ᠮᠠᠴᠧᠰᠲ᠋ᠧᠷ ᠰᠢᠲ᠋ᠢ

ᠴᠢᠯᠦᠭᠡᠲᠦ ᠨᠡᠪᠲᠡᠷᠬᠡᠢ ᠲᠣᠯᠢ — ᠸᠢᠺᠢᠫᠧᠳᠢᠶ᠎ᠠ ᠠᠴᠠ
ᠬᠠᠷᠠᠶᠢᠬᠤ: ᠤᠳᠤᠷᠢᠳᠬᠤ, ᠬᠠᠶᠢᠯᠲᠠ
</td></tr>
ᠠᠩᠭᠯᠢᠮᠠᠴᠧᠰᠲ᠋ᠧᠷ ᠰᠢᠲ᠋ᠢ
ᠮᠠᠴᠧᠰᠲ᠋ᠧᠷ ᠰᠢᠲ᠋ᠢ ᠪᠠᠭ ᠤᠨ ᠰᠦᠯᠳᠡ
ᠪᠦᠲᠦᠨ ᠨᠡᠷ᠎ᠡ ᠬᠥᠯᠪᠥᠮᠪᠥᠭᠡ ᠶᠢᠨ ᠮᠠᠴᠧᠰᠲ᠋ᠧᠷ ᠰᠢᠲ᠋ᠢ ᠪᠠᠭ
ᠬᠣᠴᠢ ᠨᠡᠷ᠎ᠡ ᠬᠣᠲᠠ ᠶᠢᠨ ᠣᠷᠣᠰᠢᠨ ᠰᠠᠭᠤᠭᠴᠢᠳ
ᠪᠠᠶᠢᠭᠤᠯᠤᠭᠳᠠᠭᠰᠠᠨ 1880,
St Mark's (West Gorton)
ᠴᠡᠩᠭᠡᠯ ᠳᠦ ᠬᠢ ᠬᠦᠷᠢᠶᠡᠯᠡᠩ ᠰᠢᠲ᠋ᠢ ᠣᠹ ᠮᠠᠴᠧᠰᠲ᠋ᠧᠷ
ᠮᠠᠴᠧᠰᠲ᠋ᠧᠷ
ᠠᠩᠭᠯᠢ
(ᠪᠠᠭᠲᠠᠭᠠᠮᠵᠢ: 47,726[1])
ᠡᠵᠡᠨ ᠠᠷᠠᠪ ᠤᠨ ᠨᠢᠭᠡᠳᠦᠭᠰᠡᠨ ᠡᠮᠢᠷᠲ ᠤᠯᠤᠰᠱᠧᠢᠬ ᠮᠠᠩᠰᠢᠷ ᠪᠢᠩ ᠵᠠᠶᠢᠶ᠎ᠡ ᠳᠦ ᠠᠯᠢ-ᠨᠠᠬᠢᠶᠠᠨ
ᠳᠠᠷᠤᠭ᠎ᠠ ᠠᠷᠠᠪ ᠤᠨ ᠨᠢᠭᠡᠳᠦᠭᠰᠡᠨ ᠡᠮᠢᠷᠲ ᠤᠯᠤᠰᠬᠠᠯᠳᠤᠨ ᠠᠯᠢ-ᠮᠤᠪᠠᠷᠠᠺ
ᠮᠧᠨᠧᠵᠧᠷ ᠢᠲ᠋ᠠᠯᠢᠷᠣᠪᠧᠷᠲᠠ ᠮᠠᠨᠴᠢᠨᠢ
ᠠᠬᠠᠯᠠᠭᠴᠢ ᠠᠷᠭᠸᠨ᠋ᠲ᠋ᠢᠨᠺᠠᠷᠯᠣᠰ ᠲᠧᠸᠧᠰ
ᠯᠢᠭ ᠫᠷᠧᠮᠢᠶᠧᠷ ᠯᠢᠭ
2010–11 ᠫᠷᠧᠮᠢᠶᠧᠷ ᠯᠢᠭ᠂ 3 ᠳ᠋ᠤᠭᠠᠷ ᠪᠠᠶᠢᠷᠢ
ᠵᠢᠵᠢᠭ ᠵᠢᠷᠤᠭ ᠢ ᠡᠭᠦᠰᠭᠡᠬᠦ ᠳ᠋ᠦ ᠠᠯᠳᠠᠭ᠎ᠠ ᠭᠠᠷᠤᠯ᠎ᠠ: Unable to save thumbnail to destination
ᠵᠢᠵᠢᠭ ᠵᠢᠷᠤᠭ ᠢ ᠡᠭᠦᠰᠭᠡᠬᠦ ᠳ᠋ᠦ ᠠᠯᠳᠠᠭ᠎ᠠ ᠭᠠᠷᠤᠯ᠎ᠠ: Unable to save thumbnail to destination
ᠵᠢᠵᠢᠭ ᠵᠢᠷᠤᠭ ᠢ ᠡᠭᠦᠰᠭᠡᠬᠦ ᠳ᠋ᠦ ᠠᠯᠳᠠᠭ᠎ᠠ ᠭᠠᠷᠤᠯ᠎ᠠ: Unable to save thumbnail to destination
ᠥᠪᠡᠷ ᠦᠨ ᠲᠠᠯᠠᠪᠠᠢ ᠳᠡᠭᠡᠷᠡᠬᠢ ᠬᠤᠪᠴᠠᠰᠤ ᠬᠡᠷᠡᠭᠯᠡᠯ
A dark blue kit with light blue collar
ᠵᠢᠵᠢᠭ ᠵᠢᠷᠤᠭ ᠢ ᠡᠭᠦᠰᠭᠡᠬᠦ ᠳ᠋ᠦ ᠠᠯᠳᠠᠭ᠎ᠠ ᠭᠠᠷᠤᠯ᠎ᠠ: Unable to save thumbnail to destination
ᠵᠢᠵᠢᠭ ᠵᠢᠷᠤᠭ ᠢ ᠡᠭᠦᠰᠭᠡᠬᠦ ᠳ᠋ᠦ ᠠᠯᠳᠠᠭ᠎ᠠ ᠭᠠᠷᠤᠯ᠎ᠠ: Unable to save thumbnail to destination
ᠥᠷᠢᠰᠦᠯᠳᠥᠭᠴᠢ ᠶᠢᠨ ᠲᠠᠯᠠᠪᠠᠢ ᠳᠡᠭᠡᠷᠡᠬᠢ ᠬᠤᠪᠴᠠᠰᠤ ᠬᠡᠷᠡᠭᠯᠡᠯ
A white shirt with red and black sash, black shorts and black socks
ᠵᠢᠵᠢᠭ ᠵᠢᠷᠤᠭ ᠢ ᠡᠭᠦᠰᠭᠡᠬᠦ ᠳ᠋ᠦ ᠠᠯᠳᠠᠭ᠎ᠠ ᠭᠠᠷᠤᠯ᠎ᠠ: Unable to save thumbnail to destination
ᠭᠤᠷᠪᠠ ᠳᠠᠬᠢ ᠬᠤᠪᠴᠠᠰᠤ ᠬᠡᠷᠡᠭᠯᠡᠯ
ᠡᠨᠡ ᠤᠯᠠᠷᠢᠯ

ᠬᠥᠯᠪᠥᠮᠪᠥᠭᠡ ᠶᠢᠨ ᠮᠠᠴᠧᠰᠲ᠋ᠧᠷ ᠰᠢᠲ᠋ᠢ ᠪᠠᠭ (ᠠᠩᠭᠯᠢ ᠪᠠᠷ Manchester City Football Club) ᠨᠢ ᠠᠩᠭᠯᠢ ᠶᠢᠨ ᠫᠷᠧᠮᠢᠶᠧᠷ ᠯᠢᠭ ᠲᠦ ᠲᠣᠭᠯᠠᠳᠠᠭ ᠬᠥᠯ ᠪᠥᠮᠪᠥᠭᠡᠡᠶᠢᠨ ᠪᠠᠭ ᠶᠤᠮ᠃

ᠠᠩᠬ᠎ᠠ 1880 ᠣᠨ ᠤ ᠠᠷᠪᠠᠨ ᠨᠢᠭᠡᠳᠦᠭᠡᠷ ᠰᠠᠷ᠎ᠠ ᠳᠤ St. Mark's (West Gorton) ᠨᠡᠷ᠎ᠡ ᠲᠡᠢ ᠪᠡᠷ ᠲᠣᠭᠯᠠᠯᠲᠠ ᠪᠠᠨ ᠬᠢᠵᠦ ᠪᠠᠶᠢᠭᠰᠠᠨ ᠭᠡᠳᠡᠭ ᠪᠥᠭᠡᠳ 1887 ᠣᠨ ᠠᠴᠠ 1894 ᠣᠨ ᠢ ᠬᠦᠷᠲᠡᠯ᠎ᠡ Ardwick Association Football Club (ᠡᠷᠳ᠋ᠶᠤᠶᠢᠺ ᠤᠨ ᠬᠥᠯᠪᠥᠮᠪᠥᠭᠡ ᠶᠢᠨ ᠪᠠᠭ) ᠨᠡᠷ᠎ᠡ ᠪᠡᠷ ᠶᠠᠪᠤᠭᠰᠠᠭᠠᠷ ᠥᠨᠥ ᠶᠢᠨ ᠨᠡᠷ᠎ᠡ ᠪᠡᠨ ᠣᠯᠤᠭᠰᠠᠨ ᠲᠡᠦᠬᠡ ᠲᠡᠢ ᠶᠤᠮ᠃ ᠲᠤᠰ ᠪᠠᠭ 1960 ᠣᠨ ᠤ ᠰᠡᠭᠦᠯ ᠪᠣᠯᠤᠨ 1970 ᠣᠨ ᠤ ᠡᠬᠢᠨ ᠳᠤᠮᠳᠠ ᠦᠶ᠎ᠡ ᠨᠦᠭᠦᠳ ᠲᠦ ᠰᠢᠯᠢᠳᠡᠭ ᠠᠮᠵᠢᠯᠲᠠ ᠨᠤᠭᠤᠳ ᠢᠶᠠᠨ ᠦᠵᠡᠭᠦᠯᠵᠦ ᠪᠠᠶᠢᠭᠰᠠᠨ ᠪᠥᠭᠡᠳ ᠡᠨᠡ ᠬᠤᠭᠤᠴᠠᠭᠠᠨ ᠳᠤ «ᠯᠢᠭ ᠦᠨ ᠠᠪᠤᠷᠭᠤ ᠰᠢᠯᠭᠠᠷᠠᠭᠤᠯᠬᠤ ᠲᠡᠮᠡᠴᠡᠭᠡᠨ»᠂ «АХХ ᠍ ᠤ ᠴᠣᠮᠣ»᠂ «ᠯᠢᠭ ᠦᠨ ᠴᠣᠮᠣ» ᠪᠣᠯᠤᠨ ᠧᠦ᠋ᠷᠣᠫᠠ ᠶᠢᠨ ᠴᠣᠮᠣ ᠲᠠᠢ ᠪᠠᠭ ᠤᠳ ᠤᠨ ᠴᠣᠮᠣ ᠵᠡᠷᠭᠡ ᠲᠣᠮᠣ ᠲᠡᠮᠡᠴᠡᠭᠡᠨ ᠨᠦᠭᠦᠳ ᠲᠦ ᠵᠣ ᠮᠧᠷᠰᠧᠷ᠂ ᠮᠠᠯᠺᠣᠯᠮ ᠠᠯᠯᠢᠭᠰᠠᠨ ᠨᠠᠷ ᠤᠨ ᠤᠳᠤᠷᠢᠳᠤᠯᠭᠠᠨ ᠳᠣᠣᠷ᠎ᠠ ᠺᠣᠯᠢᠨ ᠪᠧᠯᠯ᠂ ᠮᠠᠶᠢᠺ ᠰᠠᠮᠮᠧᠷᠪᠢ ᠪᠣᠯᠤᠨ ᠹᠷᠠᠨᠼᠢᠰ ᠯᠢ ᠨᠠᠷ ᠤᠨ ᠰᠢᠯᠢᠳᠡᠭ ᠲᠣᠭᠯᠠᠭᠴᠢᠳ ᠢᠶᠠᠷ ᠠᠬᠠᠯᠠᠭᠤᠯᠤᠭᠰᠠᠨ ᠪᠦᠷᠢᠯᠳᠦᠬᠦᠨ ᠠᠪᠤᠷᠭᠤᠯᠠᠭᠰᠠᠨ ᠪᠠᠶᠢᠳᠠᠭ ᠪᠠᠶᠢᠨ᠎ᠠ᠃

