ᠮᠠᠶᠢᠨᠺᠷᠠᠹᠲ

ᠴᠢᠯᠦᠭᠡᠲᠦ ᠨᠡᠪᠲᠡᠷᠬᠡᠢ ᠲᠣᠯᠢ — ᠸᠢᠺᠢᠫᠧᠳᠢᠶ᠎ᠠ ᠠᠴᠠ
ᠬᠠᠷᠠᠶᠢᠬᠤ: ᠤᠳᠤᠷᠢᠳᠬᠤ, ᠬᠠᠶᠢᠯᠲᠠ
ᠮᠠᠶᠢᠨᠺᠷᠠᠹᠲ ᠤᠨ ᠯᠣᠭᠣ

ᠮᠠᠶᠢᠨᠺᠷᠠᠹᠲ (ᠠᠩᠭᠯᠢ ᠪᠠᠷ Minecraft) ᠨᠢ ᠰᠸᠸᠳᠡᠨ ᠤᠯᠤᠰ ᠤᠨ ᠫᠷᠣᠭᠷᠠᠮᠢᠰ ᠲᠤ ᠮᠠᠷᠺᠦ᠋ᠰ ᠫᠧᠷᠰᠤᠭᠰᠠᠨ /Markus Persson/ ᠪᠤᠶᠤ ᠨᠣᠲᠠᠴᠢ /Notch/ ᠵᠣᠬᠢᠶᠠᠵᠤ᠂ ᠮᠣᠵᠠᠨ ᠢ /Mojang/ ᠰᠲ᠋ᠤᠳ ᠤᠨ ᠬᠥᠭᠵᠢᠭᠦᠯᠵᠦ ᠪᠤᠢ ᠲᠣᠭᠯᠠᠭᠠᠮ ᠶᠤᠮ᠃ 2009 ᠣᠨ ᠤ 5 ᠳ᠋ᠤᠭᠠᠷ ᠰᠠᠷ᠎ᠠ ᠶᠢᠨ 17 ᠍ ᠳᠦ ᠠᠩᠬ᠎ᠠ ᠺᠣᠮᠫᠢᠶᠦ᠋ᠲ᠋ᠧᠷ ᠤᠨ ᠬᠤᠪᠢᠯᠪᠤᠷᠢ ᠨᠢ ᠭᠠᠷᠴᠤ᠂ ᠤᠳᠠᠯ ᠦᠭᠡᠢ ᠠᠨᠳᠠᠷᠠᠢ ᠳᠤ ᠦᠢᠯᠡᠳᠦᠯ ᠦᠨ ᠰᠢᠰᠲ᠋ᠧᠮ ᠳᠦ 2011 ᠣᠨ ᠤ 10 ᠳ᠋ᠤᠭᠠᠷ ᠰᠠᠷ᠎ᠠ ᠶᠢᠨ 7 ᠍ ᠳᠦ᠂ iOS ᠦᠢᠯᠡᠳᠦᠯ ᠦᠨ ᠰᠢᠰᠲ᠋ᠧᠮ ᠳᠦ ᠮᠥᠨ ᠣᠨ ᠤ 11 ᠰᠠᠷ᠎ᠠ ᠶᠢᠨ 17 ᠍ ᠳᠦ᠂ Xbox 360 ᠍ ᠳᠦ ᠵᠣᠷᠢᠭᠤᠯᠤᠭᠰᠠᠨ ᠬᠤᠪᠢᠯᠪᠤᠷᠢ ᠨᠢ 2012 ᠣᠨ ᠤ 5 ᠰᠠᠷ᠎ᠠ ᠶᠢᠨ 9 ᠍ ᠳᠦ ᠭᠠᠷᠴᠤ ᠪᠠᠶᠢᠪᠠ᠃ ᠮᠠᠶᠢᠨᠺᠷᠠᠹᠲ ᠨᠢ 3 ᠬᠡᠮᠵᠢᠶᠡᠰᠦ ᠳᠦ ᠶᠢᠷᠲᠢᠨᠴᠦᠳ ᠺᠦᠪ ᠳᠦᠷᠰ ᠦᠳ ᠢᠶᠡᠷ ᠪᠠᠷᠢᠯᠭ᠎ᠠ ᠪᠠᠷᠢᠵᠤ᠂ ᠬᠠᠶᠢᠭᠤᠯ ᠬᠢᠵᠦ᠂ ᠪᠠᠶᠢᠭᠠᠯᠢ ᠶᠢᠨ ᠪᠠᠶᠠᠯᠢᠭ ᠣᠯᠵᠠᠪᠤᠷᠢᠯᠠᠵᠤ᠂ ᠪᠣᠯᠪᠠᠰᠤᠷᠠᠭᠤᠯᠵᠤ᠂ ᠮᠥᠨ ᠬᠣᠭᠣᠷᠣᠨᠳᠣ ᠪᠠᠨ ᠲᠤᠯᠤᠯᠳᠤᠳᠠᠭ ᠲᠣᠭᠯᠠᠭᠠᠮ ᠶᠤᠮ᠃ ᠲᠤᠰ ᠲᠣᠭᠯᠠᠭᠠᠮ ᠳᠤ ᠡᠷᠡᠭᠦᠯ ᠮᠡᠨᠳᠦ᠂ ᠴᠠᠳᠬᠤᠯᠠᠩ ᠪᠠᠶᠢᠳᠠᠯ ᠢᠶᠠᠨ ᠬᠠᠳᠠᠭᠠᠯᠠᠬᠤ ᠵᠣᠷᠢᠯᠭ᠎ᠠ ᠪᠦᠬᠦᠢ ᠬᠢᠵᠠᠭᠠᠷ ᠦᠭᠡᠢ ᠨᠥᠭᠡᠴᠡ ᠪᠡᠷ ᠪᠦᠲᠦᠭᠡᠨ ᠪᠠᠶᠢᠭᠤᠯᠬᠤ᠂ ᠮᠥᠨ ᠡᠬᠢᠨ ᠦ ᠬᠤᠪᠢᠯᠪᠤᠷᠢ ᠲᠠᠢ ᠲᠥᠰᠲᠡᠢ ᠪᠣᠯᠪᠠᠴᠤ ᠬᠦᠨᠳᠦᠷᠡᠭᠦᠯᠦᠭᠰᠡᠨ ᠬᠤᠪᠢᠯᠪᠤᠷᠢ ᠭᠡᠰᠡᠨ ᠭᠤᠷᠪᠠᠨ ᠲᠥᠷᠥᠯ ᠢᠶᠡᠷ ᠲᠣᠭᠯᠠᠵᠤ ᠪᠣᠯᠤᠨ᠎ᠠ᠃

ᠮᠠᠶᠢᠨᠺᠷᠠᠹᠲ ᠤᠨ ᠠᠯᠪᠠᠨ ᠶᠣᠰᠣᠨ ᠤ ᠸᠢᠺᠢ

ᠪᠢᠴᠢᠭᠡᠰᠦ