ᠮᠠᠶᠠ ᠦᠰᠦᠭ ᠪᠢᠴᠢᠭ

ᠴᠢᠯᠦᠭᠡᠲᠦ ᠨᠡᠪᠲᠡᠷᠬᠡᠢ ᠲᠣᠯᠢ — ᠸᠢᠺᠢᠫᠧᠳᠢᠶ᠎ᠠ ᠠᠴᠠ
ᠬᠠᠷᠠᠶᠢᠬᠤ: ᠤᠳᠤᠷᠢᠳᠬᠤ, ᠬᠠᠶᠢᠯᠲᠠ
ᠮᠠᠶᠠ ᠦᠰᠦᠭ ᠪᠢᠴᠢᠭ
CodexPages6 8.jpg
Dresden Codex (ᠳ᠋ᠷᠧᠰᠳᠧᠨ ᠤ ᠴᠠᠭᠠᠵᠠ)   ᠤᠨ6, 7 ᠪᠠ 8 ᠳ᠋ᠤᠭᠠᠷ ᠨᠢᠭᠤᠷ ᠂ ᠴᠠᠭᠠᠨ ᠲᠣᠯᠣᠭᠠᠢ ᠳᠤᠭᠠᠨ ᠤ ᠲᠡᠮᠳᠡᠭ ᠪᠣᠯᠣᠨ ᠮᠠᠶᠠ ᠪᠢᠴᠢᠭ ᠲᠤ ᠦᠷᠭᠦᠯᠵᠢ ᠬᠡᠷᠡᠭᠯᠡᠭᠳᠡᠳᠡᠭ ᠵᠢᠷᠤᠭ ᠤᠳ ᠢ ᠦᠵᠡᠭᠦᠯᠵᠡᠢ᠃
ᠲᠥᠷᠥᠯ Alternative ᠳᠦᠷᠰᠦᠲᠦ ᠦᠰᠦᠭ ᠪᠠ ᠦᠶᠡᠲᠦ ᠦᠰᠦᠭ ᠦᠨ ᠲᠡᠮᠳᠡᠭ ᠤᠳ
ᠦᠭᠡ ᠬᠡᠯᠡ ᠮᠠᠶᠠ ᠬᠡᠯᠡ
ᠴᠠᠭ ᠮᠠᠨ ᠤ ᠡᠷᠢᠨ ᠡᠴᠡ ᠡᠮᠦᠨ᠎ᠡ 3 ᠳ᠋ᠤᠭᠠᠷ ᠵᠠᠭᠤᠨ  ᠠᠴᠠ ᠮᠠᠨ ᠤ ᠡᠷᠢᠨ ᠦ 16 ᠳ᠋ᠤᠭᠠᠷ ᠵᠠᠭᠤᠨ
ISO 15924 Maya, 090
ᠴᠢᠭᠯᠡᠯ ᠬᠣᠯᠢᠮᠠᠭ
ᠶᠦᠨᠢᠺᠣᠳ᠋ ᠤᠨ ᠬᠦᠷᠢᠶᠡᠨ ᠳᠦ None
(tentative range U+15500–U+159FF)
ᠠᠩᠬᠠᠷ᠄ᠡᠨᠡ ᠬᠠᠭᠤᠳᠠᠰᠤᠨ ᠳᠤ ᠶᠦᠨᠢᠺᠣᠳ᠋ ᠢᠶᠠᠷ ᠣᠯᠠᠨ ᠤᠯᠤᠰ ᠤᠨ ᠠᠪᠢᠶ᠎ᠠ ᠵᠦᠢ ᠶᠢᠨ ᠴᠠᠭᠠᠨ ᠲᠣᠯᠣᠭᠠᠢ ᠶᠢᠨ ᠦᠰᠦᠭ᠂ ᠲᠡᠮᠳᠡᠭ ᠦᠳ ᠪᠠᠶᠢᠵᠤ ᠮᠠᠭᠠᠳ ᠦᠭᠡᠢ᠃

ᠮᠠᠶᠠ ᠦᠰᠦᠭ ᠪᠢᠴᠢᠭ ᠂ ᠡᠰᠡᠪᠡᠯ ᠮᠠᠶᠠ ᠦᠰᠦᠭ ᠦᠨ ᠳᠦᠷᠰᠦᠪᠤᠶᠤ ᠮᠠᠶᠠ ᠳᠦᠷᠰᠦᠲᠦ ᠦᠰᠦᠭ ᠨᠢ ᠳᠤᠮᠳᠠᠳᠤ ᠠᠮᠧᠷᠢᠺᠠ ᠲᠢᠪ ᠤᠨ ᠮᠠᠶᠠ ᠶᠢᠨ ᠪᠤᠯᠪᠠᠰᠤᠨ ᠤ ᠬᠡᠷᠡᠭᠯᠡᠵᠦ ᠪᠠᠶᠢᠭᠰᠠᠨ ᠦᠰᠦᠭ ᠪᠢᠴᠢᠭ ᠤᠨ ᠰᠢᠰᠲ᠋ᠧᠮ ᠮᠥᠨ᠃ ᠬᠠᠮᠤᠭ ᠠᠩᠬᠠᠨ ᠤ ᠮᠠᠶᠠ ᠶᠢᠨ ᠬᠦᠰᠢᠶᠡᠨ ᠪᠢᠴᠢᠭ ᠢ ᠭᠤᠸᠠᠲ᠋ᠧᠮᠠᠯᠠ  ᠶᠢᠨ ᠰᠠᠨ ᠪᠠᠷᠲ᠋ᠣᠯᠣ᠋ ᠠᠴᠠ ᠣᠯᠣᠭᠰᠠᠨ ᠶᠤᠮ ᠃[1][2]

