ᠮᠠᠳᠷᠢᠳ

ᠴᠢᠯᠦᠭᠡᠲᠦ ᠨᠡᠪᠲᠡᠷᠬᠡᠢ ᠲᠣᠯᠢ — ᠸᠢᠺᠢᠫᠧᠳᠢᠶ᠎ᠠ ᠠᠴᠠ
ᠬᠠᠷᠠᠶᠢᠬᠤ: ᠤᠳᠤᠷᠢᠳᠬᠤ, ᠬᠠᠶᠢᠯᠲᠠ
{{{ᠠᠯᠪᠠᠨ ᠶᠣᠰᠣᠨ ᠤ ᠨᠡᠷ᠎ᠡ}}}</br>
ᠬᠣᠲᠠ ᠶᠢᠨ ᠵᠢᠷᠤᠭ</br>ᠲᠥᠪ ᠰᠢᠤᠳᠠᠨ (Palacio de Comunicaciones)</br>
ᠰᠦᠯᠳᠡ ᠲᠤᠭ
ᠰᠦᠯᠳᠡ ᠲᠡᠮᠳᠡᠭ
ᠲᠤᠭ ᠰᠦᠯᠳᠡ

{{{ᠠᠯᠪᠠᠨ ᠶᠣᠰᠣᠨ ᠤ ᠨᠡᠷ᠎ᠡ}}} ᠍ ᠦᠨ ᠪᠠᠶᠢᠷᠢᠰᠢᠯ</br>

ᠰᠣᠯᠪᠢᠴᠠᠯ: 40°24′55″N, 03°42′33″W
ᠮᠤᠵᠢ ᠤᠯᠤᠰ {{{ᠵᠠᠬᠢᠷᠭ᠎ᠠ ᠨᠡᠷ᠎ᠡ}}}
ᠮᠤᠵᠢ {{{ᠵᠠᠬᠢᠷᠭ᠎ᠠ ᠨᠡᠷ᠎ᠡ 1}}}
ᠭᠠᠵᠠᠷ ᠨᠤᠲᠤᠭ  
 - ᠨᠡᠶᠢᠲᠡ {{{ᠭᠠᠵᠠᠷ ᠨᠤᠲᠤᠭ ᠨᠡᠶᠢᠲᠡ}}} km²
ᠥᠨᠳᠥᠷ 655 m
ᠬᠦᠮᠦᠨ ᠠᠮᠠ  
 - ᠨᠡᠶᠢᠲᠡ (2008) {{{ᠬᠦᠮᠦᠨ ᠠᠮᠠ ᠨᠡᠶᠢᠲᠡ}}}
 - ᠨᠢᠭᠲᠠᠷᠠᠯ {{{ᠬᠦᠮᠦᠨ ᠠᠮᠠ ᠨᠢᠭᠲᠠᠰᠢᠯ}}}/km²
ᠴᠠᠭ ᠤᠨ ᠪᠥᠰᠡ UTC0
ᠴᠠᠬᠢᠮ ᠰᠦᠯᠵᠢᠶ᠎ᠡ: http://www.munimadrid.es/

ᠮᠠᠳᠷᠢᠳ (ᠢᠰᠫᠠᠨᠢ ᠪᠠᠷ Madrid) ᠨᠢ ᠢᠰᠫᠠᠨᠢ ᠍ ᠶᠢᠨ ᠨᠡᠶᠢᠰᠯᠡᠯ.

ᠶᠡᠷᠦᠩᠬᠡᠢ ᠮᠡᠳᠡᠭᠡᠯᠡᠯ[ᠵᠠᠰᠠᠪᠤᠷᠢᠯᠠᠬᠤ | ᠺᠣᠳ᠋ ᠢᠶᠠᠷ ᠵᠠᠰᠠᠬᠣ]