ᠮᠠᠴᠧᠰᠲ᠋ᠧᠷ ᠰᠢᠲ᠋ᠢ 1976 ᠣᠨ ᠳᠤ «ᠯᠢᠭ ᠦᠨ ᠴᠣᠮᠣ ᠳᠤ» ᠲᠡᠷᠢᠭᠦᠯᠡᠭᠰᠡᠨ ᠡᠴᠡ ᠬᠣᠶᠢᠰᠢ ᠲᠣᠮᠣᠬᠠᠨ ᠲᠡᠮᠡᠴᠡᠭᠡᠨ ᠦ ᠨᠤᠭᠤᠭᠠᠨ ᠪᠠ ᠤᠯᠠᠪᠤᠷ ᠨᠢ ᠲᠡᠷᠢᠭᠦᠯᠡᠭᠰᠡᠨ ᠪᠠ ᠶᠢ ᠠᠪᠤᠭ᠎ᠠ ᠦᠭᠡᠢ ᠯᠠ ᠪᠠᠶᠢᠭ᠎ᠠ᠃ 1995-96 ᠣᠨ ᠤ ᠤᠯᠠᠷᠢᠯ ᠢᠶᠠᠷ ᠬᠠᠩᠭᠠᠯᠲᠠ ᠦᠭᠡᠢ ᠲᠣᠭᠯᠠᠯᠲᠠ ᠦᠵᠡᠭᠦᠯᠦᠨ ᠫᠷᠧᠮᠢᠶᠧᠷ ᠯᠢᠭ ᠡᠴᠡ ᠤᠨᠠᠵᠤ ᠭᠤᠷᠪᠠᠨ ᠵᠢᠯ ᠦᠨ ᠬᠤᠭᠤᠴᠠᠭᠠᠨ ᠳᠤ ᠳ᠋ᠣᠣ ᠳᠤ ᠳ᠋ᠢᠸᠢᠰ ᠦᠳ ᠲᠦ ᠲᠣᠭᠯᠠᠬᠤ ᠳᠤ ᠪᠠᠨ ᠮᠥᠨ ᠯᠠ ᠠᠳᠠᠯᠢ ᠲᠠᠭᠠᠷᠠᠤᠬᠠᠨ ᠠᠮᠵᠢᠯᠲᠠ ᠦᠵᠡᠭᠦᠯᠵᠦ ᠪᠠᠶᠢᠭᠰᠠᠨ ᠢ ᠳᠤᠷᠠᠳᠬᠤ ᠶᠠᠭᠤᠨ᠃ 2008 ᠣᠨ ᠳᠤ «ᠠᠪᠤ ᠳᠠᠪᠢ ᠶᠤᠨ ᠠᠲ᠋ᠧᠳ ᠭᠷᠦᠶᠢᠫ» ᠍ ᠳᠦ ᠬᠤᠳᠠᠯᠳᠤᠭᠳᠠᠰᠤᠨ ᠢᠶᠠᠷ ᠡᠨᠡ ᠪᠠᠭ ᠤᠨ ᠰᠠᠩᠬᠦᠦ ᠶᠢᠨ ᠪᠠᠶᠢᠳᠠᠯ ᠬᠦᠴᠦᠷᠬᠡᠭᠵᠢᠨ ᠣᠯᠠᠨ ᠲᠣᠭᠠᠨ ᠤ ᠰᠢᠯᠢᠳᠡᠭ ᠲᠣᠭᠯᠠᠭᠴᠢᠳ ᠢ ᠪᠥᠷᠢᠯᠳᠦᠬᠡᠬᠦᠨ ᠳᠦ ᠪᠡᠨ ᠨᠢᠭᠡᠳᠬᠡᠭᠰᠡᠨ ᠮᠠᠶᠢᠮᠠᠭ᠎ᠠ ᠶᠢ ᠳᠠᠷᠠᠭᠠᠯᠠᠨ ᠬᠢᠭᠰᠡᠭᠡᠷ ᠪᠠᠶᠢᠭ᠎ᠠ ᠶᠤᠮ᠃ ᠲᠤᠰ ᠪᠠᠭ ᠢ ᠣᠳᠣ ᠢᠲ᠋ᠠᠯᠢ ᠍ ᠶᠢᠨ ᠰᠢᠯᠢᠳᠡᠭ ᠮᠡᠷᠭᠡᠵᠢᠯᠲᠡᠨ [ᠷᠣᠪᠧᠷᠲᠠ ᠮᠠᠨᠴᠢᠨᠢ]] ᠳᠠᠰᠬᠠᠯᠵᠢᠭᠤᠯᠵᠤ ᠪᠠᠶᠢᠭ᠎ᠠ᠃

ᠲᠡᠦᠬᠡ[ᠵᠠᠰᠠᠪᠤᠷᠢᠯᠠᠬᠤ | ᠺᠣᠳ᠋ ᠢᠶᠠᠷ ᠵᠠᠰᠠᠬᠣ]

ᠮᠠᠴᠧᠰᠲ᠋ᠧᠷ ᠰᠢᠲ᠋ᠢ ᠪᠠᠭ ᠤᠨ ᠡᠭᠦᠰᠦᠯ 1880 ᠣᠨ ᠳᠤ ᠮᠠᠴᠧᠰᠲ᠋ᠧᠷᠡᠶᠢᠨ ᠵᠡᠭᠦᠨ ᠬᠡᠰᠡᠭ ᠦᠨ «ᠭᠣᠷᠳᠠᠨ» ᠳᠡᠭᠦᠷᠭᠡ ᠳᠦ ᠠᠨᠠ ᠺᠣᠨᠧᠯ ᠪᠤᠰᠤᠳ ᠨᠥᠬᠥᠳ ᠦᠨ ᠬᠠᠮᠲᠤ ᠪᠠᠷ ᠪᠠᠶᠢᠭᠤᠯᠤᠭᠰᠠᠨ ᠬᠥᠯᠪᠥᠮᠪᠥᠭᠡ ᠶᠢᠨ «St. Mark's (West Gorton)» ᠪᠠᠭ᠎ᠠ ᠠᠴᠠ ᠡᠬᠢᠯᠡᠨ᠎ᠡ᠃ 1875 ᠣᠨ ᠪᠣᠯᠤᠨ ᠲᠡᠭᠦᠨ ᠡᠴᠡ ᠡᠮᠦᠨᠡᠬᠢ ᠵᠢᠯ ᠤᠨᠳ ᠲᠤ «ᠭᠡᠭᠡᠨ ᠮᠠᠷᠺ ᠤᠨ ᠰᠦᠮ᠎ᠡ ᠶᠢᠨ» ᠨᠡᠷ᠎ᠡ ᠳᠡᠭᠡᠷ᠎ᠡ ᠲᠣᠭᠯᠠᠳᠠᠭ ᠪᠠᠶᠢᠭᠰᠠᠨ ᠺᠷᠢᠺᠧᠲ ᠤᠨ ᠰᠫᠣᠷᠲ ᠤᠨ ᠪᠠᠭ ᠢ ᠰᠦᠮ᠎ᠡ ᠶᠢᠨ ᠠᠵᠢᠯᠲᠠᠨ ᠤᠣᠯᠢᠮ ᠪᠢᠰᠲ᠋ᠦ᠋ᠤ[2] ᠭᠡᠭᠴᠢ ᠬᠡᠯᠪᠡᠷᠢ ᠶᠢ ᠨᠢ ᠥᠭᠡᠷᠡᠴᠢᠯᠡᠨ ᠡᠶᠢᠨ ᠪᠠᠶᠢᠭᠤᠯᠤᠭᠰᠠᠨ ᠭᠡᠳᠡᠭ᠃ 1887 ᠣᠨ ᠳᠤ «ᠡᠷᠳ᠋ᠶᠤᠶᠢᠺ» ᠳᠡᠭᠦᠷᠭᠡ ᠶᠢᠨ «ᠬᠠᠢ ᠳᠤ ᠷᠣ ᠤᠳ» ᠴᠡᠩᠭᠡᠯᠳᠦᠬᠦ ᠬᠦᠷᠢᠶᠡᠯᠡᠩ ᠳᠦ ᠡᠵᠡᠨ ᠪᠠᠭ ᠤᠨ ᠲᠣᠭᠯᠠᠯᠲᠠ ᠪᠠᠨ ᠬᠢᠬᠦ ᠪᠡᠷ ᠪᠣᠯᠵᠤ᠂ ᠪᠠᠭ ᠤᠨ ᠨᠡᠷ᠎ᠡ ᠪᠡᠨ «Ardwick Association Football Club» ᠪᠣᠯᠭᠠᠨ ᠥᠭᠡᠷᠡᠴᠢᠯᠡᠭᠰᠡᠨ[3] ᠪᠥᠭᠡᠳ 1892 ᠣᠨ ᠳᠤ «ᠠᠩᠭᠯᠢ ᠶᠢᠨ ᠬᠥᠯᠪᠥᠮᠪᠥᠭᠡ ᠶᠢᠨ ᠯᠢᠭ ᠦᠨ» ᠭᠡᠰᠢᠭᠦᠨ ᠢᠶᠡᠷ ᠡᠯᠰᠡᠨ ᠰᠢᠨ᠎ᠡ ᠪᠡᠷ ᠵᠣᠬᠢᠶᠠᠭᠳᠠᠬᠤ ᠪᠣᠯᠤᠭᠰᠠᠨ «ᠬᠣᠶᠠᠳᠤᠭᠠᠷ ᠳ᠋ᠢᠸᠢᠽ ᠡᠴᠡ» ᠮᠡᠷᠭᠡᠵᠢᠯ ᠦᠨ ᠭᠠᠷᠤᠭ᠎ᠠ ᠪᠠᠨ ᠡᠬᠢᠯᠡᠵᠡᠢ᠃ 1893-94 ᠣᠨ ᠤ ᠤᠯᠠᠷᠢᠯ ᠰᠠᠩᠬᠦᠦ ᠶᠢᠨ ᠬᠦᠨᠳᠦᠷᠡᠯ ᠡᠴᠡ ᠰᠢᠯᠲᠠᠭᠠᠯᠠᠨ ᠥᠭᠡᠷᠡᠴᠢᠯᠡᠯᠲᠡ ᠬᠢᠭᠰᠡᠨ ᠪᠥᠭᠡᠳ ᠪᠦᠷ ᠨᠡᠷ᠎ᠡ ᠪᠡᠨ ᠬᠦᠷᠲᠡᠯ᠎ᠡ ᠰᠣᠯᠢᠭᠰᠠᠨ ᠶᠤᠮ᠃ ᠡᠨᠡ ᠦᠶᠡᠰ «ᠬᠥᠯᠪᠥᠮᠪᠥᠭᠡ ᠶᠢᠨ ᠮᠠᠴᠧᠰᠲ᠋ᠧᠷ ᠰᠢᠲ᠋ᠢ ᠪᠠᠭ» ᠨᠡᠷ᠎ᠡ ᠲᠡᠢ ᠪᠡᠷ ᠲᠣᠭᠯᠠᠬᠤ ᠪᠣᠯᠤᠭᠰᠠᠨ ᠲᠡᠦᠬᠡ ᠲᠡᠢ᠃[4]

