ᠮᠠᠰᠰᠲ᠋ᠠᠪ

ᠴᠢᠯᠦᠭᠡᠲᠦ ᠨᠡᠪᠲᠡᠷᠬᠡᠢ ᠲᠣᠯᠢ — ᠸᠢᠺᠢᠫᠧᠳᠢᠶ᠎ᠠ ᠠᠴᠠ
ᠬᠠᠷᠠᠶᠢᠬᠤ: ᠤᠳᠤᠷᠢᠳᠬᠤ, ᠬᠠᠶᠢᠯᠲᠠ
ᠡᠨᠡ ᠵᠢᠷᠤᠭ ᠳᠡᠭᠡᠷᠡᠬᠢ ᠴᠠᠭᠠᠨ ᠮᠠᠯᠠᠭᠠᠢ ᠨᠢ ᠵᠢᠷᠤᠭ ᠢ ᠬᠠᠷᠠᠵᠤ ᠪᠠᠶᠢᠭ᠎ᠠ ᠬᠦᠨᠳᠦ ᠬᠠᠷᠢᠴᠠᠭᠤᠯᠬᠤ ᠮᠠᠰᠰᠲ᠋ᠠᠪ ᠪᠣᠯᠵᠤ ᠪᠠᠶᠢᠭ᠎ᠠ ᠤᠴᠢᠷ ᠡᠨᠳᠡ ᠡᠴᠡ ᠲᠤᠬᠠᠢ ᠶᠢᠨ ᠮᠠᠰᠢᠨ ᠶᠠᠮᠠᠷ ᠲᠣᠮᠣ ᠬᠡᠮᠵᠢᠶᠡᠲᠡᠢ ᠶᠢ ᠬᠠᠷᠠᠵᠤ ᠪᠣᠯᠤᠨ᠎ᠠ᠃

ᠮᠠᠰᠰᠲ᠋ᠠᠪ ᠭᠡᠳᠡᠭ ᠨᠢ ᠲᠧᠭᠨᠢᠭᠲ᠂ ᠹᠣᠲ᠋ᠣ ᠵᠢᠷᠤᠭ ᠪᠣᠯᠤᠨ ᠭᠠᠵᠠᠷ ᠤᠨ ᠵᠢᠷᠤᠭ ᠲᠤ ᠶᠠᠮᠠᠷ ᠨᠢᠭᠡᠨ ᠣᠪᠶᠧᠺᠲ ᠢ ᠳᠦᠷᠰᠦᠯᠡᠭᠰᠡᠨ ᠬᠡᠮᠵᠢᠶᠡᠰᠦ (ᠵᠢᠱᠢᠶ᠎ᠡ ᠨᠢ: ᠵᠠᠮ ᠤᠨ ᠤᠷᠲᠤ) ᠪᠣᠯᠤᠨ ᠲᠡᠭᠦᠨ ᠦ ᠪᠣᠳᠠᠲᠤ ᠠᠮᠢᠳᠤᠷᠠᠯ ᠳᠡᠭᠡᠷᠡᠬᠢ ᠬᠡᠮᠵᠢᠶᠡᠰᠦ ᠶᠢᠨ ᠬᠠᠷᠢᠴᠠᠭ᠎ᠠ ᠶᠢ ᠬᠡᠯᠡᠳᠡᠭ᠃

ᠲᠣᠮᠣᠷᠠᠭᠤᠯᠤᠯᠲᠠ[ᠵᠠᠰᠠᠪᠤᠷᠢᠯᠠᠬᠤ | ᠺᠣᠳ᠋ ᠢᠶᠠᠷ ᠵᠠᠰᠠᠬᠣ]

