ᠮᠠᠼᠣ ᠪᠠᠱᠣ

ᠴᠢᠯᠦᠭᠡᠲᠦ ᠨᠡᠪᠲᠡᠷᠬᠡᠢ ᠲᠣᠯᠢ — ᠸᠢᠺᠢᠫᠧᠳᠢᠶ᠎ᠠ ᠠᠴᠠ
— «ᠮᠠᠴᠤᠭ᠎ᠠ ᠪᠠᠰᠢᠶᠣ» ᠭᠡᠳ ᠬᠣᠯᠪᠣᠭᠳᠠᠪᠠ —
ᠬᠠᠷᠠᠶᠢᠬᠤ: ᠤᠳᠤᠷᠢᠳᠬᠤ, ᠬᠠᠶᠢᠯᠲᠠ

ᠮᠠᠼᠣ ᠪᠠᠱᠣ (ᠶᠠᠫᠣᠨ ᠬᠡᠯᠡ: 松尾 芭蕉, Matsuo Bashō 1644—1694 ᠣᠨ ᠤ 11 ᠰᠠᠷ᠎ᠠ ᠶᠢᠨ 28, ᠵᠢᠩᠬᠢᠨᠢ ᠨᠡᠷ᠎ᠡ ᠨᠢ ᠮᠠᠼᠣ ᠮᠦᠨᠡᠹᠦᠰᠠ) ᠪᠣᠯ ᠶᠠᠫᠣᠨ ᠤ ᠡᠳ᠋᠎ᠠ ᠶᠢᠨ ᠡᠷᠡᠨ ᠦ ᠠᠯᠳᠠᠷᠲᠤ ᠢᠷᠠᠭᠤ ᠨᠠᠶᠢᠷᠠᠭᠴᠢ ᠪᠢᠯᠡ᠃

ᠮᠠᠼᠣ ᠢᠭᠠ ᠮᠤᠵᠢ ᠶᠢᠨ ᠦᠡᠨ ᠬᠡᠮᠡᠬᠦ ᠵᠢᠵᠢᠭ᠍ᠭᠡᠨ ᠬᠣᠳᠠ ᠳᠤ ᠳᠤᠮᠳᠠ ᠵᠡᠷᠭᠡ ᠶᠢᠨ ᠠᠮᠢᠳᠤᠷᠠᠯ ᠲᠠᠢ ᠰᠠᠮᠤᠷᠠᠢ ᠶᠢᠨ ᠭᠡᠷ ᠪᠦᠯᠢ ᠳᠦ ᠲᠥᠷᠦᠵᠢᠭᠡ᠃ ᠲᠡᠳᠡᠨ ᠦ ᠬᠢ ᠵᠠᠰᠠᠭ ᠤᠨ ᠵᠦᠭ ᠡᠴᠡ ᠶᠠᠮᠠᠷ ᠴᠤ ᠲᠡᠳᠬᠦᠯᠭᠡ ᠠᠪᠳᠠᠭ ᠦᠭᠡᠢ ᠪᠠᠶᠢᠭᠰᠠᠨ ᠤᠴᠢᠷ ᠡᠴᠢᠭᠡ ᠨᠢ ᠰᠠᠮᠤᠷᠠᠢ ᠶᠢᠨ ᠬᠤᠪᠢ ᠳᠤ ᠱᠠᠭᠠᠷᠳᠠᠯᠭ᠎ᠠ ᠭᠠᠷᠪᠠᠯ ᠴᠡᠷᠢᠭ ᠦᠨ ᠠᠯᠪᠠ ᠬᠠᠭᠠᠵᠤ᠂ ᠠᠮᠢᠳᠤᠷᠠᠯ ᠤᠨ ᠠᠬᠤᠢ ᠶᠢ ᠪᠠᠨ ᠵᠠᠯᠭᠠᠭᠤᠯᠬᠤ ᠶᠢᠨ ᠲᠤᠯᠠᠳᠠ ᠪᠢᠴᠢᠭ ᠦᠨ ᠪᠠᠭᠰᠢ ᠯᠠ ᠬᠢᠳᠡᠭ ᠪᠠᠶᠢᠴᠠᠢ᠃