ᠰᠢᠲ᠋ᠢ ᠠᠩᠬᠠᠨ ᠤ ᠱᠠᠩᠨᠠᠯ ᠢᠶᠠᠨ 1899 ᠣᠨ ᠳᠤ ᠬᠣᠶᠠᠳᠤᠭᠠᠷ ᠳ᠋ᠢᠸᠢᠰ ᠲᠦ ᠲᠦᠷᠦᠭᠦᠯᠡᠨ ᠠᠪᠴᠤ ᠤᠯᠠᠮ ᠢᠶᠠᠷ ᠠᠩᠭᠯᠢ ᠶᠢᠨ ᠬᠥᠯᠪᠥᠮᠪᠥᠭᠡ ᠶᠢᠨ «ᠲᠡᠷᠢᠭᠦᠨ ᠳ᠋ᠢᠸᠢᠰ ᠲᠦ» ᠳᠡᠪᠰᠢᠭᠰᠡᠨ ᠪᠠᠶᠢᠳᠠᠭ ᠪᠠ
1904 ᠣᠨ ᠤ «АХХ ᠍ ᠤ ᠴᠣᠮᠣ ᠳᠤ» ᠲᠡᠷᠢᠭᠦᠯᠡᠭᠰᠡᠨ ᠮᠠᠴᠧᠰᠲ᠋ᠧᠷ ᠰᠢᠲ᠋ᠢ ᠪᠠᠭ ᠤᠨ ᠬᠢᠨ
1904 ᠣᠨ ᠤ ᠳᠥᠷᠪᠡᠳᠦᠭᠡᠷ ᠰᠠᠷ᠎ᠠ ᠶᠢᠨ 23 ᠍ ᠳᠦ ᠪᠣᠯᠲᠠᠨ ᠤᠣᠨᠳᠧᠷᠧᠷᠰ ᠪᠠᠭ ᠢ 1-0 ᠬᠠᠷᠢᠴᠠᠭ᠎ᠠ ᠪᠠᠷ ᠬᠣᠵᠢᠨ «АХХ ᠍ ᠤ ᠴᠣᠮᠣ ᠳᠤ» ᠲᠦᠷᠢᠭᠦᠯᠦᠭᠰᠡᠨ ᠢᠶᠡᠷ ᠲᠣᠮᠣᠬᠠᠨ ᠲᠡᠮᠡᠴᠡᠭᠡᠨ ᠦ ᠠᠩᠬᠠᠨ ᠤ ᠨᠤᠭᠤᠭᠠᠨ ᠪᠠ ᠤᠯᠠᠪᠤᠷ ᠨᠢ ᠲᠡᠷᠢᠭᠦᠯᠡᠭᠰᠡᠨ ᠪᠠ ᠪᠡᠨ ᠠᠪᠤᠭᠰᠠᠨ ᠨᠢ ᠪᠠᠶᠢᠪᠠ᠃ ᠡᠨᠡ ᠦᠶᠡᠳᠡᠭᠡ «ᠳᠤᠪᠯᠢ ᠳᠦ ᠬᠢ» (ᠯᠢᠭ ᠪᠠ ᠴᠣᠮᠣ ᠶᠢᠨ ᠨᠤᠭᠤᠭᠠᠨ ᠪᠠ ᠤᠯᠠᠪᠤᠷ ᠨᠢ ᠲᠡᠷᠢᠭᠦᠯᠡᠭᠰᠡᠨ ᠪᠠ) ᠪᠣᠯᠤᠮᠵᠢ ᠪᠠᠨ ᠯᠢᠭ ᠲᠦ ᠬᠣᠶᠠᠳᠤᠭᠠᠷ ᠪᠠᠶᠢᠷᠢ ᠳᠤ ᠣᠷᠣᠰᠣᠨ ᠢᠶᠠᠷ ᠠᠯᠠᠳᠠᠵᠠᠢ᠃[5] ᠳᠠᠷᠤᠭ᠎ᠠ ᠶᠢᠨ ᠤᠯᠠᠷᠢᠯ ᠨᠢ ᠪᠤᠶᠤ 1906 ᠣᠨ ᠳᠤ ᠰᠢᠲᠢᠭ ᠤᠨ ᠰᠠᠩᠬᠦᠦ ᠶᠢᠨ ᠪᠠᠶᠢᠳᠠᠯ ᠲᠤᠩ ᠬᠦᠨᠳᠦᠷᠡᠭᠰᠡᠨ ᠲᠤᠯᠠ ᠪᠢᠯᠯᠢ ᠮᠡᠷᠳᠢᠲ ᠲᠡᠷᠢᠭᠦᠲᠡᠢ ᠠᠷᠪᠠᠨ ᠳᠣᠯᠣᠭᠠᠨ ᠲᠣᠭᠯᠠᠭᠴᠢ ᠪᠠᠨ ᠮᠠᠴᠧᠰᠲ᠋ᠧᠷ ᠶᠤᠨ ᠠᠲ᠋ᠧᠳ ᠪᠠᠭ ᠲᠤ ᠰᠢᠯᠵᠢᠭᠦᠯᠦᠭᠰᠡᠨ ᠢᠶᠡᠷ ᠰᠢᠲᠢᠭ ᠤᠨ ᠠᠮᠵᠢᠯᠲᠠ ᠵᠣᠭᠰᠣᠩᠭᠢ ᠪᠠᠶᠢᠳᠠᠯ ᠳᠤ ᠣᠷᠣᠭᠰᠠᠨ ᠶᠤᠮ᠃[6] «ᠬᠠᠢ ᠳᠤ ᠷᠣ ᠤᠳ» ᠴᠡᠩᠭᠡᠯᠳᠦᠬᠦ ᠬᠦᠷᠢᠶᠡᠯᠡᠩ ᠨᠢ 1920 ᠣᠨ ᠳᠤ ᠲᠦᠢᠮᠡᠷ ᠲᠦ ᠠᠪᠲᠠᠨ ᠰᠦᠢᠳᠡᠵᠦ 1923 ᠰᠢᠨ᠎ᠡ ᠪᠡᠷ ᠪᠠᠷᠢᠭᠳᠠᠭᠰᠠᠨ «ᠮᠧᠢ ᠶᠢᠨ ᠷᠣ ᠤᠳ» ᠴᠡᠩᠭᠡᠯᠳᠦᠬᠦ ᠬᠦᠷᠢᠶᠡᠯᠡᠩ ᠳᠦ ᠰᠢᠯᠵᠢᠭᠰᠡᠨ ᠪᠠᠶᠢᠨ᠎ᠠ᠃

1930 ᠍ ᠊ᠭᠠᠳ ᠣᠨ᠂ ᠮᠠᠴᠧᠰᠲ᠋ᠧᠷ ᠰᠢᠲ᠋ᠢ «АХХ ᠍ ᠤ ᠴᠣᠮᠣ ᠶᠢᠨ» ᠰᠢᠭᠰᠢᠭᠡ ᠲᠣᠭᠯᠠᠯᠲᠠᠨ ᠳᠤ ᠳᠠᠷᠠᠭᠠᠯᠠᠨ ᠰᠢᠯᠭᠠᠷᠠᠬᠤ ᠳᠤ ᠪᠠᠨ 1933 ᠣᠨ ᠳᠤ ᠡᠸᠧᠷᠲ᠋ᠣᠨ ᠳᠤ ᠢᠯᠠᠭᠳᠠᠭᠰᠠᠨ ᠪᠣᠯ 1934 ᠣᠨ ᠳᠤ ᠫᠣᠷᠲ᠋ᠰᠮᠤᠶᠢᠲ ᠢ ᠢᠯᠠᠵᠤ ᠪᠠᠶᠢᠪᠠ᠃[7] 1937 ᠣᠨ ᠳᠤ «ᠨᠢᠭᠡᠳᠦᠭᠡᠷ ᠳ᠋ᠢᠸᠢᠽ» ᠪᠤᠶᠤ ᠲᠡᠷᠢᠭᠦᠨ ᠳ᠋ᠢᠸᠢᠽᠢ ᠶᠢᠨ ᠠᠩᠬᠠᠨ ᠤ ᠨᠤᠭᠤᠭᠠᠨ ᠪᠠ ᠤᠯᠠᠪᠤᠷ ᠨᠢ ᠲᠡᠷᠢᠭᠦᠯᠡᠭᠰᠡᠨ ᠪᠠ ᠪᠡᠨ ᠠᠪᠤᠭᠰᠠᠨ ᠴᠤ ᠳᠠᠷᠠᠭ᠎ᠠ ᠤᠯᠠᠷᠢᠯ ᠨᠢ ᠬᠣᠶᠠᠳᠤᠭᠠᠷ ᠳ᠋ᠢᠸᠢᠽ ᠷᠦᠦ ᠤᠨᠠᠪᠠ᠃[8]

ᠬᠣᠷᠢᠨ ᠵᠢᠯ ᠦᠨ ᠳᠠᠷᠠᠭ᠎ᠠ ᠳᠣᠪᠲᠣᠯᠤᠭᠴᠢ ᠳᠣᠩ ᠷᠧᠸᠧᠭᠡᠶᠢᠨᠠᠩᠭᠯᠢ ᠶᠢᠨ ᠡᠵᠡᠨ ᠳᠦ ᠭᠦᠷᠦᠨ ᠦ ᠣᠳᠣᠨ ᠳᠤ «ᠷᠧᠸᠧᠭᠢ ᠶᠢᠨ ᠲᠥᠯᠥᠪᠯᠡᠭᠡ» ᠬᠡᠮᠡᠨ ᠨᠡᠷ᠎ᠡ ᠨᠢ ᠲᠦᠭᠡᠭᠰᠡᠨ ᠲᠣᠭᠯᠠᠯᠲᠠ ᠶᠢᠨ ᠣᠨᠣᠪᠴᠢᠲᠠᠢ ᠰᠢᠢᠳᠦᠯ ᠢᠶᠡᠷ ᠢᠶᠡᠨ 1930 ᠍ ᠊ᠭᠠᠳ ᠣᠨ ᠳᠤ ᠦᠵᠡᠭᠦᠯᠦᠭᠰᠡᠨ ᠠᠮᠵᠢᠯᠲᠠ ᠪᠠᠨ ᠰᠢᠲ᠋ᠢ ᠳᠠᠪᠲᠠᠵᠤ᠂ «АХХ ᠍ ᠤ ᠴᠣᠮᠣ ᠶᠢᠨ» ᠰᠢᠭᠰᠢᠭᠡ ᠲᠣᠭᠯᠠᠯᠲᠠᠨ ᠳᠤ 1955, 1956 ᠣᠨ ᠨᠤᠭᠤᠳ ᠲᠤ ᠰᠢᠯᠭᠠᠷᠠᠭᠰᠠᠨ ᠪᠠ ᠮᠥᠨ ᠤᠷᠢᠳᠤ ᠶᠢᠨ ᠠᠳᠠᠯᠢ ᠡᠬᠢᠨ ᠦ ᠤᠳᠠᠭ᠎ᠠ ᠳᠤ ᠨᠢ ᠢᠯᠠᠭᠳᠠᠵᠤ᠂ ᠬᠣᠶᠠᠷ ᠳᠠᠬᠢᠳ ᠨᠢ ᠢᠯᠠᠵᠤ ᠪᠠᠶᠢᠪᠠ᠃ ᠪᠦᠬᠦ ᠴᠠᠭ ᠦᠶ᠎ᠡ ᠶᠢᠨ ᠬᠠᠮᠤᠭ ᠤᠨ ᠰᠢᠯᠢᠳᠡᠭ ᠰᠢᠭᠰᠢᠭᠡ ᠲᠣᠭᠯᠠᠯᠲᠠ ᠨᠤᠭᠤᠳ ᠤᠨ ᠨᠢᠭᠡ 1956 ᠣᠨ ᠤ ᠰᠢᠭᠰᠢᠭᠡ ᠲᠣᠭᠯᠠᠯᠲᠠ ᠨᠢ ᠰᠢᠲᠢᠭ ᠤᠨ ᠬᠠᠭᠠᠯᠭᠠᠴᠢ ᠪᠧᠷᠲ ᠲᠷᠠᠦ᠋ᠲᠠᠮᠠᠨᠢ ᠲᠣᠭᠯᠠᠯᠲᠠ ᠶᠢᠨ ᠦᠶ᠎ᠡ ᠪᠡᠷ ᠬᠥᠵᠦᠭᠦᠦ ᠪᠡᠨ ᠪᠡᠷᠲᠡᠭᠡᠭᠰᠡᠨ ᠴᠤ ᠲᠣᠭᠯᠠᠯᠲᠠ ᠶᠢᠨ ᠴᠠᠭ ᠳᠠᠭᠤᠰᠲᠠᠯ᠎ᠠ ᠬᠡᠷᠬᠢᠨ ᠲᠡᠰᠴᠢ ᠪᠠᠶᠢᠰᠤᠨ ᠢᠶᠠᠷ ᠨᠢ ᠬᠥᠯ ᠪᠥᠮᠪᠥᠭᠡ ᠰᠣᠨᠢᠷᠬᠠᠭᠴᠢᠳ ᠤᠨ ᠰᠠᠨᠠᠭᠠᠨ ᠳᠤ ᠪᠠᠭᠤᠳᠠᠭ᠃

