ᠮᠠᠵᠠᠭᠠᠯᠠᠢ

ᠴᠢᠯᠦᠭᠡᠲᠦ ᠨᠡᠪᠲᠡᠷᠬᠡᠢ ᠲᠣᠯᠢ — ᠸᠢᠺᠢᠫᠧᠳᠢᠶ᠎ᠠ ᠠᠴᠠ
ᠬᠠᠷᠠᠶᠢᠬᠤ: ᠤᠳᠤᠷᠢᠳᠬᠤ, ᠬᠠᠶᠢᠯᠲᠠ
ᠮᠠᠵᠠᠭᠠᠯᠠᠢ
ᠬᠣᠪᠣᠷᠳᠠᠯᠲᠠ ᠶᠢᠨ ᠵᠡᠷᠭᠡᠯᠡᠯ
ᠬᠠᠪᠰᠤᠷᠤᠯᠲᠠ I
ᠤᠰᠠᠳᠬᠤ ᠠᠶᠤᠯ ᠲᠠᠢ
ᠪᠢᠣᠯᠣᠭᠢ ᠶᠢᠨ ᠠᠩᠭᠢᠯᠠᠯ
ᠠᠶᠢᠮᠠᠭ: ᠠᠮᠢᠲᠠᠨ
ᠬᠦᠷᠢᠶ᠎ᠡ: ᠬᠥᠪᠴᠢᠲᠡᠨ
ᠳᠡᠳ᠋ ᠬᠦᠷᠢᠶ᠎ᠡ: ᠰᠡᠭᠡᠷ ᠨᠢᠷᠤᠭᠤᠲᠠᠨ
ᠠᠩᠭᠢ: ᠬᠥᠬᠥᠲᠡᠨ
ᠪᠠᠭ: ᠮᠢᠬ᠎ᠠ ᠢᠳᠡᠰᠢᠲᠡᠨ
ᠣᠪᠤᠭ: ᠪᠠᠭᠠᠪᠠᠭᠠᠢ ᠶᠢᠨ ᠬᠢᠨ
ᠲᠥᠷᠥᠯ: Ursus
ᠵᠦᠢᠯ: ᠬᠦᠷᠡᠩ ᠪᠠᠭᠠᠪᠠᠭᠠᠢ
ᠳᠡᠳ᠋ ᠵᠦᠢᠯ: ᠮᠠᠵᠠᠭᠠᠯᠠᠢ
ᠯᠠᠲ᠋ᠢᠨ ᠨᠡᠷ᠎ᠡ
Ursus arctos gobiensis
ᠰᠣᠺᠣᠯᠣᠸ ᠪᠠ ᠤᠷᠤᠯᠠᠪᠠ᠂ 1992

