ᠮᠠᠲᠠᠳ ᠰᠤᠮᠤ

ᠴᠢᠯᠦᠭᠡᠲᠦ ᠨᠡᠪᠲᠡᠷᠬᠡᠢ ᠲᠣᠯᠢ — ᠸᠢᠺᠢᠫᠧᠳᠢᠶ᠎ᠠ ᠠᠴᠠ
ᠬᠠᠷᠠᠶᠢᠬᠤ: ᠤᠳᠤᠷᠢᠳᠬᠤ, ᠬᠠᠶᠢᠯᠲᠠ
ᠮᠠᠲᠠᠳ ᠰᠤᠮᠤ
ᠮᠠᠲᠠᠳ ᠰᠤᠮᠤ
ᠰᠤᠮᠤ
ᠤᠯᠤᠰ᠂ ᠣᠷᠣᠨ ᠮᠣᠩᠭᠣᠯ ᠮᠣᠩᠭᠣᠯ (ᠮᠣᠩᠭᠣᠯ ᠤᠯᠤᠰ)
ᠳᠡᠭᠡᠳᠦ ᠨᠤᠲᠤᠭ ᠳᠣᠷᠣᠨᠠᠲᠤ ᠠᠶᠢᠮᠠᠭ
ᠳ᠋ᠣᠣ ᠳᠤ ᠨᠤᠲᠤᠭ
(5 ᠪᠠᠭ)
1. ᠵᠢᠷᠭᠠᠯᠠᠩᠲᠤ
2. ᠪᠠᠶᠠᠨᠬᠠᠩᠭᠠᠢ
3. ᠲᠦᠮᠡᠨᠬᠠᠭᠠᠨ
4. ᠪᠤᠶᠠᠨ-ᠥᠨᠳᠥᠷ
5. ᠮᠡᠨᠡᠨ
ᠭᠠᠵᠠᠷ ᠨᠤᠲᠤᠭ 22831 ᠺᠦᠸᠠᠳ᠋ ᠺᠢᠯᠣᠮᠧᠲ᠋ᠷ
ᠬᠦᠮᠦᠨ ᠠᠮᠠ (2009) 2,526 ᠬᠦᠮᠦᠨ
ᠰᠢᠤᠳᠠᠨ ᠳᠤᠭᠠᠷ 21020
ᠬᠠᠶᠠᠭ᠎ᠠ ᠵᠠᠯᠭᠠᠭ᠎ᠠ
ᠭᠠᠵᠠᠷ᠂ ᠨᠤᠲᠤᠭ
ᠰᠢᠨ᠎ᠡ ᠪᠠᠷᠭᠤ ᠪᠠᠷᠠᠭᠤᠨ
ᠪᠤᠯᠠᠭᠠᠨ᠂ ↖ ᠪᠠᠶᠠᠨ᠋ᠲᠦᠮᠡᠨ
ᠰᠦᠬᠡᠪᠠᠭᠠᠲᠤᠷ᠂ → ᠬᠠᠯᠬᠠᠭᠠᠯ
ᠡᠷᠳᠡᠨᠢᠴᠢᠬᠠᠨ᠂ ↘ ᠵᠡᠭᠦᠨ ᠦᠵᠦᠮᠦᠴᠢᠨ

ᠮᠠᠲᠠᠳ ᠨᠢ ᠳᠣᠷᠣᠨᠠᠲᠤ ᠠᠶᠢᠮᠠᠭ ᠤᠨ ᠰᠤᠮᠤ ᠶᠤᠮ᠃ ᠮᠠᠲᠠᠳ ᠰᠤᠮᠤ ᠶᠢᠨ ᠨᠤᠲᠤᠭ ᠲᠤ ᠮᠡᠨᠡᠩ ᠦᠨ ᠲᠠᠯ᠎ᠠ ᠣᠷᠣᠰᠢᠨ᠎ᠠ᠃ ᠲᠤᠰ ᠰᠤᠮᠤ ᠠᠴᠠ ᠠᠯᠳᠠᠷᠲᠤ ᠵᠣᠬᠢᠶᠠᠯᠴᠢ᠂ ᠡᠷᠳᠡᠮᠲᠡᠨ ᠴᠠᠩᠲᠠ ᠶᠢᠨ ᠳᠠᠮᠳᠢᠨᠰᠦ᠋ᠷᠦᠩ ᠲᠥᠷᠥᠨ ᠭᠠᠷᠤᠭᠰᠠᠨ ᠪᠢᠯᠡ᠃

