ᠮᠠᠲ᠋ᠠᠲ᠋ᠧᠣ ᠷᠧᠨᠼᠢ

ᠴᠢᠯᠦᠭᠡᠲᠦ ᠨᠡᠪᠲᠡᠷᠬᠡᠢ ᠲᠣᠯᠢ — ᠸᠢᠺᠢᠫᠧᠳᠢᠶ᠎ᠠ ᠠᠴᠠ
ᠬᠠᠷᠠᠶᠢᠬᠤ: ᠤᠳᠤᠷᠢᠳᠬᠤ, ᠬᠠᠶᠢᠯᠲᠠ
Matteo Renzi crop new.png

ᠮᠠᠲ᠋ᠠᠲ᠋ᠧᠣ ᠷᠧᠨᠼᠢ (ᠢᠲ᠋ᠠᠯᠢ ᠪᠡᠷ Matteo Renzi, 1975 ᠣᠨ ᠤ ᠨᠢᠭᠡᠳᠦᠭᠡᠷ ᠰᠠᠷ᠎ᠠ ᠶᠢᠨ 11 ᠍ ᠳᠦ ᠹᠯᠣᠷᠧᠨᠼ ᠬᠣᠲᠠᠣᠳᠣ ᠲᠦᠷᠦᠭᠰᠡᠨ) — ᠢᠲ᠋ᠠᠯᠢ ᠍ ᠶᠢᠨ ᠤᠯᠤᠰ ᠲᠥᠷᠦᠴᠢ᠂ ᠠᠷᠠᠳᠴᠢᠯᠠᠭᠰᠠᠨ ᠨᠠᠮ ᠯᠢᠳᠧᠷ (ᠨᠠᠷᠢᠨ ᠪᠢᠴᠢᠭ ᠦᠨ ᠳᠠᠷᠤᠭ᠎ᠠ)[1][2] ᠪᠥᠭᠡᠳ 2014 ᠣᠨ ᠤ ᠨᠢᠭᠡᠳᠦᠭᠡᠷ ᠰᠠᠷ᠎ᠠ ᠶᠢᠨ 22 ᠍ ᠨᠣᠣᠰᠣ ᠵᠠᠰᠠᠭ ᠤᠨ ᠭᠠᠵᠠᠷ ᠤᠨ ᠲᠡᠷᠢᠭᠦᠨ ᠢᠶᠡᠷ ᠲᠣᠮᠢᠯᠠᠭᠳᠠᠨ ᠠᠵᠢᠯᠯᠠᠵᠤ ᠪᠠᠶᠢᠭ᠎ᠠ᠃ ᠲᠡᠭᠦᠨ ᠦ ᠬᠤᠪᠢ ᠳᠤ ᠲᠥᠷᠦᠵᠢ ᠥᠰᠦᠭᠰᠡᠨ ᠹᠯᠣᠷᠧᠨᠼ ᠍ ᠤᠨ ᠢᠶᠠᠨ ᠮᠤᠵᠢᠡᠶᠢᠨ ᠲᠡᠷᠢᠭᠦᠨ (20042009), ᠬᠣᠲᠠ ᠍ ᠤᠨ ᠵᠠᠬᠢᠷᠤᠭᠴᠢ ᠪᠠᠷ (2009—2014) ᠲᠤᠰ ᠲᠤᠰ ᠠᠵᠢᠯᠯᠠᠵᠤ ᠪᠠᠶᠢᠯ᠎ᠠ᠃

ᠲᠣᠪᠴᠢᠬᠠᠨ[ᠵᠠᠰᠠᠪᠤᠷᠢᠯᠠᠬᠤ | ᠺᠣᠳ᠋ ᠢᠶᠠᠷ ᠵᠠᠰᠠᠬᠣ]

ᠮᠠᠲ᠋ᠠᠲ᠋ᠧᠣ ᠷᠧᠨᠼᠢ ᠪᠣᠯ ᠳᠥᠷᠪᠡᠨ ᠬᠡᠦᠬᠡᠳ ᠲᠡᠢ ᠠᠶᠢᠯ ᠤᠨ ᠳᠡᠭᠡᠷ᠎ᠡ ᠡᠴᠡ ᠪᠡᠨ ᠬᠣᠶᠠᠷ ᠳ᠋ᠡᠬᠢ ᠪᠥᠭᠡᠳ ᠡᠴᠢᠭᠡ᠂ ᠡᠬᠡ ᠨᠢ ᠬᠣᠶᠠᠭᠤᠯᠠ ᠹᠯᠣᠷᠧᠨᠼ ᠮᠤᠵᠢᠡᠶᠢᠨ ᠲᠣᠰᠺᠠᠨ᠎ᠠ ᠳᠡᠭᠦᠷᠭᠡ ᠶᠢᠨ ᠷᠢᠨᠠᠨᠠ ᠰᠤᠯᠠᠯ'ᠠᠷᠤᠨ᠎ᠠ ᠺᠣᠮᠮᠤᠶᠢᠨ ᠵᠠᠬᠢᠷᠭᠠᠨ ᠳᠤ ᠠᠵᠢᠯᠯᠠᠳᠠᠭ ᠪᠠᠶᠢᠭᠰᠠᠨ ᠲᠤᠯᠠ ᠷᠧᠨᠼ ᠤᠨ ᠬᠣᠵᠢᠮ ᠤᠨ ᠤᠯᠤᠰ ᠲᠥᠷᠦ ᠶᠢᠨ ᠵᠠᠮ ᠬᠥᠭᠡᠬᠦ ᠬᠦᠰᠡᠯ ᠢ ᠬᠥᠲᠥᠯᠦᠭᠰᠡᠨ ᠪᠠᠶᠢᠬᠤ ᠨᠢ ᠯᠠᠪᠲᠠᠢ᠃ ᠷᠧᠨᠼᠢ ᠬᠠᠤᠯᠢ ᠴᠠᠭᠠᠵᠠ ᠶᠢᠨ ᠮᠡᠷᠭᠡᠵᠢᠯ ᠢᠶᠡᠷ ᠹᠯᠣᠷᠧᠨᠼ ᠶᠡᠬᠡ ᠰᠤᠷᠭᠠᠭᠤᠯᠢ ᠶᠢ ᠳᠦᠭᠦᠷᠭᠡᠵᠡᠢ᠃ ᠣᠶᠤᠲᠠᠨ ᠠᠬᠤᠢ ᠴᠠᠭ ᠲᠤ ᠪᠠᠨ ᠮᠡᠳᠬᠡᠯᠴᠡᠭᠡᠨ᠂ ᠦᠵᠡᠯ ᠰᠤᠷᠲᠠᠯᠵᠢᠭ᠌ᠰᠠᠨ ᠪᠦᠯᠬᠦᠮ ᠦᠨ ᠠᠵᠢᠯ ᠳᠤ ᠢᠳᠡᠪᠬᠢ ᠲᠡᠢ ᠣᠷᠣᠯᠴᠠᠳᠠᠭ ᠪᠠᠶᠢᠪᠠ᠃ 1996 ᠣᠨ ᠳᠤ ᠰᠤᠷᠭᠠᠭᠤᠯᠢ ᠪᠠᠨ ᠳᠦᠭᠦᠷᠭᠡᠭᠡᠳ ᠠᠷᠠᠳ ᠤᠨ ᠨᠠᠮ ᠳᠤ ᠡᠯᠰᠡᠵᠦ᠂ 1999 ᠣᠨ ᠳᠤ ᠹᠯᠣᠷᠧᠨᠼ ᠮᠤᠵᠢ ᠶᠢᠨ ᠨᠠᠮ ᠤᠨ ᠬᠣᠷᠢᠶᠠᠨ ᠤ ᠨᠠᠷᠢᠨ ᠪᠢᠴᠢᠭ ᠦᠨ ᠳᠠᠷᠤᠭ᠎ᠠ ᠪᠠᠷ ᠬᠡᠰᠡᠭ ᠬᠤᠭᠤᠴᠠᠭᠠᠨ ᠳᠤ ᠠᠵᠢᠯᠯᠠᠵᠠᠢ᠃ 2002 ᠣᠨ ᠳᠤ ᠨᠠᠮ ᠤᠨ ᠭᠡᠰᠢᠭᠦᠨᠴᠢᠯᠡᠯ᠎ᠡ ᠰᠣᠯᠢᠨ ᠮᠠᠷᠭᠤᠷᠢᠲ᠋ᠺᠠ ᠪᠤᠶᠤ ᠠᠷᠠᠳᠴᠢᠯᠠᠭᠰᠠᠨ ᠨᠠᠮ ᠤᠨ ᠭᠡᠰᠢᠭᠦᠨ ᠢᠶᠡᠷ ᠡᠯᠡᠰᠦᠴᠢ᠂ ᠲᠡᠭᠦᠨ ᠢ 2004 ᠣᠨ ᠳᠤ ᠮᠤᠵᠢ ᠶᠢᠨ ᠲᠡᠷᠢᠭᠦᠨ ᠦ ᠰᠣᠩᠭᠣᠭᠤᠯᠢ ᠳᠤ ᠨᠠᠮ ᠠᠴᠠ ᠨᠢ ᠨᠡᠷ᠎ᠡ ᠳᠡᠪᠰᠢᠭᠦᠯᠵᠦ᠂ 59 ᠬᠤᠪᠢ ᠤᠨ ᠰᠠᠨᠠᠯ ᠢᠶᠠᠷ ᠰᠣᠩᠭᠣᠭᠳᠠᠵᠤ ᠪᠠᠶᠢᠪᠠ᠃ ᠲᠡᠭᠦᠨᠴᠢᠯᠡᠨ ᠷᠧᠨᠼᠢ 2009 ᠣᠨ ᠳᠤ ᠹᠯᠣᠷᠧᠨᠼ ᠬᠣᠲᠠ ᠶᠢᠨ ᠵᠠᠬᠢᠷᠤᠭᠴᠢ ᠪᠠᠷ ᠲᠣᠮᠢᠯᠠᠭᠳᠠᠭᠰᠠᠨ ᠪᠢᠯᠡ᠃[3] ᠰᠢᠨ᠎ᠡ ᠨᠠᠮ ᠤᠨ ᠪᠦᠲᠦᠴᠡ ᠪᠦᠷᠢᠯᠳᠦᠬᠦᠨ ᠥᠷᠭᠡᠵᠢᠨ ᠲᠡᠯᠡᠵᠦ ᠬᠦᠴᠦ ᠵᠤᠵᠠᠭᠠᠳᠬᠠᠭᠰᠠᠨ ᠦᠶ᠎ᠡ ᠳᠦ ᠷᠧᠨᠼᠢ ᠨᠠᠷᠢᠨ ᠪᠢᠴᠢᠭ ᠦᠨ ᠳᠠᠷᠤᠭ᠎ᠠ ᠶᠢᠨ ᠰᠤᠩᠭᠠᠨ ᠳᠤ ᠥᠷᠢᠰᠦᠯᠳᠦᠵᠦ᠂ 2012 ᠣᠨ ᠳᠤ 39 ᠬᠤᠪᠢ ᠤᠨ ᠰᠠᠨᠠᠯ ᠢᠶᠠᠷ ᠯᠤᠡᠵᠢ ᠪᠧᠷ ᠰᠠᠨᠢ ᠳᠤ ᠢᠯᠠᠭᠳᠠᠭᠰᠠᠨ ᠴᠤ 2013 ᠣᠨ ᠳᠤ 68 ᠬᠤᠪᠢ ᠤᠨ ᠰᠠᠨᠠᠯ ᠢᠶᠠᠷ ᠢᠯᠠᠵᠤ ᠶᠡᠷᠦᠩᠬᠡᠢ ᠨᠠᠷᠢᠨ ᠪᠢᠴᠢᠭ ᠦᠨ ᠳᠠᠷᠤᠭ᠎ᠠ ᠪᠠᠷ ᠲᠣᠮᠢᠯᠠᠭᠳᠠᠨ ᠠᠵᠢᠯᠯᠠᠵᠤ ᠪᠣᠯᠤᠭᠰᠠᠨ ᠶᠤᠮ᠃ ᠢᠯᠠᠯᠲᠠ ᠪᠠᠶᠢᠭᠤᠯᠵᠤ ᠵᠠᠰᠠᠭ ᠪᠠᠷᠢᠬᠤ ᠡᠷᠬᠡ ᠲᠡᠢ ᠪᠣᠯᠤᠭᠰᠠᠨ ᠠᠷᠠᠳᠴᠢᠯᠠᠭᠰᠠᠨ ᠨᠠᠮ ᠤᠨ ᠤᠳᠤᠷᠢᠳᠬᠤ ᠵᠥᠪᠯᠡᠯ ᠡᠴᠡ 2014 ᠣᠨ ᠤ ᠬᠣᠶᠠᠳᠤᠭᠠᠷ ᠰᠠᠷ᠎ᠠ ᠶᠢᠨ 14 ᠍ ᠳᠦ ᠵᠠᠰᠠᠭ ᠤᠨ ᠭᠠᠵᠠᠷ ᠤᠨ ᠲᠡᠷᠢᠭᠦᠨ ᠦ ᠰᠠᠭᠤᠳᠠᠯ ᠳᠤ ᠳᠡᠪᠰᠢᠭᠦᠯᠵᠦ[4], ᠬᠣᠶᠠᠳᠤᠭᠠᠷ ᠰᠠᠷ᠎ᠠ ᠶᠢᠨ 17 ᠍ ᠳᠦ ᠷᠧᠨᠼᠢᠭ ᠶᠡᠷᠦᠩᠬᠡᠶᠢᠯᠡᠭᠴᠢ ᠵᠢᠣᠷᠵᠢᠣ ᠨᠠᠫᠣᠯᠢᠲ᠋ᠠᠨ᠎ᠠ ᠪᠠᠲᠤᠯᠠᠭᠰᠠᠨ ᠢᠶᠠᠷ᠂ ᠬᠣᠶᠠᠳᠤᠭᠠᠷ ᠰᠠᠷ᠎ᠠ ᠶᠢᠨ 22 ᠍ ᠳᠦ ᠲᠠᠩᠭᠠᠷᠢᠭ ᠡᠷᠭᠦᠵᠦ 39 ᠍ ᠬᠡᠨ ᠨᠠᠰᠤᠨ ᠳᠤ ᠪᠠᠨ 84 ᠳ᠋ᠡᠬᠢ ᠶᠡᠷᠦᠩᠬᠡᠢ ᠰᠠᠶᠢᠳ ᠤᠨ ᠠᠵᠢᠯ ᠳᠤ ᠪᠠᠨ ᠣᠷᠣᠭᠰᠠᠨ ᠪᠢᠯᠡ᠃