ᠮᠠᠵᠠᠭᠠᠯᠠᠢ (Ursus arctos gobiensis) ᠮᠣᠩᠭᠣᠯ ᠍ ᠤᠨ ᠭᠣᠪᠢ ᠴᠥᠯ ᠢᠶᠡᠷ ᠲᠠᠷᠬᠠᠭᠰᠠᠨ ᠬᠦᠷᠡᠩ ᠪᠠᠭᠠᠪᠠᠭᠠᠢᠨ ᠳᠡᠳ᠋ ᠵᠦᠢᠯ᠃ ᠮᠣᠩᠭᠣᠯ ᠤᠨ ᠤᠯᠠᠭᠠᠨ ᠨᠣᠮ ᠳᠤ ᠣᠷᠣᠭᠰᠠᠨ᠃ ᠶᠡᠷᠦᠩᠬᠡᠢ ᠲᠥᠷᠬᠥ ᠣᠢ ᠶᠢᠨ ᠬᠦᠷᠡᠩ ᠪᠠᠭᠠᠪᠠᠭᠠᠢ ᠲᠠᠢ ᠠᠳᠠᠯᠢ ᠪᠣᠯᠪᠠᠴᠤ ᠪᠡᠶ᠎ᠡ ᠪᠡᠷ ᠪᠠᠭ᠎ᠠ᠃ ᠴᠠᠭᠠᠨ ᠪᠣᠭᠳᠠ ᠠᠭᠤᠯᠠ ᠶᠢᠨ ᠰᠢᠷᠮᠠᠬᠠᠢ ᠶᠢᠨ ᠪᠡᠶ᠎ᠡ ᠶᠢᠨ ᠤᠷᠲᠤ 168 ᠰᠠᠨᠲ᠋ᠢᠮᠧᠲ᠋ᠷ᠂ ᠰᠡᠷᠪᠡᠭᠡᠨ ᠦ ᠥᠨᠳᠥᠷ 92 ᠰᠠᠨᠲ᠋ᠢᠮᠧᠲ᠋ᠷ᠂ ᠵᠢᠩ 90 ᠺᠢᠯᠣᠭ᠍ᠷᠠᠮ ᠪᠠᠶᠢᠴᠠᠢ᠃ᠮᠠᠵᠠᠭᠠᠯᠠᠢ ᠶᠢᠨ ᠪᠡᠶ᠎ᠡ ᠶᠢᠨ ᠳᠤᠮᠳᠠᠴᠢ ᠵᠢᠩ 90-100 ᠺᠢᠯᠣᠭᠷᠠᠮ᠂ ᠪᠡᠶ᠎ᠡ ᠶᠢᠨ ᠤᠷᠲᠤ ᠨᠢ 150 ᠰᠠᠨᠲ᠋ᠢᠮᠧᠲ᠋ᠷ ᠣᠷᠴᠢᠮ᠂ ᠥᠨᠳᠥᠷ ᠨᠢ 80-92 ᠰᠠᠨᠲ᠋ᠢᠮᠧᠲ᠋ᠷ᠃ ᠵᠤᠨ ᠤ ᠵᠢᠰᠦ ᠵᠢᠭᠳᠡ ᠬᠦᠷᠡᠩ ᠪᠣᠷᠣ᠂ ᠡᠪᠦᠯ᠂ ᠬᠠᠪᠤᠷ ᠬᠦᠷᠡᠪᠲᠦᠷ᠂ ᠪᠣᠷᠣ ᠰᠠᠷᠠᠯ᠃ ᠬᠥᠵᠦᠭᠦᠦ᠂ ᠬᠥᠯ ᠶᠡᠬᠡ ᠪᠡᠶᠡᠰ ᠢᠶᠡᠨ ᠪᠠᠷᠠᠭᠠᠪᠲᠤᠷ᠃ ᠬᠡᠩᠬᠦᠳᠡᠭ᠂ ᠬᠦᠵᠦᠭᠦᠨ ᠦ ᠤᠭᠲᠤ ᠴᠠᠭᠠᠨ ᠴᠠᠶᠢᠪᠤᠷ ᠲᠣᠯᠪᠣ ᠲᠠᠢ᠃ ᠬᠥᠩᠭᠡᠨ ᠱᠠᠯᠠᠮᠠᠭ ᠬᠥᠳᠡᠯᠭᠡᠭᠡᠨᠲᠡᠢ᠃ᠨᠠᠰᠤ ᠪᠡᠶ᠎ᠡ ᠭᠦᠢᠴᠡᠭᠰᠡᠨ ᠡᠷ᠎ᠡ ᠮᠠᠵᠠᠭᠠᠯᠠᠢ ᠶᠢ ᠰᠢᠷᠮᠠᠬᠠᠢ᠂ ᠡᠮ ᠢ ᠨᠢ ᠡᠪᠰᠢ ᠭᠡᠳᠡᠭ ᠠᠵᠢ᠃ ᠡᠪᠰᠢ ᠨᠢ ᠵᠢᠯ ᠥᠨᠵᠢᠨ ᠲᠥᠯᠯᠡᠵᠦ ᠭᠣᠣᠯ ᠲᠥᠯᠥᠪ ᠢᠬᠡᠷ᠎ᠡ ᠠᠯᠠᠮᠴᠠᠭ ᠲᠥᠷᠦᠭᠦᠯᠦᠨ᠎ᠡ᠃ ᠰᠢᠷᠮᠠᠬᠠᠢ ᠵᠤᠨ ᠳᠤ ᠨᠢ ᠬᠦᠷᠢᠨ ᠪᠣᠷᠣ᠂ ᠡᠪᠦᠯ᠂ ᠬᠠᠪᠤᠷ ᠲᠤ ᠪᠣᠷᠣ ᠰᠠᠷᠠᠯ ᠵᠢᠰᠦ ᠲᠡᠢ᠃ ᠲᠡᠭᠦᠨ ᠦ ᠬᠥᠵᠦᠭᠦᠦ᠂ ᠬᠥᠯ ᠨᠢ ᠶᠡᠬᠡ ᠪᠡᠶᠡᠰ ᠢᠶᠡᠨ ᠪᠠᠷᠠᠭᠠᠪᠲᠤᠷ᠃ ᠬᠡᠩᠬᠦᠳᠡᠭ ᠪᠣᠯᠤᠨ ᠬᠦᠵᠦᠭᠦᠨ ᠦ ᠪᠡᠨ ᠤᠭᠲᠤ ᠴᠠᠶᠢᠪᠤᠷ ᠲᠣᠯᠪᠣ ᠲᠠᠢ᠃ ᠡᠪᠦᠯ ᠦᠨ 11 ᠳᠦᠭᠡᠷ ᠰᠠᠷ᠎ᠠ ᠠᠴᠠ ᠳᠠᠷᠠᠭ᠎ᠠ ᠣᠨ ᠤ 3 ᠰᠠᠷ᠎ᠠ ᠬᠦᠷᠲᠡᠯ᠎ᠡ ᠠᠭᠤᠢ᠂ ᠬᠣᠩᠭᠢᠯ᠂ ᠬᠤᠯᠤᠰᠤᠨ ᠰᠢᠷᠢᠩᠭᠢ᠂ ᠰᠤᠬᠠᠢ ᠶᠢᠨ ᠲᠥᠭᠡᠯ ᠳᠣᠣᠭᠤᠷ ᠨᠦᠬᠡ ᠬᠡᠪᠲᠡᠷᠢ ᠵᠠᠰᠠᠴᠢ ᠢᠴᠡᠨ᠎ᠡ᠃

ᠨᠤᠲᠤᠭᠰᠢᠯᠲᠠ ᠪᠠ ᠲᠣᠭ᠎ᠠ ᠲᠣᠯᠣᠭᠠᠢ[ᠵᠠᠰᠠᠪᠤᠷᠢᠯᠠᠬᠤ | ᠺᠣᠳ᠋ ᠢᠶᠠᠷ ᠵᠠᠰᠠᠬᠣ]

ᠣᠯᠠᠨ ᠵᠢᠯ ᠦᠨ ᠰᠤᠳᠤᠯᠭᠠᠨ ᠤ ᠳᠦᠩ ᠳᠦ ᠭᠣᠣᠯ ᠨᠤᠲᠤᠭᠰᠢᠯ ᠨᠢ ᠠᠯᠲᠠᠢ ᠶᠢᠨ ᠥᠪᠥᠷ ᠦᠨ ᠠᠵᠤ ᠪᠣᠭᠳᠠ᠂ ᠲᠣᠰᠣᠲᠤ᠂ ᠨᠡᠮᠡᠬᠦ ᠳᠠᠭᠤᠯᠠ᠂ ᠡᠵᠢ ᠬᠠᠶᠢᠷᠬᠠᠨ᠂ ᠵᠠᠬᠤᠢ᠂ ᠵᠠᠷᠮᠠᠩ ᠤᠨ ᠪᠠᠶᠠᠨ ᠪᠦᠷᠢᠳᠦ᠂ ᠡᠳᠡᠷᠡᠩ ᠦᠨ ᠨᠢᠷᠤᠭᠤ᠂ ᠴᠠᠭᠠᠨ ᠪᠣᠭᠳᠠ᠂ ᠪᠠ ᠰᠡᠭᠰᠦ ᠴᠠᠭᠠᠨ ᠪᠣᠭᠳᠠ ᠭᠡᠵᠦ ᠲᠣᠭᠲᠠᠭᠠᠴᠠᠢ᠃ ᠤᠯᠠᠭᠠᠨ ᠨᠣᠮ ᠳᠠᠬᠢ ᠮᠠᠵᠠᠭᠠᠯᠠᠢ ᠶᠢᠨ ᠲᠣᠭ᠎ᠠ ᠶᠢ ᠬᠠᠷᠠᠪᠠᠯ 1960 ᠍ ᠊ᠭᠠᠳ ᠣᠨ ᠳᠤ 15-20 ᠲᠣᠯᠣᠭᠠᠢ᠂ 1970 ᠍ ᠳᠦ ᠣᠨ ᠳᠤ 20 ᠭᠠᠷᠤᠢ᠂ 1980 ᠍ ᠳᠦ ᠣᠨ ᠤ ᠡᠬᠢ ᠪᠡᠷ 25-30, ᠰᠡᠭᠦᠯᠴᠢ ᠪᠡᠷ 50-60, 1990 ᠣᠨ ᠤ ᠡᠬᠢ ᠪᠡᠷ 30 ᠭᠠᠷᠤᠢ ᠲᠣᠯᠣᠭᠠᠢ ᠪᠠᠶᠢᠭᠰᠠᠨ ᠪᠠᠶᠢᠨ᠎ᠠ᠃