ᠲᠡᠦᠬᠡ[ᠵᠠᠰᠠᠪᠤᠷᠢᠯᠠᠬᠤ | ᠺᠣᠳ᠋ ᠢᠶᠠᠷ ᠵᠠᠰᠠᠬᠣ]

ᠬᠠᠯᠬ᠎ᠠ ᠍ ᠤᠨ ᠰᠡᠴᠡᠨ ᠬᠠᠨ ᠠᠶᠢᠮᠠᠭ ᠤᠨ ᠦᠢᠵᠡᠨ ᠸᠠᠩ ᠤᠨ ᠬᠣᠰᠢᠭᠤ ᠨᠢ ᠠᠩᠬ᠎ᠠ ᠮᠠᠨᠵᠤᠡᠶᠢᠨ ᠡᠩᠬᠡ-ᠠᠮᠤᠭᠤᠯᠠᠩ ᠤᠨ 5 ᠳ᠋ᠤᠭᠠᠷ ᠣᠨ ᠳᠤ ᠪᠤᠶᠤ 1666 ᠣᠨ ᠳᠤ ᠪᠠᠶᠢᠭᠤᠯᠤᠭᠳᠠᠵᠠᠢ᠃ ᠲᠤᠰ ᠬᠣᠰᠢᠭᠤᠨ ᠤ ᠠᠩᠬᠠᠨ ᠤ ᠵᠠᠰᠠᠭ ᠨᠣᠶᠠᠨ ᠳᠣᠷᠵᠢᠳᠠᠰᠢ ᠠᠴᠠ ᠬᠠᠮᠤᠭ ᠤᠨ ᠰᠡᠭᠦᠯ ᠦᠨ ᠨᠣᠶᠠᠨ ᠭᠣᠮᠪᠣᠰᠦ᠋ᠷᠦᠩ ᠬᠦᠷᠲᠡᠯ᠎ᠡ 9 ᠨᠣᠶᠠᠨ ᠦᠶ᠎ᠡ ᠵᠠᠯᠭᠠᠮᠵᠢᠯᠠᠨ ᠰᠠᠭᠤᠭᠰᠠᠨ ᠪᠠᠶᠢᠨ᠎ᠠ᠃ ᠭᠣᠮᠪᠣᠰᠦ᠋ᠷᠦᠩ ᠦᠢᠵᠡᠨ ᠵᠠᠰᠠᠭ ᠬᠣᠰᠢᠭᠤᠨ ᠤ ᠪᠡᠶᠢᠰᠡ᠂ ᠵᠠᠰᠠᠭ ᠲᠥᠷᠥ ᠶᠢᠨ ᠵᠤᠩ ᠸᠠᠩ᠂ ᠠᠷᠠᠳ ᠤᠨ ᠵᠠᠰᠠᠭ ᠤᠨ ᠦᠶ᠎ᠡ ᠳᠦ ᠨᠡᠷ᠎ᠡ ᠪᠡᠨ ᠥᠭᠡᠷᠡᠴᠢᠯᠡᠨ ᠨᠠᠩᠵᠠᠳᠳᠣᠷᠵᠢ ᠪᠣᠯᠵᠤ᠂ ᠣᠯᠠᠨ᠎ᠠ ᠡᠷᠭᠦᠭᠳᠡᠭᠰᠡᠨᠢᠢ (ᠮᠣᠩᠭᠣᠯ ᠤᠯᠤᠰ ᠤᠨ) 14 ᠳᠦᠭᠡᠷ ᠣᠨ ᠳᠤ ᠪᠤᠶᠤ 1924 ᠣᠨ ᠤ 9 ᠳᠦᠭᠡᠷ ᠰᠠᠷ᠎ᠠ ᠳᠤ ᠬᠣᠰᠢᠭᠤᠨ ᠤ ᠠᠷᠠᠳ ᠤᠨ ᠲᠥᠯᠥᠭᠡᠯᠡᠭᠴᠢᠳ ᠦᠨ ᠬᠤᠷᠠᠯ ᠢᠶᠠᠷ ᠹᠧᠣᠳᠠᠯ ᠤᠨ ᠵᠠᠰᠠᠭ ᠢ ᠥᠭᠡᠷᠡᠴᠢᠯᠡᠨ ᠠᠷᠠᠳ ᠤᠨ ᠵᠠᠰᠠᠭ ᠤᠨ ᠰᠢᠨ᠎ᠡ ᠬᠠᠤᠯᠢ ᠶᠢᠨ ᠳᠠᠭᠠᠤ ᠮᠠᠲᠠᠳ ᠬᠠᠨ ᠠᠭᠤᠯᠠ ᠶᠢᠨ ᠬᠣᠰᠢᠭᠤ ᠶᠢ ᠠᠩᠬᠠᠯᠠᠨ ᠪᠠᠶᠢᠭᠤᠯᠬᠤ ᠦᠶ᠎ᠡ ᠳᠦ ᠦᠢᠵᠡᠨ ᠪᠡᠶᠢᠰᠡ ᠲᠤᠰᠢᠶᠠᠯ ᠠᠴᠠ ᠪᠠᠨ ᠪᠠᠭᠤᠵᠤ ᠮᠠᠲᠠᠳ ᠰᠤᠮᠤ ᠪᠠᠶᠢᠭᠤᠯᠤᠭᠳᠠᠭᠰᠠᠨ ᠶᠤᠮ᠃