1963 ᠣᠨ ᠳᠤ ᠬᠣᠶᠠᠳᠤᠭᠠᠷ ᠳ᠋ᠢᠸᠢᠰ ᠲᠦ ᠤᠨᠠᠭᠰᠠᠨ ᠢᠶᠠᠷ ᠰᠢᠲᠢᠭ ᠤᠨ ᠲᠣᠭᠯᠠᠯᠲᠠ ᠶᠢ ᠦᠵᠡᠬᠦ ᠦᠵᠡᠭᠴᠢᠳ ᠦᠨ ᠲᠣᠭ᠎ᠠ ᠡᠷᠡᠰ ᠪᠠᠭᠤᠷᠠᠭᠰᠠᠨ ᠪᠠᠶᠢᠭᠰᠠᠨ ᠢ 1965 ᠣᠨ ᠤ ᠨᠢᠭᠡᠳᠦᠭᠡᠷ ᠰᠠᠷ᠎ᠠ ᠳᠤ «ᠰᠸᠢᠨᠳᠣᠨ ᠲᠠᠤᠨ» ᠪᠠᠭ ᠲᠠᠢ ᠲᠠᠯᠠᠪᠠᠢ ᠳᠡᠭᠡᠷ᠎ᠡ ᠪᠡᠨ ᠬᠢᠭᠰᠡᠨ ᠲᠣᠭᠯᠠᠯᠲᠠ ᠶᠢᠨ 8,015 ᠦᠵᠡᠭᠴᠢᠳ ᠦᠨ ᠲᠣᠭᠠᠨ ᠠᠴᠠ ᠬᠠᠷᠠᠵᠤ ᠪᠣᠯᠬᠤ ᠪᠠᠷ ᠶᠤᠮ᠃[9] 1965 ᠣᠨ ᠤ ᠵᠤᠨ ᠵᠣ ᠮᠧᠷᠰᠧᠷ ᠪᠣᠯᠤᠨ ᠮᠠᠯᠺᠣᠯᠮ ᠠᠯᠯᠢᠭᠰᠠᠨ ᠨᠠᠷ ᠪᠠᠭ ᠢ ᠳᠠᠰᠬᠠᠯᠵᠢᠭᠤᠯᠬᠤ ᠪᠠᠷ ᠲᠣᠮᠢᠯᠠᠭᠳᠠᠵᠠᠢ᠃ ᠲᠡᠳᠡᠨ ᠦ ᠤᠳᠤᠷᠢᠳᠤᠯᠭᠠᠨ ᠳᠣᠣᠷ᠎ᠠ ᠰᠢᠲ᠋ᠢᠴᠦᠳ ᠬᠣᠶᠠᠳᠤᠭᠠᠷ ᠳ᠋ᠢᠸᠢᠽᠢ ᠪᠡᠨ ᠲᠡᠷᠢᠭᠦᠯᠡᠨ ᠳᠡᠪᠰᠢᠭᠰᠡᠨ ᠪᠠ ᠮᠠᠶᠢᠺ ᠰᠠᠮᠮᠧᠷᠪᠢ᠂ ᠹᠷᠡᠩᠰᠢᠰ ᠯᠢ ᠪᠠ ᠺᠣᠯᠢᠨ ᠪᠧᠯᠯ ᠨᠠᠷ ᠤᠨ ᠲᠣᠭᠯᠠᠭᠴᠢᠳ ᠢ ᠡᠩᠨᠡᠭᠡᠨ ᠳᠦ ᠪᠡᠨ ᠡᠯᠰᠡᠭᠦᠯᠵᠦ ᠲᠤᠩ ᠴᠢᠬᠤᠯᠠ ᠰᠢᠢᠳᠪᠦᠷᠢ ᠭᠠᠷᠭᠠᠭᠰᠠᠨ ᠠᠵᠢ᠃[10] ᠬᠣᠶᠠᠷ ᠵᠢᠯ ᠦᠨ ᠳᠠᠷᠠᠭ᠎ᠠ ᠪᠤᠶᠤ 1967-68 ᠣᠨ ᠤ ᠤᠯᠠᠷᠢᠯ ᠮᠠᠴᠧᠰᠲ᠋ᠧᠷ ᠰᠢᠲ᠋ᠢ ᠯᠢᠭ ᠦᠨ ᠠᠪᠤᠷᠭᠤ ᠰᠢᠯᠭᠠᠷᠠᠭᠤᠯᠬᠤ ᠲᠡᠮᠡᠴᠡᠭᠡᠨ ᠳᠦ ᠬᠣᠶᠠᠷ ᠳ᠋ᠡᠬᠢ ᠨᠤᠭᠤᠭᠠᠨ ᠪᠠ ᠤᠯᠠᠪᠤᠷ ᠨᠢ ᠲᠡᠷᠢᠭᠦᠯᠡᠭᠰᠡᠨ ᠪᠠ ᠪᠡᠨ ᠰᠡᠭᠦᠯ ᠦᠨ ᠲᠣᠭᠣᠷᠢᠭ ᠤᠨ ᠲᠣᠭᠯᠠᠯᠲᠠᠨ ᠳᠤ ᠨᠦᠶᠢᠺᠠᠰᠯ ᠶᠤᠨ ᠠᠲ᠋ᠧᠳ ᠪᠠᠭ ᠢ 4-3 ᠬᠠᠷᠢᠴᠠᠭ᠎ᠠ ᠪᠠᠷ ᠬᠣᠵᠢᠨ ᠠᠪᠤᠭᠰᠠᠨ ᠶᠤᠮ᠃ ᠲᠡᠳᠡᠨ ᠦ ᠠᠷᠤ ᠳᠤ ᠬᠥᠷᠰᠢ ᠪᠠᠭ ᠮᠠᠴᠧᠰᠲ᠋ᠧᠷ ᠶᠤᠨ ᠠᠲ᠋ᠧᠳ ᠬᠣᠶᠠᠷ ᠣᠨᠣᠭᠣᠨ ᠤ ᠵᠥᠷᠢᠭᠦᠲᠡᠢ ᠪᠡᠷ ᠰᠢᠯᠭᠠᠷᠠᠭᠰᠠᠨ ᠪᠠᠶᠢᠪᠠ᠃[11] ᠤᠯᠠᠮ ᠢᠶᠠᠷ 1969 ᠣᠨ ᠳᠤ «АХХ ᠍ ᠤ ᠴᠣᠮᠣ ᠶᠢᠨ» ᠡᠭᠡᠯᠵᠢᠲᠦ ᠨᠤᠭᠤᠭᠠᠨ ᠪᠠ ᠤᠯᠠᠪᠤᠷ ᠨᠢ ᠲᠡᠷᠢᠭᠦᠯᠡᠭᠰᠡᠨ ᠪᠠ ᠪᠡᠨ ᠠᠪᠴᠤ 1970 ᠣᠨ ᠳᠤ ᠠᠦᠢᠰᠲᠷᠶ᠎ᠠ ᠍ ᠶᠢᠨ ᠸᠸᠨᠠ ᠬᠣᠲᠣᠩ ᠢᠶᠠᠨ ᠵᠣᠬᠢᠶᠠᠭᠳᠠᠭᠰᠠᠨ ᠧᠦ᠋ᠷᠣᠫᠠ ᠶᠢᠨ ᠴᠣᠮᠣ ᠲᠠᠢ ᠪᠠᠭ ᠤᠳ ᠤᠨ ᠴᠣᠮᠣ ᠶᠢᠨ ᠰᠢᠭᠰᠢᠭᠡ ᠲᠣᠭᠯᠠᠯᠲᠠᠨ ᠳᠤ ᠫᠣᠯᠢᠰᠢᠡᠶᠢᠨ «ᠭᠦᠷᠨᠢᠺ ᠵᠠᠷᠤᠪᠽᠧ» ᠪᠠᠭ ᠢ 2-1 ᠬᠠᠷᠢᠴᠠᠭ᠎ᠠ ᠪᠠᠷ ᠬᠣᠵᠢᠨ ᠲᠦᠷᠦᠭᠦᠯᠡᠪᠡ᠃[12] ᠮᠥᠨ ᠯᠠ ᠲᠤᠬᠠᠢ ᠶᠢᠨ ᠤᠯᠠᠷᠢᠯ ᠢᠶᠠᠨ «ᠯᠢᠭ ᠦᠨ ᠴᠣᠮᠣ ᠳᠤ» ᠠᠪᠤᠷᠭᠤᠯᠠᠭᠰᠠᠨ ᠢᠶᠠᠷ ᠧᠦ᠋ᠷᠣᠫᠠ ᠶᠢᠨ ᠴᠣᠮᠣ ᠪᠣᠯᠤᠨ ᠳᠣᠲᠣᠭᠠᠳᠤ ᠶᠢᠨ ᠴᠣᠮᠣ ᠶᠢ ᠨᠢᠭᠡ ᠤᠯᠠᠷᠢᠯ ᠳᠤ ᠠᠪᠤᠭᠰᠠᠨ ᠠᠩᠭᠯᠢ ᠶᠢᠨ ᠬᠣᠶᠠᠷ ᠳ᠋ᠡᠬᠢ ᠪᠠᠭ ᠪᠣᠯᠤᠨ ᠲᠡᠭᠦᠬᠡᠨ ᠢᠶᠡᠨ ᠲᠡᠮᠳᠡᠭᠯᠡᠭᠳᠡᠭᠰᠡᠨ ᠪᠠᠶᠢᠨ᠎ᠠ᠃

1970 ᠍ ᠊ᠭᠠᠳ ᠣᠨ᠂ ᠰᠢᠲ᠋ᠢ «ᠯᠢᠭ ᠦᠨ ᠠᠪᠤᠷᠭᠤ» ᠪᠣᠯᠬᠤ ᠳᠤ ᠭᠠᠭᠴᠠ ᠣᠨᠣᠭ᠎ᠠ ᠳᠤᠲᠠᠭᠰᠠᠨ ᠪᠣᠯᠤᠨ ᠰᠢᠭᠰᠢᠭᠡ ᠲᠣᠭᠯᠠᠯᠲᠠᠨ ᠳᠤ ᠪᠦᠳᠦᠷᠢᠭᠰᠡᠨ ᠢ ᠡᠰᠡ ᠲᠣᠭᠠᠴᠠᠪᠠᠯ ᠶᠡᠷᠦᠩᠬᠡᠢ ᠳᠤ ᠪᠡᠨ ᠠᠮᠵᠢᠯᠲᠠ ᠶᠢᠨ ᠪᠤᠤᠬᠢᠶ᠎ᠠ ᠪᠠᠨ ᠦᠷᠭᠦᠯᠵᠢᠯᠡᠭᠦᠯᠵᠦ ᠪᠠᠶᠢᠭᠰᠠᠨ ᠭᠡᠬᠦ ᠳᠦ ᠪᠣᠯᠤᠨ᠎ᠠ᠃[13] ᠮᠠᠴᠧᠰᠲ᠋ᠧᠷ ᠰᠢᠲᠢᠭ ᠤᠨ ᠬᠥᠭᠵᠢᠶᠡᠨ ᠳᠡᠮᠵᠢᠭᠴᠢᠳ ᠦᠨ ᠰᠡᠳᠬᠢᠯ ᠳᠦ ᠬᠣᠨᠣᠭᠰᠢᠨ ᠦᠯᠡᠳᠡᠭᠰᠡᠨ ᠲᠣᠭᠯᠠᠯᠲᠠ ᠨᠢ ᠶᠠᠬᠤ ᠶᠢᠨ ᠠᠷᠭ᠎ᠠ ᠦᠭᠡᠢ 1973-74 ᠣᠨ ᠤ ᠤᠯᠠᠷᠢᠯ ᠤᠨ ᠰᠡᠭᠦᠯ ᠦᠨ ᠲᠣᠭᠣᠷᠢᠭ ᠤᠨ ᠲᠣᠭᠯᠠᠯᠲᠠ᠃ ᠮᠥᠩᠬᠡ ᠶᠢᠨ ᠥᠷᠢᠰᠦᠯᠳᠦᠭᠴᠢ ᠮᠠᠴᠧᠰᠲ᠋ᠧᠷ ᠶᠤᠨ ᠠᠲ᠋ᠧᠳ ᠪᠠᠭ ᠲᠤ ᠤᠰᠤ ᠠᠭᠠᠷ ᠮᠡᠲᠦ ᠬᠡᠷᠡᠭᠲᠡᠢ ᠰᠡᠭᠦᠯ ᠦᠨ ᠲᠣᠭᠣᠷᠢᠭ ᠤᠨ ᠲᠣᠭᠯᠠᠯᠲᠠᠨ ᠳᠤ ᠪᠠᠨ ᠰᠢᠲ᠋ᠢᠳ᠋ ᠲᠠᠯᠠᠪᠠᠢ ᠳᠡᠭᠡᠷ᠎ᠡ ᠪᠡᠨ 1-0 ᠬᠠᠷᠢᠴᠠᠭ᠎ᠠ ᠪᠠᠷ ᠢᠯᠠᠭᠳᠠᠵᠤ ᠳ᠋ᠣᠣ ᠳᠤ ᠳ᠋ᠢᠸᠢᠽ ᠷᠦᠦ ᠤᠨᠠᠭᠰᠠᠨ ᠶᠠᠪᠤᠳᠠᠯ ᠶᠤᠮ᠃[14] 1976 ᠣᠨ ᠤ «ᠯᠢᠭᠢ ᠶᠢᠨ ᠴᠣᠮᠣ ᠶᠢᠨ» ᠰᠢᠭᠰᠢᠭᠡ ᠲᠣᠭᠯᠠᠯᠲᠠᠨ ᠳᠤ ᠨᠦᠶᠢᠺᠠᠰᠯ ᠶᠤᠨ ᠠᠲ᠋ᠧᠳ ᠪᠠᠭ ᠢ 2-1 ᠬᠠᠷᠢᠴᠠᠭ᠎ᠠ ᠪᠠᠷ ᠬᠣᠵᠢᠨ ᠬᠣᠶᠠᠷ ᠳ᠋ᠡᠬᠢ ᠤᠳᠤᠭ᠎ᠠ ᠪᠠᠨ ᠲᠡᠷᠢᠭᠦᠯᠡᠭᠰᠡᠨ ᠪᠣᠯ 1976-77 ᠣᠨ ᠤ ᠤᠯᠠᠷᠢᠯ ᠯᠢᠤᠧᠷᠫᠦᠦᠯ ᠢ ᠯᠢᠭ ᠦᠨ ᠠᠪᠤᠷᠭᠤ ᠪᠣᠯᠬᠤ ᠳᠤ ᠨᠢᠭᠡ ᠣᠨᠣᠭᠣᠨ ᠤ ᠵᠥᠷᠢᠭᠦᠦ ᠪᠡᠷ ᠠᠷᠤ ᠳᠤ ᠨᠢ ᠬᠤᠴᠤᠷᠠᠵᠤ ᠪᠠᠶᠢᠪᠠ᠃

