ᠮᠠᠶᠡᠷ ᠫᠷᠢᠩᠰᠢᠲᠠᠢ ᠶᠢᠨ

ᠴᠢᠯᠦᠭᠡᠲᠦ ᠨᠡᠪᠲᠡᠷᠬᠡᠢ ᠲᠣᠯᠢ — ᠸᠢᠺᠢᠫᠧᠳᠢᠶ᠎ᠠ ᠠᠴᠠ
ᠬᠠᠷᠠᠶᠢᠬᠤ: ᠤᠳᠤᠷᠢᠳᠬᠤ, ᠬᠠᠶᠢᠯᠲᠠ
ᠮᠠᠶᠡᠷ ᠫᠷᠢᠩᠰᠢᠲᠠᠢ ᠶᠢᠨ
Prinstein.jpg

ᠬᠥᠩᠭᠡᠨ ᠠᠲᠯᠧᠲ᠋ᠢᠭ
ᠲᠥᠯᠦᠭᠡᠯᠡᠳᠡᠭ ᠤᠯᠠᠰ: {{{ᠤᠯᠠᠰ}}}
ᠬᠤᠪᠢ ᠤᠨ ᠮᠡᠳᠡᠭᠡᠯᠡᠯ
ᠪᠦᠲᠦᠨ ᠨᠡᠷ᠎ᠡ ᠮᠠᠶᠡᠷ ᠫᠷᠢᠩᠰᠢᠲᠠᠢ ᠶᠢᠨ
ᠲᠦᠷᠦᠭᠰᠡᠨ ᠣᠩᠨᠠᠭ᠎ᠠ 1878 ᠣᠨ ᠤ 12 ᠰᠠᠷ᠎ᠠ ᠶᠢᠨ 22
ᠲᠦᠷᠦᠭᠰᠡᠨ ᠭᠠᠵᠠᠷ ᠱᠤᠴᠢᠨᠫᠣᠯᠢᠰᠢ
ᠨᠠᠰᠤ ᠪᠠᠷᠠᠭᠰᠠᠨ ᠣᠩᠨᠠᠭ᠎ᠠ 1925 ᠣᠨ ᠤ 3 ᠰᠠᠷ᠎ᠠ ᠶᠢᠨ 10
ᠨᠠᠰᠤ ᠪᠠᠷᠠᠭᠰᠠᠨ ᠭᠠᠵᠠᠷ ᠨᠶᠤ-ᠢᠣᠷᠺ
 
ᠮᠧᠳᠠᠯ ᠤᠳ
ᠵᠤᠨ ᠤ ᠣᠯᠢᠮᠫᠢᠺ
ᠠᠯᠲᠠ ᠫᠠᠷᠢᠰ 1900 ᠭᠤᠷᠪᠠ ᠶᠢᠨ ᠬᠠᠷᠠᠶᠢᠯᠲᠠ
ᠮᠥᠩᠭᠥ ᠫᠠᠷᠢᠰ 1900 ᠤᠷᠲᠤ ᠶᠢᠨ ᠬᠠᠷᠠᠶᠢᠯᠲᠠ
ᠠᠯᠲᠠ ᠰᠧᠨᠲ-ᠯᠤᠶᠢᠰ 1904 ᠭᠤᠷᠪᠠ ᠶᠢᠨ ᠬᠠᠷᠠᠶᠢᠯᠲᠠ
ᠠᠯᠲᠠ ᠰᠧᠨᠲ-ᠯᠤᠶᠢᠰ 1904 ᠤᠷᠲᠤ ᠶᠢᠨ ᠬᠠᠷᠠᠶᠢᠯᠲᠠ

