ᠮᠠᠴᠤ ᠫᠢᠭᠴᠤ

ᠴᠢᠯᠦᠭᠡᠲᠦ ᠨᠡᠪᠲᠡᠷᠬᠡᠢ ᠲᠣᠯᠢ — ᠸᠢᠺᠢᠫᠧᠳᠢᠶ᠎ᠠ ᠠᠴᠠ
ᠬᠠᠷᠠᠶᠢᠬᠤ: ᠤᠳᠤᠷᠢᠳᠬᠤ, ᠬᠠᠶᠢᠯᠲᠠ
ᠮᠠᠴᠤ ᠫᠢᠭᠴᠤ ᠶᠢᠨ ᠳᠠᠷᠬᠠᠨ ᠭᠠᠵᠠᠷ*
United Nations Educational Scientific and Cultural Organization ᠍ ᠶᠢᠨ ᠳᠡᠯᠡᠬᠡᠢ ᠶᠢᠨ ᠥᠪ

ᠵᠢᠵᠢᠭ ᠵᠢᠷᠤᠭ ᠢ ᠡᠭᠦᠰᠭᠡᠬᠦ ᠳ᠋ᠦ ᠠᠯᠳᠠᠭ᠎ᠠ ᠭᠠᠷᠤᠯ᠎ᠠ: Unable to save thumbnail to destination
ᠮᠠᠴᠤ ᠫᠢᠭᠴᠤᠭᠡᠶᠢᠨ ᠲᠤᠭᠤᠷ ᠢ ᠳᠡᠭᠡᠷ᠎ᠡ ᠡᠴᠡ ᠨᠢ ᠪᠠᠶᠢᠨ᠎ᠠ ᠫᠢᠭᠴᠤᠭᠡ ᠡᠴᠡ ᠬᠠᠷᠠᠪᠠᠯ
ᠲᠥᠷᠥᠯ ᠬᠣᠣᠰᠯᠠᠮᠠᠯ
ᠰᠢᠯᠭᠠᠭᠤᠷ i, iii, vii, ix
ᠳ᠋ᠤᠭᠠᠷ 114
ᠪᠥᠰᠡ** ᠠᠮᠧᠷᠢᠺᠠ ᠳᠠᠬᠢ ᠳᠡᠯᠡᠬᠡᠢ ᠶᠢᠨ ᠥᠪ ᠦᠳ
ᠪᠦᠷᠢᠳᠬᠡᠭᠰᠡᠨ ᠲᠡᠦᠬᠡ
ᠪᠦᠷᠢᠳᠬᠡᠭᠰᠡᠨ 1983  (9 ᠍ ᠳᠦᠭᠡᠷ ᠴᠢᠭᠤᠯᠭᠠᠨ)
* ᠨᠡᠷ᠎ᠡ ᠨᠢ ᠳᠡᠯᠡᠬᠡᠢ ᠶᠢᠨ ᠥᠪ ᠦᠨ ᠵᠢᠭ᠌ᠰᠠᠭᠠᠯᠳᠠ ᠳᠤ ᠪᠦᠷᠢᠳᠬᠡᠭᠳᠡᠭᠰᠡᠨ ᠦ ᠳᠠᠭᠠᠤ᠃
** ᠪᠥᠰᠡ ᠨᠢ United Nations Educational Scientific and Cultural Organization ᠍ ᠦᠨ ᠲᠣᠭᠲᠠᠭᠠᠭᠰᠠᠨ ᠤ ᠳᠠᠭᠠᠤ᠃