ᠲᠡᠭᠦᠨ ᠡᠴᠡ ᠬᠣᠶᠢᠰᠢ ᠮᠠᠴᠧᠰᠲ᠋ᠧᠷ ᠰᠢᠲ᠋ᠢ ᠯᠢᠭ ᠦᠨ ᠲᠡᠷᠢᠭᠦᠯᠡᠬᠦ ᠥᠷᠢᠰᠦᠯᠳᠦᠭᠡᠨ ᠡᠴᠡ ᠭᠠᠳᠠᠭᠤᠷ ᠶᠠᠪᠤᠭᠰᠠᠭᠠᠷ 1986-87 ᠣᠨ ᠤ ᠤᠯᠠᠷᠢᠯ ᠠᠰᠲ᠋ᠣᠨ ᠸᠢᠯᠯᠠ ᠪᠠᠭ ᠤᠨ ᠬᠠᠮᠲᠤ ᠪᠠᠷ ᠳ᠋ᠣᠣ ᠳᠤ ᠳ᠋ᠢᠸᠢᠽ ᠷᠦᠦ ᠤᠨᠠᠵᠤ᠂ 1988-89 ᠣᠨ ᠤ ᠤᠯᠠᠷᠢᠯ ᠴᠧᠯᠰᠢ ᠪᠠᠭ ᠤᠨ ᠬᠠᠮᠲᠤ ᠳᠡᠪᠰᠢᠨ ᠫᠧᠲ᠋ᠧᠷ ᠷᠧᠢᠳ ᠦᠨ ᠤᠳᠤᠷᠢᠳᠤᠯᠭᠠᠨ ᠳᠣᠣᠷ᠎ᠠ ᠳᠡᠭᠡᠳᠦ ᠯᠢᠭ ᠲᠦ ᠪᠡᠨ 1991, 1992 ᠣᠨ ᠨᠤᠭᠤᠳ ᠲᠤ ᠲᠡᠷᠢᠭᠦᠯᠡᠬᠦ ᠥᠷᠢᠰᠦᠯᠳᠦᠭᠡᠨ ᠳᠦ ᠪᠤᠶᠤ ᠲᠠᠪᠤᠳᠤᠭᠠᠷ ᠪᠠᠶᠢᠷᠢ ᠪᠠᠷ ᠰᠢᠯᠭᠠᠷᠠᠬᠤ ᠪᠣᠯᠤᠭᠰᠠᠨ ᠪᠠᠶᠢᠨ᠎ᠠ᠃[15] 1992 ᠣᠨ ᠳᠤ ᠫᠷᠧᠮᠢᠶᠧᠷ ᠯᠢᠭ ᠪᠠᠶᠢᠭᠤᠯᠤᠭᠳᠠᠭᠰᠠᠨ ᠠᠩᠬᠠᠨ ᠤ ᠤᠯᠠᠷᠢᠯ ᠢᠶᠠᠷ ᠶᠢᠰᠦᠳᠦᠭᠡᠷ ᠪᠠᠶᠢᠷᠢ ᠪᠠᠷ ᠰᠢᠯᠭᠠᠷᠴᠢ ᠪᠠᠶᠢᠭᠰᠠᠨ ᠪᠣᠯ 1996 ᠣᠨ ᠳᠤ ᠳ᠋ᠣᠣ ᠳᠤ ᠯᠢᠭ ᠪᠣᠯᠤᠨ ᠰᠢᠨᠡᠴᠢᠯᠡᠭᠳᠡᠭᠰᠡᠨ «ᠨᠢᠭᠡᠳᠦᠭᠡᠷ ᠳ᠋ᠢᠸᠢᠽ» ᠷᠦᠦ ᠤᠨᠠᠬᠤ ᠬᠦᠷᠲᠡᠯ᠎ᠡ ᠭᠤᠷᠪᠠᠨ ᠤᠯᠠᠷᠢᠯ ᠤᠨ ᠲᠤᠷᠰᠢ ᠳᠣᠣᠭᠤᠷ ᠥᠷᠢᠰᠦᠯᠳᠦᠵᠦ ᠪᠠᠶᠢᠪᠠ᠃ ᠪᠦᠷ ᠬᠠᠩᠭᠠᠯᠲᠠ ᠦᠭᠡᠢ ᠠᠮᠵᠢᠯᠲᠠ ᠦᠵᠡᠭᠦᠯᠦᠨ 1998 ᠣᠨ ᠳᠤ ᠬᠣᠶᠠᠳᠤᠭᠠᠷ ᠳ᠋ᠢᠸᠢᠽ ᠷᠦᠦ ᠤᠨᠠᠵᠤ ᠧᠦ᠋ᠷᠣᠫᠠ ᠍ ᠤᠨ ᠪᠣᠯᠤᠨ ᠳᠣᠲᠣᠭᠠᠳᠤ ᠶᠢᠨ ᠴᠣᠮᠣ ᠶᠢᠨ ᠡᠵᠡᠨ ᠪᠣᠯᠵᠤ ᠲᠦᠭᠦᠴᠡᠭᠡ ᠨᠢ ᠪᠣᠯᠵᠤ ᠪᠠᠶᠢᠭᠰᠠᠨ ᠪᠠᠭ ᠤᠨ ᠬᠤᠪᠢ ᠳᠤ ᠬᠠᠩᠭᠠᠯᠲᠠ ᠦᠭᠡᠢ ᠦᠵᠡᠭᠦᠯᠦᠯᠲᠡ ᠪᠣᠯᠵᠤ ᠪᠠᠶᠢᠭᠰᠠᠨ ᠢ ᠳᠤᠷᠠᠳᠬᠤ ᠶᠣᠰᠣᠲᠠᠢ ᠪᠠᠶᠢᠬᠤ᠃

ᠳᠡᠭᠡᠷᠡᠬᠢ ᠡᠭᠡᠵᠢᠭᠲᠡᠢ ᠪᠠᠶᠢᠳᠠᠯ ᠳᠤ ᠬᠦᠷᠦᠭᠰᠡᠨ ᠪᠠᠭ ᠤᠨ ᠰᠢᠨ᠎ᠡ ᠳᠠᠷᠤᠭ᠎ᠠ ᠳᠡᠪ ᠲᠦ ᠪᠧᠷᠨᠰᠢᠲᠡᠢ ᠶᠢᠨ ᠬᠡᠮᠡᠬᠦ ᠡᠷᠬᠢᠮ ᠰᠠᠩᠬᠦᠦ ᠡᠴᠡ ᠠᠪᠬᠠᠭᠤᠯᠤᠭᠠᠳ ᠣᠯᠠᠨ ᠠᠰᠠᠭᠤᠳᠠᠯ ᠢ ᠰᠢᠢᠳᠡᠰᠦᠨ ᠢᠶᠡᠷ 2001 ᠣᠨ ᠳᠤ ᠲᠡᠷᠢᠭᠦᠨ ᠳ᠋ᠢᠸᠢᠰ ᠲᠦ ᠪᠡᠨ ᠡᠷᠭᠢᠨ ᠢᠷᠡᠵᠦ ᠭᠠᠷᠴᠤ ᠢᠷᠡᠭᠰᠡᠨ ᠶᠤᠮ᠃[16] 2002 ᠣᠨ ᠳᠤ ᠤᠨᠠᠭᠰᠠᠨ ᠠᠴᠠ ᠬᠣᠶᠢᠰᠢ ᠳᠠᠬᠢᠨ ᠫᠷᠧᠮᠢᠶᠧᠷ ᠯᠢᠭ ᠡᠴᠡ ᠬᠥᠳᠡᠯᠦᠭᠡ ᠦᠭᠡᠢ ᠪᠠᠶᠢᠭ᠎ᠠ᠃[17]

ᠮᠠᠴᠧᠰᠲ᠋ᠧᠷ ᠰᠢᠲ᠋ᠢ (ᠬᠥᠬᠡ), ᠤᠤᠭᠠᠨ ᠠᠲᠯᠧᠲ᠋ᠢᠭ ᠪᠠᠭ ᠤᠳ «АХХ ᠍ ᠤ ᠴᠣᠮᠣ ᠶᠢᠨ» ᠲᠡᠮᠡᠴᠡᠭᠡᠨ ᠦ ᠦᠶ᠎ᠡ ᠪᠡᠷ᠂ 2006 ᠣᠨ ᠤ ᠨᠢᠭᠡᠳᠦᠭᠡᠷ ᠰᠠᠷ᠎ᠠ

2002-03 ᠣᠨ ᠤ ᠤᠯᠠᠷᠢᠯ «ᠮᠧᠢ ᠶᠢᠨ ᠷᠣ ᠤᠳ» ᠴᠡᠩᠭᠡᠯᠳᠦᠬᠦ ᠬᠦᠷᠢᠶᠡᠯᠡᠩ ᠳ᠋ᠡᠬᠢ ᠰᠡᠭᠦᠯ ᠦᠨ ᠲᠣᠭᠯᠠᠯᠲᠠ ᠨᠢ ᠨᠡᠯᠢᠶᠡᠳ ᠣᠨᠴᠠᠯᠢᠭ ᠲᠠᠢ᠃ ᠮᠠᠴᠧᠰᠲ᠋ᠧᠷ ᠶᠤᠨ ᠠᠲ᠋ᠧᠳ ᠪᠠᠭ ᠢ ᠬᠣᠵᠢᠵᠤ 13 ᠵᠢᠯ ᠦᠷᠭᠦᠯᠵᠢᠯᠡᠭᠰᠡᠨ «ᠳᠧᠷᠪᠢᠭ ᠤᠨ» ᠬᠣᠵᠢᠭᠳᠠᠯ᠎ᠠ ᠵᠣᠭᠰᠣᠭᠠᠭᠰᠠᠨ ᠶᠠᠪᠤᠳᠠᠯ ᠪᠠᠶᠢᠯ᠎ᠠ᠃[18] 2003 ᠣᠨ ᠳᠤ ᠤᠯᠠᠷᠢᠯ ᠳᠠᠭᠤᠰᠬᠤ ᠦᠶ᠎ᠡ ᠪᠡᠷ «ᠰᠢᠲ᠋ᠢ ᠣᠹ ᠮᠠᠴᠧᠰᠲ᠋ᠧᠷ» ᠬᠡᠮᠡᠬᠦ ᠰᠢᠨ᠎ᠡ ᠴᠡᠩᠭᠡᠯ ᠳᠦ ᠬᠢ ᠬᠦᠷᠢᠶᠡᠯᠡᠩ ᠷᠦᠦ ᠰᠢᠯᠵᠢᠭᠰᠡᠨ ᠲᠡᠦᠬᠡ ᠲᠡᠢ᠃ ᠰᠢᠨ᠎ᠡ ᠭᠡᠷ ᠲᠡᠢ ᠪᠣᠯᠤᠭᠰᠠᠨ ᠮᠠᠴᠧᠰᠲ᠋ᠧᠷ ᠰᠢᠲ᠋ᠢ ᠪᠠᠭ ᠤᠨ ᠬᠢᠨ ᠠᠩᠬᠠᠨ ᠤ ᠳᠥᠷᠪᠡᠨ ᠤᠯᠠᠷᠢᠯ ᠢᠶᠠᠨ ᠬᠦᠰᠦᠨᠦᠭᠲᠦ ᠶᠢᠨ ᠳᠤᠮᠳᠠᠭᠤᠷ ᠪᠢᠴᠢᠭᠳᠡᠵᠦ ᠥᠩᠭᠡᠷᠡᠭᠡᠪᠡ᠃ ᠪᠠᠭ ᠤᠨ ᠤᠳᠤᠷᠢᠳᠤᠯᠭ᠎ᠠ ᠨᠤᠭᠤᠳ ᠠᠩᠭᠯᠢ ᠶᠢᠨ ᠰᠢᠭᠰᠢᠭᠡ ᠪᠠᠭ ᠤᠨ ᠳᠠᠰᠬᠠᠯᠵᠢᠭᠤᠯᠤᠭᠴᠢ ᠠᠰᠠᠨ ᠰᠸᠧᠨ ᠭᠣᠷᠠᠨ ᠡᠷᠢᠺᠰᠤᠭᠰᠠᠨ ᠢ 2007 ᠣᠨ ᠳᠤ ᠪᠠᠭ ᠤᠨ ᠳᠠᠰᠬᠠᠯᠵᠢᠭᠤᠯᠤᠭᠴᠢ ᠪᠠᠷ ᠲᠣᠮᠢᠯᠠᠭᠰᠠᠨ ᠴᠤ[19] ᠲᠡᠳᠦᠶᠢᠯᠡᠨ ᠠᠮᠵᠢᠯᠲᠠ ᠲᠠᠢ ᠪᠠᠶᠢᠵᠤ ᠴᠢᠳᠠᠭ᠎ᠠ ᠦᠭᠡᠢ ᠲᠤᠯᠠ 2008 ᠣᠨ ᠤ ᠵᠢᠷᠭᠤᠳᠠᠤᠭᠠᠷ ᠰᠠᠷ᠎ᠠ ᠶᠢᠨ 4 ᠍ ᠳᠦ ᠮᠠᠷᠺ ᠬᠡᠶᠽᠡᠶᠢᠭ ᠲᠣᠮᠢᠯᠠᠵᠠᠢ᠃[20] Eriksson was replaced by Mark Hughes two days later on 4 June 2008.[21]