ᠬᠣᠭᠣᠯᠠ᠂ ᠲᠡᠵᠢᠭᠡᠯ[ᠵᠠᠰᠠᠪᠤᠷᠢᠯᠠᠬᠤ | ᠺᠣᠳ᠋ ᠢᠶᠠᠷ ᠵᠠᠰᠠᠬᠣ]

ᠭᠣᠪᠢ ᠶᠢᠨ ᠬᠠᠷᠮᠠᠭ ᠤᠨ ᠵᠢᠮᠢᠰ᠂ ᠪᠠᠵᠢᠭᠤᠨ ᠤ ᠦᠨᠳᠦᠰᠦ᠂ ᠨᠠᠪᠴᠢ᠂ ᠬᠤᠯᠤᠰᠤ᠂ ᠵᠡᠭᠡᠷᠭᠡᠨ᠎ᠡ᠂ ᠰᠤᠬᠠᠢ ᠶᠢᠨ ᠨᠠᠪᠴᠢᠰ ᠵᠡᠷᠭᠡ ᠤᠷᠭᠤᠮᠠᠯ ᠢᠶᠠᠷ ᠬᠣᠭᠣᠯᠠᠯᠠᠳᠠᠭ ᠠᠵᠢ᠃ ᠮᠥᠨ ᠭᠣᠪᠢ ᠴᠥᠯ ᠦᠨ ᠰᠢᠪᠠᠵᠢ ᠬᠣᠷᠣᠬᠠᠢ᠂ ᠭᠦᠷᠪᠡᠯ ᠵᠡᠷᠭᠡ ᠵᠢᠵᠢᠭ ᠠᠮᠢᠲᠠᠨ ᠤ ᠰᠡᠭ ᠵᠡᠷᠭᠡ ᠶᠢ ᠲᠡᠭᠦᠵᠦ ᠢᠳᠡᠳᠡᠭ᠃ ᠬᠠᠷᠮᠠᠭ ᠤᠨ ᠵᠢᠮᠢᠰ ᠨᠢ ᠨᠠᠮᠤᠷ ᠢᠰᠦᠨ ᠠᠷᠢᠬᠢ ᠰᠢᠭ ᠪᠣᠯᠳᠠᠭ ᠪᠠ ᠲᠡᠭᠦᠨ ᠢ ᠢᠳᠡᠭᠰᠡᠨ ᠮᠠᠵᠠᠭᠠᠯᠠᠢ ᠠᠭᠤᠷ ᠲᠠᠢ ᠳᠣᠭᠰᠢᠨ ᠪᠣᠯᠳᠠᠭ᠃

ᠬᠣᠪᠣᠷᠳᠠᠵᠤ ᠪᠤᠢ ᠵᠠᠷᠢᠮ ᠰᠢᠯᠲᠠᠭᠠᠨ[ᠵᠠᠰᠠᠪᠤᠷᠢᠯᠠᠬᠤ | ᠺᠣᠳ᠋ ᠢᠶᠠᠷ ᠵᠠᠰᠠᠬᠣ]