ᠲᠤᠰ ᠬᠣᠲᠠ ᠨᠢ ᠢᠰᠫᠠᠨᠢ ᠤᠯᠤᠰ ᠤᠨ ᠵᠠᠰᠠᠭ ᠵᠠᠬᠢᠷᠭᠠᠨ ᠤ ᠲᠥᠪ ᠪᠤᠶᠤ ᠨᠡᠶᠢᠰᠯᠡᠯ ᠬᠣᠲᠠ ᠪᠥᠭᠡᠳ ᠢᠪᠧᠷ ᠦᠨ ᠬᠣᠶᠢᠭᠡᠶᠢᠨ ᠡᠳ᠋ ᠍ ᠦᠨ ᠵᠠᠰᠠᠭ ᠤᠨ ᠭᠣᠣᠯ ᠲᠥᠪ ᠦᠳ ᠦᠨ ᠨᠢᠭᠡ ᠶᠠᠭᠤᠮ᠎ᠠ᠃ ᠲᠡᠭᠦᠨᠴᠢᠯᠡᠨ ᠮᠠᠳᠷᠢᠳ ᠮᠤᠵᠢ ᠤᠯᠤᠰ᠂ ᠲᠡᠭᠦᠨ ᠢ ᠪᠦᠷᠢᠳᠦᠭᠦᠯᠬᠦ ᠴᠣᠷ ᠤᠨ ᠭᠠᠭᠴᠠ ᠮᠤᠵᠢ ᠪᠣᠯᠬᠤ ᠮᠠᠳᠷᠢᠳ ᠮᠤᠵᠢ ᠶᠢᠨ ᠲᠥᠪ ᠪᠣᠯᠤᠨ᠎ᠠ᠃

ᠧᠦ᠋ᠷᠣᠫᠠ ᠶᠢᠨ ᠬᠣᠯᠪᠣᠭ᠎ᠠᠨ ᠤ ᠭᠡᠰᠢᠭᠦᠨ ᠤᠯᠤᠰ ᠤᠳ ᠤᠨ ᠨᠡᠶᠢᠰᠯᠡᠯ ᠦᠳ ᠳᠤᠮᠳᠠ ᠬᠦᠮᠦᠨ ᠠᠮᠠ ᠪᠠᠷ ᠢᠶᠠᠨ ᠯᠣᠨᠳᠣᠨᠪᠧᠷᠯᠢᠨᠢᠢ ᠳᠠᠷᠠᠭ᠎ᠠ ᠤᠷᠤᠬᠤ ᠲᠣᠮᠣ ᠬᠣᠲᠠ ᠶᠤᠮ᠃

ᠲᠡᠦᠬᠡ[ᠵᠠᠰᠠᠪᠤᠷᠢᠯᠠᠬᠤ | ᠺᠣᠳ᠋ ᠢᠶᠠᠷ ᠵᠠᠰᠠᠬᠣ]

ᠳᠤᠮᠳᠠᠳᠤ ᠵᠠᠭᠤᠨ[ᠵᠠᠰᠠᠪᠤᠷᠢᠯᠠᠬᠤ | ᠺᠣᠳ᠋ ᠢᠶᠠᠷ ᠵᠠᠰᠠᠬᠣ]

ᠵᠢᠵᠢᠭ ᠵᠢᠷᠤᠭ ᠢ ᠡᠭᠦᠰᠭᠡᠬᠦ ᠳ᠋ᠦ ᠠᠯᠳᠠᠭ᠎ᠠ ᠭᠠᠷᠤᠯ᠎ᠠ: Unable to save thumbnail to destination
ᠮᠠᠳᠷᠢᠳ ᠳᠠᠬᠢ ᠬᠠᠭᠠᠨ ᠤ ᠣᠷᠳᠣᠨ