ᠮᠠᠶᠡᠷ ᠫᠷᠢᠩᠰᠢᠲᠠᠢ ᠶᠢᠨ (Myer ᠪᠤᠶᠤ Meyer Prinstein, ᠠᠩᠬ᠎ᠠ Mejer Prinsztejn, 1878 ᠣᠨ ᠤ 12 ᠰᠠᠷ᠎ᠠ ᠶᠢᠨ 22– 1925 ᠣᠨ ᠤ 3 ᠰᠠᠷ᠎ᠠ ᠶᠢᠨ 10) ᠨᠢ ᠠᠮᠧᠷᠢᠺᠠᠡᠶᠢᠨ ᠬᠥᠩᠭᠡᠨ ᠠᠲᠯᠧᠲ᠋ᠢᠭᠴᠤ᠂ ᠠᠶᠠᠷᠯᠠᠨᠲ-ᠠᠮᠧᠷᠢᠺᠠᠴᠤᠳ ᠤᠨ ᠬᠥᠩᠭᠡᠨ ᠠᠲᠯᠧᠲ᠋ᠢᠭ ᠤᠨ ᠺᠯᠥ᠋ᠪᠡᠶᠢᠨ ᠲᠠᠮᠢᠷᠴᠢᠨ ᠪᠥᠭᠡᠳ ᠤᠷᠲᠤ ᠶᠢᠨ ᠬᠠᠷᠠᠶᠢᠯᠲᠠ ᠶᠢᠨ ᠳᠡᠯᠡᠬᠡᠢ ᠶᠢᠨ ᠳᠡᠭᠡᠳᠦ ᠠᠮᠵᠢᠯᠲᠠ ᠶᠢ ᠡᠵᠡᠮᠰᠢᠵᠦ ᠪᠠᠶᠢᠭᠰᠠᠨ᠂ ᠣᠯᠢᠮᠫᠢᠺ ᠤᠨ 3 ᠠᠯᠲᠠᠨ ᠮᠧᠳᠠᠯ ᠲᠠᠢ᠃

ᠪᠠᠭ᠎ᠠ ᠨᠠᠰᠤ[ᠵᠠᠰᠠᠪᠤᠷᠢᠯᠠᠬᠤ | ᠺᠣᠳ᠋ ᠢᠶᠠᠷ ᠵᠠᠰᠠᠬᠣ]

ᠫᠷᠢᠩᠰᠢᠲᠠᠢ ᠶᠢᠨ 1878 ᠣᠨ ᠳᠤ ᠫᠣᠯᠢᠰᠢᠡᠶᠢᠨ ᠱᠤᠴᠢᠨ ᠳᠤ ᠲᠥᠷᠦᠵᠢᠭᠡ᠃ ᠲᠡᠭᠦᠨ ᠦ ᠡᠴᠢᠭᠡ ᠡᠬᠡ ᠶᠠᠺᠣᠪ᠂ ᠵᠤᠯᠢᠶ᠎ᠠ ᠫᠷᠢᠩᠰᠢᠲᠠᠢ ᠶᠢᠨ (ᠬᠠᠭᠤᠴᠢᠨ ᠶᠠᠩᠺᠧᠯ ᠫᠷᠢᠩᠰᠢᠲᠠᠢ ᠶᠢᠨ᠂ ᠵᠤᠳᠧᠰ ᠷᠦᠪᠢᠩᠰᠢᠲᠠᠢ ᠶᠢᠨ[1]) ᠨᠠᠷ ᠫᠣᠯᠢᠰᠢ-ᠣᠷᠣᠰ ᠤᠨ ᠢᠪᠡᠷᠡᠢ ᠨᠦᠭᠦᠳ ᠪᠠᠶᠢᠭᠰᠠᠨ ᠪᠥᠭᠡᠳ ᠲᠡᠳᠡ 1883 ᠣᠨ ᠳᠤ ᠨᠶᠤ-ᠢᠣᠷᠺ ᠷᠤ ᠴᠠᠭᠠᠴᠢᠯᠠᠵᠠᠢ᠃ ᠤᠳᠠᠯ ᠦᠭᠡᠢ ᠰᠢᠷᠠᠺᠶᠽ ᠷᠤ ᠨᠡᠭᠦᠭᠰᠡᠨ ᠪᠥᠭᠡᠳ ᠮᠠᠶᠡᠷ ᠲᠡᠨᠳᠡ ᠥᠰᠴᠢ ᠲᠣᠷᠨᠢᠭᠰᠠᠨ ᠪᠠᠶᠢᠨ᠎ᠠ᠃ ᠲᠡᠳᠡ 5 ᠥᠬᠢᠨ᠂ 4 ᠬᠦᠦᠲᠡᠢ ᠪᠠᠶᠢᠭᠰᠠᠨ ᠠᠵᠢ᠃ ᠠᠪᠤ ᠶᠠᠺᠣᠪ ᠨᠢ ᠨᠣᠭᠣᠭ᠎ᠠ᠂ ᠲᠠᠯᠬ᠎ᠠ ᠨᠠᠷᠢᠨ ᠪᠣᠣᠪᠣᠨ ᠤ ᠮᠤᠬᠤᠯᠠᠭ ᠠᠵᠢᠯᠯᠠᠭᠤᠯᠳᠠᠭ ᠪᠠᠶᠢᠪᠠ᠃ ᠮᠠᠶᠡᠷ 9 ᠬᠡᠦᠬᠡᠳ ᠦᠨ ᠭᠤᠷᠪᠠ ᠳᠠᠬᠢ ᠨᠢ ᠪᠠᠶᠢᠯ᠎ᠠ᠃