ᠪᠠᠭ ᠢ2008 ᠣᠨ ᠤ ᠨᠠᠶᠢᠮᠠᠳᠤᠭᠠᠷ ᠰᠠᠷ᠎ᠠ ᠳᠤ «ᠠᠪᠤ ᠳᠠᠪᠢ ᠶᠤᠨ ᠠᠲ᠋ᠧᠳ ᠭᠷᠦᠶᠢᠫ» ᠬᠤᠳᠠᠯᠳᠤᠨ ᠠᠪᠤᠪᠠ᠃ ᠢᠩᠭᠢᠭᠰᠡᠨ ᠢᠶᠡᠷ ᠶᠠᠭᠤᠨ ᠲᠦᠷᠦᠭᠦᠨ ᠳᠦ ᠥᠨᠳᠥᠷ ᠵᠡᠷᠭᠡᠯᠡᠯ ᠦᠨ ᠲᠣᠭᠯᠠᠭᠴᠢᠳ ᠢ ᠦᠨ᠎ᠡ ᠬᠠᠶᠠᠨ ᠬᠤᠳᠠᠯᠳᠤᠨ ᠠᠪᠬᠤ ᠠᠯᠬᠤᠮ ᠤᠳ ᠤᠨ ᠡᠬᠢᠯᠡᠯ ᠪᠷᠠᠽᠢᠯ ᠲᠣᠭᠯᠠᠭᠴᠢ᠂ ᠷᠣᠪᠢᠨᠣ ᠶᠢ ᠢᠰᠫᠠᠨᠢᠢ ᠷᠧᠠᠯ ᠮᠠᠳᠷᠢᠳ ᠪᠠᠭ᠎ᠠ ᠠᠴᠠ ᠬᠤᠳᠠᠯᠳᠤᠨ ᠠᠪᠰᠠᠨ ᠢᠶᠠᠷ ᠲᠠᠯᠪᠢᠭᠳᠠᠭᠰᠠᠨ ᠶᠤᠮ᠃[22] ᠲᠡᠭᠦᠨ ᠢ 32.5 ᠰᠠᠶ᠎ᠠ ᠹᠦᠨᠲ ᠰᠲ᠋ᠧᠷᠯᠢᠨ ᠢᠡᠭᠡᠷᠡ ᠠᠪᠤᠭᠰᠠᠨ ᠪᠥᠭᠡᠳ ᠲᠤᠬᠠᠢ ᠶᠢᠨ ᠤᠯᠠᠷᠢᠯ ᠰᠢᠲ᠋ᠢ ᠠᠷᠪᠠᠳᠤᠭᠠᠷ ᠪᠠᠶᠢᠷᠢ ᠪᠠᠷ ᠰᠢᠯᠭᠠᠷᠴᠢ᠂ «Union Europeennes de Football Associations ᠍ ᠦᠨ ᠴᠣᠮᠣ ᠶᠢᠨ» ᠲᠡᠮᠡᠴᠡᠭᠡᠨ ᠦ ᠳᠥᠷᠪᠡᠨ ᠦ ᠨᠢᠭᠡ ᠰᠢᠭᠰᠢᠭᠡ ᠳᠦ ᠰᠢᠯᠭᠠᠷᠠᠪᠠ᠃ 2009 ᠣᠨ ᠤ ᠵᠤᠨ ᠭᠠᠷ ᠲᠦ ᠪᠡᠷᠷᠢᠷᠣᠺᠧ ᠰᠠᠨᠲ᠋ᠠ ᠺᠷᠦ᠋ᠰᠺᠣᠯᠣ ᠲᠤᠷᠧᠡᠮ ᠢᠶᠠᠩᠥᠯ ᠠᠳᠧᠪᠠᠶᠢᠷᠺᠠᠷᠯᠣᠰ ᠲᠧᠸᠧᠰ ᠪᠣᠯᠤᠨ ᠵᠣᠯᠶᠣᠨ ᠯᠧᠰᠺᠣᠲ᠋ᠲ ᠨᠠᠷ ᠢ ᠬᠤᠳᠠᠯᠳᠤᠨ ᠠᠪᠬᠤ ᠳᠤ 100 ᠰᠠᠶ᠎ᠠ ᠹᠦᠨᠲ ᠰᠲ᠋ᠧᠷᠯᠢᠨ ᠢ ᠵᠠᠷᠤᠴᠠᠭᠤᠯᠤᠭᠰᠠᠨ ᠨᠢ ᠤᠷᠢᠳ ᠬᠣᠵᠢᠳ ᠲᠣᠬᠢᠶᠠᠯᠳᠤᠵᠤ ᠪᠠᠶᠢᠭ᠎ᠠ ᠦᠭᠡᠢ ᠨᠠᠶᠢᠮᠠᠢ ᠪᠠᠶᠢᠪᠠ᠃[23]

2009 ᠣᠨ ᠤ ᠠᠷᠪᠠᠨ ᠬᠣᠶᠠᠳᠤᠭᠠᠷ ᠰᠠᠷ᠎ᠠ ᠶᠢᠨ 19 ᠍ ᠳᠦ ᠮᠠᠷᠺ ᠬᠡᠶᠵᠡ ᠶᠢᠨ ᠬᠠᠯᠠᠭ᠎ᠠ ᠶᠢ ᠷᠣᠪᠧᠷᠲᠠ ᠮᠠᠨᠴᠢᠨᠢ ᠠᠪᠤᠭᠰᠠᠨ ᠲᠣᠮᠢᠯᠠᠭᠳᠠᠭᠰᠠᠨ ᠪᠢᠯᠡ᠃ ᠰᠢᠲ᠋ᠢ ᠲᠡᠭᠦᠨ ᠦ ᠤᠳᠤᠷᠢᠳᠤᠯᠭᠠᠨ ᠳᠣᠣᠷ᠎ᠠ 2009-10 ᠣᠨ ᠤ ᠤᠯᠠᠷᠢᠯ ᠢᠶᠠᠷ ᠲᠠᠪᠤᠳᠤᠭᠠᠷ ᠪᠠᠶᠢᠷᠢ ᠡᠵᠡᠯᠡᠨ 2010-11 ᠣᠨ ᠤ ᠠᠪᠣᠷᠭᠣᠴᠣᠳ ᠤᠨ ᠯᠢᠭ ᠦᠨ ᠲᠡᠮᠡᠴᠡᠭᠡᠨ ᠳᠦ ᠤᠷᠤᠯᠴᠠᠬᠤ ᠪᠣᠯᠤᠮᠵᠢ ᠪᠠᠨ ᠠᠯᠠᠳᠠᠭᠰᠠᠨ ᠬᠡᠳᠦᠢ ᠴᠤ ᠧᠦ᠋ᠷᠣᠫᠠ ᠶᠢᠨ ᠯᠢᠭ ᠲᠦ ᠥᠷᠢᠰᠥᠯᠳᠥᠬᠦ ᠶᠤᠮ᠃ 2010-11 ᠣᠨ ᠤ ᠤᠯᠠᠷᠢᠯ ᠤᠨ ᠲᠣᠭᠯᠠᠯᠲᠠ ᠡᠬᠢᠯᠡᠬᠦ ᠶᠢᠨ ᠡᠮᠦᠨ᠎ᠡ ᠵᠧᠷᠣᠮ ᠪᠠᠲ᠋ᠧᠨ ᠢ[24], ᠶᠠᠶ᠎ᠠ ᠲᠤᠷᠧ[25], ᠳᠠᠪᠢᠳᠠ ᠰᠢᠯᠪᠠ[26], ᠠᠯᠧᠺᠰᠠᠨᠳᠠᠷ ᠺᠣᠯᠠᠷᠠᠪᠠ[27] ᠪᠣᠯᠤᠨ ᠮᠠᠷᠢᠶ᠎ᠠ ᠪᠠᠯᠣᠲ᠋ᠧᠯᠯᠢ[28] ᠨᠠᠷ ᠤᠨ ᠰᠢᠯᠢᠳᠡᠭ ᠵᠠᠯᠠᠭᠤ ᠲᠣᠭᠯᠠᠭᠴᠢᠳ ᠢ ᠡᠩᠨᠡᠭᠡᠨ ᠳᠦ ᠪᠡᠨ ᠡᠯᠰᠡᠭᠦᠯᠵᠦ ᠪᠦᠷᠢᠯᠳᠦᠬᠦᠨ ᠦ ᠬᠦᠴᠦ ᠶᠢ ᠵᠤᠵᠠᠭᠠᠳᠬᠠᠭᠰᠠᠨ ᠪᠠᠶᠢᠨ᠎ᠠ᠃

ᠲᠣᠭᠯᠠᠭᠴᠢᠳ[ᠵᠠᠰᠠᠪᠤᠷᠢᠯᠠᠬᠤ | ᠺᠣᠳ᠋ ᠢᠶᠠᠷ ᠵᠠᠰᠠᠬᠣ]

ᠮᠠᠴᠧᠰᠲ᠋ᠧᠷ ᠰᠢᠲ᠋ᠢ ᠪᠠᠭ ᠤᠨ ᠠᠬᠠᠯᠠᠭᠴᠢ ᠺᠠᠷᠯᠣᠰ ᠲᠧᠸᠧᠰ[29]
ᠰᠡᠭᠦᠯ ᠳᠦ ᠰᠢᠨᠡᠴᠢᠯᠡᠭᠰᠡᠨ ᠨᠢ: 2011 ᠣᠨ ᠤ ᠳᠣᠯᠣᠭ᠎ᠠ ᠳᠤᠭᠠᠷ ᠰᠠᠷ᠎ᠠ ᠶᠢᠨ 18.[30]

ᠣᠳᠣ ᠶᠢᠨ ᠪᠦᠷᠢᠯᠳᠦᠬᠦᠨ[ᠵᠠᠰᠠᠪᠤᠷᠢᠯᠠᠬᠤ | ᠺᠣᠳ᠋ ᠢᠶᠠᠷ ᠵᠠᠰᠠᠬᠣ]

ᠲᠡᠮᠳᠡᠭᠯᠡᠯ: ᠲᠥᠷᠥ ᠶᠢᠨ ᠳᠠᠯᠪᠠᠭ᠎ᠠ ᠨᠤᠭᠤᠳ ᠨᠢ Federation Internationale de Football Association ᠪᠤᠶᠤ ᠣᠯᠠᠨ ᠤᠯᠤᠰ ᠤᠨ ᠬᠥᠯᠪᠥᠮᠪᠥᠭᠡ ᠶᠢᠨ ᠬᠣᠯᠪᠣᠭᠠᠨ ᠳᠤ ᠲᠤᠬᠠᠢ ᠶᠢᠨ ᠲᠣᠭᠯᠠᠭᠴᠢ ᠶᠢᠨ ᠠᠯᠢ ᠤᠯᠤᠰ ᠤᠨ ᠨᠡᠷ᠎ᠡ ᠶᠢᠨ ᠡᠮᠦᠨ᠎ᠡ ᠡᠴᠡ ᠲᠣᠭᠯᠠᠳᠠᠭ ᠪᠣᠯᠬᠤ ᠶᠢ ᠵᠢᠭᠠᠭᠰᠠᠨ᠃