ᠮᠠᠳᠷᠢᠳ ᠬᠣᠲᠠ ᠶᠢᠨ ᠨᠡᠷ᠎ᠡ ᠲᠡᠦᠬᠡ ᠶᠢᠨ ᠰᠤᠷᠪᠤᠯᠵᠢ ᠪᠢᠴᠢᠭ ᠲᠦ ᠠᠩᠬ᠎ᠠ 9 ᠍ ᠳᠦᠭᠡᠷ ᠵᠠᠭᠤᠨ ᠳᠤ ᠪᠢᠴᠢᠭᠳᠡᠭᠰᠡᠨ ᠪᠠᠶᠢᠳᠠᠭ ᠪᠥᠭᠡᠳ ᠺᠣᠷᠳᠣᠪ ᠤᠨ ᠬᠠᠯᠢᠹᠲ ᠤᠯᠤᠰ ᠍ ᠤᠨ ᠬᠠᠭᠠᠨ I ᠮᠤᠬᠤᠮ ᠢᠶ᠎ᠡ ᠳᠦ ᠣᠳᠣ ᠶᠢᠨ ᠬᠠᠭᠠᠨ ᠤ ᠣᠷᠳᠣᠨ ᠪᠠᠶᠢᠷᠢᠯᠠᠵᠤ ᠪᠤᠢ ᠭᠠᠵᠠᠷ ᠲᠤ ᠪᠢᠴᠢᠬᠠᠨ ᠰᠢᠯᠲᠦᠭᠡᠨ ᠪᠠᠷᠢᠬᠤ ᠲᠤᠰᠢᠶᠠᠯ ᠭᠠᠷᠭᠠᠵᠤ ᠪᠠᠶᠢᠴᠠᠢ᠃ ᠤᠭ ᠰᠢᠯᠲᠦᠭᠡᠨ ᠲᠡᠢ ᠬᠠᠮᠲᠤ ᠴᠠᠶᠢᠵᠠ ᠪᠠᠷᠢᠭᠳᠠᠭᠰᠠᠨ ᠪᠠᠶᠢᠨ᠎ᠠ᠃ ᠲᠡᠭᠦᠨ ᠦ ᠬᠠᠵᠠᠭᠤ ᠪᠠᠷ ᠤᠷᠤᠰᠬᠤ ᠮᠠᠩᠰᠠᠨᠷᠧᠰ ᠭᠣᠣᠯ ᠢ ᠠᠷᠠᠪ ᠬᠡᠯᠡᠡᠭᠡᠷᠡ "ᠠᠯᠠ ᠮᠠᠵᠢᠷ ᠲᠤ" (ᠠᠷᠠᠪ ᠶᠢᠡᠷ المجريط, "ᠤᠰᠤᠨ ᠤ ᠡᠬᠢ" ᠬᠡᠮᠡᠬᠦ ᠤᠳᠬ᠎ᠠ) ᠭᠡᠳᠡᠭ ᠪᠠᠶᠢᠭᠰᠠᠨ ᠠᠴᠠ ᠬᠣᠲᠠ ᠶᠢᠨ ᠨᠡᠷ᠎ᠡ ᠡᠭᠦᠰᠴᠡᠢ᠃

1085 ᠣᠨ ᠳᠤ ᠺᠠᠰᠲ᠋ᠢᠯ ᠦᠨ ᠸᠠᠩ VI ᠠᠯᠹᠣᠩᠰᠣ ᠲᠣᠯᠧᠳᠠ ᠷᠤ ᠶᠠᠪᠤᠬᠤ ᠵᠠᠮ ᠳᠤ ᠪᠠᠨ ᠴᠠᠶᠢᠵᠠ ᠶᠢ ᠡᠵᠡᠯᠡᠵᠦ᠂ ᠮᠧᠴᠡᠲᠢᠭᠢᠭ ᠾᠷᠢᠰᠤᠰ ᠤᠨ ᠱᠠᠰᠢᠨ ᠤ ᠰᠦᠮ᠎ᠡ ᠪᠡᠷ ᠰᠤᠯᠢᠵᠤ ᠪᠠᠷᠢᠵᠠᠢ᠃ 1329 ᠣᠨ ᠳᠤ IV ᠹᠧᠷᠨᠠᠨᠳᠣ ᠵᠥᠪᠯᠡᠬᠦ ᠡᠭᠦᠷᠭᠡᠳᠭᠡᠢ ᠫᠠᠷᠯᠠᠮᠧᠨᠲ Cortes Generales ᠍ ᠢ ᠲᠤᠰ ᠬᠣᠳᠠ ᠳᠤ ᠪᠠᠶᠢᠭᠤᠯᠤᠭᠰᠠᠨ ᠪᠠᠶᠢᠨ᠎ᠠ᠃ ᠮᠠᠳ᠋ᠷᠢᠳ ᠠᠴᠠ ᠢ ᠨᠤᠭᠤᠳᠠᠢ᠂ ᠢᠰᠯᠠᠮ ᠤᠨ ᠮᠥᠷᠭᠦᠯᠲᠡᠨ ᠨᠦᠭᠦᠳ ᠢ 15 ᠍ ᠳᠦᠭᠡᠷ ᠵᠠᠭᠤᠨ ᠤ ᠰᠡᠭᠦᠯ ᠦᠶ᠎ᠡ ᠳᠦ ᠬᠥᠭᠡᠭᠡᠨ ᠵᠠᠶᠢᠯᠠᠭᠤᠯᠤᠭᠰᠠᠨ ᠠᠵᠤ᠃

