ᠮᠠᠰᠤᠨ ᠪᠤᠶᠤ ᠴᠢᠯᠦᠭᠡᠲᠦ ᠴᠢᠯᠤᠤᠴᠢ ᠳᠤ

ᠴᠢᠯᠦᠭᠡᠲᠦ ᠨᠡᠪᠲᠡᠷᠬᠡᠢ ᠲᠣᠯᠢ — ᠸᠢᠺᠢᠫᠧᠳᠢᠶ᠎ᠠ ᠠᠴᠠ
ᠬᠠᠷᠠᠶᠢᠬᠤ: ᠤᠳᠤᠷᠢᠳᠬᠤ, ᠬᠠᠶᠢᠯᠲᠠ

ᠹᠷᠠᠨᠼᠢ ᠪᠠᠷ franc mason, ᠠᠩᠭᠯᠢ ᠪᠠᠷ free mason ᠬᠡᠮᠡᠬᠦ ᠦᠭᠡ ᠡᠴᠡ ᠡᠭᠦᠳᠦᠯᠲᠡᠢ ᠴᠢᠯᠦᠭᠡᠲᠦ ᠴᠢᠯᠠᠭᠤᠴᠢᠨ ᠭᠡᠵᠦ ᠣᠷᠴᠢᠭᠤᠯᠤᠭᠳᠠᠬᠤ ᠨᠡᠶᠢᠭᠡᠮᠯᠢᠭ ᠦᠨ ᠲᠠᠯ᠎ᠠ ᠪᠠᠷ ᠳᠣᠮᠣᠭ ᠶᠡᠬᠡ᠃ ᠤᠭ ᠨᠢ ᠲᠡᠳᠡᠨ ᠢ XVIII ᠵᠠᠭᠤᠨ ᠳᠤ ᠡᠭᠦᠰᠦᠭᠰᠡᠨ ᠭᠡᠳᠡᠭ᠃ ᠨᠢᠭᠡ ᠬᠡᠰᠡᠭ ᠨᠢ ᠠᠷᠪᠠᠨ ᠳᠣᠯᠤᠳᠤᠭᠠᠷ ᠵᠠᠭᠤᠨ ᠳᠤ ᠴᠤ ᠭᠡᠳᠡᠭ᠃ ᠶᠠᠮᠠᠷ ᠲᠠᠢ ᠴᠤ ᠠᠩᠭᠯᠢ ᠳᠤ ᠡᠭᠦᠰᠦᠭᠡᠳ ᠳᠠᠷᠠᠭ᠎ᠠ ᠨᠢ ᠧᠦ᠋ᠷᠣᠫᠠ ᠶᠢᠨ ᠪᠤᠰᠤᠳ ᠣᠷᠣᠨ ᠨᠤᠭᠤᠳ᠂ ᠤᠯᠠᠮ ᠢᠶᠠᠷ ᠠᠮᠧᠷᠢᠺᠠ ᠶᠢᠨ ᠨᠢᠭᠡᠳᠦᠭᠰᠡᠨ ᠤᠯᠤᠰ ᠲᠤ ᠲᠦᠭᠡᠨ ᠳᠡᠯᠭᠡᠷᠡᠭᠰᠡᠨ ᠭᠡᠬᠦ ᠶᠤᠮ ᠪᠢᠯᠡ᠃ ᠡᠭᠦᠰᠴᠢ ᠪᠤᠢ ᠪᠣᠯᠤᠭᠰᠠᠨ ᠴᠠᠭ ᠬᠤᠭᠤᠴᠠᠭ᠎ᠠ ᠨᠢ ᠬᠦᠮᠦᠨ ᠲᠥᠷᠦᠯᠬᠢᠲᠡᠨ ᠡᠦᠬᠡ ᠲᠡᠦᠬᠡ ᠪᠡᠨ ᠪᠠᠷᠢᠮᠲᠠᠵᠢᠭᠤᠯᠠᠨ ᠦᠯᠡᠳᠡᠭᠡᠳᠡᠭ ᠵᠢᠱᠢᠭ ᠨᠢᠭᠡᠨᠲᠡ ᠲᠣᠭᠲᠠᠭᠰᠠᠨ ᠬᠡᠵᠢᠶ᠎ᠡ ᠬᠣᠶᠢᠨ᠎ᠠ ᠭᠡᠵᠦ ᠪᠣᠳᠣᠬᠤ ᠪᠠᠷ ᠤᠭ ᠨᠢ ᠲᠡᠳᠡᠨ ᠦ ᠲᠡᠦᠬᠡ ᠲᠡᠶᠢᠮᠦ ᠤᠴᠢᠷ ᠪᠢᠲᠡᠭᠦᠯᠢᠭ᠂ ᠳᠣᠮᠣᠭ ᠮᠡᠲᠦ ᠪᠠᠶᠢᠮ ᠦᠭᠡᠢ᠃ ᠭᠡᠲᠡᠯ᠎ᠡ ᠡᠨᠡᠬᠦ ᠱᠠᠰᠢᠨ ᠭᠦᠨ ᠤᠬᠠᠭᠠᠨ ᠤ ᠨᠡᠶᠢᠭᠡᠮᠯᠢᠭ ᠦᠨ ᠲᠠᠯ᠎ᠠ ᠪᠠᠷ ᠬᠠᠮᠤᠭ ᠤᠨ ᠬᠠᠴᠢᠷᠬᠠᠯᠲᠠᠢ᠂ ᠶᠠᠭ ᠯᠠ ᠲᠡᠶᠢᠮᠦ ᠪᠠᠶᠢᠭ᠎ᠠ ᠭᠡᠵᠦ ᠰᠡᠵᠢᠭ ᠲᠥᠷᠥᠮ ᠢᠶᠡᠷ᠂ ᠶᠠᠯᠲᠠ ᠦᠭᠡᠢ ᠦᠨᠡᠨ ᠪᠠᠶᠢᠨ᠎ᠠ ᠭᠡᠵᠦ ᠳᠠᠭᠤᠤ ᠠᠯᠠᠳᠠᠮᠠᠷ ᠮᠢᠩᠭ᠎ᠠ ᠲᠦᠮᠡᠨ ᠲᠡᠦᠬᠡ ᠡᠨᠳᠡ ᠲᠡᠨᠳᠡ ᠭᠦᠢ ᠲᠡᠨᠦᠭᠦᠯᠴᠢᠯᠡᠵᠦ ᠶᠠᠪᠤᠳᠠᠭ ᠨᠢ ᠬᠡᠰᠡᠭ ᠪᠦᠯᠦᠭ ᠬᠦᠮᠦᠰ ᠦᠨ ᠪᠤᠢ ᠪᠣᠯᠭᠠᠭᠰᠠᠨ ᠳᠣᠮᠣᠭ᠂ ᠡᠨᠡ ᠪᠣᠯ ᠲᠡᠶᠢᠮᠦ ᠠᠶᠢᠬᠤᠪᠲᠤᠷ ᠪᠠᠶᠢᠭᠤᠯᠤᠯᠭ᠎ᠠ ᠪᠢᠰᠢ ᠭᠡᠵᠦ ᠵᠠᠷᠢᠮ ᠨᠢ ᠮᠡᠳᠡᠮᠡᠬᠡᠶᠢᠷᠡᠨ᠎ᠡ᠃ ᠳᠡᠯᠡᠬᠡᠢ ᠳᠠᠬᠢᠨ ᠢᠶᠠᠨ ᠨᠥᠯᠥᠭᠡ ᠪᠡᠨ ᠲᠡᠯᠡᠬᠦ ᠶᠢᠨ ᠲᠤᠯᠠᠳᠠ ᠥᠪᠡᠷᠰᠡᠳ ᠢᠶᠡᠨ ᠡᠶᠢᠮᠦ ᠳᠣᠮᠣᠭ ᠲᠠᠷᠠᠭᠠᠳᠠᠭ ᠭᠡᠵᠦ ᠵᠠᠷᠢᠮ ᠨᠢ ᠦᠵᠡᠨ᠎ᠡ᠃