ᠮᠠᠴᠤ ᠫᠢᠭᠴᠤ (ᠠᠩᠭᠯᠢ ᠬᠡᠯᠡ:Machu Picchu) ᠪᠤᠶᠤ ᠺᠧᠴᠤᠸᠠ ᠬᠡᠯᠡ ᠪᠡᠷ 《ᠬᠠᠭᠤᠴᠢᠨ ᠣᠷᠭᠢᠯ》 ᠬᠡᠮᠡᠨ ᠤᠳᠬᠠᠴᠢᠯᠠᠭᠳᠠᠳᠠᠭ ᠤᠭ ᠭᠠᠵᠠᠷ ᠨᠢ ᠺᠦ᠋ᠰᠺᠣ ᠶᠢ ᠠᠴᠠ ᠪᠠᠷᠠᠭᠤᠨ ᠬᠣᠶᠢᠳᠤ ᠵᠦᠢᠭ ᠲᠤ 70 ᠣᠷᠴᠢᠮ km ᠳᠦ᠂ ᠫᠧᠷᠤᠭᠡᠶᠢᠨ ᠤᠷᠤᠪᠠᠮᠪᠠ ᠬᠥᠨᠳᠡᠢᠨ ᠣᠷᠴᠢᠮ ᠳᠤ ᠤᠷᠤᠰᠢᠬᠤ ᠳᠠᠯᠠᠢ ᠶᠢᠨ ᠲᠦᠪᠰᠢᠨ ᠡᠴᠡ ᠳᠡᠭᠡᠭᠰᠢ 2430 ᠮᠧᠲ᠋ᠷ ᠡᠷᠭᠦᠭᠳᠡᠭᠰᠡᠨ ᠠᠤᠯᠠᠯᠠᠰ ᠤᠨ ᠣᠷᠭᠢᠯ ᠬᠢᠷ᠎ᠠ ᠳᠡᠭᠡᠷ᠎ᠡ ᠪᠠᠶᠢᠭᠤᠯᠤᠭᠳᠠᠭᠰᠠᠨ ᠺᠣᠯᠤᠮᠪᠢᠶ ᠠ ᠶᠢᠨ ᠡᠮᠦᠨᠡᠬᠢ ᠢᠨᠺᠡᠭᠦᠳᠡ ᠶᠢᠨ ᠬᠣᠲᠠ ᠶᠤᠮ᠃ ᠤᠭ ᠭᠠᠵᠠᠷ ᠨᠢ ᠢᠨᠺ ᠤᠨ ᠣᠷᠬᠢᠭᠳᠠᠭᠰᠠᠨ ᠬᠣᠲᠠ ᠬᠡᠮᠡᠨ ᠨᠡᠷᠡᠯᠡᠭᠳᠡᠵᠦ ᠮᠠᠰᠢᠳᠠ ᠠᠯᠳᠠᠷᠰᠢᠭᠰᠠᠨ ᠪᠥᠭᠡᠳ ᠮᠠᠭᠠᠳ ᠦᠭᠡᠢ ᠳᠡᠯᠡᠬᠡᠢᠨ ᠳᠡᠶᠢᠯᠦᠩᠬᠢ ᠬᠦᠮᠦᠰ ᠲᠦ ᠢᠨᠺ ᠤᠨ ᠡᠵᠡᠨᠲᠦ ᠭᠦᠷᠦᠨ ᠶᠢ ᠳᠤᠷᠠᠰᠬᠤ ᠳᠤ ᠬᠠᠮᠤᠭ ᠤᠨ ᠲᠦᠷᠦᠭᠦᠨ ᠳᠦ ᠰᠠᠨᠠᠭᠠᠨ ᠳᠤ ᠨᠢ ᠣᠷᠣᠳᠠᠭ ᠠᠯᠳᠠᠷᠲᠠᠢ ᠭᠠᠵᠠᠷ ᠪᠠᠶᠢᠵᠤ ᠴᠤ ᠪᠣᠯᠬᠤ ᠶᠤᠮ᠃