ᠬᠡᠯᠡ ᠨᠤᠭᠤᠳ[ᠵᠠᠰᠠᠪᠤᠷᠢᠯᠠᠬᠤ | ᠺᠣᠳ᠋ ᠢᠶᠠᠷ ᠵᠠᠰᠠᠬᠣ]

ᠣᠳᠣ ᠪᠠᠷ ᠦᠯᠡᠳᠡᠭᠳᠡᠵᠦ ᠢᠷᠡᠭᠰᠡᠨ ᠬᠠᠭᠤᠯᠠᠮᠠᠯ ᠪᠣᠯᠣᠨ ᠰᠣᠩᠭᠣᠳᠠᠭ ᠪᠢᠴᠢᠭ ᠤᠳ ᠢ ᠶᠡᠷᠦ ᠳᠦ ᠪᠡᠨ ᠮᠠᠶᠠ ᠶᠢᠨ ᠪᠢᠴᠢᠭᠡᠴᠢ᠂ ᠯᠠᠮᠠ ᠨᠠᠷ ᠴᠣᠯᠲ᠋ᠢ (Ch’olti’) ᠬᠡᠯᠡ ᠪᠡᠷ ᠪᠢᠴᠢᠯ᠎ᠡ ᠭᠡᠵᠦ ᠦᠵᠡᠳᠡᠭ᠃[3][4]  ᠶᠦᠺᠠᠲ᠋ᠠᠨ᠂ ᠫᠧᠲ᠋ᠧᠨ ᠵᠡᠷᠭᠡ ᠬᠡᠯᠡ ᠪᠠ ᠦᠨᠳᠦᠷ ᠭᠠᠵᠠᠷ ᠤᠨ ᠮᠠᠶᠠ ᠬᠡᠯᠡ ᠳᠤ ᠴᠤ ᠬᠡᠷᠡᠭᠯᠡᠵᠦ ᠪᠠᠶᠢᠵᠠᠢ᠃[4] ᠮᠠᠶᠠ ᠪᠢᠴᠢᠭ ᠢ ᠭᠣᠣᠯᠳᠠᠭᠤ ᠴᠢᠯᠠᠭᠤ᠂ ᠠᠷᠠᠰᠤ ᠪᠤᠶᠤ ᠮᠠᠶᠠ ᠬᠦᠮᠦᠨ ᠦ ᠬᠢᠭᠰᠡᠨ ᠴᠠᠭᠠᠰᠤᠨ ᠳᠡᠭᠡᠷ᠎ᠡ ᠲᠡᠮᠳᠡᠭᠯᠡᠳᠡᠭ ᠪᠠᠶᠢᠵᠠᠢ᠃

ᠪᠦᠲᠦᠴᠡ[ᠵᠠᠰᠠᠪᠤᠷᠢᠯᠠᠬᠤ | ᠺᠣᠳ᠋ ᠢᠶᠠᠷ ᠵᠠᠰᠠᠬᠣ]