ᠳ᠃ ᠪᠠᠶᠢᠷᠢᠯᠠᠯ ᠲᠣᠭᠯᠠᠭᠴᠢ
2 ᠠᠩᠭᠯᠢ DF ᠮᠠᠶᠢᠺᠠ ᠷᠢᠴᠠᠷᠳᠠᠰ
3 ᠠᠩᠭᠯᠢ DF ᠤᠡᠢ ᠶᠢᠨ ᠪᠷᠢᠵᠤ
4 ᠪᠧᠯᠬᠢ DF ᠸᠸᠨ ᠰᠠᠨ ᠺᠣᠮᠫᠠᠨᠢ
5 ᠠᠷᠭᠸᠨ᠋ᠲ᠋ᠢᠨ DF ᠫᠠᠪᠯᠣ ᠰᠠᠪᠠᠯᠧᠲ᠋ᠠ
6 ᠠᠩᠭᠯᠢ MF ᠮᠠᠶᠢᠺᠯ ᠵᠣᠩᠰᠣᠨ
7 ᠠᠩᠭᠯᠢ MF ᠵᠡᠮᠰ ᠮᠢᠯᠨᠧᠷ
9 ᠲᠣᠭᠣ FW ᠡᠮ ᠢᠶᠠᠩᠥᠯ ᠠᠳᠧᠪᠠᠶᠢᠷ
10 ᠪᠣᠰᠨᠢᠶ᠎ᠠ ᠪᠠ ᠾᠧᠷᠽᠧᠭᠣᠸᠢᠨᠠ FW ᠡᠳ᠋ᠨ ᠵᠧᠺᠣ
11 ᠠᠩᠭᠯᠢ MF ᠠᠳᠠᠮ ᠵᠣᠩᠰᠣᠨ
12 ᠠᠩᠭᠯᠢ GK ᠰᠲ᠋ᠶᠤᠸᠠᠷᠲ ᠲᠡᠶᠢᠯᠣᠷ
13 ᠰᠧᠷᠪᠢ DF ᠠᠯᠧᠺᠰᠠᠨᠳᠠᠷ ᠺᠣᠯᠠᠷᠠᠪᠠ
14 ᠫᠠᠷᠠᠭᠪᠠᠢ FW ᠷᠣᠺᠧ ᠰᠠᠨᠲ᠋ᠠ ᠺᠷᠦ᠋ᠰ
15 ᠮᠣᠨᠲ᠋ᠧᠨᠧᠭᠷᠣ᠋ DF ᠰᠲ᠋ᠧᠹᠠᠨ ᠰᠠᠪᠢᠴ
18 ᠠᠩᠭᠯᠢ MF ᠭᠠᠷ ᠲᠦ ᠪᠠᠷᠷᠢ
19 ᠠᠩᠭᠯᠢ DF ᠵᠣᠯᠶᠣᠨ ᠯᠧᠰᠺᠣᠲ᠋ᠲ
21 ᠢᠰᠫᠠᠨᠢ MF ᠳᠠᠪᠢᠳᠠ ᠰᠢᠯᠪᠠ
ᠳ᠃ ᠪᠠᠶᠢᠷᠢᠯᠠᠯ ᠲᠣᠭᠯᠠᠭᠴᠢ
22 ᠹᠷᠠᠨᠼᠢ DF ᠭᠠᠯᠠᠯ ᠺᠯᠢᠰᠢ
25 ᠠᠩᠭᠯᠢ GK ᠵᠣ ᠬᠠᠷ᠎ᠠ ᠳᠤ
28 ᠺᠣᠲ᠋ ᠳ'ᠢᠪᠤ ᠪᠠᠷ DF ᠺᠣᠯᠣ ᠲᠤᠷᠧ
32 ᠠᠷᠭᠸᠨ᠋ᠲ᠋ᠢᠨ FW ᠺᠠᠷᠯᠣᠰ ᠲᠧᠸᠧᠰ
34 ᠨᠢᠳᠧᠷᠯᠠᠨᠲ MF ᠨᠠᠶᠢᠵᠧᠯ ᠳᠧ ᠶᠣᠨ ᠢ
37 ᠹᠠᠷᠧᠷ ᠤᠨ ᠠᠷᠠᠯ ᠤᠳ GK ᠭᠦᠩᠨᠠᠷ ᠨᠢᠯᠰᠧᠨ
38 ᠪᠧᠯᠬᠢ DF ᠳᠡᠳ᠋ᠷᠢᠺ ᠪᠣᠢᠲᠠ
39 ᠤᠥᠯᠰ FW ᠺᠷᠧᠢ ᠶᠢ ᠪᠧᠯᠯᠠᠮᠢ
40 ᠰᠯᠣᠸᠠᠺ MF ᠸᠯᠠᠳᠢᠮᠢᠷ ᠸᠠᠶᠢᠰᠰ
42 ᠺᠣᠲ᠋ ᠳ'ᠢᠪᠤ ᠪᠠᠷ MF ᠶᠠᠶ᠎ᠠ ᠲᠤᠷᠧ
43 ᠠᠩᠭᠯᠢ FW ᠠᠯᠧᠺᠰ ᠨᠢᠮᠧᠯᠤ
45 ᠢᠲ᠋ᠠᠯᠢ FW ᠮᠠᠷᠢᠶ᠎ᠠ ᠪᠠᠯᠣᠲ᠋ᠧᠯᠯᠢ
50 ᠨᠤᠷᠸᠸᠢ MF ᠠᠪᠳᠢᠰᠠᠯᠤᠮ ᠢᠪᠷᠠᠬᠢᠮ
62 ᠺᠣᠲ᠋ ᠳ'ᠢᠪᠤ ᠪᠠᠷ MF ᠠᠪᠳᠤᠯ ᠷᠠᠽᠠᠺ
–– ᠠᠶᠠᠷᠯᠠᠨᠲ DF ᠭᠷᠧᠭ ᠺᠠᠨᠠᠩᠭᠧᠮ
–– ᠠᠩᠭᠯᠢ DF ᠨᠧᠳᠦ᠋ᠮ ᠣᠨᠣᠬᠠ

ᠬᠦᠨᠳᠦᠳᠬᠡᠯ ᠦᠨ ᠳ᠋ᠤᠭᠠᠷ[ᠵᠠᠰᠠᠪᠤᠷᠢᠯᠠᠬᠤ | ᠺᠣᠳ᠋ ᠢᠶᠠᠷ ᠵᠠᠰᠠᠬᠣ]

ᠲᠡᠮᠳᠡᠭᠯᠡᠯ: ᠲᠥᠷᠥ ᠶᠢᠨ ᠳᠠᠯᠪᠠᠭ᠎ᠠ ᠨᠤᠭᠤᠳ ᠨᠢ Federation Internationale de Football Association ᠪᠤᠶᠤ ᠣᠯᠠᠨ ᠤᠯᠤᠰ ᠤᠨ ᠬᠥᠯᠪᠥᠮᠪᠥᠭᠡ ᠶᠢᠨ ᠬᠣᠯᠪᠣᠭᠠᠨ ᠳᠤ ᠲᠤᠬᠠᠢ ᠶᠢᠨ ᠲᠣᠭᠯᠠᠭᠴᠢ ᠶᠢᠨ ᠠᠯᠢ ᠤᠯᠤᠰ ᠤᠨ ᠨᠡᠷ᠎ᠡ ᠶᠢᠨ ᠡᠮᠦᠨ᠎ᠡ ᠡᠴᠡ ᠲᠣᠭᠯᠠᠳᠠᠭ ᠪᠣᠯᠬᠤ ᠶᠢ ᠵᠢᠭᠠᠭᠰᠠᠨ᠃

ᠳ᠃ ᠪᠠᠶᠢᠷᠢᠯᠠᠯ ᠲᠣᠭᠯᠠᠭᠴᠢ
23 ᠺᠠᠮᠧᠷᠦᠨ MF ᠮᠠᠷᠺ-ᠸᠢᠸᠢᠶᠧᠨ ᠹᠣᠡ (ᠨᠡᠬᠡᠨ ᠣᠯᠭᠤᠭᠰᠠᠨ)

ᠱᠠᠩᠨᠠᠯ ᠤᠳ[ᠵᠠᠰᠠᠪᠤᠷᠢᠯᠠᠬᠤ | ᠺᠣᠳ᠋ ᠢᠶᠠᠷ ᠵᠠᠰᠠᠬᠣ]

ᠳᠣᠲᠣᠭᠠᠳᠤ ᠶᠢᠨ[ᠵᠠᠰᠠᠪᠤᠷᠢᠯᠠᠬᠤ | ᠺᠣᠳ᠋ ᠢᠶᠠᠷ ᠵᠠᠰᠠᠬᠣ]

  • ᠨᠢᠭᠡᠳᠦᠭᠡᠷ ᠳ᠋ᠢᠸᠢᠽ[31][32]
    • ᠨᠤᠭᠤᠭᠠᠨ ᠪᠠ ᠤᠯᠠᠪᠤᠷ ᠨᠢ ᠲᠡᠷᠢᠭᠦᠯᠡᠭᠰᠡᠨ ᠪᠠ (2): 1936–37, 1967–68
    • ᠬᠣᠶᠠᠳᠤᠭᠠᠷ ᠪᠠᠶᠢᠷᠢ (3): 1903–04, 1920–21, 1976–77
  • ᠬᠣᠶᠠᠳᠤᠭᠠᠷ ᠳ᠋ᠢᠸᠢᠽ / ᠨᠢᠭᠡᠳᠦᠭᠡᠷ ᠳ᠋ᠢᠸᠢᠽ
    • ᠨᠤᠭᠤᠭᠠᠨ ᠪᠠ ᠤᠯᠠᠪᠤᠷ ᠨᠢ ᠲᠡᠷᠢᠭᠦᠯᠡᠭᠰᠡᠨ ᠪᠠ (7): 1898–99, 1902–03, 1909–10, 1927–28, 1946–47, 1965–66, 2001–02
    • ᠬᠣᠶᠠᠳᠤᠭᠠᠷ ᠪᠠᠶᠢᠷᠢ (4): 1895–96, 1950–51, 1936–37, 1999–2000
  • ᠬᠣᠶᠠᠳᠤᠭᠠᠷ ᠳ᠋ᠢᠸᠢᠽ
    • ᠫᠯᠧᠢ ᠣᠹᠹᠢ ᠶᠢᠨ ᠠᠪᠤᠷᠭᠤ: 1998–99
  • АХХ ᠍ ᠤ ᠴᠣᠮᠣ
    • ᠨᠤᠭᠤᠭᠠᠨ ᠪᠠ ᠤᠯᠠᠪᠤᠷ ᠨᠢ ᠲᠡᠷᠢᠭᠦᠯᠡᠭᠰᠡᠨ ᠪᠠ (4): 1904, 1934, 1956, 1969, 2011
    • ᠬᠣᠶᠠᠳᠤᠭᠠᠷ ᠪᠠᠶᠢᠷᠢ (4): 1926, 1933, 1955, 1981
  • ᠯᠢᠭᠢ ᠶᠢᠨ ᠴᠣᠮᠣ
    • ᠨᠤᠭᠤᠭᠠᠨ ᠪᠠ ᠤᠯᠠᠪᠤᠷ ᠨᠢ ᠲᠡᠷᠢᠭᠦᠯᠡᠭᠰᠡᠨ ᠪᠠ (2): 1970, 1976
    • ᠬᠣᠶᠠᠳᠤᠭᠠᠷ ᠪᠠᠶᠢᠷᠢ (1): 1974
  • Charity Shield / ᠺᠣᠮᠮᠤᠶᠢᠨᠢᠲ᠋ᠢ ᠱᠢᠶᠡᠯᠡᠳ
    • ᠨᠤᠭᠤᠭᠠᠨ ᠪᠠ ᠤᠯᠠᠪᠤᠷ ᠨᠢ ᠲᠡᠷᠢᠭᠦᠯᠡᠭᠰᠡᠨ ᠪᠠ (3): 1937, 1968, 1972.
    • ᠬᠣᠶᠠᠳᠤᠭᠠᠷ ᠪᠠᠶᠢᠷᠢ (4): 1934, 1956, 1969, 1973.
  • Full Members Cup
    • ᠬᠣᠶᠠᠳᠤᠭᠠᠷ ᠪᠠᠶᠢᠷᠢ (1): 1986

ᠧᠦ᠋ᠷᠣᠫᠠ ᠶᠢᠨ[ᠵᠠᠰᠠᠪᠤᠷᠢᠯᠠᠬᠤ | ᠺᠣᠳ᠋ ᠢᠶᠠᠷ ᠵᠠᠰᠠᠬᠣ]