ᠲᠤᠰ ᠰᠤᠮᠤ 22.2 ᠮᠢᠩᠭᠠᠨ ᠬᠠᠪᠲᠠᠭᠠᠢ ᠳᠥᠷᠪᠡᠯᠵᠢᠨ km ᠨᠤᠲᠤᠭ ᠲᠠᠢ᠂ 2,334 ᠬᠦᠮᠦᠨ ᠠᠮᠠ ᠲᠠᠢ᠂ 63,254 ᠲᠣᠯᠣᠭᠠᠢ ᠮᠠᠯᠲᠠᠢ᠃ ᠡᠭᠦᠨ ᠡᠴᠡ ᠲᠡᠮᠡᠭᠡ 982, ᠠᠳᠤᠭᠤ 11,768, ᠦᠬᠡᠷ 916, ᠬᠣᠨᠢ 26,792, ᠢᠮᠠᠭ᠎ᠠ 14,544 ᠲᠣᠯᠣᠭᠠᠢ ᠪᠠᠶᠢᠨ᠎ᠠ᠃

ᠭᠠᠵᠠᠷᠵᠦᠢ᠂ ᠠᠰᠢᠭᠲᠤ ᠮᠠᠯᠲᠠᠮᠠᠯ[ᠵᠠᠰᠠᠪᠤᠷᠢᠯᠠᠬᠤ | ᠺᠣᠳ᠋ ᠢᠶᠠᠷ ᠵᠠᠰᠠᠬᠣ]

ᠰᠤᠮᠤ ᠶᠢᠨ ᠲᠥᠪ ᠵᠡᠭᠦᠨ ᠪᠤᠯᠠᠭ ᠨᠢ ᠠᠶᠢᠮᠠᠭ ᠤᠨ ᠲᠥᠪ ᠡᠴᠡ 150 ᠺᠢᠯᠣᠮᠧᠲ᠋ᠷ ᠵᠠᠶᠢᠲᠠᠢ᠃ ᠵᠡᠭᠦᠨ ᠡᠮᠦᠨᠡᠲᠦ ᠪᠠ ᠬᠣᠶᠢᠳᠤ ᠬᠡᠰᠡᠭ ᠢᠶᠡᠷ ᠢᠶᠡᠨ ᠪᠦᠭᠦᠳᠡ ᠨᠠᠶᠢᠷᠠᠮᠳᠠᠬᠤ ᠳᠤᠮᠳᠠᠳᠤ ᠠᠷᠠᠳ ᠤᠯᠤᠰ ᠍ ᠲᠠᠢ᠂ ᠡᠮᠦᠨᠡᠲᠦ ᠪᠠ ᠪᠠᠷᠠᠭᠤᠨ ᠬᠡᠰᠡᠭ ᠢᠶᠡᠷ ᠢᠶᠡᠨ ᠰᠦᠬᠡᠪᠠᠭᠠᠲᠤᠷ ᠠᠶᠢᠮᠠᠭ ᠤᠨ ᠡᠷᠳᠡᠨᠢᠴᠢᠬᠠᠨᠰᠦᠬᠡᠪᠠᠭᠠᠲᠤᠷ ᠰᠤᠮᠤ ᠳᠤ ᠲᠠᠢ᠂ ᠪᠤᠰᠤᠳ ᠲᠠᠯ᠎ᠠ ᠪᠠᠷ ᠢᠶᠠᠨ ᠪᠤᠯᠠᠭᠠᠨᠪᠠᠶᠠᠨ᠋ᠲᠦᠮᠡᠨᠬᠠᠯᠬᠠᠭᠠᠯ ᠰᠤᠮᠤᠲᠠᠢ ᠬᠢᠯᠢᠯᠡᠳᠡᠭ᠃