ᠤᠭ ᠬᠣᠲᠠ ᠨᠢ 1450 ᠣᠨ ᠣᠷᠴᠢᠮ ᠪᠠᠷᠢᠭᠳᠠᠭᠰᠠᠨ ᠪᠥᠭᠡᠳ ᠬᠦᠮᠦᠰ ᠲᠡᠨᠳᠡ 100 ᠭᠠᠷᠤᠢ ᠵᠢᠯ ᠣᠷᠣᠰᠢᠨ ᠠᠮᠢᠳᠤᠷᠠᠵᠤ ᠪᠠᠶᠢᠭᠠᠳ ᠢᠰᠫᠠᠨᠢᠴᠤᠤ ᠳᠤ ᠢᠨᠺ ᠤᠨ ᠡᠵᠡᠨᠲᠦ ᠭᠦᠷᠦᠨ ᠢ ᠪᠠᠶᠢᠯᠳᠤᠨ ᠳᠠᠭᠠᠭᠤᠯᠬᠤ ᠦᠶ᠎ᠡ ᠪᠡᠷ ᠣᠷᠬᠢᠭᠰᠠᠨ ᠪᠠᠶᠢᠨ᠎ᠠ᠃ ᠡᠭᠦᠨ ᠡᠴᠡ ᠬᠣᠶᠢᠰᠢ ᠣᠯᠠᠨ ᠵᠠᠭᠤᠨ ᠤ ᠲᠤᠷᠰᠢ ᠠᠭᠤᠭᠤᠯ ᠨᠤᠲᠤᠭ ᠤᠨ ᠬᠢᠨ ᠠᠴᠠ ᠪᠤᠰᠤᠳ ᠬᠦᠮᠦᠰ ᠦᠨ ᠬᠡᠨ ᠨᠢ ᠴᠤ ᠡᠨᠡ ᠬᠣᠲᠠ ᠶᠢᠨ ᠲᠠᠯ᠎ᠠ ᠪᠠᠷ ᠮᠡᠳᠡᠬᠦ ᠦᠭᠡᠢ ᠪᠠᠶᠢᠭᠰᠠᠭᠠᠷ ᠬᠣᠷᠢᠳᠤᠭᠠᠷ ᠵᠠᠭᠤᠨ ᠲᠠᠢ ᠵᠣᠯᠭᠠᠭᠰᠠᠨ ᠪᠠᠶᠢᠨ᠎ᠠ᠃ 1911 ᠣᠨ ᠳᠤ ᠠᠮᠧᠷᠢᠺᠠ ᠶᠢᠨ ᠨᠢᠭᠡᠳᠦᠭᠰᠡᠨ ᠤᠯᠤᠰ ᠍ ᠤᠨ ᠲᠡᠦᠬᠡᠴᠢ ᠬᠢᠷᠠᠮ᠎ᠠ ᠪᠢᠩᠬᠠᠮ ᠮᠠᠴᠤ ᠫᠢᠭᠴᠤᠭ ᠳᠡᠯᠡᠬᠡᠢ ᠳᠠᠬᠢᠨ ᠢᠶᠠᠨ ᠨᠡᠭᠡᠭᠡᠵᠦ ᠥᠭᠭᠦᠭᠰᠡᠨ ᠪᠠᠶᠢᠨ᠎ᠠ᠃

ᠡᠭᠦᠨ ᠡᠴᠡ ᠬᠣᠶᠢᠰᠢ ᠮᠠᠴᠤ ᠫᠢᠭᠴᠤ ᠨᠢ ᠵᠢᠭᠤᠯᠴᠢᠳ ᠤᠨ ᠬᠠᠮᠤᠭ ᠤᠨ ᠶᠡᠬᠡ ᠣᠴᠢᠳᠠᠭ ᠭᠠᠵᠠᠷ ᠤᠳ ᠤᠨ ᠨᠢᠭᠡ ᠪᠣᠯᠤᠭᠰᠠᠨ ᠪᠥᠭᠡᠳ 1981 ᠣᠨ ᠳᠤ ᠫᠧᠷᠤ ᠶᠢᠨ ᠲᠡᠦᠬᠡ ᠶᠢᠨ ᠥᠪ ᠦᠨ ᠬᠠᠮᠠᠭᠠᠯᠠᠯ ᠳᠤ ᠪᠦᠷᠢᠳᠬᠡᠭᠳᠡᠭᠰᠡᠨ ᠪᠠ 1983 ᠣᠨ ᠳᠤ United Nations Educational Scientific and Cultural Organization ᠍ ᠶᠢᠨ ᠳᠡᠯᠡᠬᠡᠢ ᠶᠢᠨ ᠥᠪ ᠳᠤ ᠪᠦᠷᠢᠳᠬᠡᠭᠳᠡᠭᠰᠡᠨ ᠪᠠᠶᠢᠨ᠎ᠠ᠃ ᠮᠥᠨ ᠰᠢᠨ᠎ᠡ ᠶᠢᠷᠲᠢᠨᠴᠦ ᠶᠢᠨ 7 ᠭᠠᠶᠢᠬᠠᠮᠰᠢᠭᠲᠤ ᠳᠡᠯᠡᠬᠡᠢ ᠨᠡᠶᠢᠲᠡ ᠶᠢᠨ ᠰᠠᠨᠠᠯ ᠠᠰᠠᠭᠤᠯᠭ᠎ᠠ ᠪᠠᠷ ᠰᠢᠯᠭᠠᠷᠠᠨ ᠣᠷᠣᠵᠠᠢ᠃