ᠪᠠᠰᠢᠭ᠎ᠠ ᠪᠦᠷ ᠪᠠᠭ᠎ᠠ ᠠᠴᠠ ᠪᠠᠨ ᠰᠢᠯᠦᠭ ᠵᠣᠬᠢᠶᠠᠯ ᠪᠢᠴᠢᠬᠦ ᠰᠣᠨᠢᠷᠬᠠᠯ ᠳᠤ ᠬᠥᠲᠦᠯᠦᠭᠳᠡᠨ ᠬᠠᠶᠢᠺᠦ ᠮᠠᠶ᠋ᠢᠭ ᠢᠶᠠᠷ ᠰᠢᠯᠦᠭ ᠲᠤᠭᠤᠷᠪᠢᠵᠤ ᠶᠡᠬᠡᠬᠡᠨ ᠬᠥᠳᠡᠯᠮᠦᠷᠢᠯᠡᠭᠰᠡᠨ ᠦ ᠦᠷ᠎ᠡ ᠳ᠋ᠦᠩ ᠳᠦ ᠨᠡᠯᠢᠶᠡᠳ ᠨᠡᠷ᠎ᠡ ᠳᠦ ᠭᠠᠷᠴᠤ᠂ ᠤᠯᠠᠮ ᠢᠶᠠᠷ 1672 ᠣᠨ ᠳᠤ ᠤᠷᠠᠨ ᠪᠦᠲᠦᠭᠡᠯ ᠲᠤᠭᠤᠷᠪᠢᠬᠤ ᠬᠠᠮᠤᠭ ᠤᠨ ᠪᠣᠯᠤᠮᠵᠢ ᠲᠠᠢ ᠭᠡᠵᠦ ᠲᠣᠭᠠᠴᠠᠭᠳᠠᠳᠠᠭ ᠪᠠᠶᠢᠭᠰᠠᠨ ᠡᠳᠣ ᠬᠣᠳᠠ ᠳᠤ ᠢᠷᠡᠵᠦ ᠰᠠᠭᠤᠷᠢᠰᠢᠨ ᠥᠪᠡᠷ ᠦᠨ ᠳᠢᠭ ᠰᠤᠷᠭᠠᠭᠤᠯᠢ ᠶᠢ ᠡᠭᠦᠰᠬᠡᠵᠦ᠂ ᠲᠡᠷᠡ ᠦᠶ᠎ᠡ ᠶᠢᠨ ᠶᠠᠫᠣᠨ ᠤ ᠨᠡᠷ᠎ᠡ ᠨᠥᠯᠥᠭᠡ ᠪᠦᠬᠦᠢ ᠵᠣᠬᠢᠶᠠᠯᠴᠢᠳ ᠲᠠᠢ ᠬᠣᠯᠪᠣᠭ᠎ᠠ ᠲᠣᠭᠲᠠᠭᠠᠵᠤ ᠠᠵᠢᠯᠯᠠᠭᠰᠠᠨ ᠨᠢ ᠢᠷᠡᠭᠡᠳᠦᠢ ᠶᠢᠨ ᠶᠡᠬᠡ ᠨᠠᠶᠢᠷᠠᠭᠴᠢ ᠪᠣᠯᠬᠤ ᠵᠠᠮ ᠤᠨ ᠡᠬᠢᠯᠡᠯ ᠪᠣᠯᠤᠭᠰᠠᠨ ᠶᠤᠮ᠃ ᠡᠨᠡ ᠦᠶᠡᠳᠡᠭᠡ ᠣᠯᠠᠨ ᠱᠠᠪᠢ ᠲᠠᠢ ᠪᠣᠯᠵᠤ᠂ ᠶᠠᠫᠣᠨ ᠤ ᠬᠠᠶᠢᠺᠦ ᠶᠢᠨ ᠲᠥᠷᠥᠯ ᠦᠨ ᠲᠡᠷᠢᠭᠦᠨ ᠵᠡᠷᠭᠡ ᠶᠢᠨ ᠨᠠᠶᠢᠷᠠᠭᠴᠢ ᠭᠡᠵᠦ ᠦᠨᠡᠯᠡᠭᠳᠡᠬᠦ ᠪᠣᠯᠲᠠᠯ᠎ᠠ ᠪᠠᠨ ᠥᠰᠦᠭᠰᠡᠨ ᠶᠤᠮ᠃