ᠰᠡᠷᠭᠦᠨ ᠮᠠᠨᠳᠤᠯ ᠤᠨ ᠦᠶ᠎ᠡ[ᠵᠠᠰᠠᠪᠤᠷᠢᠯᠠᠬᠤ | ᠺᠣᠳ᠋ ᠢᠶᠠᠷ ᠵᠠᠰᠠᠬᠣ]

ᠠᠯᠺᠠᠯ ᠬᠠᠭᠠᠯᠭ᠎ᠠ᠃ ᠬᠤᠳᠠᠯᠳᠤᠭᠠᠴᠢᠳ ᠨᠢᠮ᠎ᠠ ᠭᠠᠷᠠᠭ ᠤᠨ ᠵᠠᠬ᠎ᠠ ᠳᠡᠭᠡᠷ᠎ᠡ ᠪᠠᠷ᠎ᠠ ᠶᠢ ᠪᠠᠨ ᠪᠣᠷᠣᠯᠠᠭᠤᠯᠬᠤ ᠪᠠᠷ ᠮᠠᠳ᠋ᠷᠢᠳ ᠲᠤ ᠣᠷᠣᠵᠤ ᠢᠷᠡᠳᠡᠭ ᠪᠠᠶᠢᠪᠠ᠃

ᠲᠣᠯᠧᠳ ᠲᠤ ᠨᠡᠶᠢᠰᠯᠡᠯ ᠲᠡᠢ ᠺᠠᠰᠲ᠋ᠢᠯ ᠦᠨ ᠸᠠᠩᠲᠤ ᠤᠯᠤᠰᠰᠠᠷ᠎ᠠ ᠠᠴᠠ ᠳᠤ ᠲᠥᠪᠯᠡᠷᠡᠬᠦ ᠠᠷᠠᠭᠣᠨ ᠤ ᠸᠠᠩᠲᠤ ᠤᠯᠤᠰ ᠨᠢᠭᠡᠳᠦᠭᠰᠡᠨ ᠦ ᠳᠠᠷᠠᠭ᠎ᠠ 16 ᠍ ᠳᠦᠭᠡᠷ ᠵᠠᠭᠤᠨ ᠳᠤ ᠠᠷᠢᠭᠤᠨ ᠷᠤᠮᠠᠨᠢᠶ ᠠ ᠡᠵᠡᠨᠲᠦ ᠭᠦᠷᠦᠨ ᠦ ᠬᠠᠭᠠᠨ I ᠺᠠᠷᠯᠣᠰ ᠍ ᠤᠨ ᠤᠳᠤᠷᠢᠳᠤᠯᠭ᠎ᠠ ᠪᠠᠷ ᠢᠰᠫᠠᠨᠢ ᠶᠢᠨ ᠬᠠᠭᠠᠨᠲᠤ ᠤᠯᠤᠰ ᠪᠤᠢ ᠪᠣᠯᠵᠠᠢ᠃ 1561 ᠣᠨ ᠳᠤ II ᠹᠧᠯᠢᠫᠧ ᠥᠪᠡᠷ ᠦᠨ ᠣᠷᠳᠣᠨ ᠢ ᠮᠠᠳ᠋ᠷᠢᠳ ᠲᠤ ᠰᠢᠯᠵᠢᠭᠦᠯᠦᠭᠰᠡᠨ ᠶᠤᠮ᠃ 1601-1606 ᠣᠨ ᠨᠤᠭᠤᠳ ᠲᠤ III ᠹᠧᠯᠢᠫᠧ ᠸᠠᠯᠢᠳᠣᠯᠢ ᠳᠤᠣᠳᠣ ᠨᠡᠶᠢᠰᠯᠡᠯᠯᠡᠵᠦ ᠪᠠᠶᠢᠭᠰᠠᠨ ᠢ ᠡᠰᠡ ᠲᠣᠭᠠᠴᠠᠪᠠᠯ ᠢᠰᠫᠠᠨᠢ ᠶᠢᠨ ᠠᠯᠲᠠᠨ ᠦᠶ᠎ᠡᠡᠰᠡ ᠡᠬᠢᠯᠡᠨ ᠮᠠᠳᠷᠢᠳ ᠨᠢ ᠰᠢᠨ᠎ᠡ ᠲᠢᠪ ᠡᠴᠡ ᠴᠢᠳᠭᠤᠬᠤ ᠪᠠᠶᠠᠯᠢᠭ ᠤᠨ ᠦᠷ᠎ᠡ ᠪᠡᠷ ᠬᠥᠭᠵᠢᠨ ᠴᠡᠴᠡᠭᠯᠡᠵᠡᠢ᠃

