ᠮᠠᠲᠠᠷ

ᠴᠢᠯᠦᠭᠡᠲᠦ ᠨᠡᠪᠲᠡᠷᠬᠡᠢ ᠲᠣᠯᠢ — ᠸᠢᠺᠢᠫᠧᠳᠢᠶ᠎ᠠ ᠠᠴᠠ
ᠬᠠᠷᠠᠶᠢᠬᠤ: ᠤᠳᠤᠷᠢᠳᠬᠤ, ᠬᠠᠶᠢᠯᠲᠠ
ᠮᠠᠲᠠᠷ
ᠣᠷᠣᠰᠢᠨ ᠪᠠᠶᠢᠭᠰᠠᠨ ᠬᠤᠭᠤᠴᠠᠭ᠎ᠠ: Late Cretaceous - ᠣᠳᠣ
ᠨᠢᠯ ᠮᠠᠲᠠᠷ
ᠪᠢᠣᠯᠣᠭᠢ ᠶᠢᠨ ᠠᠩᠭᠢᠯᠠᠯ
ᠠᠶᠢᠮᠠᠭ: ᠠᠮᠢᠲᠠᠨ
ᠬᠦᠷᠢᠶ᠎ᠡ: ᠬᠥᠪᠴᠢᠲᠡᠨ
(ᠵᠡᠷᠭᠡᠯᠡᠯ ᠢ) Archosauria
ᠠᠩᠭᠢ: ᠬᠡᠪᠡᠯᠢ ᠪᠡᠷ ᠶᠠᠪᠤᠭᠴᠢ
ᠪᠠᠭ: Crocodilia
ᠣᠪᠤᠭ: ᠮᠠᠲᠠᠷ ᠤᠨ ᠬᠢᠨ
Cuvier, 1807
ᠲᠥᠷᠥᠯ