ᠮᠠᠶᠠ ᠦᠰᠦᠭ ᠪᠢᠴᠢᠭ ᠪᠣᠯ ᠳᠦᠷᠰᠦᠲᠦ ᠦᠰᠦᠭ ᠦᠨ ᠰᠢᠰᠲ᠋ᠧᠮ ᠶᠤᠮ᠃ ᠮᠠᠶᠠ ᠦᠰᠦᠭ ᠦᠨ ᠭᠠᠭᠴᠠ ᠨᠢᠭᠡ ᠦᠰᠦᠭ ᠦᠨ ᠳᠦᠷᠰᠦ(ᠲᠡᠮᠳᠡᠭ) ᠨᠢ ᠨᠢᠭᠡᠨ ᠦᠭᠡᠰ ᠪᠤᠶᠤ ᠨᠢᠭᠡ ᠠᠪᠢᠶ᠎ᠠ ᠵᠢ ᠢᠯᠡᠳᠬᠡᠳᠡᠭ; ᠶᠡᠷᠦᠩᠬᠡᠢ ᠳᠦ ᠪᠡᠨ᠂ ᠢᠵᠢᠯᠬᠡᠨ ᠨᠢᠭᠡ ᠦᠰᠦᠭ ᠦᠨ ᠳᠦᠷᠰᠦ ᠨᠢ ᠶᠡᠬᠡᠪᠴᠢᠯᠡᠨ ᠬᠣᠶᠠᠭᠤᠯᠠ ᠳᠤ ᠨᠢ ᠠᠰᠢᠭᠯᠠᠭᠳᠠᠳᠠᠭ᠃ ᠵᠢᠰᠢᠶᠡᠯᠡᠪᠡᠯ᠂ ᠴᠠᠭ ᠤᠯᠠᠷᠢᠯ ᠤᠨ ᠦᠰᠦᠭ ᠦᠨ ᠳᠦᠷᠰᠦ MANIK’ ᠨᠢ ᠮᠥᠨ ᠴᠦ chiᠭᠡᠰᠡᠨ ᠠᠪᠢᠶ᠎ᠠ ᠶᠢ ᠲᠡᠮᠳᠡᠭᠯᠡᠳᠡᠭ᠃ ( ᠵᠠᠩᠰᠢᠯ ᠢᠶᠠᠷ ᠶᠡᠬᠡ ᠪᠢᠴᠢᠯᠭᠡ ᠨᠢ ᠳᠦᠷᠰᠦᠲᠦ ᠦᠰᠦᠭ ᠦᠨ ᠤᠳᠬ᠎ᠠ ᠶᠢᠨ ᠳᠠᠭᠤᠳᠠᠯᠭ᠎ᠠ᠂ ᠨᠠᠯᠠᠤ ᠲᠢᠭ ᠨᠢ ᠠᠪᠢᠶ᠎ᠠ ᠶᠢᠨ ᠳᠠᠭᠤᠳᠠᠯᠭ᠎ᠠ ᠶᠢ ᠢᠯᠡᠳᠬᠡᠳᠡᠭ) ᠡᠶᠢᠮᠦ ᠪᠣᠯᠣᠮᠵᠢ ᠪᠠᠶᠢᠳᠠᠭ ᠂ ᠭᠡᠪᠡᠴᠦ ᠲᠣᠳᠣᠷᠬᠠᠢ ᠪᠢᠰᠢ᠂ ᠳᠦᠷᠰᠦᠲᠦ ᠦᠰᠦᠭ ᠦᠳ ᠰᠢᠨ᠎ᠡ ᠬᠡᠯᠡᠨ ᠳᠦ ᠳᠠᠰᠤᠨ ᠵᠣᠬᠢᠴᠠᠬᠤ ᠦᠶᠡᠰ ᠡᠳᠡᠭᠡᠷ ᠵᠦᠷᠢᠴᠡᠯ ᠲᠡᠢ ᠤᠩᠰᠢᠯᠭ᠎ᠠ ᠨᠤᠭᠤᠳ ᠡᠭᠦᠰᠦᠭᠰᠡᠨ ᠪᠠᠶᠢᠳᠠᠭ ᠂  ᠶᠠᠫᠣᠨ ᠬᠡᠯᠡᠨ ᠦ ᠺᠠᠨᠵᠢ᠂ ᠠᠰᠰᠢᠷᠣ᠋ ᠪᠠᠪᠢᠯᠤᠨ ᠵᠡᠷᠭᠡ ᠦᠰᠦᠭ ᠦᠳ ᠪᠠᠰᠠ ᠡᠶᠢᠮᠦ ᠪᠠᠶᠢᠳᠠᠭ᠃ ᠡᠭᠦᠨ ᠡᠴᠡ ᠦᠭᠡᠷ᠎ᠡ ᠪᠠᠰᠠ ᠣᠨᠳᠣᠣ ᠬᠡᠳᠦᠨ ᠦᠰᠦᠭ ᠢ ᠢᠵᠢᠯᠢ ᠠᠷᠭ᠎ᠠ ᠪᠠᠷ ᠤᠩᠰᠢᠬᠤ ᠦᠵᠡᠭᠳᠡᠯ ᠪᠠᠶᠢᠳᠠᠭ᠂ ᠵᠢᠱᠢᠶᠡᠯᠡᠬᠦ ᠳᠤ᠂ ᠵᠢᠷᠭᠤᠭᠠᠨ ᠣᠭᠲᠣ ᠬᠠᠮᠢᠶ᠎ᠠ ᠦᠭᠡᠢ ᠳᠦᠷᠰᠦᠲᠦ ᠦᠰᠦᠭ ᠨᠢ ᠭᠤᠷᠪᠠᠳᠤᠭᠠᠷ ᠪᠡᠶ᠎ᠡ ᠶᠢᠨ ᠲᠥᠯᠥᠭᠡᠨ ᠦ ᠦᠭᠡ u-   ᠶᠢ ᠢᠯᠡᠳᠬᠡᠳᠡᠭ᠃

ᠮᠠᠶᠠ ᠦᠰᠦᠭ ᠬᠣᠶᠠᠷ ᠮᠥᠷ ᠢᠶᠠᠷ ᠳᠡᠭᠡᠷ᠎ᠡ ᠡᠴᠡ ᠳᠣᠷᠣᠭᠰᠢ ᠵᠢᠭᠰᠠᠭᠠᠨ ᠪᠢᠴᠢᠵᠦ᠂ ᠵᠡᠭᠦᠨ ᠡᠴᠡ ᠪᠠᠷᠠᠭᠤᠨᠰᠢ ᠳᠠᠬᠢᠨ ᠳᠣᠭᠣᠭᠰᠢ ᠪᠠᠭᠤᠨ ᠵᠡᠭᠦᠨ ᠡᠴᠡ ᠪᠠᠷᠠᠭᠤᠨᠰᠢ ᠪᠠᠷ ᠤᠩᠰᠢᠳᠠᠭ᠃