ᠬᠠᠷᠠᠮᠰᠠᠯᠲᠠᠢ ᠨᠢ ᠲᠡᠷᠡ ᠲᠤᠶᠢᠯ ᠤᠨ ᠶᠠᠳᠠᠭᠤ ᠠᠮᠢᠳᠤᠷᠠᠵᠤ᠂ ᠪᠢᠴᠢᠭᠰᠡᠨ ᠵᠣᠬᠢᠶᠠᠯ ᠢᠶᠠᠨ ᠵᠠᠷᠤᠬᠤ ᠪᠤᠶᠤ ᠱᠠᠪᠢ ᠨᠠᠷ ᠤᠨ ᠢᠶᠠᠨ ᠥᠭᠭᠦᠭᠰᠡᠨ ᠮᠥᠩᠭᠥ ᠪᠡᠷ ᠬᠣᠨᠣᠭ ᠥᠩᠭᠡᠷᠡᠭᠦᠯᠵᠦ ᠪᠠᠶᠢᠭᠰᠠᠨ ᠤᠴᠢᠷ ᠠᠮᠢ ᠵᠢᠭᠤᠬᠤ ᠶᠢᠨ ᠡᠷᠬᠡ ᠪᠡᠷ 1680 ᠣᠨ ᠳᠤ ᠡᠳ᠋ᠣ᠋ ᠍ ᠠᠴᠠ ᠬᠦᠮᠦᠨ ᠴᠥᠭᠡᠲᠡᠢ᠂ ᠵᠡᠯᠢᠭᠦᠳᠳᠡᠭᠦᠦ ᠹᠦᠺᠠᠭᠠᠪᠠ ᠳᠤ ᠢᠷᠡᠵᠦ ᠰᠠᠭᠤᠷᠢᠰᠢᠪᠠ᠃ 1681 ᠣᠨ ᠳᠤ ᠲᠡᠭᠦᠨ ᠦ ᠨᠢᠭᠡ ᠱᠠᠪᠢ ᠷᠢᠺᠠ ᠨᠢ ᠲᠡᠳᠡᠨ ᠦ ᠪᠠᠶᠢᠰᠢᠩ ᠤᠨ ᠳᠡᠷᠭᠡᠳᠡ ᠭᠠᠳᠢᠯ (ᠶᠠᠫᠣᠨ ᠢᠶᠠᠷ ᠪᠠᠱᠣ ᠭᠡᠳᠡᠭ) ᠮᠣᠳᠣ ᠰᠠᠭᠤᠯᠭᠠᠭᠰᠠᠨ ᠨᠢ ᠦᠷ᠎ᠡ ᠵᠢᠮᠢᠰ ᠢᠶᠡᠨ ᠶᠡᠬᠡ ᠥᠭᠴᠦ᠂ ᠨᠥᠬᠥᠳ ᠨᠢ ᠲᠡᠳᠡᠨ ᠦ ᠪᠠᠶᠢᠰᠢᠩ ᠢ ᠪᠠᠱᠣ-ᠠᠨ (ᠭᠠᠳᠢᠯ ᠤᠨ ᠪᠠᠶᠢᠰᠢᠩ) ᠭᠡᠵᠦ ᠨᠡᠷᠡᠯᠡᠭᠰᠡᠨ ᠢᠶᠡᠷ ᠢᠷᠠᠭᠤ ᠨᠠᠶᠢᠷᠠᠭᠴᠢ ᠥᠪᠡᠷᠲᠡᠭᠡᠨ ᠪᠠᠱᠣ ᠭᠡᠳᠡᠭ ᠤᠷᠠᠨ ᠵᠣᠬᠢᠶᠠᠯ ᠤᠨ ᠨᠡᠷ᠎ᠡ ᠠᠪᠤᠭᠰᠠᠨ ᠲᠡᠦᠬᠡ ᠲᠡᠢ᠃ ᠡᠨᠡ ᠦᠶᠡᠰ ᠪᠠᠱᠣ ᠵᠡᠨ ᠪᠤᠳ᠋ᠳ᠋ᠾᠠᠶᠢᠰᠮ ᠢ ᠰᠤᠳᠤᠯᠵᠤ ᠡᠬᠢᠯᠡᠭᠰᠡᠨ ᠨᠢ ᠲᠡᠭᠦᠨ ᠦ ᠬᠣᠵᠢᠮ ᠤᠨ ᠤᠷᠠᠨ ᠪᠦᠲᠦᠭᠡᠯ ᠳᠦ ᠦᠯᠡᠮᠵᠢ ᠶᠡᠬᠡ ᠨᠥᠯᠦᠭᠡᠯᠡᠭᠰᠡᠨ ᠶᠤᠮ᠃