ᠵᠡᠭᠦᠨ᠂ ᠪᠠᠷᠠᠭᠤᠨ ᠮᠠᠲᠠᠳ᠂ ᠮᠡᠨᠡᠨ᠂ ᠪᠠᠳᠮ᠎ᠠ-ᠡᠰᠢ ᠶᠢᠨ ᠥᠷᠭᠡᠨ ᠠᠭᠤᠳᠠᠮ ᠲᠠᠯ᠎ᠠ᠂ ᠬᠥᠬᠡ ᠳᠡᠷᠡᠰᠦ ᠶᠢᠨ ᠭᠣᠪᠢ᠂ ᠪᠠᠷᠠᠭᠤᠨ ᠳᠠᠪᠤᠰᠤ᠂ ᠲᠣᠰᠤᠨ ᠶᠡᠬᠡ ᠪᠠᠭ᠎ᠠ ᠰᠢᠪᠠᠷ ᠲᠤ ᠵᠡᠷᠭᠡ ᠨᠠᠭᠤᠷ ᠴᠥᠭᠦᠷᠦᠮ ᠲᠡᠢ᠃ ᠴᠢᠯᠠᠭᠣᠨ ᠲᠣᠰᠣᠤᠷᠠᠨᠨᠡᠭᠦᠷᠡᠰᠦᠵᠣᠩᠰᠢ᠂ ᠱᠣᠬᠣᠢ᠂ ᠥᠩᠭᠡ ᠶᠢᠨ ᠵᠣᠰᠣ ᠵᠡᠷᠭᠡ ᠠᠰᠢᠭᠲᠤ ᠮᠠᠯᠲᠠᠮᠠᠯ ᠲᠠᠢ᠃ ᠲᠤᠰ ᠰᠤᠮᠤ ᠶᠢᠨ ᠨᠤᠲᠤᠭ ᠲᠤ ᠠᠮᠧᠷᠢᠺᠠ ᠶᠢᠨ ᠨᠢᠭᠡᠳᠦᠭᠰᠡᠨ ᠤᠯᠤᠰ ᠍ ᠤᠨ ᠭᠠᠵᠠᠷ ᠤᠨ ᠲᠣᠰᠤᠨ ᠤ СОКО ᠺᠣᠮᠫᠠᠨᠢ 3450 ᠮ ᠬᠦᠷᠲᠡᠯ᠎ᠡ ᠴᠣᠨᠣᠭ ᠥᠷᠦᠮᠳᠡᠭᠰᠡᠨ᠃ ᠮᠣᠩᠭᠣᠯ ᠤᠯᠤᠰ ᠲᠤ ᠠᠩᠬ᠎ᠠ ᠤᠳᠠᠭ᠎ᠠ ᠴᠢᠯᠠᠭᠣᠨ ᠲᠣᠰᠣ ᠣᠷᠭᠢᠯᠠᠨ ᠭᠠᠷᠤᠭᠰᠠᠨ᠃ 1998 ᠣᠨ ᠤ ᠪᠠᠶᠢᠳᠠᠯ ᠢᠶᠠᠷ 28,457 ᠪᠠᠷᠷᠧᠯ ᠲᠣᠰᠣ ᠣᠯᠪᠤᠷᠢᠯᠠᠵᠤ 23,534 ᠪᠠᠷᠷᠧᠯ ᠲᠣᠰ ᠪᠦᠭᠦᠳᠡ ᠨᠠᠶᠢᠷᠠᠮᠳᠠᠬᠤ ᠳᠤᠮᠳᠠᠳᠤ ᠠᠷᠠᠳ ᠤᠯᠤᠰ ᠳᠦ ᠡᠺᠰᠫᠣᠷᠲᠯᠠᠭᠰᠠᠨ᠃