ᠣᠷᠴᠢᠨ ᠦᠶ᠎ᠡ[ᠵᠠᠰᠠᠪᠤᠷᠢᠯᠠᠬᠤ | ᠺᠣᠳ᠋ ᠢᠶᠠᠷ ᠵᠠᠰᠠᠬᠣ]

ᠵᠢᠵᠢᠭ ᠵᠢᠷᠤᠭ ᠢ ᠡᠭᠦᠰᠭᠡᠬᠦ ᠳ᠋ᠦ ᠠᠯᠳᠠᠭ᠎ᠠ ᠭᠠᠷᠤᠯ᠎ᠠ: Unable to save thumbnail to destination
ᠮᠠᠶᠤᠷ ᠤᠨ ᠲᠠᠯᠠᠪᠠᠢ

18 ᠍ ᠳᠦᠭᠡᠷ ᠵᠠᠭᠤᠨ ᠳᠤ V ᠹᠧᠯᠢᠫᠧ ᠧᠦ᠋ᠷᠣᠫᠠ ᠶᠢᠨ ᠨᠡᠶᠢᠰᠯᠡᠯ ᠪᠣᠯᠭᠠᠬᠤ ᠶᠢᠨ ᠲᠤᠯᠠᠳᠠ ᠮᠠᠳᠷᠢᠳ ᠳᠠᠬᠢ ᠬᠠᠭᠠᠨ ᠤ ᠣᠷᠳᠣᠨ ᠢ ᠰᠢᠨᠡᠴᠢᠯᠡᠨ ᠪᠠᠷᠢᠭᠤᠯᠤᠭᠰᠠᠨ ᠴᠤ ᠲᠤᠰ ᠬᠣᠲᠠ ᠣᠷᠴᠢᠨ ᠦᠶ᠎ᠡ ᠶᠢᠨ ᠬᠣᠲᠠ ᠪᠣᠯᠤᠨ ᠬᠥᠭᠵᠢᠵᠦ ᠡᠬᠢᠯᠡᠭᠰᠡᠨ ᠨᠢ III ᠺᠠᠷᠯᠣᠰ ᠤᠨ ᠦᠶ᠎ᠡ ᠶᠤᠮ᠃

1808 ᠣᠨ ᠳᠤ ᠨᠠᠫᠣᠯᠶᠣᠨ ᠤ ᠴᠡᠷᠢᠭ ᠦᠳ ᠮᠠᠳ᠋ᠷᠢᠳ ᠢ ᠡᠵᠡᠯᠡᠵᠦ᠂ ᠬᠣᠲᠠ ᠶᠢᠨ ᠢᠷᠭᠡᠳ ᠡᠰᠡᠷᠭᠦᠴᠡᠭᠰᠡᠨ ᠴᠤ ᠪᠣᠰᠤᠯᠭ᠎ᠠ ᠳᠠᠷᠤᠭᠳᠠᠵᠠᠢ᠃ 1814 ᠣᠨ ᠳᠤ ᠮᠠᠳᠷᠢᠳ ᠪᠤᠴᠠᠵᠤ ᠢᠰᠫᠠᠨᠢ ᠶᠢᠨ ᠮᠡᠳᠡᠯ ᠳᠦ ᠣᠷᠣᠭᠰᠠᠨ ᠴᠤ 19 ᠍ ᠳᠦᠭᠡᠷ ᠵᠠᠭᠤᠨ ᠪᠦᠬᠦᠯᠢ ᠳᠦ ᠪᠡᠨ ᠯᠢᠪᠧᠷᠠᠯ ᠪᠠ ᠺᠣᠨᠰᠧᠷᠠᠸᠠᠲ᠋ᠢᠸ ᠦᠵᠡᠯᠲᠡᠨ ᠨᠦᠭᠦᠳ ᠦᠨ ᠲᠡᠮᠡᠴᠡᠯ ᠦᠨ ᠲᠠᠯᠠᠪᠤᠷ ᠪᠠᠶᠢᠯ᠎ᠠ᠃