ᠵᠢᠵᠢᠭ ᠵᠢᠷᠤᠭ ᠢ ᠡᠭᠦᠰᠭᠡᠬᠦ ᠳ᠋ᠦ ᠠᠯᠳᠠᠭ᠎ᠠ ᠭᠠᠷᠤᠯ᠎ᠠ: Unable to save thumbnail to destination
ᠮᠠᠶᠠ ᠬᠦᠰᠢᠶᠡᠨ ᠪᠢᠴᠢᠭ ᠳᠡᠭᠡᠷ᠎ᠡ ᠶᠡᠬᠡᠪᠴᠢᠯᠡᠨ ᠬᠣᠶᠠᠷ ᠮᠥᠷ ᠢᠶᠠᠷ ᠪᠢᠴᠢᠵᠦ᠂ ᠮᠥᠷ ᠪᠦᠷᠢ ᠵᠡᠭᠦᠨ ᠡᠴᠡ ᠪᠠᠷᠠᠭᠤᠨᠰᠢ ᠂ ᠳᠡᠭᠡᠷ᠎ᠡ ᠡᠴᠡ ᠳᠣᠷᠣᠭᠰᠢ ᠪᠠᠨ ᠤᠩᠰᠢᠳᠠᠭ᠃

ᠮᠠᠶᠠ ᠦᠰᠦᠭ ᠪᠢᠴᠢᠭ ᠦᠨ ᠬᠡᠯᠪᠡᠷᠢ ᠨᠢ ᠦᠨᠳᠦᠰᠦᠨ ᠳᠦ ᠪᠡᠨ ᠵᠢᠷᠤᠭ ᠳᠦᠷᠰᠦ ᠶᠢᠨ ᠬᠡᠯᠪᠡᠷᠢ ᠲᠠᠢ ᠪᠠᠶᠢᠳᠠᠭ᠃ ᠡᠳᠡᠭᠡᠷ ᠦᠰᠦᠭ ᠦᠳ ᠡᠬᠢᠨ ᠳᠦ ᠪᠡᠨ ᠨᠢᠭᠡ ᠵᠢᠷᠤᠭ ᠳᠦᠷᠰᠦ ᠪᠡᠷ ᠨᠢᠭᠡ ᠦᠭᠡᠰ ᠂ ᠦᠢᠯᠡ ᠶᠠᠪᠤᠳᠠᠯ ᠢ ᠢᠯᠡᠳᠬᠡᠵᠦ ᠪᠠᠶᠢᠭᠰᠠᠨ ᠢᠶᠠᠨ ᠭᠠᠭᠴᠠ ᠦᠭᠡᠰ ᠨᠢ ᠳᠠᠩ ᠠᠪᠢᠶ᠎ᠠ ᠶᠢ ᠢᠯᠡᠳᠭᠡᠬᠦ ᠠᠷᠭ᠎ᠠ ᠪᠠᠷ ᠠᠪᠢᠶ᠎ᠠ ᠶᠢ ᠲᠡᠮᠳᠡᠭᠯᠡᠵᠦ ᠡᠬᠢᠯᠡᠵᠦ᠂ ᠨᠢᠭᠡ ᠠᠪᠢᠶ᠎ᠠ ᠨᠢ ᠡᠬᠡᠰᠢᠭ ᠬᠡᠯᠪᠡᠷᠢ ᠪᠡᠷ ᠲᠡᠭᠦᠰᠬᠦ ᠡᠰᠡᠪᠡᠯ ᠪᠠᠯᠠᠷᠬᠠᠢ ᠭᠡᠶᠢᠭᠦᠯᠦᠭᠴᠢ y, w, h, ᠪᠤᠶᠤ ʔ(ᠪᠢᠲᠡᠭᠦᠦ ᠬᠣᠭᠣᠯᠠᠢ ᠶᠢᠨ ᠠᠪᠢᠶ᠎ᠠ) ᠢᠶᠠᠷ ᠲᠡᠭᠦᠰᠲᠡᠭ᠃ ᠡᠳᠡᠭᠡᠷ ᠠᠪᠢᠶᠠᠨ ᠤ ᠡᠯᠧᠮᠧᠨ᠋ᠲ ᠢ ᠢᠯᠡᠷᠬᠡᠶᠢᠯᠡᠳᠡᠭ ᠦᠰᠦᠭ ᠦᠳ ᠨᠢ ᠡᠬᠢᠨ ᠳᠦ ᠪᠡᠨ ᠪᠦᠷ ᠵᠢᠷᠤᠭ ᠳᠦᠷᠰᠦ ᠶᠢᠨ ᠬᠡᠯᠪᠡᠷᠢ ᠲᠠᠢ ᠂ ᠭᠠᠭᠴᠠ ᠦᠭᠡᠰ ᠢ ᠢᠯᠡᠳᠬᠡᠳᠡᠭ ᠪᠠᠶᠢᠵᠠᠢ᠃ ᠵᠢᠰᠢᠶᠡᠯᠡᠪᠡᠯ᠄ 'ᠵᠢᠭᠠᠰᠤᠨ ᠰᠡᠷᠪᠡᠭᠡ' (ᠮᠠᠶᠠ ᠪᠠᠷ [kah]—ᠵᠢᠭᠠᠰᠤᠨ ᠰᠡᠷᠪᠡᠭᠡ ᠪᠠ ᠰᠡᠷᠪᠡᠭᠡ ᠨᠢ ᠢᠯᠡ ᠵᠢᠭᠠᠰᠤᠨ ᠤ ᠬᠡᠯᠪᠡᠷᠢ ᠲᠠᠢ ᠬᠣᠶᠠᠷ ᠵᠦᠢᠯ ᠦᠨ ᠳᠦᠷᠰᠦ ᠪᠠᠷ ᠲᠡᠮᠳᠡᠭᠯᠡᠵᠦ ᠪᠠᠶᠢᠳᠠᠭ ᠢ ᠮᠡᠳᠡᠭᠡᠳ ᠪᠠᠶᠢᠨ᠎ᠠ)ᠪᠡᠷ ka ᠠᠪᠢᠶ᠎ᠠ ᠶᠢ ᠲᠡᠮᠳᠡᠭᠯᠡᠬᠦ ᠪᠣᠯᠣᠭᠰᠠᠨ᠃ᠡᠳᠡᠭᠡᠷ ᠦᠶᠡᠲᠦ ᠠᠪᠢᠶ᠎ᠠ ᠨᠤᠭᠤᠳ ᠭᠣᠣᠯᠳᠠᠭᠤ ᠬᠣᠶᠠᠷ ᠲᠠᠯ᠎ᠠ ᠶᠢᠨ ᠡᠭᠦᠷᠭᠡ ᠶᠢ ᠭᠦᠢᠴᠡᠳᠭᠡᠳᠡᠭ᠂ ᠡᠭᠦᠨ ᠳᠦ᠄ ᠲᠡᠷᠡ ᠨᠢ ᠨᠢᠭᠡ ᠦᠭᠡ ᠶᠢᠨ ᠨᠦᠬᠦᠪᠦᠷᠢ ᠠᠪᠢᠶ᠎ᠠ ᠪᠠᠷ ᠬᠡᠷᠡᠭᠯᠡᠭᠳᠡᠵᠦ᠂ ᠡᠨᠡ ᠦᠭᠡ ᠶᠢ ᠢᠯᠡᠳᠭᠡᠭᠰᠡᠨ ᠦᠰᠦᠭ ᠦᠨ ᠨᠢᠭᠡ ᠳᠦᠷᠰᠦ ᠶᠢᠨ ᠣᠯᠠᠨ ᠳᠠᠭᠤᠳᠠᠯᠭ᠎ᠠ ᠲᠠᠢ ᠠᠰᠠᠭᠤᠳᠠᠯ ᠢ ᠰᠢᠢᠳᠪᠦᠷᠢᠯᠡᠳᠡᠭ᠂ ᠡᠨᠡ ᠮᠥᠨ ᠡᠷᠲᠡᠨ ᠦ ᠶᠧᠵᠢᠫᠲ᠂ ᠣᠷᠴᠢᠨ ᠦᠶ᠎ᠡ ᠶᠢᠨ ᠶᠠᠫᠣᠨ ᠬᠡᠯᠡᠨ(ᠵᠢᠰᠢᠶ᠎ᠡ ᠨᠢ᠂ ᠹᠦᠷᠢᠭᠠᠨᠠ) ᠳᠦ ᠴᠤ ᠲᠣᠬᠢᠶᠠᠯᠳᠤᠳᠠᠭ; ᠨᠦᠭᠦᠭᠡ ᠨᠢ ᠲᠤᠰᠠᠬᠠᠢ ᠳᠦᠷᠰᠦ ᠲᠡᠮᠳᠡᠭ ᠦᠭᠡᠢ ᠬᠡᠯᠡᠨ ᠦ ᠦᠭᠡᠰ ᠦᠨ ᠡᠯᠧᠮᠧᠨ᠋ᠲ ᠢ ᠢᠯᠡᠳᠭᠡᠬᠦ ᠳᠤ ᠬᠡᠷᠡᠭᠯᠡᠳᠡᠭ᠂ ᠡᠨᠡ ᠣᠳᠣ ᠦᠶ᠎ᠡ ᠶᠢᠨ ᠶᠠᠫᠣᠨ ᠬᠡᠯᠡᠨ ᠳᠦ ᠴᠦ ᠲᠣᠬᠢᠶᠠᠯᠳᠤᠳᠠᠭ (ᠵᠢᠰᠢᠶ᠎ᠡ ᠨᠢ᠂ ᠣᠺᠦ᠋ᠷᠢᠭᠠᠨᠠ)᠃ ᠵᠢᠰᠢᠶᠡᠯᠡᠪᠡᠯ᠄ 'ᠠᠮᠧᠷᠢᠺᠡ ᠢᠷᠪᠢᠰ' ᠭᠡᠬᠦ ᠤᠳᠬ᠎ᠠ ᠲᠠᠢ ᠮᠠᠶᠠ ᠦᠭᠡ b'alam  ᠢ ᠳᠠᠩ ᠭᠠᠭᠴᠠ ᠳᠦᠷᠰᠦᠲᠦ ᠦᠰᠦᠭ B'ALAM  ᠢᠶᠠᠷ ᠢᠯᠡᠷᠬᠡᠶᠢᠯᠡᠵᠦ ᠪᠣᠯᠳᠠᠭ᠂ ᠡᠭᠦᠨ ᠡᠴᠡ ᠥᠭᠡᠷ᠎ᠡba  ᠢᠶᠠᠷ B'ALAM ᠳᠤ ᠨᠥᠬᠥᠪᠦᠷᠢᠯᠡᠬᠦ ᠡᠰᠡᠪᠡᠯ B'ALAM-ma, ᠡᠰᠡᠪᠡᠯ b'a-B'ALAM-ma, ᠡᠰᠡᠪᠡᠯ ᠰᠢᠭᠤᠳ b'a-la-ma. ᠭᠡᠵᠦ ᠪᠢᠴᠢᠭᠡᠳ ᠭᠠᠷᠭᠠᠴᠢᠬᠠᠳᠠᠭ᠃