ᠮᠠᠰᠤᠨᠴᠤᠳ ᠲᠠᠢ ᠬᠠᠮᠤᠭ ᠤᠨ ᠶᠡᠬᠡ ᠬᠣᠯᠪᠣᠭᠳᠠᠵᠤ ᠶᠠᠷᠢᠭᠳᠠᠳᠠᠭ ᠨᠢ ᠠᠮᠧᠷᠢᠺᠠ ᠶᠢᠨ ᠨᠢᠭᠡᠳᠦᠭᠰᠡᠨ ᠤᠯᠤᠰ ᠤᠨ ᠶᠡᠷᠦᠩᠬᠡᠶᠢᠯᠡᠭᠴᠢ ᠳᠤ᠃ ᠶᠡᠷᠦ ᠨᠢ ᠮᠠᠰᠤᠨᠴᠤᠳ ᠰᠢᠨ᠎ᠡ ᠠᠲᠯᠠᠨ᠋ᠲᠤᠳ ᠢ ᠪᠠᠶᠢᠭᠤᠯᠬᠤ ᠵᠣᠷᠢᠯᠭ᠎ᠠ ᠲᠠᠢ ᠪᠠᠶᠢᠭᠰᠠᠨ᠂ ᠲᠡᠷᠡᠨ ᠦ ᠬᠢ ᠨᠢ ᠪᠡᠶᠡᠯᠡᠯ ᠠᠮᠧᠷᠢᠺᠠ ᠶᠢᠨ ᠨᠢᠭᠡᠳᠦᠭᠰᠡᠨ ᠤᠯᠤᠰ ᠭᠡᠵᠡᠭᠡᠳᠡᠭ᠃

ᠠᠮᠧᠷᠢᠺᠠ 1776 ᠣᠨ ᠤ ᠳᠣᠯᠣᠳᠤᠭᠠᠷ ᠰᠠᠷ᠎ᠠ ᠶᠢᠨ 4 ᠍ ᠦ ᠦᠳᠡᠰᠢ ᠲᠤᠰᠠᠭᠠᠷ ᠲᠣᠭᠲᠠᠨᠢᠯ ᠤᠨ ᠲᠤᠩᠬᠠᠭᠯᠠᠯ ᠢᠶᠠᠨ ᠪᠠᠲᠤᠯᠠᠭᠰᠠᠨ᠃ ᠡᠨᠡ ᠲᠤᠩᠬᠠᠭᠯᠠᠯ ᠢ ᠪᠠᠲᠤᠯᠠᠭᠰᠠᠨ 56 ᠬᠦᠮᠦᠨ ᠦ ᠭᠤᠷᠪᠠ ᠠᠴᠠ ᠪᠤᠰᠤᠳ ᠨᠢ ᠮᠠᠰᠤᠨᠴᠤᠳ ᠪᠠᠶᠢᠭᠰᠠᠨ ᠭᠡᠯᠴᠡᠳᠡᠭ᠃ ᠵᠣᠷᠵᠢ ᠸᠠᠰᠢᠩᠲ᠋ᠣᠨ᠂ ᠪᠧᠨ᠋ᠵᠠᠮᠢᠨ ᠹᠷᠠᠨᠺᠯᠢᠨ᠂ ᠲᠣᠮᠠᠰ ᠵᠧᠹᠹᠧᠷᠠᠭᠰᠠᠨ ᠭᠡᠳ ᠦᠶ᠎ᠡ ᠦᠶ᠎ᠡ ᠶᠢᠨ ᠶᠡᠷᠦᠩᠬᠡᠶᠢᠯᠡᠭᠴᠢ ᠳᠤ ᠮᠠᠰᠤᠨᠴᠢᠳ ᠪᠠᠶᠢᠭᠰᠠᠨ᠂ ᠹᠷᠠᠨᠺᠯᠢᠨ ᠪᠣᠯᠬᠣᠷ ᠫᠧᠨᠰᠡᠯᠸᠠᠩ ᠤᠨ ᠮᠠᠰᠤᠨᠴᠤᠳ ᠤᠨ ᠰᠠᠯᠪᠤᠷᠢ ᠶᠢᠨ ᠶᠡᠬᠡ ᠮᠠᠰᠲ᠋ᠸᠷ ᠵᠡᠷᠭᠡᠲᠡᠨ᠂ ᠵᠣᠷᠵᠢ ᠸᠠᠰᠢᠩᠲ᠋ᠣᠨ ᠴᠤ ᠢᠯᠭᠠᠭ᠎ᠠ ᠦᠭᠡᠢ ᠳᠡᠭᠡᠭᠦᠷ ᠵᠢᠨᠳᠠ ᠲᠠᠢ ᠭᠡᠬᠦ᠃ᠮ ᠯᠢᠩᠳᠣᠩ ᠵᠣᠩᠰᠣᠨ ᠶᠡᠷᠦᠳᠡᠭᠡᠨ ᠳ᠋ᠣᠣ ᠳᠤ ᠪᠤᠶᠤ ᠰᠤᠷᠤᠭᠴᠢ ᠶᠢᠨ᠂ ᠬᠠᠷᠢᠨ ᠡᠨᠳᠡᠷ ᠵᠧᠺᠰᠣᠨ᠂ ᠬᠠᠷᠷᠢ ᠲᠷᠦ᠋ᠮᠡᠨ ᠨᠠᠷ ᠠᠭᠤᠤ ᠮᠠᠰᠲ᠋ᠸᠷ ᠤᠳ ᠵᠡᠷᠭᠡᠯᠡᠯ ᠦᠨ ᠬᠢ ᠪᠠᠶᠢᠴᠠᠢ᠃ ᠠᠮᠧᠷᠢᠺᠠ ᠶᠢᠨ ᠨᠢᠭᠡᠳᠦᠭᠰᠡᠨ ᠤᠯᠤᠰ ᠤᠨ 15 ᠶᠡᠷᠦᠩᠬᠡᠶᠢᠯᠡᠭᠴᠢ ᠮᠠᠰᠤᠨᠴᠢ ᠪᠠᠶᠢᠭᠰᠠᠨ ᠨᠢ ᠣᠳᠣ ᠪᠠᠷ ᠲᠣᠳᠣᠷᠬᠠᠢ ᠪᠣᠯᠤᠭᠠᠳ ᠪᠠᠶᠢᠨ᠎ᠠ᠃

ᠪᠠᠰᠠ ᠠᠩᠭᠯᠢ ᠶᠢᠨ ᠬᠠᠨᠬᠦᠦ ᠨᠠᠷ ᠶᠡᠬᠡᠩᠬᠢ ᠳᠦ ᠪᠡᠨ ᠮᠠᠰᠤᠨᠴᠢ ᠪᠠᠶᠢᠳᠠᠭ᠂ ᠲᠡᠳᠡᠨ ᠡᠴᠡ ᠯᠠ ᠬᠠᠭᠠᠨ ᠲᠣᠳᠣᠷᠠᠳᠠᠭ ᠤᠯᠠᠮᠵᠢᠯᠠᠯ ᠨᠢᠭᠡᠨᠲᠡ ᠲᠣᠭᠲᠠᠭᠰᠠᠨ ᠭᠡᠳᠡᠭ᠃