20 ᠍ ᠳᠦᠭᠡᠷ ᠵᠠᠭᠤᠨ[ᠵᠠᠰᠠᠪᠤᠷᠢᠯᠠᠬᠤ | ᠺᠣᠳ᠋ ᠢᠶᠠᠷ ᠵᠠᠰᠠᠬᠣ]

ᠢᠰᠫᠠᠨᠢ ᠶᠢᠨ ᠢᠷᠭᠡᠨ ᠦ ᠳᠠᠶᠢᠨᠢ ᠦᠶ᠎ᠡ ᠪᠤᠶᠤ 1936-1939 ᠣᠨ ᠳᠤ ᠮᠠᠳᠷᠢᠳ ᠬᠣᠲᠠ ᠶᠢᠨ ᠭᠤᠳᠤᠮᠵᠢᠨ ᠢᠶᠠᠨ ᠲᠤᠯᠤᠭᠠᠨ ᠪᠣᠯᠵᠤ ᠪᠠᠶᠢᠯ᠎ᠠ᠃ ᠬᠣᠲᠠ ᠶᠢ ᠠᠷᠠᠳ ᠤᠨ ᠹᠷᠣᠨᠲ ᠤᠨ ᠵᠠᠰᠠᠭ ᠤᠨ ᠭᠠᠵᠠᠷ ᠮᠡᠳᠡᠯ ᠳᠦ ᠪᠡᠨ ᠪᠠᠶᠢᠯᠭᠠᠵᠤ ᠪᠠᠶᠢᠭᠰᠠᠨ ᠪᠣᠯᠪᠠᠴᠤ 1936 ᠣᠨ ᠤ 11 ᠰᠠᠷ᠎ᠠ ᠳᠤ ᠬᠣᠲᠠ ᠶᠢᠨ ᠪᠠᠷᠠᠭᠤᠨ ᠲᠠᠯ᠎ᠠ ᠠᠴᠠ ᠹᠷᠠᠨᠺᠣ ᠶᠢᠨ ᠠᠷᠮᠢ ᠶᠢᠨ ᠳᠠᠪᠰᠢᠯᠲᠠ ᠡᠬᠢᠯᠡᠵᠦ᠂ 3 ᠵᠢᠯ ᠪᠦᠰᠡᠯᠡᠯᠲᠡ ᠳᠦ ᠪᠠᠶᠢᠭᠰᠠᠨ ᠤ ᠡᠴᠦᠰ ᠲᠦ ᠪᠠᠭᠤᠵᠤ ᠥᠭᠴᠡᠢ᠃ ᠲᠤᠰ ᠲᠤᠯᠤᠯᠳᠤᠭᠠᠨ ᠤ ᠦᠶ᠎ᠡ ᠪᠡᠷ ᠮᠠᠳ᠋ᠷᠢᠳ ᠲᠤ ᠬᠦᠮᠦᠨ ᠲᠥᠷᠥᠯᠬᠢᠲᠡᠨ ᠦ ᠲᠡᠦᠬᠡᠨ ᠳᠦ ᠠᠩᠬ᠎ᠠ ᠤᠳᠠᠭ᠎ᠠ ᠵᠢᠷ ᠦᠨ ᠢᠷᠭᠡᠳ ᠢ ᠠᠭᠠᠷ ᠠᠴᠠ ᠪᠥᠮᠪᠦᠭᠡᠳᠡᠭᠰᠡᠨ ᠭᠡᠳᠡᠭ᠃