ᠲᠡᠷᠡ ᠰᠢᠷᠠᠺᠶᠽ ᠶᠡᠬᠡ ᠰᠤᠷᠭᠠᠭᠤᠯᠢ ᠶᠢᠨ ᠬᠥᠩᠭᠡᠨ ᠠᠲᠯᠧᠲ᠋ᠢᠭ ᠤᠨ ᠪᠠᠭ ᠤᠨ ᠠᠬᠠᠯᠠᠭᠴᠢ ᠪᠠᠶᠢᠭᠰᠠᠨ ᠪᠥᠭᠡᠳ ᠶᠡᠬᠡ ᠰᠤᠷᠭᠠᠭᠤᠯᠢ ᠪᠠᠨ ᠬᠠᠤᠯᠢ ᠶᠢᠨ ᠤᠬᠠᠭᠠᠨ ᠤ ᠣᠶᠣᠳᠠᠨ ᠤ ᠵᠡᠷᠭᠡ ᠲᠡᠢ ᠲᠡᠭᠦᠰᠴᠡᠢ᠃

ᠳᠡᠯᠡᠬᠡᠢ ᠶᠢᠨ ᠳᠡᠭᠡᠳᠦ ᠠᠮᠵᠢᠯᠲᠠ[ᠵᠠᠰᠠᠪᠤᠷᠢᠯᠠᠬᠤ | ᠺᠣᠳ᠋ ᠢᠶᠠᠷ ᠵᠠᠰᠠᠬᠣ]