ᠶᠠᠮᠠᠷ ᠲᠠᠢ ᠴᠤ ᠠᠮᠧᠷᠢᠺᠠ ᠶᠢᠨ ᠨᠢᠭᠡᠳᠦᠭᠰᠡᠨ ᠤᠯᠤᠰ ᠤᠨ ᠲᠥᠷᠥ ᠶᠢᠨ ᠬᠣᠶᠠᠷ ᠲᠠᠯ᠎ᠠ ᠳᠤ ᠲᠠᠮᠠᠭᠠᠨ ᠤ ᠠᠷᠤ ᠲᠠᠯ᠎ᠠ ᠨᠢ ᠮᠠᠰᠤᠨᠴᠤᠳ ᠤᠨ ᠲᠠᠮᠠᠭ᠎ᠠ ᠲᠠᠢ ᠠᠳᠠᠯᠢᠬᠠᠨ᠂ ᠨᠢᠭᠤᠷᠠᠨ ᠲᠠᠯ᠎ᠠ ᠨᠢ ᠪᠣᠯᠬᠣᠷ ᠮᠥᠨ ᠯᠠ ᠮᠠᠰᠤᠨ ᠤ ᠪᠡᠯᠭᠡ ᠲᠡᠮᠳᠡᠭ ᠭᠠᠷᠤᠳᠢ ᠰᠢᠪᠠᠭᠤ᠃ ᠲᠥᠷᠥ ᠶᠢᠨ ᠲᠠᠮᠠᠭᠠᠨ ᠤ ᠲᠥᠰᠥᠯ ᠪᠣᠯᠪᠠᠰᠤᠷᠠᠭᠤᠯᠤᠭᠰᠠᠨ ᠹᠷᠠᠨᠺᠯᠢᠨ᠂ ᠠᠳᠠᠮᠰᠠ᠂ ᠵᠧᠹᠹᠧᠷᠠᠭᠰᠠᠨ ᠨᠠᠷ ᠭᠤᠷᠪᠠᠭᠤᠯᠠ ᠪᠠᠨ ᠮᠠᠰᠤᠨ ᠤ ᠨᠡᠶᠢᠭᠡᠮᠯᠢᠭ ᠦᠨ ᠭᠡᠰᠢᠭᠦᠳ ᠪᠠᠶᠢᠭᠰᠠᠨ᠂ ᠲᠡᠭᠡᠭᠡᠳ ᠴᠤ ᠰᠢᠨ᠎ᠡ ᠲᠢᠪ ᠲᠦ ᠰᠢᠨ᠎ᠡ ᠤᠯᠤᠰ ᠪᠠᠶᠢᠭᠤᠯᠬᠤ ᠦᠢᠯᠡ ᠬᠡᠷᠡᠭ ᠢ ᠵᠣᠬᠢᠶᠠᠨ ᠪᠠᠶᠢᠭᠤᠯᠵᠤ "ᠲᠤᠰᠠᠭᠠᠷ ᠲᠣᠭᠲᠠᠨᠢᠯ ᠤᠨ ᠲᠤᠩᠬᠠᠭ》 ᠍ ᠢ ᠪᠠᠲᠤᠯᠠᠭᠰᠠᠨ ᠬᠦᠮᠦᠰ ᠪᠠᠷᠤᠭ ᠪᠥᠭᠥᠳᠡᠭᠡᠷ ᠢᠶᠡᠨ ᠲᠤᠰ ᠨᠡᠶᠢᠭᠡᠮᠯᠢᠭ ᠦᠨ ᠬᠢ ᠭᠡᠬᠦ ᠪᠡᠷ ᠡᠭᠦᠨ ᠳᠦ ᠨᠢᠭᠡ ᠶᠡᠬᠡ ᠭᠠᠶᠢᠬᠠᠬᠤ ᠵᠦᠢᠯ ᠦᠭᠡᠢ ᠮᠡᠲᠦ᠃