ᠹᠷᠠᠨᠺᠣ ᠶᠢᠨ ᠳᠢᠭᠯᠢᠮ ᠦᠨ ᠦᠶ᠎ᠡ ᠳᠦ ᠮᠠᠳᠷᠢᠳ ᠬᠣᠲᠠ ᠶᠢᠨ ᠡᠮᠦᠨᠡᠲᠦ ᠬᠡᠰᠡᠭ ᠠᠵᠤ ᠦᠢᠯᠡᠳᠪᠦᠷᠢᠵᠢᠵᠦ᠂ ᠬᠥᠳᠡᠭᠡᠨ ᠡᠴᠡ ᠢᠷᠭᠡᠳ ᠶᠡᠬᠡ ᠪᠡᠷ ᠰᠢᠯᠵᠢᠨ ᠰᠠᠭᠤᠷᠢᠰᠢᠭᠰᠠᠨ ᠪᠠᠶᠢᠨ᠎ᠠ᠃ ᠹᠷᠠᠨᠺᠣᠭ ᠨᠠᠰᠤ ᠪᠠᠷᠠᠭᠰᠠᠨ ᠤ ᠳᠠᠷᠠᠭ᠎ᠠ I ᠬᠤᠸᠠ ᠶᠢᠨ ᠺᠠᠷᠯᠣᠰ ᠬᠠᠭᠠᠨ ᠰᠢᠷᠡᠭᠡᠨ ᠳᠦ ᠰᠠᠭᠤᠵᠤ᠂ ᠠᠷᠠᠳᠴᠢᠯᠠᠭᠰᠠᠨ ᠤᠯᠤᠰ ᠪᠣᠯᠬᠤ ᠵᠠᠮ ᠳᠤ ᠪᠠᠨ ᠣᠷᠣᠭᠰᠠᠨ ᠢᠶᠠᠷ ᠮᠠᠳᠷᠢᠳ ᠬᠣᠲᠠ ᠢᠪᠧᠷ ᠦᠨ ᠬᠣᠶᠢᠭ ᠤᠨ ᠤᠯᠤᠰ ᠲᠥᠷᠥ᠂ ᠡᠳ᠋ ᠍ ᠦᠨ ᠵᠠᠰᠠᠭ ᠤᠨ ᠲᠥᠪ ᠪᠣᠯᠬᠤ ᠪᠠᠶᠢᠷᠢ ᠰᠠᠭᠤᠷᠢ ᠪᠠᠨ ᠪᠡᠬᠢᠵᠢᠭᠦᠯᠵᠡᠢ᠃

21 ᠍ ᠳᠦᠭᠡᠷ ᠵᠠᠭᠤᠨ[ᠵᠠᠰᠠᠪᠤᠷᠢᠯᠠᠬᠤ | ᠺᠣᠳ᠋ ᠢᠶᠠᠷ ᠵᠠᠰᠠᠬᠣ]

2004 ᠣᠨ ᠤ 3 ᠰᠠᠷ᠎ᠠ ᠶᠢᠨ 11 ᠍ ᠳᠦ ᠮᠠᠳᠷᠢᠳ ᠬᠣᠲᠠ ᠶᠢᠨ 3 ᠥᠷᠲᠡᠭᠡᠨ ᠳᠦ ᠭᠠᠯᠲᠤ ᠲᠡᠷᠭᠡ ᠳᠡᠯᠪᠡᠷᠡᠭᠰᠡᠨ ᠠᠯᠠᠨ ᠬᠢᠳᠤᠯᠭ᠎ᠠ ᠭᠠᠷᠴᠤ᠂ 200 ᠭᠠᠷᠤᠢ ᠬᠦᠮᠦᠨ ᠦ ᠠᠮᠢ ᠦᠷᠡᠭᠳᠡᠭᠰᠡᠨ ᠨᠢ 3 ᠬᠣᠨᠣᠭ ᠤᠨ ᠳᠠᠷᠠᠭ᠎ᠠ ᠪᠣᠯᠤᠭᠰᠠᠨ ᠪᠦᠬᠦ ᠨᠡᠶᠢᠲᠡ ᠶᠢᠨ ᠰᠣᠩᠭᠣᠭᠤᠯᠢ ᠳᠤ ᠲᠣᠮᠣᠬᠠᠨ ᠨᠥᠯᠥᠭᠡ ᠦᠵᠡᠭᠦᠯᠦᠭᠰᠡᠨ ᠶᠤᠮ᠃

ᠲᠤᠰ ᠬᠣᠲᠠ 2012, 2016 ᠣᠨ ᠤ ᠣᠯᠢᠮᠫᠢᠺ ᠤᠨ ᠨᠠᠭᠠᠳᠤᠮ ᠢ ᠵᠣᠬᠢᠶᠠᠨ ᠶᠠᠪᠤᠭᠤᠯᠬᠤ ᠪᠠᠷ ᠨᠡᠷ᠎ᠡ ᠪᠡᠨ ᠳᠡᠪᠰᠢᠭᠦᠯᠦᠭᠰᠡᠨ ᠴᠤ ᠢᠯᠠᠭᠳᠠᠵᠠᠢ᠃

