ᠬᠢᠭᠰᠡᠨ ᠪᠥᠭᠡᠳ ᠤᠭ ᠺᠢᠨᠣᠨ ᠳᠤ ᠵᠠᠯᠠᠭᠤ ᠳᠠᠭᠤᠴᠢᠨ Taylor Swift 《Crazier》 ᠳᠠᠭᠤ ᠪᠠᠨ ᠳᠠᠭᠤᠯᠠᠳᠠᠭ ᠶᠤᠮ ᠪᠠᠶᠢᠨ᠎ᠠ᠃ ᠡᠨᠡ ᠺᠢᠨᠣ᠋ ᠨᠢ ᠨᠡᠶᠢᠲᠡ 153 ᠰᠠᠶ᠋ᠢ ᠳ᠋ᠣᠯᠯᠠᠷ ᠤᠨ ᠠᠰᠢᠭ ᠣᠯᠤᠭᠰᠠᠨ ᠪᠥᠭᠡᠳ ᠣᠳᠣ ᠪᠠᠷ Miley 《Disney》 ᠺᠣᠮᠫᠠᠨᠢ ᠶᠢᠨ ᠬᠢᠵᠦ ᠪᠠᠶᠢᠭ᠎ᠠ 《The Last Song》 ᠺᠢᠨᠣᠨ ᠳᠤ Veronica Miller ᠭᠡᠳᠡᠭ ᠥᠬᠢᠨ ᠤ ᠳᠦᠷᠢ ᠶᠢ ᠪᠦᠲᠦᠭᠡᠵᠦ ᠪᠠᠶᠢᠭ᠎ᠠ ᠶᠤᠮ ᠪᠠᠶᠢᠨ᠎ᠠ᠃ Miley ᠬᠦᠮᠦᠨᠯᠢᠭ ᠦᠨ ᠠᠵᠢᠯ ᠳᠤ ᠢᠳᠡᠪᠬᠢᠲᠡᠢ ᠣᠷᠣᠯᠴᠠᠳᠠᠭ ᠪᠥᠭᠡᠳ 《ᠢᠲᠡᠭᠡᠯ ᠨᠠᠶᠢᠳᠠᠪᠤᠷᠢ ᠶᠢᠨ ᠬᠣᠲᠠ》 ᠨᠡᠷ᠎ᠡ ᠲᠡᠢ ᠬᠡᠦᠬᠡᠳ ᠦᠨ ᠡᠮᠨᠡᠯᠭᠡ ᠳᠦ ᠥᠪᠡᠷ ᠦᠨ ᠬᠢᠭᠰᠡᠨ ᠲᠣᠭᠯᠠᠯᠲᠠ ᠶᠢᠨ ᠲᠠᠰᠤᠯᠪᠤᠷᠢ ᠪᠦᠷᠢ ᠡᠴᠡ 1 ᠳ᠋ᠣᠯᠯᠠᠷ ᠬᠠᠨᠳᠢᠪᠯᠠᠳᠠᠭ ᠶᠤᠮ ᠪᠠᠶᠢᠨ᠎ᠠ᠃ ᠲᠡᠷᠡᠪᠡᠷ ᠬᠠᠮᠤᠭ ᠤᠨ ᠪᠠᠶᠠᠨ ᠥᠰᠪᠦᠷᠢ ᠨᠠᠰᠤᠨ ᠤ ᠬᠡᠦᠬᠡᠳ ᠦᠨ ᠵᠢᠭ᠌ᠰᠠᠭᠠᠯᠳᠠ ᠶᠢᠨ ᠡᠬᠢᠨ ᠳᠦ 25 ᠰᠠᠶ᠎ᠠ ᠳ᠋ᠣᠯᠯᠠᠷ ᠤᠨ ᠬᠥᠷᠥᠩᠭᠡ ᠪᠡᠷ ᠪᠢᠴᠢᠭᠳᠡᠳᠡᠭ ᠪᠣᠯ 《Harry Potter》 ᠺᠢᠨᠣᠨ ᠤ ᠭᠣᠣᠯ ᠳᠦᠷᠢ ᠪᠡᠷ ᠣᠯᠣᠩ ᠳᠤ ᠲᠠᠨᠢᠯ ᠪᠣᠯᠤᠭᠰᠠᠨ Daniel Radcliffe 23 ᠰᠠᠶ᠎ᠠ ᠳ᠋ᠣᠯᠯᠠᠷ ᠤᠨ ᠬᠥᠷᠥᠩᠭᠡ ᠪᠡᠷ 2 ᠍ ᠳᠦᠭᠡᠷ ᠪᠠᠶᠢᠷᠢᠨ ᠳᠤ ᠣᠷᠣᠳᠠᠭ ᠶᠤᠮ ᠪᠠᠶᠢᠨ᠎ᠠ᠃ ᠮᠥᠨ Miley ᠬᠠᠮᠤᠭ ᠤᠨ ᠪᠦᠲᠦᠭᠡᠯᠴᠢ ᠥᠰᠪᠦᠷᠢ ᠨᠠᠰᠤᠨ ᠤ ᠣᠳᠣᠳ ᠤᠨ ᠵᠢᠭ᠌ᠰᠠᠭᠠᠯᠳᠠ ᠶᠢ ᠲᠡᠷᠢᠭᠦᠯᠡᠳᠡᠭ ᠪᠣᠯ ᠲᠡᠭᠦᠨ ᠦ ᠠᠷᠤ ᠠᠴᠠ ᠳᠠᠭᠤᠴᠢᠨ Taylor Swift, Twilight ᠺᠢᠨᠣᠨ ᠤ ᠴᠢᠨᠣ᠎ᠠ ᠶᠢᠨ ᠳᠦᠷᠢ ᠪᠡᠷ ᠣᠯᠠᠨ ᠤ ᠲᠠᠨᠢᠯ ᠪᠣᠯᠤᠭᠰᠠᠨ Taylor Lautner ᠪᠣᠯᠤᠨ Emma Watson ᠨᠠᠷ ᠪᠢᠴᠢᠭᠳᠡᠳᠡᠭ ᠶᠤᠮ ᠪᠠᠶᠢᠨ᠎ᠠ᠃