ᠡᠰᠢᠯᠡᠯ[ᠵᠠᠰᠠᠪᠤᠷᠢᠯᠠᠬᠤ | ᠺᠣᠳ᠋ ᠢᠶᠠᠷ ᠵᠠᠰᠠᠬᠣ]

  1. Matteo Renzi: biografia. Partito Democratico. 2014-02-08 ᠍ ᠳᠦ ᠬᠠᠨᠳᠤᠭᠰᠠᠨ᠃
  2. Roe, Alex. Matteo Renzi takes Florence.
  3. Elezioni Comunali Turno di ballottaggio 21–22 giugno 2009. Comune di Firenze (2009). 2013-12-18 ᠍ ᠳᠦ ᠬᠠᠨᠳᠤᠭᠰᠠᠨ᠃
  4. Error on call to Template:cite web: Parameters url and title must be specified (2014). 2014-2-18 ᠍ ᠳᠦ ᠬᠠᠨᠳᠤᠭᠰᠠᠨ᠃

ᠬᠣᠯᠪᠣᠭᠠᠰᠤ[ᠵᠠᠰᠠᠪᠤᠷᠢᠯᠠᠬᠤ | ᠺᠣᠳ᠋ ᠢᠶᠠᠷ ᠵᠠᠰᠠᠬᠣ]

ᠵᠠᠭᠪᠤᠷ:ᠶᠡᠷᠦᠩᠬᠡᠢ ᠰᠠᠶᠢᠳ ᠤᠳ (ᠢᠲ᠋ᠠᠯᠢ) ᠵᠠᠭᠪᠤᠷ:ᠬᠤᠷᠢᠶᠠᠩᠭᠤᠢ ᠬᠦᠰᠦᠨᠦᠭ ᠲᠦ

ᠪᠢᠴᠢᠭᠡᠰᠦ