ᠠᠶᠠᠯᠠᠯ ᠵᠢᠭᠤᠯᠴᠢᠯᠠᠯ[ᠵᠠᠰᠠᠪᠤᠷᠢᠯᠠᠬᠤ | ᠺᠣᠳ᠋ ᠢᠶᠠᠷ ᠵᠠᠰᠠᠬᠣ]

ᠳᠧ ᠰᠣᠯ ᠮᠠᠳᠷᠢᠳ

ᠮᠠᠳᠷᠢᠳ ᠨᠢ ᠢᠰᠫᠠᠨᠢ ᠳᠤ ᠪᠠᠨ ᠬᠠᠮᠤᠭ ᠤᠨ ᠶᠡᠬᠡ ᠵᠢᠭᠤᠯᠴᠢᠳ ᠣᠴᠢᠳᠠᠭ ᠭᠠᠵᠠᠷ ᠶᠤᠮ᠃

ᠰᠫᠣᠷᠲ[ᠵᠠᠰᠠᠪᠤᠷᠢᠯᠠᠬᠤ | ᠺᠣᠳ᠋ ᠢᠶᠠᠷ ᠵᠠᠰᠠᠬᠣ]

ᠬᠥᠯ ᠪᠥᠮᠪᠥᠭᠡ[ᠵᠠᠰᠠᠪᠤᠷᠢᠯᠠᠬᠤ | ᠺᠣᠳ᠋ ᠢᠶᠠᠷ ᠵᠠᠰᠠᠬᠣ]

ᠷᠧᠠᠯ ᠮᠠᠳᠠᠷ ᠲᠤ᠂ ᠠᠲᠯᠧᠲ᠋ᠢᠭᠣ ᠮᠠᠳᠷᠢᠳ ᠨᠢ ФЦ ᠪᠠᠷᠰᠧᠯᠤᠨᠠᠲᠠᠢ ᠬᠠᠮᠲᠤ ᠳᠤ ᠪᠠᠨ ᠳᠡᠯᠡᠬᠡᠢ ᠳᠦ ᠠᠯᠳᠠᠷᠲᠠᠢ ᠺᠯᠥ᠋ᠪ ᠦᠳ ᠭᠡᠭᠳᠡᠳᠡᠭ ᠪᠢᠯᠡ᠃

ᠰᠠᠭᠰᠤᠨ ᠪᠥᠮᠪᠥᠭᠡ[ᠵᠠᠰᠠᠪᠤᠷᠢᠯᠠᠬᠤ | ᠺᠣᠳ᠋ ᠢᠶᠠᠷ ᠵᠠᠰᠠᠬᠣ]

ᠪᠤᠰᠤᠳ[ᠵᠠᠰᠠᠪᠤᠷᠢᠯᠠᠬᠤ | ᠺᠣᠳ᠋ ᠢᠶᠠᠷ ᠵᠠᠰᠠᠬᠣ]

ᠭᠠᠳᠠᠭᠠᠳᠤ ᠬᠣᠯᠪᠣᠭᠠᠰᠤ[ᠵᠠᠰᠠᠪᠤᠷᠢᠯᠠᠬᠤ | ᠺᠣᠳ᠋ ᠢᠶᠠᠷ ᠵᠠᠰᠠᠬᠣ]

ᠸᠢᠭᠮᠧᠳᠢᠶᠠ ᠵᠢᠷᠤᠭ ᠤᠨ ᠰᠠᠩ:
«Madrid»
ᠠᠯᠪᠠᠨ ᠶᠣᠰᠣᠨ ᠤ
ᠪᠤᠰᠤᠳ
  • Madrid 2016 - 2016 ᠣᠨ ᠤ ᠣᠯᠢᠮᠫᠢᠺ ᠢ ᠮᠠᠳ᠋ᠷᠢᠳ ᠲᠤ
http://wiki.uhaan.com/index.php?title=ᠮᠠᠳᠷᠢᠳ&oldid=431999》 ᠍  ᠡᠴᠡ ᠠᠪᠤᠭᠰᠠᠨ

ᠪᠢᠴᠢᠭᠡᠰᠦ