ᠫᠷᠢᠩᠰᠢᠲᠠᠢ ᠶᠢᠨ 1898 ᠣᠨ ᠤ 6 ᠰᠠᠷ᠎ᠠ ᠶᠢᠨ 11 ᠍ ᠳᠦ ᠨᠶᠤ-ᠢᠣᠷᠺ ᠲᠤ ᠤᠷᠲᠤ ᠶᠢᠨ ᠬᠠᠷᠠᠶᠢᠯᠲᠠ ᠢᠶᠠᠷ 7.235 ᠮ (23' 8⅞《) ᠍ ᠦᠨ ᠠᠮᠵᠢᠯᠲᠠ ᠦᠵᠡᠭᠦᠯᠵᠦ᠂ ᠳᠡᠯᠡᠬᠡᠢ ᠶᠢᠨ ᠳᠡᠭᠡᠳᠦ ᠠᠮᠵᠢᠯᠲᠠ ᠲᠣᠭᠲᠠᠭᠠᠪᠠ᠃ ᠲᠡᠭᠦᠨ ᠦ ᠡᠨᠡ ᠠᠮᠵᠢᠯᠲᠠ ᠶᠢ ᠡᠬᠢᠯᠡᠭᠡᠳ ᠠᠶᠠᠷᠯᠠᠨᠲ ᠍ ᠤᠨ ᠸᠢᠯᠯᠠᠮ ᠨᠶᠦᠪᠦᠷᠢᠨ ᠮᠥᠨ ᠣᠨ ᠤ 6 ᠰᠠᠷ᠎ᠠ ᠶᠢᠨ 18 ᠍ ᠳᠦ᠂ ᠳᠠᠷᠠᠭ᠎ᠠ ᠨᠢ ᠡᠯᠸᠢᠨ ᠺᠷᠢᠨᠴᠢᠯᠠᠢ ᠶᠢᠨ 1899 ᠣᠨ ᠤ 5 ᠰᠠᠷ᠎ᠠ ᠶᠢᠨ 26 ᠍ ᠳᠦ ᠠᠬᠢᠭᠤᠯᠤᠭᠰᠠᠨ ᠪᠠᠶᠢᠨ᠎ᠠ᠃ 1900 ᠣᠨ ᠤ 4 ᠰᠠᠷ᠎ᠠ ᠶᠢᠨ 28 ᠍ ᠳᠦ ᠫᠷᠢᠩᠰᠢᠲᠠᠢ ᠶᠢᠨ ᠹᠢᠯᠠᠳᠧᠯᠹᠢ ᠬᠣᠲᠣᠩ ᠢᠶᠠᠨ 7.50 ᠮ (24’ 7¼》) ᠬᠠᠷᠠᠶᠢᠵᠤ ᠳᠡᠯᠡᠬᠡᠢ ᠶᠢᠨ ᠰᠢᠨ᠎ᠡ ᠳᠡᠭᠡᠳᠦ ᠠᠮᠵᠢᠯᠲᠠ ᠲᠣᠭᠲᠣᠵᠠᠢ᠃ ᠲᠡᠭᠦᠨ ᠦ ᠡᠨᠡ ᠠᠮᠵᠢᠯᠲᠠ 4 ᠰᠠᠷ᠎ᠠ ᠲᠡᠰᠦᠭᠰᠡᠨ ᠪᠥᠭᠡᠳ 1900 ᠣᠨ ᠤ 8 ᠰᠠᠷ᠎ᠠ ᠶᠢᠨ 29 ᠍ ᠳᠦ ᠢᠷᠯᠠᠨᠳ᠋ ᠍ ᠤᠨ ᠫᠧᠲ᠋ᠧᠷ ᠣ'ᠺᠣᠨᠨᠣᠷ ᠡᠪᠳᠡᠭᠰᠡᠨ ᠶᠤᠮ᠃

ᠬᠣᠵᠢᠮ ᠤᠨ ᠠᠮᠢᠳᠤᠷᠠᠯ[ᠵᠠᠰᠠᠪᠤᠷᠢᠯᠠᠬᠤ | ᠺᠣᠳ᠋ ᠢᠶᠠᠷ ᠵᠠᠰᠠᠬᠣ]