ᠮᠠᠵᠠᠭᠠᠯᠠᠢ ᠶᠢ 1953 ᠣᠨ ᠳᠤ ᠠᠩᠨᠠᠬᠤ ᠶᠢ ᠬᠣᠷᠢᠭᠯᠠᠭᠰᠠᠨ ᠪᠣᠯᠪᠠᠴᠤ ᠲᠡᠭᠦᠨ ᠡᠴᠡ ᠬᠣᠶᠢᠰᠢ ᠲᠡᠳᠦᠶᠢᠯᠡᠨ ᠶᠡᠬᠡ ᠥᠰᠦᠭᠡ ᠭᠦᠢ ᠨᠢ ᠣᠯᠠᠨ ᠠᠷᠪᠠᠨ ᠰᠢᠯᠲᠠᠭᠠᠨ ᠲᠠᠢ᠃ ᠮᠠᠵᠠᠭᠠᠯᠠᠢ ᠨᠢ ᠬᠠᠷᠮᠠᠭ᠂ ᠵᠡᠭᠡᠷᠭᠡᠨ᠎ᠡ ᠬᠣᠪᠣᠷ ᠭᠠᠷᠤᠭᠰᠠᠨ ᠵᠢᠯ᠂ ᠡᠰᠡᠪᠡᠯ ᠭᠠᠨ ᠪᠣᠯᠵᠤ ᠤᠰᠤ ᠬᠣᠪᠣᠷᠳᠠᠭᠰᠠᠨ ᠦᠶ᠎ᠡ ᠳᠦ ᠲᠡᠳᠡ ᠲᠤᠷᠵᠢ ᠦᠬᠦᠳᠡᠭ ᠡᠴᠡ ᠭᠠᠳᠠᠨ᠎ᠠ ᠣᠷᠴᠢᠨ ᠴᠠᠭ ᠲᠤ᠂ ᠠᠰᠠᠷ ᠬᠦᠴᠦᠲᠡᠢ᠂ ᠥᠨᠳᠥᠷ ᠬᠤᠷᠳᠤ ᠲᠠᠢ ᠠᠦ᠋ᠲ᠋ᠣ᠋ ᠮᠠᠰᠢᠨ᠂ ᠨᠢᠰᠳᠡᠭ ᠲᠡᠷᠭᠡ ᠪᠡᠷ ᠰᠠᠨᠠᠭ᠎ᠠ ᠲᠠᠢ ᠰᠠᠨᠠᠮᠰᠠᠷ ᠦᠭᠡᠢ ᠬᠥᠨᠥᠭᠡᠬᠦ ᠨᠢ ᠴᠥᠭᠡᠨ ᠦᠭᠡᠢ ᠲᠣᠬᠢᠶᠠᠯᠳᠤᠵᠤ ᠪᠠᠶᠢᠨ᠎ᠠ᠃ ᠮᠥᠨ ᠲᠡᠳᠡᠨ ᠦ ᠠᠮᠢᠳᠤᠷᠠᠯ ᠤᠨ ᠣᠷᠴᠢᠨ ᠲᠣᠭᠣᠷᠢᠨ ᠤ ᠬᠤᠯᠤᠰᠤ᠂ ᠪᠤᠲᠤᠩ ᠰᠢᠭᠤᠢ ᠶᠢ ᠬᠠᠳᠤᠬᠤ ᠲᠦᠢᠮᠡᠷᠳᠡᠬᠦ᠂ ᠬᠦᠮᠦᠨ ᠮᠠᠯ ᠡᠵᠡᠯᠡᠬᠦ ᠵᠡᠷᠭᠡ ᠠᠵᠢᠯᠯᠠᠭ᠎ᠠ ᠨᠢ ᠮᠠᠵᠠᠭᠠᠯᠠᠢ ᠶᠢ ᠦᠷᠭᠦᠭᠡᠨ ᠳᠠᠶᠢᠵᠢᠭᠤᠯᠳᠠᠭ ᠪᠣᠯᠤᠯᠲᠠᠢ᠃ᠮᠠᠵᠠᠭᠠᠯᠠᠢ ᠣᠷᠢᠶᠠᠨ ᠤ ᠪᠠᠨ ᠦᠶ᠎ᠡ ᠳᠦ ᠡᠷᠡᠦ ᠳᠦ ᠨᠢ ᠵᠣᠳᠣᠯᠳᠤᠳᠠᠭ ᠪᠠ ᠳᠡᠶᠢᠯᠦᠭᠰᠡᠨ ᠮᠠᠵᠠᠭᠠᠯᠠᠢ ᠵᠠᠪᠠᠯ ᠥᠷᠢᠰᠦᠯᠳᠦᠭᠴᠢ ᠪᠡᠨ ᠠᠯᠠᠳᠠᠭ ᠪᠠ ᠤᠬᠠᠭᠠᠯᠢᠭ ᠠᠮᠢᠲᠠᠨ


ᠮᠣᠩᠭᠣᠯ ᠤᠯᠤᠰ ᠤᠨ ᠤᠯᠠᠭᠠᠨ ᠨᠣᠮ᠂ 1997 ᠣᠨfi:Gobinkarhu

ᠪᠢᠴᠢᠭᠡᠰᠦ