ᠮᠠᠲᠠᠷ ᠨᠢ ᠮᠠᠲᠠᠷ ᠤᠨ ᠬᠢᠨ ᠣᠪᠤᠭ ᠤᠨ ᠤᠰᠤᠨ ᠳᠤ ᠠᠮᠢᠳᠤᠷᠠᠳᠠᠭ᠂ ᠲᠣᠮᠣ᠂ ᠮᠢᠬ᠎ᠠ ᠢᠳᠡᠰᠢ ᠳᠦ᠂ ᠬᠡᠪᠡᠯᠢ ᠪᠡᠷ ᠶᠠᠪᠤᠭᠴᠢ ᠠᠮᠢᠲᠠᠨ ᠶᠤᠮ᠃ ᠠᠮᠧᠷᠢᠺᠠᠠᠽᠢᠶ᠎ᠠᠠᠹᠷᠢᠺᠠ ᠪᠣᠯᠤᠨ ᠠᠦᠢᠰᠲ᠋ᠷᠯᠢᠶ᠎ᠠ ᠍ ᠶᠢᠨ ᠭᠣᠣᠯ ᠮᠥᠷᠡᠨ᠂ ᠨᠠᠭᠤᠷ ᠴᠥᠭᠦᠷᠦᠮ ᠳᠦ ᠠᠮᠢᠳᠤᠷᠠᠨ᠎ᠠ᠃ ᠠᠦᠢᠰᠲ᠋ᠷᠯᠢᠶ᠎ᠠ ᠶᠢᠨ ᠵᠠᠷᠢᠮ ᠮᠠᠲᠠᠷ ᠳᠠᠪᠤᠰᠤᠲᠤ ᠤᠰᠤᠨ ᠳᠤ ᠠᠮᠢᠳᠤᠷᠠᠬᠤ ᠪᠠ ᠴᠡᠩᠭᠡᠭ ᠤᠰᠤᠨ ᠤ ᠮᠠᠲᠠᠷ ᠠᠴᠠ ᠪᠡᠶ᠎ᠡ ᠪᠡᠷ ᠲᠣᠮᠣ ᠪᠠᠶᠢᠳᠠᠭ᠃ 200 ᠰᠠᠶ᠎ᠠ ᠵᠢᠯ ᠦᠨ ᠲᠡᠷᠲᠡᠭᠡ ᠡᠭᠦᠰᠦᠭᠰᠡᠨ ᠭᠡᠭᠳᠡᠭᠦ ᠪᠠ 65 ᠰᠠᠶ᠎ᠠ ᠵᠢᠯ ᠦᠨ ᠡᠮᠦᠨ᠎ᠡ ᠦᠯᠦᠭ ᠭᠦᠷᠪᠡᠯ ᠤᠰᠠᠳᠴᠤ ᠮᠥᠬᠦᠭᠰᠡᠨ ᠦᠶ᠎ᠡ ᠶᠢ ᠳᠠᠪᠠᠨ ᠭᠠᠷᠴᠠᠢ᠃ ᠲᠡᠳᠡ ᠶᠡᠬᠡᠩᠬᠢ ᠴᠠᠭ ᠢᠶᠠᠨ ᠤᠰᠤᠨ ᠳᠤ ᠥᠩᠭᠡᠷᠡᠭᠦᠯᠬᠦ ᠴᠤ᠂ ᠠᠭᠠᠷ ᠠᠮᠢᠰᠬᠤᠯᠠᠳᠠᠭ ᠲᠤᠯᠠ ᠤᠳᠠᠭᠠᠨ ᠬᠤᠭᠤᠴᠠᠭ᠎ᠠ ᠪᠠᠷ ᠪᠠᠶᠢᠵᠤ ᠴᠢᠳᠠᠬᠤ ᠦᠭᠡᠢ ᠶᠤᠮ᠃ ᠮᠥᠨ ᠮᠠᠲᠠᠷ ᠨᠢ ᠪᠤᠰᠤᠳ ᠬᠡᠪᠡᠯᠢ ᠪᠡᠷ ᠶᠠᠪᠤᠭᠴᠢᠲᠠᠢ ᠬᠠᠷᠢᠴᠠᠭᠤᠯᠬᠤ ᠳᠤ ᠰᠢᠪᠠᠭᠤ ᠪᠣᠯᠤᠨ ᠦᠯᠦᠭ ᠭᠦᠷᠪᠡᠯᠲᠡᠢ ᠢᠯᠡᠭᠦᠦ ᠣᠶᠢᠷ᠎ᠠ ᠲᠥᠰᠲᠡᠢ᠃

ᠪᠡᠶ᠎ᠡ ᠶᠢᠨ ᠪᠦᠲᠦᠴᠡ[ᠵᠠᠰᠠᠪᠤᠷᠢᠯᠠᠬᠤ | ᠺᠣᠳ᠋ ᠢᠶᠠᠷ ᠵᠠᠰᠠᠬᠣ]

ᠮᠠᠲᠠᠷ ᠬᠥᠯᠦᠰᠦᠨ ᠦ ᠪᠤᠯᠴᠢᠷᠬᠠᠢ ᠦᠭᠡᠢ ᠲᠤᠯᠠ ᠠᠮᠠ ᠪᠠᠷ ᠢᠶᠠᠨ ᠪᠡᠶ᠎ᠡ ᠶᠢᠨ ᠬᠠᠯᠠᠭᠤᠨ ᠢᠶᠠᠨ ᠭᠠᠳᠠᠭᠰᠢᠯᠠᠭᠤᠯᠵᠤ ᠰᠡᠷᠢᠭᠦᠴᠡᠳᠡᠭ᠃ ᠲᠡᠳᠡ ᠤᠨᠲᠠᠬᠤ ᠳᠤ ᠪᠠᠨ ᠠᠮᠠ ᠪᠠᠨ ᠠᠩᠭᠠᠶᠢᠨ ᠤᠨᠲᠠᠬᠤ ᠪᠠ ᠵᠠᠷᠢᠮ ᠳᠤ ᠪᠠᠨ ᠨᠣᠬᠠᠢ ᠮᠡᠲᠦ ᠠᠭᠠᠬᠢᠯᠠᠳᠠᠭ᠃