1906 ᠣᠨ ᠠᠴᠠ ᠬᠣᠶᠢᠰᠢ ᠫᠷᠢᠩᠰᠢᠲᠠᠢ ᠶᠢᠨ ᠨᠶᠤ-ᠢᠣᠷᠺ ᠬᠣᠲᠠ ᠶᠢᠨ ᠺᠡ ᠦᠨᠰ ᠳᠡᠭᠦᠷᠭᠡ ᠶᠢᠨ ᠢᠮᠠᠶᠢᠺᠠᠳ ᠠᠮᠢᠳᠤᠷᠠᠵᠤ᠂ ᠬᠠᠤᠯᠢ ᠶᠢᠨ ᠰᠠᠯᠪᠤᠷᠢ ᠳᠤ ᠠᠵᠢᠯᠯᠠᠵᠤ ᠪᠠᠶᠢᠭᠰᠠᠨ ᠪᠥᠭᠡᠳ ᠬᠣᠵᠢᠮ ᠪᠢᠽᠢᠨ᠋ᠧᠰ ᠡᠷᠬᠢᠯᠡᠵᠦ ᠪᠠᠶᠢᠪᠠ᠃ ᠲᠡᠷᠡ 1925 ᠣᠨ ᠤ 3 ᠰᠠᠷ᠎ᠠ ᠶᠢᠨ 10 ᠍ ᠳᠦ ᠨᠶᠤ-ᠢᠣᠷᠺ ᠬᠣᠲᠠ ᠶᠢᠨ ᠮᠠᠤᠩ ᠳᠤ ᠰᠢᠨᠠᠢ ᠡᠮᠨᠡᠯᠭᠡ ᠳᠦ ᠵᠢᠷᠦᠬᠡᠨ ᠦ ᠡᠪᠡᠳᠴᠢᠨ ᠦ ᠤᠯᠠᠮ ᠠᠴᠠ ᠨᠠᠰᠤ ᠨᠥᠭᠴᠢᠵᠡᠢ᠃

ᠫᠷᠢᠩᠰᠢᠲᠠᠢ ᠶᠢᠨ 1982 ᠣᠨ ᠳᠤ ᠣᠯᠠᠨ ᠤᠯᠤᠰ ᠤᠨ ᠶᠡᠸᠷᠧᠢᠴᠦᠳ ᠦᠨ ᠰᠫᠣᠷᠲ ᠤᠨ ᠠᠯᠳᠠᠷ ᠤᠨ ᠲᠠᠩᠬᠢᠮ ᠳᠤ ᠪᠠᠭᠲᠤᠭᠰᠠᠨ ᠪᠢᠯᠡ᠃

ᠵᠡᠭᠦᠯᠲᠡ[ᠵᠠᠰᠠᠪᠤᠷᠢᠯᠠᠬᠤ | ᠺᠣᠳ᠋ ᠢᠶᠠᠷ ᠵᠠᠰᠠᠬᠣ]

  1. Szczuczyn Marriage Register 1870

ᠡᠰᠢᠯᠡᠯ[ᠵᠠᠰᠠᠪᠤᠷᠢᠯᠠᠬᠤ | ᠺᠣᠳ᠋ ᠢᠶᠠᠷ ᠵᠠᠰᠠᠬᠣ]

ᠸᠢᠭᠮᠧᠳᠢᠶᠠ ᠵᠢᠷᠤᠭ ᠤᠨ ᠰᠠᠩ:
«ᠮᠠᠶᠡᠷ ᠫᠷᠢᠩᠰᠢᠲᠠᠢ ᠶᠢᠨ»
  • Greenberg, Stan (1987). Olympic Games: The Records. London: Guinness Books. ISBN 0-85112-896-3. 
  • Kieran, John (1977). The Story of the Olympic Games; 776 B.C. to 1976. Philadelphia and New York: J.B. Lippincott Company. ISBN 0-397-01168-7. 

ᠭᠠᠳᠠᠨ᠎ᠠ ᠶᠢᠨ ᠬᠣᠯᠪᠣᠭᠠᠰᠤ[ᠵᠠᠰᠠᠪᠤᠷᠢᠯᠠᠬᠤ | ᠺᠣᠳ᠋ ᠢᠶᠠᠷ ᠵᠠᠰᠠᠬᠣ]

ᠪᠢᠴᠢᠭᠡᠰᠦ