ᠤᠷᠭᠤᠮᠠᠯ ᠤᠨ ᠠᠶᠢᠮᠠᠭ[ᠵᠠᠰᠠᠪᠤᠷᠢᠯᠠᠬᠤ | ᠺᠣᠳ᠋ ᠢᠶᠠᠷ ᠵᠠᠰᠠᠬᠣ]

ᠡᠮᠴᠢᠯᠡᠭᠡᠨ ᠳᠦ ᠵᠣᠷᠢᠭᠤᠯᠤᠭᠳᠠᠭᠰᠠᠨ ᠪᠠᠶᠠᠨᠬᠠᠩᠭᠠᠢ᠂ ᠳᠠᠯᠢᠢᠨ ᠶᠠᠭᠠᠨ ᠴᠡᠴᠡᠭ᠂ ᠨᠠᠷᠠᠩ ᠤᠨ ᠷᠠᠰᠢᠶᠠᠨ᠂ ᠮᠣᠩᠭᠣᠯ ᠤᠨ ᠤᠯᠠᠭᠠᠨ ᠨᠣᠮᠣᠨ ᠳᠤ ᠪᠢᠴᠢᠭᠳᠡᠭᠰᠡᠨ ᠤᠷᠲᠤ ᠨᠠᠪᠴᠢᠲᠤ ᠳᠠᠯᠠᠨ᠂ ᠮᠣᠩᠭᠣᠯ ᠲᠣᠰᠣᠲᠤ᠂ ᠲᠣᠮᠣ ᠲᠣᠬᠢᠭᠤᠷ᠂ ᠰᠣᠩᠭᠢᠨ᠎ᠠ ᠵᠡᠷᠭᠡ ᠬᠣᠪᠣᠷ ᠤᠷᠭᠤᠮᠠᠯ ᠠᠴᠠ ᠭᠠᠳᠠᠨ᠎ᠠ ᠲᠠᠭᠠᠨ᠎ᠠ᠂ ᠬᠥᠮᠡᠯᠢ᠂ ᠮᠠᠩᠭᠢᠷ᠂ ᠭᠣᠭᠣᠳ᠂ ᠠᠭᠢ᠂ ᠰᠢᠬᠢᠷ ᠡᠪᠡᠰᠦ ᠤᠷᠭᠤᠳᠠᠭ᠃

ᠠᠮᠢᠲᠠᠨ ᠤ ᠠᠶᠢᠮᠠᠭ[ᠵᠠᠰᠠᠪᠤᠷᠢᠯᠠᠬᠤ | ᠺᠣᠳ᠋ ᠢᠶᠠᠷ ᠵᠠᠰᠠᠬᠣ]

ᠬᠥᠬᠥᠲᠡᠨ ᠠᠮᠢᠲᠠᠳ ᠠᠴᠠ ᠴᠠᠭᠠᠨ ᠵᠡᠭᠡᠷ᠎ᠡ᠂ ᠴᠢᠨᠣ᠎ᠠ᠂ ᠮᠠᠨᠤᠤᠯ᠂ ᠳᠣᠷᠣᠭᠣ᠂ ᠡᠯᠪᠡᠩᠬᠦ᠂ ᠵᠠᠷᠠᠭ᠎ᠠ᠂ ᠲᠠᠤᠯᠠᠢ᠂