1684 ᠣᠨ ᠳᠤ ᠲᠡᠷᠡᠪᠡᠷ ᠥᠪᠡᠷ ᠦᠨ ᠤᠷᠠᠨ ᠪᠦᠲᠦᠭᠡᠯ ᠦᠨ ᠵᠠᠮ ᠢᠶᠠᠨ ᠥᠭᠡᠷᠡᠴᠢᠯᠡᠵᠦ᠂ ᠣᠯᠠᠨ ᠤᠳᠠᠭ᠎ᠠ ᠶᠢᠨ ᠠᠶᠠᠯᠠᠯ ᠳᠤ ᠤᠳᠠᠭ᠎ᠠ ᠳᠠᠷᠠᠭ᠎ᠠ ᠶᠠᠪᠤᠭᠰᠠᠭᠠᠷ 1694 ᠣᠨ ᠳᠤ ᠡᠪᠡᠳᠴᠢᠨ ᠲᠤᠰᠠᠴᠢ᠂ ᠱᠠᠪᠢ ᠨᠠᠷᠠᠲᠤ ᠪᠠᠨ ᠥᠪᠡᠷ ᠦᠨ ᠬᠣᠭᠰᠢᠯ ᠬᠥᠷᠥᠩᠭᠡ᠂ ᠭᠠᠷ ᠪᠢᠴᠢᠮᠡᠯ᠂ ᠨᠣᠮ ᠢᠶᠠᠨ ᠶᠠᠬᠤ ᠲᠤᠬᠠᠢ ᠭᠡᠷᠢᠶᠡᠰᠯᠡᠭᠡᠳ 10 ᠰᠠᠷ᠎ᠠ ᠶᠢᠨ 12 ᠍ ᠳᠦ ᠨᠠᠰᠤ ᠪᠠᠷᠠᠭᠰᠠᠨ ᠪᠠᠶᠢᠳᠠᠭ᠃

ᠪᠠᠰᠢᠭ᠎ᠠ ᠠᠶᠠᠯᠠᠯ ᠳᠤ ᠶᠠᠪᠤᠬᠤ ᠳᠤ ᠪᠠᠨ ᠣᠯᠠᠨ ᠭᠠᠶᠢᠬᠠᠮᠰᠢᠭ ᠲᠠᠢ ᠬᠠᠶᠢᠺᠦ ᠲᠤᠭᠤᠷᠪᠢᠵᠤ᠂ ᠡᠳᠦᠷ ᠦᠨ ᠲᠡᠮᠳᠡᠭᠯᠡᠯ ᠬᠥᠲᠥᠯᠦᠭᠰᠡᠨ ᠨᠢ ᠲᠡᠭᠦᠨ ᠦ ᠠᠮᠢᠳᠤᠷᠠᠯ ᠤᠨ ᠨᠠᠮᠲᠠᠷ ᠪᠣᠯᠤᠭᠠᠳ ᠵᠣᠭᠰᠣᠭ᠎ᠠ ᠦᠭᠡᠢ᠂ ᠰᠡᠳᠬᠢᠯᠭᠡ᠂ ᠦᠵᠡᠯ ᠪᠣᠳᠣᠯ᠂ ᠦᠢᠯᠡ ᠬᠡᠷᠡᠭ ᠦᠨ ᠬᠢ ᠨᠢ ᠢᠯᠡᠷᠡᠯ ᠪᠣᠯᠤᠭᠰᠠᠨ ᠢᠶᠠᠷ ᠢᠶᠠᠨ ᠬᠣᠶᠢᠴᠢ ᠦᠶ᠎ᠡ ᠶᠢᠨ ᠬᠢᠨ ᠦ ᠳᠤᠮᠳᠠ ᠶᠡᠬᠡᠬᠡᠨ ᠦᠨ᠎ᠡ ᠴᠡᠨ᠎ᠡ ᠲᠡᠢ ᠶᠠᠭᠤᠮ᠎ᠠ᠃ ᠡᠨᠡ ᠦᠶ᠎ᠡ ᠶᠢᠨ ᠬᠢ ᠨᠢ ᠪᠦᠲᠦᠭᠡᠯ ᠳᠣᠲᠣᠷ᠎ᠠ ᠯᠠ ᠲᠡᠭᠦᠨ ᠦ ᠰᠢᠯᠢᠳᠡᠭ ᠬᠠᠶᠢᠺᠦᠶᠢ ᠨᠤᠭᠤᠳ ᠪᠤᠢ᠃ ᠲᠤᠬᠠᠶᠢᠯᠠᠪᠠᠯ:

ᠨᠢᠴᠦᠭᠦᠨ ᠮᠥᠴᠢᠷ ᠳᠡᠭᠡᠷ᠎ᠡ

ᠭᠠᠭᠴᠠ ᠬᠡᠷᠢᠶ᠎ᠡ ᠰᠠᠭᠤᠨ᠎ᠠ᠃

ᠨᠠᠮᠤᠷ ᠤᠨ ᠦᠳᠡᠰᠢ᠃.. ᠭᠡᠬᠦ ᠶᠤᠮ ᠤᠤ᠂

ᠬᠠᠭᠤᠴᠢᠨ ᠴᠥᠭᠦᠷᠦᠮ

ᠮᠡᠯᠡᠬᠡᠢ ᠦᠰᠦᠷᠴᠢ

ᠤᠰᠤ ᠴᠠᠯᠭᠢᠯᠠᠯ᠎ᠠ ᠭᠡᠵᠦ ᠥᠨᠥᠳᠥᠷ ᠬᠦᠷᠲᠡᠯ᠎ᠡ 《ᠡᠪᠳᠡᠭᠳᠡᠭᠡ ᠦᠭᠡᠢ》 ᠬᠠᠶᠢᠺᠦ ᠲᠥᠷᠥᠯ ᠦᠨ ᠲᠡᠭᠦᠰ ᠲᠡᠭᠦᠯᠳᠡᠷ ᠦᠨ ᠪᠡᠯᠭᠡᠳᠡᠯ ᠪᠣᠯᠤᠭᠰᠠᠨ ᠪᠦᠲᠦᠭᠡᠯ ᠦᠳ ᠢᠶᠡᠨ ᠲᠤᠭᠤᠷᠪᠢᠭᠰᠠᠨ ᠶᠤᠮ᠃

ᠶᠡᠷᠦ ᠨᠢ ᠬᠠᠶᠢᠺᠦ ᠪᠠᠶᠢᠭᠠᠯᠢ ᠶᠢᠨ ᠭᠣᠸ᠎ᠠ ᠰᠠᠶᠢᠬᠠᠨ ᠢ ᠵᠢᠷᠤᠭᠯᠠᠬᠤ᠂ ᠲᠡᠭᠦᠨ ᠢ ᠰᠡᠳᠬᠢᠯ ᠲᠡᠢ ᠪᠡᠨ ᠬᠣᠯᠪᠣᠵᠤ ᠮᠡᠳᠡᠷᠡᠬᠦ ᠢᠷᠠᠭᠤ ᠨᠠᠶᠢᠷᠠᠭ ᠶᠤᠮ᠃ ᠬᠠᠷᠢᠨ ᠮᠠᠼᠣ ᠪᠠᠱᠣ ᠬᠠᠶᠢᠺᠦᠳ ᠭᠦᠨ ᠤᠬᠠᠭᠠᠨ ᠢ ᠣᠷᠣᠭᠤᠯᠵᠤ ᠢᠷᠡᠭᠰᠡᠨ ᠢᠶᠡᠷ ᠢᠶᠡᠨ ᠰᠡᠷᠡᠯ ᠮᠡᠳᠡᠷᠡᠮᠵᠢ ᠶᠢᠨ ᠵᠣᠬᠢᠴᠠᠯ ᠢᠯᠡᠷᠡᠭᠰᠡᠨ ᠵᠢᠩᠬᠢᠨᠢ ᠬᠠᠶᠢᠺᠦ ᠢᠷᠠᠭᠤ ᠨᠠᠶᠢᠷᠠᠭ ᠢ ᠦᠯᠡᠮᠵᠢ ᠤᠳᠬ᠎ᠠ ᠪᠠᠷ ᠨᠢ ᠬᠥᠭᠵᠢᠭᠦᠯᠦᠭᠰᠡᠨ ᠭᠠᠪᠢᠶ᠎ᠠ ᠲᠠᠢ ᠠᠵᠡᠢ᠃

ᠪᠢᠴᠢᠭᠡᠰᠦ