ᠮᠠᠶᠠ ᠦᠰᠦᠭ ᠲᠦ ᠬᠣᠶᠠᠷ ᠲᠥᠷᠥᠯ ᠦᠨ ᠠᠷᠭ᠎ᠠ ᠪᠠᠷ b'alam "ᠠᠮᠧᠷᠢᠺᠠ ᠢᠷᠪᠢᠰ"ᠭᠡᠬᠦ ᠦᠭᠡ ᠶᠢ ᠪᠢᠴᠢᠭᠯᠡᠳᠡᠭ᠃ ᠡᠬᠢᠯᠡᠭᠡᠳ ᠳᠦᠷᠰᠦᠲᠦ ᠦᠰᠦᠭ B'ALAM  ᠢᠶᠠᠷ ᠰᠢᠭᠤᠳ ᠢᠯᠡᠳᠭᠡᠵᠦ ᠪᠠᠶᠢᠭᠰᠠᠨ ᠢᠶᠠᠨ᠂ ᠳᠠᠷᠠᠭ᠎ᠠ ᠨᠢ ᠳᠠᠩ ᠠᠪᠢᠶ᠎ᠠ b'a, la, ᠪᠣᠯᠣᠨ ma ᠪᠠᠷ ᠢᠯᠡᠳᠭᠡᠳᠡᠭ᠃
ᠭᠤᠷᠪᠠᠨ ᠠᠪᠢᠶ᠎ᠠ ᠶᠢ ᠳᠦᠷᠰᠦᠲᠤ ᠦᠰᠦᠭ ᠲᠦ  ᠨᠡᠮᠡᠵᠦ ᠠᠳᠠᠯᠢ ᠪᠤᠰᠤ ᠭᠤᠷᠪᠠᠨ ᠵᠦᠢᠯ ᠦᠨ b'alam  ᠢ ᠪᠢᠴᠢᠭᠯᠡᠬᠦ ᠠᠷᠭ᠎ᠠ ᠶᠢ ᠪᠤᠢ ᠪᠣᠯᠭᠠᠵᠠᠢ᠃

ᠲᠣᠭᠠᠨ ᠤ ᠰᠢᠰᠲ᠋ᠧᠮ[ᠵᠠᠰᠠᠪᠤᠷᠢᠯᠠᠬᠤ | ᠺᠣᠳ᠋ ᠢᠶᠠᠷ ᠵᠠᠰᠠᠬᠣ]