ᠰᠢᠪᠠᠭᠤᠳ ᠠᠴᠠ ᠲᠣᠭᠣᠷᠤᠤ᠂ ᠲᠠᠯ᠎ᠠ ᠶᠢᠨ ᠰᠠᠷᠠ᠂ ᠱᠠᠭᠠᠵᠠᠭᠠᠢ᠂ ᠬᠡᠷ ᠢᠶᠡᠨ᠂ ᠠᠩᠭᠢᠷ᠂ ᠥᠪᠥᠭᠡᠯᠵᠢ᠂

ᠬᠣᠶᠠᠷ ᠨᠤᠲᠤᠭᠲᠠᠨ ᠠᠴᠠ ᠪᠠᠬ᠎ᠠ ᠮᠡᠯᠡᠬᠡᠢ᠂

ᠬᠡᠪᠡᠯᠢ ᠪᠡᠷ ᠶᠠᠪᠤᠭᠴᠢ ᠠᠴᠠ ᠮᠣᠭᠠᠢ᠂ ᠭᠦᠷᠪᠡᠯ ᠵᠡᠷᠭᠡ ᠠᠮᠢᠲᠠᠳ ᠪᠠᠶᠢᠳᠠᠭ᠃

ᠠᠯᠳᠠᠷ ᠭᠠᠪᠢᠶᠠᠲᠠᠨ ᠨᠤᠭᠤᠳ[ᠵᠠᠰᠠᠪᠤᠷᠢᠯᠠᠬᠤ | ᠺᠣᠳ᠋ ᠢᠶᠠᠷ ᠵᠠᠰᠠᠬᠣ]

ᠪᠠᠶᠢᠭᠤᠯᠤᠯᠭ᠎ᠠ ᠨᠤᠭᠤᠳ[ᠵᠠᠰᠠᠪᠤᠷᠢᠯᠠᠬᠤ | ᠺᠣᠳ᠋ ᠢᠶᠠᠷ ᠵᠠᠰᠠᠬᠣ]

ᠲᠤᠰ ᠰᠤᠮᠤᠨ ᠳᠤ ᠬᠦᠮᠦᠨ ᠡᠮᠨᠡᠯᠭᠡ᠂ ᠴ᠃ᠳᠠᠮᠳᠢᠨᠰᠦ᠋ᠷᠦᠩ ᠦᠨ ᠨᠡᠷᠡᠮᠵᠢᠲᠦ 8 ᠵᠢᠯ ᠦᠨ ᠰᠤᠷᠭᠠᠭᠤᠯᠢ᠂ ᠬᠡᠦᠬᠡᠳ ᠦᠨ ᠴᠡᠴᠡᠷᠯᠢᠭ᠂ ᠰᠤᠶᠤᠯ ᠤᠨ ᠪᠠᠶᠢᠭᠤᠯᠤᠯᠭ᠎ᠠ᠂ ᠴᠠᠭ ᠠᠭᠤᠷ᠂ ᠮᠣᠩᠭᠣᠯ ᠤᠨ ᠴᠠᠬᠢᠯᠭᠠᠨ ᠬᠣᠯᠪᠣᠭ᠎ᠠ᠂ ᠨᠧᠹᠲ᠂ ᠬᠤᠷᠠᠯ᠂ ᠲᠥᠰᠥᠪ ᠲᠦ ᠪᠣᠯᠤᠨ ᠠᠵᠤ ᠠᠬᠤᠢ ᠶᠢᠨ ᠨᠢᠭᠡᠴᠡ ᠨᠦᠭᠦᠳ ᠦᠢᠯᠡ ᠠᠵᠢᠯᠯᠠᠭ᠎ᠠ ᠶᠢ ᠪᠠᠨ ᠶᠠᠪᠤᠭᠤᠯᠵᠤ ᠪᠠᠶᠢᠨ᠎ᠠ᠃

9 ᠵᠢᠯ ᠦᠨ ᠳᠤᠮᠳᠠ ᠰᠤᠷᠭᠠᠭᠤᠯᠢ[ᠵᠠᠰᠠᠪᠤᠷᠢᠯᠠᠬᠤ | ᠺᠣᠳ᠋ ᠢᠶᠠᠷ ᠵᠠᠰᠠᠬᠣ]