Miley ᠰᠡᠭᠦᠯ ᠳᠦ ᠭᠠᠷᠭᠠᠭᠰᠠᠨ 《Time Of Our Lives》 ᠨᠡᠷ᠎ᠡ ᠲᠡᠢ 7 ᠳᠠᠭᠤᠨ ᠠᠴᠠ ᠪᠦᠷᠢᠳᠦᠭᠰᠡᠨ ᠴᠣᠮᠣᠭ ᠨᠢ ᠣᠳᠣ ᠪᠠᠷ Billboard ᠍ ᠶᠢᠨ ᠰᠢᠯᠢᠳᠡᠭ 200 ᠴᠣᠮᠣᠭ ᠤᠨ 5 ᠍ ᠳᠦᠭᠡᠷ ᠪᠠᠶᠢᠷᠢᠨ ᠳᠤ ᠶᠠᠪᠤᠵᠤ ᠪᠠᠶᠢᠭ᠎ᠠ ᠪᠥᠭᠡᠳ ᠡᠨᠡ ᠴᠣᠮᠣᠭ ᠲᠤ ᠪᠠᠭᠲᠤᠭᠰᠠᠨ 《Party in the USA》 ᠳᠠᠭᠤᠤ ᠨᠢ ᠣᠳᠣ Billboard ᠍ ᠦᠨ 6 ᠍ ᠳᠦᠭᠡᠷ ᠪᠠᠶᠢᠷᠢᠨ ᠳᠤ ᠶᠠᠪᠤᠵᠤ ᠪᠠᠶᠢᠨ᠎ᠠ᠃ ᠲᠡᠷᠡ ᠪᠡᠷ ᠤᠳᠤᠬᠤ ᠦᠭᠡᠢ ᠶᠡᠬᠡ ᠪᠷᠢᠲ᠋ᠠᠨᠢᠳ ᠠᠶᠠᠯᠠᠨ ᠲᠣᠭᠯᠠᠯᠲᠠ ᠪᠠᠨ ᠬᠢᠬᠦ ᠭᠡᠵᠦ ᠪᠠᠶᠢᠭ᠎ᠠ ᠪᠢᠯᠡ᠃ Miley ᠥᠪᠡᠷ ᠢ ᠨᠢ ᠪᠦᠳᠦᠭᠦᠨ ᠭᠡᠵᠦ ᠬᠡᠯᠬᠢ ᠳᠦ ᠬᠠᠮᠤᠭ ᠤᠨ ᠳᠤᠷ᠎ᠠ ᠦᠭᠡᠢ ᠭᠡᠨ᠎ᠡ᠃ ᠮᠥᠨ ᠲᠡᠷᠡ ᠪᠡᠷ ᠣᠳᠣ ᠶᠢ ᠬᠦᠷᠲᠡᠯ᠎ᠡ ᠡᠵᠢ ᠲᠡᠢ ᠪᠡᠨ ᠤᠨᠲᠠᠬᠤ ᠳᠤᠷᠠᠲᠠᠢ ᠪᠥᠭᠡᠳ ᠡᠨᠡ ᠲᠠᠯ᠎ᠠ ᠪᠠᠷ ᠢᠶᠠᠨ 《ᠡᠳᠦᠷᠵᠢᠩᠭᠡᠨ ᠰᠲ᠋ᠦ᠋ᠳᠢ ᠳᠤ ᠳᠠᠭᠤᠤ ᠪᠢᠴᠢᠭᠦᠯᠵᠦ᠂ ᠵᠢᠷᠤᠭ ᠠᠪᠤᠯᠲᠠᠨ ᠳᠤ ᠣᠷᠣᠭᠠᠳ ᠶᠡᠬᠡ ᠶᠠᠳᠠᠷᠠᠳᠠᠭ᠃ ᠬᠠᠷᠢᠨ ᠣᠷᠣᠢ ᠡᠵᠢᠭᠢᠬᠦ ᠪᠡᠨ ᠡᠪᠦᠷ ᠲᠦ ᠣᠷᠣᠭᠠᠳ ᠤᠨᠲᠠᠪᠠᠯ ᠶᠠᠮᠠᠷ ᠴᠤ ᠠᠮᠠᠷᠠᠯᠲᠠ ᠠᠴᠠ ᠢᠯᠡᠭᠦᠦ ᠰᠠᠶᠢᠬᠠᠨ ᠪᠠᠶᠢᠳᠠᠭ》 ᠭᠡᠵᠡᠢ᠃ ᠲᠡᠷᠡ ᠪᠡᠷ ᠪᠤᠰᠤᠳ ᠬᠡᠦᠬᠡᠳ ᠦᠨ ᠠᠳᠠᠯᠢ ᠰᠤᠷᠭᠠᠭᠤᠯᠢ ᠳᠤ ᠶᠠᠪᠤᠳᠠᠭ ᠦᠭᠡᠢ᠂ ᠬᠠᠷᠢᠨ ᠭᠡᠷ ᠦᠨ ᠪᠠᠭᠰᠢ ᠪᠠᠷ ᠬᠢᠴᠢᠶᠡᠯ ᠵᠢᠭᠠᠯᠭᠠᠳᠠᠭ ᠪᠥᠭᠡᠳ ᠬᠢᠴᠢᠶᠡᠯ ᠳᠦ ᠪᠡᠨ ᠴᠤ ᠮᠠᠭᠤ ᠦᠭᠡᠢ ᠭᠡᠨ᠎ᠡ᠃