ᠮᠠᠶᠠ ᠲᠣᠭᠠᠨ ᠤ 0 ᠡᠴᠡ 19 ᠬᠦᠷᠲᠡᠯ᠎ᠡ᠂ ᠲᠣᠣᠷᠠᠬᠢ ᠬᠣᠶᠠᠷ ᠨᠢ ᠪᠣᠰᠣᠭ᠎ᠠ ᠪᠠᠷ ᠪᠢᠴᠢᠭᠰᠡᠨ ᠵᠢᠱᠢᠶ᠎ᠡ

ᠮᠠᠶᠠᠴᠤᠳ ᠦᠨ ᠲᠣᠭᠠᠨ ᠤ ᠰᠢᠰᠲ᠋ᠧᠮ ᠨᠢ ᠪᠦᠬᠦᠯᠢ ᠲᠣᠭᠠᠨ ᠤ ᠦᠨᠳᠦᠰᠦᠨ ᠬᠣᠷᠢᠨ ᠲᠣᠭᠠᠨ ᠤ ᠰᠢᠰᠲ᠋ᠧᠮ ᠢ ᠠᠰᠢᠭᠯᠠᠵᠤ᠂ ᠡᠩ ᠦᠨ ᠢᠯᠡᠷᠬᠡᠶᠢᠯᠡᠯ ᠳᠦ ᠲᠤᠰᠤᠯ ᠢᠶᠠᠷ 1  ᠶᠢ ᠢᠯᠡᠷᠬᠡᠶᠢᠯᠡᠨ᠂ ᠬᠦᠨᠳᠡᠯᠡᠨ ᠵᠢᠷᠤᠭᠠᠰᠤ ᠪᠠᠷ 5  ᠶᠢ ᠢᠯᠡᠷᠬᠡᠶᠢᠯᠡᠨ ᠂ ᠬᠢᠰᠤᠭ᠎ᠠ ᠪᠠᠷ ᠲᠡᠭ ᠢ ᠢᠯᠡᠷᠬᠡᠶᠢᠯᠡᠵᠦ᠃ ᠵᠢᠷᠤᠭᠠᠰᠤ ᠪᠣᠯᠣᠨ ᠳᠤᠰᠤᠯ ᠢ ᠨᠡᠶᠢᠯᠡᠭᠦᠯᠦᠨ 6 ᠠᠴᠠ 19 ᠬᠦᠷᠲᠡᠯᠡᠬᠢ ᠲᠣᠭ᠎ᠠ ᠶᠢ ᠢᠯᠡᠳᠬᠡᠳᠡᠭ᠃ ᠲᠣᠭ᠎ᠠ ᠨᠤᠭᠤᠳ ᠨᠢ ᠬᠡᠪᠲᠡᠭᠡ ᠪᠤᠶᠤ ᠪᠣᠰᠣᠭ᠎ᠠ ᠪᠠᠷ ᠪᠦᠷ ᠪᠢᠴᠢᠵᠦ ᠪᠣᠯᠣᠨ᠎ᠠ᠃

ᠡᠨᠡ ᠳᠥᠷᠪᠡᠨ ᠵᠢᠱᠢᠶ᠎ᠡ ᠮᠠᠶᠠ ᠲᠣᠭᠠᠨ ᠢ ᠬᠡᠷᠬᠢᠨ ᠲᠣᠭᠠᠯᠠᠬᠤ ᠶᠢ ᠬᠠᠷᠠᠭᠤᠯᠵᠤ ᠪᠠᠶᠢᠨ᠎ᠠ

19 ᠡᠴᠡ ᠳᠡᠭᠡᠭᠰᠢ ᠲᠣᠭ᠎ᠠ ᠬᠡᠮᠵᠢᠶ᠎ᠡ  ᠶᠢ ᠢᠯᠡᠳᠭᠡᠬᠦ ᠳᠦ ᠬᠣᠷᠢᠲᠤ ᠶᠢᠨ ᠳᠠᠪᠰᠢᠬᠤ ᠳᠦᠷᠢᠮ ᠢ ᠬᠡᠷᠡᠭᠯᠡᠳᠡᠭ᠃ ᠬᠠᠮᠤᠭ ᠳᠣᠣᠷ᠎ᠠ ᠮᠥᠷ ᠡᠴᠡ ᠳᠡᠭᠡᠭᠰᠢ ᠲᠣᠭᠠᠨ ᠤ ᠲᠡᠮᠳᠡᠭ  ᠦᠳ ᠨᠢ ᠬᠣᠷᠢ ᠬᠣᠷᠢ ᠪᠠᠷ ᠳᠠᠪᠰᠢᠳᠠᠭ᠂ ᠳᠠᠷᠤᠢ ᠳᠣᠣᠷ᠎ᠠ ᠠᠴᠠ ᠬᠣᠶᠠᠳᠤᠭᠠᠷ ᠮᠥᠷ ᠶᠢᠨ ᠬᠡᠮᠵᠢᠭᠳᠡᠯ ᠨᠢ ᠡᠨᠡ ᠣᠷᠣᠨ ᠳᠤ ᠪᠠᠶᠢᠬᠤ ᠲᠣᠭᠠᠨ ᠤ ᠲᠡᠮᠳᠡᠭ ᠢ ᠬᠣᠷᠢ ᠪᠠᠷ ᠦᠷᠡᠵᠢᠭᠦᠯᠦᠭᠰᠡᠨ ᠲᠣᠭ᠎ᠠ ᠬᠡᠮᠵᠢᠶ᠎ᠡ ᠪᠠᠶᠢᠵᠤ᠂ ᠭᠤᠷᠪᠠᠳᠤᠭᠠᠷ ᠮᠥᠷ ᠨᠢ 400 ᠪᠠᠷ ᠦᠷᠡᠵᠢᠭᠦᠯᠵᠦ᠂ ᠳᠥᠷᠪᠡᠳᠦᠭᠡᠷ ᠮᠥᠷ ᠨᠢ 8000ᠪᠠᠷ ᠦᠷᠡᠵᠢᠭᠦᠯᠦᠨ᠎ᠡ᠃

ᠲᠡᠦᠬᠡ[ᠵᠠᠰᠠᠪᠤᠷᠢᠯᠠᠬᠤ | ᠺᠣᠳ᠋ ᠢᠶᠠᠷ ᠵᠠᠰᠠᠬᠣ]