ᠵᠠᠷᠢᠮ ᠰᠠᠯᠪᠤᠷᠢ ᠳᠤ (ᠮᠠᠰᠢᠨ ᠦᠢᠯᠡᠳᠪᠦᠷᠢᠯᠡᠯ᠂ ᠡᠯᠧᠺᠲ᠋ᠷᠣᠨᠢᠺ᠂ ᠹᠣᠲ᠋ᠣ ᠵᠢᠷᠤᠭ) ᠵᠥᠪᠬᠡᠨ ᠵᠢᠵᠢᠭᠷᠡᠭᠦᠯᠬᠦ ᠪᠢᠰᠢ ᠮᠥᠨ ᠮᠠᠰᠰᠲ᠋ᠠᠪ ᠢ ᠨᠢ ᠲᠣᠮᠣᠷᠠᠭᠤᠯᠤᠨ ᠲᠣᠳᠣᠷᠬᠠᠶᠢᠯᠠᠬᠤ ᠱᠠᠭᠠᠷᠳᠠᠯᠭ᠎ᠠ ᠭᠠᠷᠳᠠᠭ᠃ ᠵᠢᠱᠢᠶᠡᠯᠡᠪᠡᠯ 2:1 ᠭᠡᠰᠡᠨ ᠬᠠᠷᠢᠴᠠᠭ᠎ᠠ ᠪᠦᠬᠦᠢ ᠲᠧᠭᠨᠢᠭ ᠦᠨ ᠵᠢᠷᠤᠭ ᠡᠰᠡᠪᠡᠯ ᠫᠯᠠᠺᠠᠲ ᠪᠠᠶᠢᠪᠠᠯ᠂ ᠡᠨᠡ ᠨᠢ ᠪᠣᠳᠠᠲᠤ ᠪᠠᠶᠢᠭ᠎ᠠ ᠬᠡᠮᠵᠢᠶᠡᠰᠦ ᠶᠢ ᠬᠣᠶᠠᠷ ᠳᠠᠬᠢᠨ ᠲᠣᠮᠣᠷᠠᠭᠤᠯᠤᠭᠰᠠᠨ ᠭᠡᠰᠡᠨ ᠦᠭᠡ ᠶᠤᠮ᠃

ᠪᠣᠳᠠᠲᠤ ᠮᠠᠰᠰᠲ᠋ᠠᠪ ᠬᠠᠷᠢᠴᠠᠭ᠎ᠠ ᠪᠣᠯᠤᠨ ᠮᠠᠰᠰᠲ᠋ᠠᠪ ᠹᠠᠺᠲ᠋ᠣᠷ[ᠵᠠᠰᠠᠪᠤᠷᠢᠯᠠᠬᠤ | ᠺᠣᠳ᠋ ᠢᠶᠠᠷ ᠵᠠᠰᠠᠬᠣ]

ᠪᠣᠳᠠᠲᠤ ᠮᠠᠰᠰᠲ᠋ᠠᠪ ᠡᠰᠡᠪᠡᠯ ᠮᠠᠰᠰᠲ᠋ᠠᠪ ᠢᠶᠠᠷ ᠵᠢᠷᠤᠭᠰᠠᠨ ᠵᠢᠷᠤᠭ ᠭᠡᠳᠡᠭ ᠨᠢ ᠲᠤᠬᠠᠢ ᠶᠢᠨ ᠳᠦᠷᠰᠦᠯᠡᠯ ᠪᠤᠶᠤ ᠵᠠᠭᠪᠤᠷ ᠤᠨ ᠪᠦᠬᠦ ᠬᠡᠮᠵᠢᠶᠡᠰᠦ ᠨᠢ ᠪᠣᠳᠠᠲᠤ ᠪᠡᠶᠡᠲᠦ ᠶᠢᠨ ᠪᠦx ᠬᠡᠮᠵᠢᠭᠡᠰᠦᠲᠡᠢ ᠠᠳᠠᠯᠢᠬᠠᠨ ᠤᠷᠲᠤ ᠲᠠᠢ ᠪᠠᠶᠢᠬᠤ ᠶᠢ ᠬᠡᠯᠡᠨ᠎ᠡ᠃ ᠭᠠᠷ ᠠᠷᠭ᠎ᠠ ᠪᠠᠷ ᠵᠢᠷᠤᠭᠰᠠᠨ ᠲᠧᠭᠨᠢᠭ ᠦᠨ ᠵᠢᠷᠤᠭ ᠤᠨ ᠨᠠᠷᠢᠪᠴᠢᠯᠠᠯ ᠤᠨ ᠠᠯᠳᠠᠭ᠎ᠠ ᠪᠤᠶᠤ ᠬᠦᠯᠢᠴᠡᠯ ᠨᠢ 0,2 ᠮᠢᠯᠯᠢᠮᠧᠲ᠋ᠷ ᠪᠠᠶᠢᠳᠠᠭ᠃ ᠮᠠᠰᠰᠲ᠋ᠠᠪ ᠤᠨ ᠪᠤᠰᠤ ᠵᠢᠷᠤᠭᠲᠤ ᠵᠢᠱᠢᠶ᠎ᠡ ᠨᠢ ᠭᠠᠷ ᠢᠶᠠᠷ ᠵᠢᠷᠤᠭᠰᠠᠨ ᠨᠣᠣᠷᠠᠭ ᠵᠢᠷᠤᠭ ᠪᠣᠯᠤᠨ ᠹᠣᠲ᠋ᠣ ᠵᠢᠷᠤᠭ ᠣᠷᠣᠨ᠎ᠠ᠃

ᠭᠠᠵᠠᠷ ᠤᠨ ᠵᠢᠷᠤᠭ[ᠵᠠᠰᠠᠪᠤᠷᠢᠯᠠᠬᠤ | ᠺᠣᠳ᠋ ᠢᠶᠠᠷ ᠵᠠᠰᠠᠬᠣ]

ᠡᠨᠳᠡ ᠦᠵᠡᠬᠦ: ᠭᠠᠵᠠᠷ ᠵᠦᠢ

ᠠᠷᠬᠢᠲ᠋ᠧᠺᠲ᠋ᠣᠷ[ᠵᠠᠰᠠᠪᠤᠷᠢᠯᠠᠬᠤ | ᠺᠣᠳ᠋ ᠢᠶᠠᠷ ᠵᠠᠰᠠᠬᠣ]

ᠠᠷᠬᠢᠲ᠋ᠧᠺᠲ᠋ᠣᠷ ᠍ ᠤᠨ ᠵᠢᠷᠤᠭ ᠲᠥᠰᠥᠯ ᠦᠨ ᠮᠠᠰᠰᠲ᠋ᠠᠪ ᠨᠢ 1:10 (ᠳᠡᠯᠭᠡᠷᠡᠩᠭᠦᠢ) ᠍ ᠠᠴᠠ 1:1000 (ᠶᠡᠷᠦᠩᠬᠡᠢ ᠪᠦᠳᠦᠭᠦᠪᠴᠢ ᠵᠢᠷᠤᠭ᠂ ᠭᠠᠳᠠᠨ᠎ᠠ ᠲᠥᠯᠥᠪᠯᠡᠯᠲᠡ᠂ ᠪᠠᠶᠢᠷᠢᠰᠢᠯ ᠤᠨ ᠲᠥᠯᠥᠪᠯᠡᠯᠲᠡ) ᠬᠦᠷᠲᠡᠯ᠎ᠡ ᠬᠡᠷᠡᠭᠯᠡᠨ᠎ᠡ᠃ ᠵᠠᠷᠢᠮ ᠨᠢᠭᠡ ᠳᠡᠯᠭᠡᠷᠡᠩᠭᠦᠢ ᠵᠢᠷᠤᠭ ᠤᠨ ᠮᠠᠰᠰᠲ᠋ᠠᠪ ᠨᠢ 1:1 ᠍ ᠡᠴᠡ ᠪᠣᠯᠤᠨ 1:5 ᠬᠦᠷᠲᠡᠯ᠎ᠡ ᠪᠠᠶᠢᠳᠠᠭ ᠪᠠ ᠮᠠᠰᠢ ᠴᠥᠭᠡᠨ ᠲᠣᠬᠢᠶᠠᠯᠳᠤᠯ ᠳᠤ ᠪᠣᠳᠠᠲᠤ ᠬᠡᠮᠵᠢᠶ᠎ᠡ ᠪᠡᠷ ᠨᠢ ᠲᠣᠮᠣᠷᠠᠭᠤᠯᠤᠨ ᠵᠢᠷᠤᠳᠠᠭ᠃

ᠲᠧᠭᠨᠢᠭ ᠦᠨ ᠵᠢᠷᠤᠭ ᠤᠨ ᠰᠲ᠋ᠠᠨᠳᠠᠷᠲ ᠢ ISO 5455 ᠍ ᠳᠦ ᠪᠠᠶᠢᠳᠠᠭ ᠪᠠ ᠲᠡᠨᠳᠡ ᠬᠡᠷ ᠲᠣᠮᠣᠷᠠᠭᠤᠯᠵᠤ ᠪᠣᠯᠬᠤ ᠡᠰᠡᠪᠡᠯ ᠬᠡᠷ ᠵᠢᠵᠢᠭᠷᠡᠭᠦᠯᠦᠭᠰᠡᠨ ᠮᠠᠰᠰᠲ᠋ᠠᠪ ᠲᠠᠢ ᠪᠠᠶᠢᠵᠤ ᠪᠣᠯᠬᠤ ᠲᠠᠯ᠎ᠠ ᠪᠠᠷ ᠵᠥᠪᠯᠡᠭᠰᠡᠨ ᠪᠠᠶᠢᠳᠠᠭ᠃

ᠡᠨᠳᠡ ᠪᠠᠰᠠ ᠦᠵᠡᠨ᠎ᠡ ᠦᠦ[ᠵᠠᠰᠠᠪᠤᠷᠢᠯᠠᠬᠤ | ᠺᠣᠳ᠋ ᠢᠶᠠᠷ ᠵᠠᠰᠠᠬᠣ]

ᠪᠢᠴᠢᠭᠡᠰᠦ