ᠳᠡᠯᠡᠬᠡᠢ ᠶᠢᠨ ᠵᠠᠰᠠᠭ ᠤᠨ ᠭᠠᠵᠠᠷ ᠬᠡᠮᠡᠬᠦ ᠨᠢᠭᠤᠴᠠ ᠪᠠᠶᠢᠭᠤᠯᠤᠯᠭ᠎ᠠ ᠪᠠᠶᠢᠳᠠᠭ᠂ ᠠᠯᠢᠪᠠ ᠲᠣᠮᠣ ᠰᠢᠢᠳᠪᠦᠷᠢ ᠪᠣᠯᠭᠠᠨ ᠤ ᠠᠷᠤ ᠳᠤ ᠲᠡᠳᠡ ᠵᠣᠭᠰᠣᠳᠠᠭ᠂ ᠡᠨᠳᠡ ᠲᠡᠨᠳᠡᠬᠢ ᠶᠢᠨ ᠳᠠᠶᠢᠨ ᠪᠠᠶᠢᠯᠳᠤᠭᠠᠨ᠂ ᠤᠯᠤᠰ ᠣᠷᠣᠨ ᠪᠤᠢ ᠪᠣᠯᠬᠤ ᠤᠰᠠᠳᠬᠤ ᠵᠡᠷᠭᠡ ᠨᠢ ᠴᠥᠮ ᠲᠡᠭᠦᠨ ᠦ ᠠᠵᠢᠯ᠂ ᠲᠡᠷᠡ ᠪᠤᠤ ᠬᠡᠯᠡ 1917 ᠣᠨ ᠤ ᠣᠺᠲ᠋ᠢᠶᠠᠪᠧᠷ ᠤᠨ ᠬᠤᠪᠢᠰᠬᠠᠯ ᠴᠤ᠂ ᠬᠣᠶᠠᠷ ᠮᠢᠩᠭᠠᠨ ᠤ ᠵᠠᠭᠠᠭ ᠳᠡᠭᠡᠷᠡᠬᠢ ᠳᠠᠶᠠᠭᠠᠷᠴᠢᠯᠠᠯ ᠤᠨ ᠦᠢᠯᠡ ᠶᠠᠪᠤᠴᠠ ᠴᠤ ᠲᠡᠳᠡᠨ ᠦ ᠪᠣᠳᠣᠯᠭ᠎ᠠ ᠶᠢᠨ ᠬᠡᠷᠡᠭᠵᠢᠯᠲᠡ ᠭᠡᠵᠦ ᠢᠯᠡ ᠲᠣᠳᠣ ᠦᠭᠦᠯᠡᠭᠰᠡᠨ ᠨᠣᠮ ᠬᠡᠪᠯᠡᠯ ᠭᠠᠷᠴᠤ᠂ ᠣᠯᠠᠨ ᠤ ᠭᠠᠶᠢᠬᠠᠰᠢ ᠶᠢ ᠲᠥᠷᠦᠭᠦᠯᠵᠦ ᠪᠠᠶᠢᠭ᠎ᠠ ᠲᠠᠢ ᠮᠠᠰᠤᠨᠴᠤᠳ ᠤᠨ ᠲᠤᠬᠠᠢ ᠳᠣᠮᠣᠭ ᠢ ᠳᠠᠪᠬᠤᠴᠠᠭᠤᠯᠤᠨ ᠲᠠᠯᠪᠢᠭᠠᠳ XVIII ᠵᠠᠭᠤᠨ ᠠᠴᠠ ᠬᠣᠶᠢᠰᠢᠬᠢ ᠳᠡᠯᠡᠬᠡᠢ ᠶᠢᠨ ᠭᠣᠣᠯ ᠭᠣᠣᠯ ᠲᠡᠦᠬᠡ ᠶᠢ ᠲᠠᠶᠢᠯᠪᠤᠷᠢᠯᠠᠬᠤ ᠭᠡᠵᠦ ᠦᠵᠡᠪᠡᠯ ᠰᠣᠨᠢᠨ ᠳᠦᠷᠢ ᠵᠢᠷᠤᠭ ᠭᠠᠷᠤᠨ᠎ᠠ᠃ ᠠᠮᠧᠷᠢᠺᠠ ᠶᠢᠨ ᠨᠢᠭᠡᠳᠦᠭᠰᠡᠨ ᠤᠯᠤᠰ ᠤᠨ ᠶᠡᠷᠦᠩᠬᠡᠶᠢᠯᠡᠭᠴᠢ ᠷᠦᠽᠸᠧᠯᠲᠦ ᠶᠢᠨ "ᠪᠦᠬᠦ ᠴᠠᠭ ᠦᠶ᠎ᠡ ᠳᠦ᠂ ᠢᠯᠠᠩᠭᠤᠶ᠎ᠠ ᠥᠨᠥ ᠴᠠᠭ ᠲᠤ ᠬᠡᠵᠢᠶ᠎ᠡ ᠨᠢᠭᠡᠨ ᠴᠠᠭ ᠠᠴᠠ ᠢᠯᠡᠭᠦᠦ ᠲᠡᠢ ᠪᠡᠷ ᠨᠢᠭᠤᠴᠠ ᠨᠡᠶᠢᠭᠡᠮᠯᠢᠭ ᠦᠳ ᠯᠠ ᠳᠡᠯᠡᠬᠡᠢ ᠶᠢ ᠤᠳᠤᠷᠢᠳᠥᠵᠤ ᠪᠠᠶᠢᠨ᠎ᠠ》, "ᠤᠯᠤᠰ ᠲᠦᠷᠦ ᠳᠦ ᠰᠠᠨᠠᠮᠰᠠᠷ ᠦᠭᠡᠢ ᠵᠦᠢᠯ ᠬᠡᠵᠢᠶ᠎ᠡ ᠴᠤ ᠪᠣᠯᠳᠠᠭ ᠦᠭᠡᠢ᠃ ᠶᠠᠮᠠᠷ ᠨᠢᠭᠡ ᠶᠠᠭᠤᠮ᠎ᠠ ᠪᠣᠯᠤᠯ᠎ᠠ ᠭᠡᠬᠦ ᠳᠦ ᠲᠡᠭᠡᠭᠦᠯᠬᠦ ᠪᠡᠷ ᠪᠣᠳᠣᠭᠰᠠᠨ ᠯᠠ ᠭᠡᠰᠡᠨ ᠦᠭᠡ》 ᠬᠡᠮᠡᠨ ᠲᠤᠬᠠᠢ ᠶᠢᠨ ᠦᠶᠡᠳᠡᠭᠡ ᠬᠡᠯᠡᠵᠦ ᠪᠠᠶᠢᠭᠰᠠᠨ ᠢ ᠡᠭᠦᠨ ᠳᠡᠭᠡᠷ᠎ᠡ ᠨᠡᠮᠡᠭᠡᠳ ᠦᠵᠡᠬᠦ ᠪᠡᠷ ᠬᠠᠷᠠᠳᠠᠬᠤ ᠡᠷᠬᠡ ᠤᠯᠠᠮ ᠴᠤ ᠢᠯᠡᠭᠦᠦ ᠪᠣᠯᠤᠨ᠎ᠠ᠃

ᠡᠭᠦᠨ ᠳᠡᠭᠡᠷ᠎ᠡ ᠠᠮᠧᠷᠢᠺᠠ ᠰᠤᠶᠤᠯ ᠤᠨ ᠲᠦᠷᠢᠮᠡᠭᠡᠶᠢᠯᠡᠯ᠂ ᠾᠷᠢᠰᠤᠰ ᠤᠨ ᠱᠠᠰᠢᠨ ᠤ ᠨᠥᠯᠥᠭᠡ ᠪᠡᠨ ᠲᠡᠯᠡᠵᠦ ᠪᠤᠢ ᠠᠷᠭ᠎ᠠ ᠵᠠᠮ ᠤᠳ᠂ ᠭᠠᠵᠠᠷ ᠵᠦᠢ ᠶᠢᠨ ᠵᠢᠷᠤᠭᠯᠠᠯ᠂ ᠳᠡᠯᠡᠬᠡᠢ ᠶᠢᠨ ᠤᠯᠤᠰ ᠲᠦᠮᠡᠨ ᠨᠦᠭᠦᠳ ᠥᠪᠡᠷ ᠦᠨ ᠭᠡᠰᠡᠨ ᠣᠨᠴᠠᠯᠢᠭ ᠰᠢᠨᠵᠢ ᠪᠡᠨ ᠶᠠᠮᠠᠷ ᠬᠤᠷᠳᠤᠨ ᠠᠯᠠᠳᠠᠨ ᠢᠵᠢᠯᠰᠢᠵᠦ ᠪᠤᠢ ᠶᠢ ᠬᠠᠷᠠᠬᠤ ᠶᠤᠮ ᠪᠣᠯ ᠦᠨᠡᠬᠡᠷ ᠨᠢᠭᠤᠴᠠ ᠨᠣᠮᠯᠠᠯ ᠪᠠᠶᠢᠳᠠᠭ᠂ ᠲᠡᠭᠦᠨ ᠢ ᠬᠡᠷᠡᠭᠵᠢᠭᠦᠯᠬᠦ ᠪᠡᠷ ᠦᠯᠦ ᠦᠵᠡᠭᠳᠡᠭᠴᠢ ᠭᠠᠷ ᠳᠡᠯᠡᠬᠡᠢ ᠶᠢᠷᠲᠢᠨᠴᠦ᠂ ᠬᠦᠮᠦᠨ ᠲᠥᠷᠥᠯᠬᠢᠲᠡᠨ ᠢ ᠴᠢᠳᠠᠪᠤᠷᠢᠯᠢᠭ ᠤᠳᠤᠷᠢᠳᠤᠭᠠᠴᠢ ᠮᠡᠲᠦ ᠳᠣᠬᠢᠩ ᠥᠪᠡᠷ ᠦᠨ ᠬᠦᠰᠡᠭᠰᠡᠨ ᠢᠶᠡᠷ ᠬᠥᠳᠡᠯᠭᠡᠵᠦ ᠪᠠᠶᠢᠨ᠎ᠠ ᠭᠡᠮᠡᠷ ᠰᠡᠵᠢᠭ ᠲᠥᠷᠥᠨ᠎ᠡ᠃ ᠭᠡᠬᠦ ᠳᠦ ᠪᠡᠨ ᠡᠨᠡ ᠪᠣᠯ ᠰᠡᠵᠢᠭ ᠲᠠᠭᠠᠮᠠᠭ᠂ ᠡᠨᠳᠡ ᠲᠡᠨᠳᠡᠬᠢ ᠶᠢᠨ ᠬᠡᠰᠡᠭ ᠪᠤᠰᠠᠭ ᠪᠠᠷᠢᠮᠲᠠ᠂ ᠲᠡᠨᠳᠡ ᠡᠨᠳᠡ ᠪᠢᠴᠢᠭᠳᠡᠭᠰᠡᠨ ᠵᠦᠢᠯᠡᠰ ᠢ ᠨᠢᠭᠡᠳᠬᠡᠨ ᠪᠠᠽᠠᠵ ᠦᠵᠡᠬᠦ ᠪᠡᠷ ᠲᠣᠳᠣᠷᠠᠨ ᠭᠠᠷᠴᠤ ᠪᠠᠶᠢᠭ᠎ᠠ ᠳᠦᠷᠢ ᠵᠢᠷᠤᠭ ᠪᠣᠯᠬᠤ ᠠᠴᠠ ᠪᠠᠷᠢᠮ᠎ᠠ ᠲᠠᠯᠪᠢᠮ᠎ᠠ ᠨᠣᠲᠠᠯᠠᠭ᠎ᠠ ᠲᠠᠢ ᠵᠦᠢᠯ ᠪᠢᠰᠢ ᠯᠠ ᠳ᠋ᠡ

ᠪᠢᠴᠢᠭᠡᠰᠦ