ᠮᠠᠶᠠ ᠦᠰᠦᠭ ᠪᠢᠴᠢᠭ ᠦᠨ ᠡᠭᠦᠰᠦᠭᠰᠡᠨ ᠤᠨ ᠵᠢᠯ ᠲᠣᠳᠣᠷᠬᠠᠢ ᠦᠭᠡᠢ᠃ ᠭᠡᠪᠡᠴᠦ ᠠᠷᠭᠧᠯᠣᠭᠢ ᠶᠢᠨ ᠮᠠᠯᠲᠠᠯ ᠠᠴᠠ ᠭᠠᠷᠤᠭᠰᠠᠨ ᠪᠢᠴᠢᠭ ᠳᠤᠷᠠᠰᠬᠠᠯ ᠢ ᠦᠨᠳᠦᠰᠡᠯᠡᠪᠡᠯ ᠮᠠᠶᠠ ᠦᠰᠦᠭ ᠤᠨ ᠲᠣᠭᠠᠯᠠᠯ ᠠᠴᠠ ᠡᠮᠦᠨ᠎ᠡ ᠨᠢᠭᠡᠨᠲᠡ ᠡᠭᠦᠰᠴᠡᠢ᠂ ᠪᠠᠷᠤᠭ 5 ᠳᠤᠭᠠᠷ ᠵᠠᠭᠤᠨ ᠤ ᠦᠶ᠎ᠡ ᠪᠡᠷ ᠪᠦᠬᠦ ᠮᠠᠶᠠ ᠣᠷᠣᠨ ᠢᠶᠠᠷ ᠳᠦᠭᠡᠵᠡᠢ᠃ ᠮᠠᠶᠠ ᠦᠰᠦᠭ ᠦᠨ ᠨᠣᠮ ᠪᠢᠴᠢᠭ 16 ᠳᠤᠭᠠᠷ ᠵᠠᠭᠤᠨ ᠤ ᠦᠶ᠎ᠡ ᠶᠢᠨ ᠢᠰᠫᠠᠨᠢ ᠶᠢᠨ ᠺᠣᠯᠣᠨᠢᠴᠢᠯᠠᠭᠴᠢᠳ ᠲᠦ ᠰᠢᠲᠠᠭᠠᠭᠲᠠᠨ ᠳᠠᠭᠤᠰᠴᠤ᠂ᠵᠦᠪᠬᠡᠨ 4 ᠳᠡᠪᠲᠡᠷ ᠮᠠᠶᠠ ᠦᠰᠦᠭ ᠦᠨ ᠪᠢᠴᠢᠭ ᠦᠯᠡᠳᠡᠭᠳᠡᠵᠦ ᠢᠷᠡᠵᠡᠢ᠃ ᠥᠭᠡᠷ᠎ᠡ ᠨᠢ ᠪᠦᠷ ᠬᠠᠭᠤᠴᠢ ᠰᠤᠳᠤᠯᠤᠯ ᠤᠨ ᠮᠠᠯᠲᠠᠯᠲᠠ ᠪᠠᠷ ᠣᠯᠣᠭᠰᠠᠨ ᠬᠦᠰᠢᠶ᠎ᠡ ᠪᠢᠴᠢᠭ ᠦᠳ ᠶᠤᠮ᠃ ᠮᠠᠶᠠ ᠦᠰᠦᠭ ᠪᠢᠴᠢᠭ ᠢᠰᠫᠠᠨᠢ ᠶᠢᠨ ᠳᠦᠷᠢᠮᠭᠡᠶᠢᠯᠡᠯ ᠳᠦ ᠤᠯᠠᠮᠵᠢᠯᠠᠯ ᠲᠠᠰᠤᠷᠴᠤ᠂ 19 ᠳᠦᠭᠡᠷ ᠵᠠᠭᠤᠨ ᠤ ᠦᠶ᠎ᠡ ᠳᠦ ᠰᠠᠶᠢ ᠬᠠᠭᠤᠴᠢ ᠰᠤᠳᠤᠯᠤᠯ ᠦᠨ ᠮᠠᠯᠲᠠᠯᠲᠠ ᠪᠠᠷ ᠮᠠᠶᠠ ᠦᠰᠦᠭ ᠦᠨ ᠰᠤᠳᠤᠯᠤᠯ ᠡᠬᠢᠯᠡᠵᠡᠢ᠃

ᠲᠡᠮᠳᠡᠭᠯᠡᠯ[ᠵᠠᠰᠠᠪᠤᠷᠢᠯᠠᠬᠤ | ᠺᠣᠳ᠋ ᠢᠶᠠᠷ ᠵᠠᠰᠠᠬᠣ]

  1. K. Kris Hirst (6 January 2006). Maya Writing Got Early Start. Science.
  2. "Symbols on the Wall Push Maya Writing Back by Years", The New York Times, 2006-01-10. 2010-05-12 ᠍ ᠳᠦ ᠠᠪᠤᠭᠰᠠᠨ᠃ 
  3. (2000) "The Language of Classic Maya Inscriptions". Current Anthropology 41 (3): 321–356. DOI:10.1086/300142.
  4. 4.0 4.1 Kettunen and Helmke (2005, p.12)

ᠪᠢᠴᠢᠭᠡᠰᠦ