ᠴᠡᠩᠭᠡᠯ ᠳᠦ ᠬᠢ ᠬᠦᠷᠢᠶᠡᠯᠡᠩ[ᠵᠠᠰᠠᠪᠤᠷᠢᠯᠠᠬᠤ | ᠺᠣᠳ᠋ ᠢᠶᠠᠷ ᠵᠠᠰᠠᠬᠣ]

ᠰᠢᠲ᠋ᠢ ᠣᠹ ᠮᠠᠴᠧᠰᠲ᠋ᠧᠷ
Eastlands
CoMS
Mcfc stad pano.jpg
Union Europeennes de Football Associations ᠍ ᠦᠨ ᠰᠢᠯᠢᠳᠡᠭ ᠴᠡᠩᠭᠡᠯ ᠳᠦ ᠬᠢ ᠬᠦᠷᠢᠶᠡᠯᠡᠩ]]
ᠪᠠᠶᠢᠷᠢᠯᠠᠯ ᠰᠫᠣᠷᠲ᠋ᠰᠢᠲ᠋ᠢ᠂ ᠭᠡᠭᠡᠨ ᠷᠣᠢᠰᠯ᠂ ᠮᠠᠴᠧᠰᠲ᠋ᠧᠷ M11 3FF
ᠰᠣᠯᠪᠢᠴᠠᠯ 53°28′59″N 2°12′1″W / 表达式错误:未预料的<操作符 表达式错误:未预料的<操作符 / 表达式错误:未预料的<操作符; 表达式错误:未预料的<操作符ᠰᠣᠯᠪᠢᠴᠠᠯ: 53°28′59″N 2°12′1″W / 表达式错误:未预料的<操作符 表达式错误:未预料的<操作符 / 表达式错误:未预料的<操作符; 表达式错误:未预料的<操作符
ᠪᠠᠷᠢᠵᠤ ᠡᠬᠢᠯᠡᠭᠰᠡᠨ 1999
ᠨᠡᠭᠡᠭᠡᠭᠳᠡᠭᠰᠡᠨ 2002 ᠣᠨ ᠤ ᠳᠣᠯᠣᠭ᠎ᠠ ᠳᠤᠭᠠᠷ ᠰᠠᠷ᠎ᠠ ᠶᠢᠨ 25 (ᠬᠥᠩᠭᠡᠨ ᠠᠲᠯᠧᠲ᠋ᠢᠭ)
2003 ᠣᠨ ᠤ ᠨᠠᠶᠢᠮᠠᠳᠤᠭᠠᠷ ᠰᠠᠷ᠎ᠠ ᠶᠢᠨ 10 (ᠬᠥᠯ ᠪᠥᠮᠪᠥᠭᠡ)
ᠥᠷᠭᠡᠰᠬᠡᠭᠰᠡᠨ 2002-2003
ᠡᠵᠡᠮᠰᠢᠭᠴᠢ ᠮᠠᠴᠧᠰᠲ᠋ᠧᠷ ᠰᠢᠲ᠋ᠢ ᠪᠠᠭ ᠤᠨ ᠤᠳᠤᠷᠢᠳᠬᠤ ᠵᠥᠪᠯᠡᠯ
ᠣᠫᠧᠷᠠᠲ᠋ᠣᠷ ᠮᠠᠴᠧᠰᠲ᠋ᠧᠷ ᠰᠢᠲ᠋ᠢ
ᠭᠠᠳᠠᠷᠭᠤ ᠳ᠋ᠧᠰᠰᠣ ᠭᠷᠠᠰᠰᠮᠠᠰᠲ᠋ᠸᠷ
ᠪᠠᠶᠢᠭᠤᠯᠤᠭᠰᠠᠨ ᠵᠠᠷᠤᠳᠠᠯ £110 ᠰᠠᠶ᠋ᠢ
£30 ᠰᠠᠶ᠎ᠠ (ᠬᠥᠯᠪᠥᠮᠪᠥᠭᠡ ᠶᠢᠨ ᠵᠣᠷᠢᠭᠤᠯᠤᠯᠲᠠ ᠪᠣᠯᠭᠠᠬᠤ ᠳᠤ)
ᠠᠷᠬᠢᠲ᠋ᠧᠺᠲ᠋ᠣᠷ ᠠᠷᠤᠫ
ᠪᠠᠭᠲᠠᠭᠠᠮᠵᠢ 47,726[33]
ᠲᠠᠯᠠᠪᠠᠢ ᠶᠢᠨ ᠬᠡᠮᠵᠢᠶ᠎ᠡ 105 x 68
ᠲᠦᠷᠢᠶᠡᠰᠦᠯᠡᠭᠴᠢ
2002 ᠣᠨ ᠤ ᠬᠠᠮᠲᠤ ᠶᠢᠨ ᠨᠥᠬᠥᠷᠯᠡᠯ ᠦᠨ ᠨᠠᠭᠠᠳᠤᠮ
ᠮᠠᠴᠧᠰᠲ᠋ᠧᠷ ᠰᠢᠲ᠋ᠢ (2003–ᠣᠳᠣ)
«ᠰᠢᠲ᠋ᠢ ᠣᠹ ᠮᠠᠴᠧᠰᠲ᠋ᠧᠷ» ᠴᠡᠩᠭᠡᠯᠳᠦᠬᠦ ᠬᠦᠷᠢᠶᠡᠯᠡᠩᠭᠡᠢ ᠭᠠᠳᠠᠨ᠎ᠠ ᠪᠠᠶᠢᠳᠠᠯ

ᠡᠰᠢᠯᠡᠯ[ᠵᠠᠰᠠᠪᠤᠷᠢᠯᠠᠬᠤ | ᠺᠣᠳ᠋ ᠢᠶᠠᠷ ᠵᠠᠰᠠᠬᠣ]

  • Buckley, Andy; Burgess, Richard (2000). Blue Moon Rising: The Fall and Rise of Manchester City. Bury: Milo. ISBN 0-9530847-4-4. 
  • Gardner, Peter (1970). The Manchester City Football Book No. 2. London: Stanley Paul. ISBN 0-09-103280-6. 
  • Inglis, Simon (1987). The Football Grounds of Great Britain (2nd ed.). London: Collins Willow. ISBN 0-00-218249-1. 
  • James, Gary (2002). Manchester: The Greatest City. Polar Publishing. ISBN 1-899538-09-7. 
  • James, Gary (2005). The Official Manchester City Hall of Fame. Hamlyn. ISBN 0-600-61282-1. 
  • James, Gary (2006). Manchester City – The Complete Record. Derby: Breedon. ISBN 1-85983-512-0. 
  • James, Gary (2008). Manchester – A Football History. Halifax: James Ward. ISBN 978-0-9558127-0-5. 
  • Penney, Ian (2008). Manchester City: The Mercer-Allison Years. Derby: Breedon. ISBN 978-1-85983-608-8. 
  • Rowlands, Alan (2005). Trautmann: The Biography. Derby: Breedon. ISBN 1-85983-491-4. 
  • Tossell, David (2008). Big Mal:The High Life and Hard Times of Malcolm Allison, Football Legend. Edinburgh: Mainstream. ISBN 978-1-84596-478-8. 
  • Wallace, David (2007). Century City – Manchester City Football Club 1957/58. Leigh: King of the Kippax. ISBN 978-0-9557056-0-1. 
  • Ward, Andrew (1984). The Manchester City Story. Derby: Breedon. ISBN 0-907969-05-4. 
  1. Stadium History. Manchester City Football Club. the original on 8 February 2008 ᠍ ᠰ ᠠᠷᠬᠢᠸᠯᠠᠭᠳᠠᠭᠰᠠᠨ᠃ 21 October 2009 ᠍ ᠳᠦ ᠬᠠᠨᠳᠤᠭᠰᠠᠨ᠃
  2. James, Gary (2008). Manchester – A Football History. Halifax: James Ward. ISBN 978-0-9558127-0-5.  p58
  3. James, Gary (2006). Manchester City – The Complete Record. Derby: Breedon. ISBN 1-85983-512-0.  p23
  4. Ward, The Manchester City Story, p8
  5. James, Manchester City – The Complete Record, p32
  6. James, Manchester:The Greatest City, pp 59–65.
  7. Ward, The Manchester City Story, pp31–33
  8. England 1937/38. league table from RSSSF. 29 December 2005 ᠍ ᠳᠦ ᠬᠠᠨᠳᠤᠭᠰᠠᠨ᠃
  9. Ward, The Manchester City Story, p57
  10. Penney, Manchester City – The Mercer-Allison Years, pp27–36
  11. Penney, Manchester City – The Mercer-Allison Years, pp37–56
  12. Gardner, The Manchester City Football Book No. 2, pp13–22
  13. James, Manchester City – The Complete Record, pp410–420
  14. Ward, The Manchester City Story, p70
  15. James, Manchester City – The Complete Record, p68
  16. Buckley, Andy; Burgess, Richard (2000). Blue Moon Rising: The Fall and Rise of Manchester City. Bury: Milo. ISBN 0-9530847-4-4.  p177
  17. Manchester City – The Complete Record, p265
  18. Goater double gives City derby win. RTᠢ. 28 May 2007 ᠍ ᠳᠦ ᠬᠠᠨᠳᠤᠭᠰᠠᠨ᠃
  19. "Eriksson named Man City manager", BBC Sport, 6 July 2007. 20 July 2007 ᠍ ᠳᠦ ᠠᠪᠤᠭᠰᠠᠨ᠃ 
  20. Eriksson's reign at Man City ends. BBC Sport (2 June 2008). 2 June 2008 ᠍ ᠳᠦ ᠬᠠᠨᠳᠤᠭᠰᠠᠨ᠃
  21. "Manchester City appoint Mark Hughes", Manchester City FC, 4 June 2008. 21 October 2009 ᠍ ᠳᠦ ᠠᠪᠤᠭᠰᠠᠨ᠃ 
  22. Man City beat Chelsea to Robinho. BBC (1 September 2008). 19 September 2009 ᠍ ᠳᠦ ᠬᠠᠨᠳᠤᠭᠰᠠᠨ᠃
  23. "Lescott completes Man City move", BBC Sport, 25 August 2009. 12 September 2009 ᠍ ᠳᠦ ᠠᠪᠤᠭᠰᠠᠨ᠃ 
  24. Jerome Boateng has agreed the terms of a five-year contract to join Manchester City from German Bundesliga side Hamburg SV.. Manchester City official website. 30 June 2010 ᠍ ᠳᠦ ᠬᠠᠨᠳᠤᠭᠰᠠᠨ᠃
  25. Manchester City sign midfielder Yaya Toure. BBC sport. 2 July 2010 ᠍ ᠳᠦ ᠬᠠᠨᠳᠤᠭᠰᠠᠨ᠃
  26. Silva seals City switch.. Sky Sports. 14 July 2010 ᠍ ᠳᠦ ᠬᠠᠨᠳᠤᠭᠰᠠᠨ᠃
  27. http://www.mcfc.co.uk/News/American-Pre-season-tour/2010/July/US-Tour-kolarov
  28. Balotelli signs for City. Manchester City official website. 13 August 2010 ᠍ ᠳᠦ ᠬᠠᠨᠳᠤᠭᠰᠠᠨ᠃
  29. MCFC announce Carlos Tevez is captain. mcfc.co.uk (18 August 2010). 18 August 2010 ᠍ ᠳᠦ ᠬᠠᠨᠳᠤᠭᠰᠠᠨ᠃
  30. Players. Manchester City F.C.. 2011-07-18 ᠍ ᠳᠦ ᠬᠠᠨᠳᠤᠭᠰᠠᠨ᠃
  31. Up until 1992, the top division of English football was the Football League First Division; since then, it has been the FA Premier League. At the same time, the Second Division was renamed the First Division, and the Third Division was renamed the Second Division.
  32. Club History. Manchester City FC. 19 September 2009 ᠍ ᠳᠦ ᠬᠠᠨᠳᠤᠭᠰᠠᠨ᠃
  33. Stadium History. Manchester City Football Club. the original on 8 February 2008 ᠍ ᠰ ᠠᠷᠬᠢᠸᠯᠠᠭᠳᠠᠭᠰᠠᠨ᠃ 25 July 2009 ᠍ ᠳᠦ ᠬᠠᠨᠳᠤᠭᠰᠠᠨ᠃

ᠬᠣᠯᠪᠣᠭᠠᠰᠤ[ᠵᠠᠰᠠᠪᠤᠷᠢᠯᠠᠬᠤ | ᠺᠣᠳ᠋ ᠢᠶᠠᠷ ᠵᠠᠰᠠᠬᠣ]

ᠪᠢᠴᠢᠭᠡᠰᠦ