ᠵᠦᠢᠯ ᠡᠴᠡ ᠰᠢᠯᠲᠠᠭᠠᠯᠠᠨ ᠪᠡᠶ᠎ᠡ ᠶᠢᠨ ᠬᠡᠮᠵᠢᠶ᠎ᠡ ᠶᠠᠩᠵᠤ ᠪᠦᠷᠢ ᠶᠤᠮ᠃ ᠵᠢᠵᠢᠭ ᠨᠢ 1 ᠮᠧᠲᠷ ᠣᠷᠴᠢᠮ ᠤᠷᠲᠤ᠂ ᠲᠣᠮᠣ ᠵᠦᠢᠯ ᠨᠢ 4.85 ᠮᠧᠲᠷ ᠤᠷᠲᠤ᠂ 1200 ᠺᠢᠯᠣᠭ᠍ᠷᠠᠮ ᠬᠦᠷᠲᠡᠯ᠎ᠡ ᠵᠢᠩ ᠲᠡᠢ ᠪᠠᠶᠢᠨ᠎ᠠ᠃ ᠬᠦᠢᠰᠥ ᠦᠨ ᠢᠯᠭᠠᠭ᠎ᠠ ᠲᠠᠢ ᠲᠥᠷᠬᠥ ᠲᠡᠢ ᠪᠠ ᠡᠷ᠎ᠡ ᠨᠢ ᠡᠮ ᠡ ᠡᠴᠡ ᠪᠡᠶ᠎ᠡ ᠪᠡᠷ ᠲᠣᠮᠣ᠂ ᠬᠤᠷᠳᠤᠨ ᠥᠰᠴᠦ ᠲᠣᠮᠣᠷᠠᠳᠠᠭ᠃ ᠪᠦᠷᠢᠳᠬᠡᠭᠳᠡᠭᠰᠡᠨ ᠬᠠᠮᠤᠭ ᠤᠨ ᠲᠣᠮᠣ ᠮᠠᠲᠠᠷ ᠠᠦᠢᠰᠲ᠋ᠷᠯᠢᠶ᠎ᠠ ᠳᠤ ᠲᠠᠭᠠᠷᠠᠭᠰᠠᠨ 6.2 ᠮᠧᠲᠷ ᠤᠷᠲᠤ ᠭᠡᠭᠳᠡᠬᠦ ᠴᠤ᠂ ᠢᠯᠡᠭᠦᠦ ᠲᠣᠮᠣ ᠮᠠᠲᠠᠷ ᠤᠨ ᠲᠤᠬᠠᠢ ᠮᠡᠳᠡᠭᠡᠯᠡᠯ ᠪᠤᠢ᠃

ᠠᠩᠬᠢᠯᠠᠯ[ᠵᠠᠰᠠᠪᠤᠷᠢᠯᠠᠬᠤ | ᠺᠣᠳ᠋ ᠢᠶᠠᠷ ᠵᠠᠰᠠᠬᠣ]


Commons
Викимедиа дуу дүрсний сан: Crocodilia

ᠭᠠᠳᠠᠭᠠᠳᠤ ᠬᠣᠯᠪᠣᠭᠠᠰᠤ[ᠵᠠᠰᠠᠪᠤᠷᠢᠯᠠᠬᠤ | ᠺᠣᠳ᠋ ᠢᠶᠠᠷ ᠵᠠᠰᠠᠬᠣ]

http://wiki.uhaan.com/index.php?title=ᠮᠠᠲᠠᠷ&oldid=470994》 ᠍  ᠡᠴᠡ ᠠᠪᠤᠭᠰᠠᠨ

ᠪᠢᠴᠢᠭᠡᠰᠦ