ᠲᠡᠷᠡ ᠪᠡᠷ 2008 ᠣᠨ ᠳᠤ 《Time》 ᠰᠡᠳᠬᠦᠯ ᠡᠴᠡ ᠲᠣᠳᠣᠷᠠᠭᠤᠯᠤᠭᠰᠠᠨ 《ᠳᠡᠯᠡᠬᠡᠢ ᠶᠢᠨ ᠬᠠᠮᠤᠭ ᠤᠨ ᠨᠥᠯᠥᠭᠡ ᠪᠦᠬᠦᠢ 100 ᠬᠦᠮᠦᠨ》 ᠵᠢᠭ᠌ᠰᠠᠭᠠᠯᠳᠠᠨ ᠳᠤ ᠪᠠᠭᠲᠤᠭᠰᠠᠨ᠃ ᠮᠥᠨ ᠲᠡᠷᠡᠪᠡᠷ 《Forbes》 ᠰᠡᠳᠬᠦᠯ ᠡᠴᠡ ᠲᠣᠳᠣᠷᠠᠭᠤᠯᠳᠠᠭ 《ᠳᠡᠯᠡᠬᠡᠢ ᠶᠢᠨ ᠬᠠᠮᠤᠭ ᠤᠨ ᠪᠠᠶᠠᠨ 100 ᠣᠳᠣ》 ᠵᠢᠭ᠌ᠰᠠᠭᠠᠯᠳᠠ ᠶᠢᠨ 35 ᠍ ᠳᠦᠭᠡᠷ ᠪᠠᠶᠢᠷᠢ ᠳᠤ 25 ᠰᠠᠶ᠎ᠠ ᠳ᠋ᠣᠯᠯᠠᠷ ᠤᠨ ᠬᠥᠷᠥᠩᠭᠡᠲᠡᠢ ᠪᠡᠷ ᠪᠢᠴᠢᠭᠳᠡᠭᠰᠡᠨ ᠪᠣᠯ 2009 ᠣᠨ ᠤ ᠵᠢᠭ᠌ᠰᠠᠭᠠᠯᠳᠠᠨ ᠳᠤ 29 ᠍ ᠳᠦᠭᠡᠷ ᠪᠠᠶᠢᠷᠢ ᠳᠤ ᠪᠢᠴᠢᠭᠳᠡᠵᠦ ᠪᠠᠶᠢᠨ᠎ᠠ᠃


ᠸᠢᠳᠢᠣ᠋ ᠺᠯᠢᠫ[ᠵᠠᠰᠠᠪᠤᠷᠢᠯᠠᠬᠤ | ᠺᠣᠳ᠋ ᠢᠶᠠᠷ ᠵᠠᠰᠠᠬᠣ]

Youtube ᠳᠡᠭᠡᠷᠡᠬᠢ ᠠᠯᠪᠠᠨ ᠶᠣᠰᠣᠨ ᠤ ᠺᠯᠢᠫ ᠨᠦᠭᠦᠳ:

ᠪᠢᠴᠢᠭᠡᠰᠦ