1924 ᠣᠨ ᠳᠤ 10 ᠭᠠᠷᠤᠢ ᠬᠡᠦᠬᠡᠳ ᠲᠡᠢ ᠪᠠᠭ᠎ᠠ ᠰᠤᠷᠭᠠᠭᠤᠯᠢ ᠪᠠᠶᠢᠭᠤᠯᠤᠭᠳᠠᠭᠰᠠᠨ ᠪᠥᠭᠡᠳ 1948 ᠣᠨ ᠳᠤ ᠮᠠᠲᠠᠳ ᠰᠤᠮᠤ ᠶᠢᠨ ᠬᠠᠭᠤᠴᠢᠨ ᠪᠠᠭ᠎ᠠ ᠰᠤᠷᠭᠠᠭᠤᠯᠢ ᠶᠢ ᠥᠷᠭᠡᠳᠬᠡᠵᠦ ᠪᠦᠷᠢᠨ ᠪᠤᠰᠤ ᠳᠤᠮᠳᠠ ᠰᠤᠷᠭᠠᠭᠤᠯᠢ ᠪᠣᠯᠤᠭᠰᠠᠨ ᠶᠤᠮ᠃ 1993 ᠣᠨ ᠳᠤ ᠠᠷᠠᠳ ᠤᠨ ᠤᠷᠠᠨ ᠵᠣᠬᠢᠶᠠᠯᠴᠢ᠂ ᠠᠺᠠᠳᠧᠮᠢᠴᠢ ᠴᠠᠩᠲᠠ ᠶᠢᠨ ᠳᠠᠮᠳᠢᠨᠰᠦ᠋ᠷᠦᠩ ᠦᠨ ᠨᠡᠷᠡᠮᠵᠢᠲᠦ ᠪᠣᠯᠤᠭᠰᠠᠨ ᠪᠥᠭᠡᠳ ᠰᠤᠷᠭᠠᠭᠤᠯᠢ ᠳᠡᠭᠡᠷ᠎ᠡ ᠪᠡᠨ ᠡᠷᠳᠡᠮᠲᠡᠨ ᠦ ᠭᠡᠷ ᠮᠦᠽᠧᠢ᠂ ᠮᠣᠩᠭᠣᠯ ᠬᠡᠯᠡ ᠦᠷᠠᠨᠵᠣᠬᠢᠶᠠᠯ ᠤᠨ ᠪᠤᠯᠤᠨ ᠪᠠᠶᠢᠭᠤᠯᠤᠨ ᠠᠵᠢᠯᠯᠠᠵᠤ ᠪᠠᠶᠢᠨ᠎ᠠ᠃ ᠣᠳᠣ ᠳᠡᠭᠡᠳᠦ ᠮᠡᠷᠭᠡᠵᠢᠯ ᠦᠨ 6, ᠪᠠᠭᠰᠢ ᠶᠢᠨ ᠮᠡᠷᠭᠡᠵᠢᠯ ᠲᠡᠢ 4 ᠪᠠᠭᠰᠢ᠂ 9 ᠪᠦᠯᠦᠭ ᠲᠦ 270 ᠬᠡᠦᠬᠡᠳ ᠰᠤᠷᠤᠯᠴᠠᠵᠤ ᠪᠠᠶᠢᠨ᠎ᠠ᠃ ᠬᠡᠦᠬᠡᠳ ᠦᠨ ᠰᠤᠷᠭᠠᠯᠲᠠᠨ ᠳᠤ ᠵᠣᠷᠢᠭᠤᠯᠤᠨ ᠪᠦᠷᠢᠨ ᠡᠷᠬᠡ ᠠᠪᠴᠤ ᠴᠢᠨᠠᠷ ᠤᠨ ᠱᠠᠭᠠᠷᠳᠠᠯᠭ᠎ᠠ ᠬᠠᠩᠭᠠᠭᠰᠠᠨ 5 ᠺᠠᠪᠢᠨᠧᠲᠲᠧᠭᠨᠢᠭ ᠬᠡᠷᠡᠭᠰᠡᠯ ᠢ ᠠᠰᠢᠭᠯᠠᠵᠤ ᠪᠠᠶᠢᠨ᠎ᠠ᠃ ᠮᠣᠩᠭᠣᠯ ᠤᠯᠤᠰ ᠤᠨ ᠵᠠᠭᠠᠬᠤ ᠠᠷᠭᠠᠴᠢ ᠵᠡᠷᠭᠡᠯᠡᠯ ᠲᠡᠢ ᠪᠠᠭᠰᠢ 2, ᠠᠬᠠᠯᠠᠬᠤ ᠪᠠᠭᠰᠢ 3, ᠠᠷᠭ᠎ᠠ ᠵᠦᠢᠴᠢ ᠪᠠᠭᠰᠢ 4, ᠪᠠᠭᠰᠢ ᠶᠢᠨ ᠠᠯᠳᠠᠷ ᠮᠧᠳᠠᠯ ᠳᠤ 1, ᠠᠷᠠᠳ ᠤᠨ ᠪᠣᠯᠪᠠᠰᠤᠷᠠᠯ ᠤᠨ ᠶᠠᠮᠤᠨ ᠤ ᠵᠢᠭᠤᠬᠤ ᠪᠢᠴᠢᠭᠲᠡᠨ 2, ᠴᠡᠷᠢᠭ ᠦᠨ ᠠᠯᠳᠠᠷ ᠮᠧᠳᠠᠯ ᠳᠤ 1 ᠵᠡᠷᠭᠡ ᠪᠦᠷᠢᠯᠳᠦᠬᠦᠨ ᠲᠡᠢ ᠬᠠᠮᠲᠤ ᠣᠯᠠᠨ ᠶᠠᠭᠤᠮ᠎ᠠ᠃ ᠰᠤᠷᠭᠠᠭᠤᠯᠢ ᠨᠢ 3636.2 ᠮᠢᠩᠭᠠᠨ ᠲᠥᠭᠦᠷᠢᠭᠡᠨ ᠦ ᠦᠨᠳᠦᠰᠦᠨ᠂ 763.1 ᠮᠢᠩᠭᠠᠨ ᠲᠥᠭᠦᠷᠢᠭᠡᠨ ᠦ ᠡᠷᠭᠢᠯᠲᠡ ᠶᠢᠨ ᠬᠥᠷᠥᠩᠭᠡ ᠲᠡᠢ᠂ 160 ᠭᠠᠷᠤᠢ ᠲᠣᠯᠣᠭᠠᠢ ᠮᠠᠯ ᠲᠠᠢ ᠲᠤᠰᠠᠯᠠᠬᠤ ᠠᠵᠤ ᠠᠬᠤᠢ ᠡᠷᠬᠢᠯᠡᠳᠡᠭ ᠪᠠ ᠨᠡᠶᠢᠲᠡ 22 ᠣᠷᠣᠨ ᠲᠣᠭ᠎ᠠ ᠲᠠᠢ ᠠᠵᠢᠯᠯᠠᠳᠠᠭ᠃ ᠰᠤᠷᠭᠠᠭᠤᠯᠢ ᠶᠢᠨ ᠵᠢᠯ ᠦᠨ ᠦᠨᠳᠦᠰᠦᠨ ᠰᠤᠷᠭᠠᠯᠲᠠ ᠠᠴᠠ ᠭᠠᠳᠠᠨ᠎ᠠ ᠰᠤᠷᠭᠠᠭᠤᠯᠢ ᠵᠠᠪᠰᠠᠷᠳᠠᠭᠰᠠᠨ ᠬᠡᠦᠬᠡᠳ ᠦᠳ ᠢ ᠠᠯᠪᠠᠨ ᠪᠤᠰᠤ ᠪᠣᠯᠪᠠᠰᠤᠷᠠᠯ ᠢ ᠣᠯᠭᠣᠬᠤ ᠰᠤᠷᠭᠠᠯᠲᠠᠨ ᠳᠤ ᠪᠦᠷᠢᠨ ᠬᠠᠮᠤᠷᠤᠭᠤᠯᠬᠤ ᠠᠵᠢᠯ ᠢ ᠡᠷᠴᠢᠮᠵᠢᠭᠦᠯᠵᠦ ᠲᠡᠭᠦᠨ ᠳᠦ ᠠᠵᠢᠯᠯᠠᠬᠤ ᠪᠠᠭᠰᠢ᠂ ᠰᠤᠷᠭᠠᠯᠲᠠ ᠮᠠᠲ᠋ᠧᠷᠢᠶᠠᠯ ᠤᠨ ᠵᠠᠷᠤᠳᠠᠯ ᠢ ᠲᠥᠰᠥᠪ ᠲᠦ ᠲᠤᠰᠬᠠᠨ ᠦᠶ᠎ᠡ ᠱᠠᠲᠤ ᠲᠠᠢ ᠪᠠᠷ ᠠᠵᠢᠯᠯᠠᠭᠤᠯᠵᠤ ᠪᠠᠶᠢᠭ᠎ᠠ ᠶᠤᠮ᠃

ᠪᠢᠴᠢᠭᠡᠰᠦ