ᠮᠠᠴᠤ ᠫᠢᠭᠴᠤ ᠨᠢ ᠢᠨᠺ ᠦᠳ ᠦᠨ ᠰᠣᠩᠭᠣᠳᠠᠭ ᠠᠷᠬᠢᠲ᠋ᠧᠺᠲ᠋ᠣᠷ ᠪᠣᠯᠬᠤ ᠬᠠᠭᠤᠷᠠᠢ ᠬᠠᠳᠠᠨ ᠬᠠᠨ ᠠᠷᠭ᠎ᠠ ᠪᠠᠷ ᠪᠠᠷᠢᠭᠳᠠᠭᠰᠠᠨ ᠪᠠ ᠬᠣᠲᠠ ᠶᠢᠨ ᠭᠣᠣᠯ ᠪᠠᠶᠢᠭᠤᠯᠤᠮᠵᠢ ᠨᠢ ᠨᠠᠷᠠᠨ ᠤ ᠰᠦᠮ᠎ᠡ ᠢᠨᠲ᠋ᠢᠬᠤᠠᠲᠤᠨ᠎ᠠ ᠶᠤᠮ᠃

ᠤᠭ ᠬᠣᠲᠠ ᠶᠢ ᠦᠵᠡᠬᠦ ᠪᠡᠷ ᠵᠥᠪᠬᠡᠨ 2003 ᠣᠨ ᠳᠤ ᠯᠠ ᠭᠡᠬᠦ ᠳᠦ 400000 ᠵᠢᠭᠤᠯᠴᠢᠨ ᠢᠷᠡᠭᠰᠡᠨ ᠨᠢ ᠲᠡᠭᠦᠨ ᠢ ᠬᠡᠷ ᠠᠯᠳᠠᠷᠲᠠᠢ ᠪᠣᠯᠬᠤ ᠶᠢ ᠬᠠᠷᠠᠭᠤᠯᠵᠤ ᠪᠠᠶᠢᠭ᠎ᠠ ᠬᠡᠷᠡᠭ ᠪᠢᠯᠡ᠃

ᠫᠠᠨᠨᠣᠷᠣᠮ᠎ᠠ ᠨᠤᠭᠤᠳ[ᠵᠠᠰᠠᠪᠤᠷᠢᠯᠠᠬᠤ | ᠺᠣᠳ᠋ ᠢᠶᠠᠷ ᠵᠠᠰᠠᠬᠣ]

ᠫᠠᠨᠨᠣᠷᠤᠮ ᠹᠣᠲ᠋ᠣ ᠮᠠᠴᠤ ᠫᠢᠭᠴᠤ I.
ᠫᠠᠨᠨᠣᠷᠤᠮ ᠹᠣᠲ᠋ᠣ ᠮᠠᠴᠤ ᠫᠢᠭᠴᠤ II.

ᠯᠠᠪᠯᠠᠬᠤ[ᠵᠠᠰᠠᠪᠤᠷᠢᠯᠠᠬᠤ | ᠺᠣᠳ᠋ ᠢᠶᠠᠷ ᠵᠠᠰᠠᠬᠣ]

  • Bingham, Hiram (1979 [1930]) Machu Picchu a Citadel of the Incas. Hacker Art Books, New York.
  • Burger, Richard and Lucy Salazar (eds.) (2004) Machu Picchu: Unveiling the Mystery of the Incas. Yale University Press, New Haven.
  • Frost, Peter (1995) Machu Picchu Historical Sanctuary. Nueves Imágines, Lima.
  • Reinhard, Johan (2002) Machu Picchu: The Sacred Center. Lima: Instituto Machu Picchu (2nd ed.).
  • Richardson, Don (1981) Eternity in their Hearts. Regal Books, Ventura. ISBN 0-8307-0925-8, pp. 34–35.
  • Wright, Kenneth and Alfredo Valencia (2000) Machu Picchu: A Civil Engineering Marvel. ASCE Press, Reston.

ᠭᠠᠳᠠᠭᠠᠳᠤ ᠬᠣᠯᠪᠣᠭᠠᠰᠤ ᠨᠤᠭᠤᠳ[ᠵᠠᠰᠠᠪᠤᠷᠢᠯᠠᠬᠤ | ᠺᠣᠳ᠋ ᠢᠶᠠᠷ ᠵᠠᠰᠠᠬᠣ]

ᠪᠢᠴᠢᠭᠡᠰᠦ