ᠮᠠᠰᠢᠨ ᠦᠢᠯᠡᠳᠪᠦᠷᠢᠯᠡᠯ ᠦᠨ ᠢᠨᠵᠧᠨᠧᠷ

ᠴᠢᠯᠦᠭᠡᠲᠦ ᠨᠡᠪᠲᠡᠷᠬᠡᠢ ᠲᠣᠯᠢ — ᠸᠢᠺᠢᠫᠧᠳᠢᠶ᠎ᠠ ᠠᠴᠠ
ᠬᠠᠷᠠᠶᠢᠬᠤ: ᠤᠳᠤᠷᠢᠳᠬᠤ, ᠬᠠᠶᠢᠯᠲᠠ
CAD-ᠫᠷᠣᠭᠷᠠᠮ᠂ ᠮᠠᠰᠢᠨ ᠦᠢᠯᠡᠳᠪᠦᠷᠢᠯᠡᠯ ᠦᠨ ᠢᠨᠵᠧᠨᠧᠷ ᠦᠨ ᠠᠵᠢᠯ ᠤᠨᠨ ᠦᠨᠳᠦᠰᠦᠨ ᠪᠠᠭᠠᠵᠢ/ᠬᠡᠷᠡᠭᠰᠡᠯ
ᠵᠣᠬᠢᠶᠠᠨ ᠪᠦᠲᠦᠭᠡᠬᠦ ᠢᠨᠵᠧᠨᠧᠷ᠂ ᠺᠣᠮᠢᠫᠶᠦ᠋ᠲ᠋ᠧᠷ ᠦᠨ ᠲᠤᠰᠠᠯᠠᠯᠴᠠᠭ᠎ᠠ ᠲᠠᠢ ᠵᠢᠷᠤᠭ ᠲᠥᠰᠦᠯ ᠭᠠᠷᠭᠠᠵᠤ ᠪᠤᠢ ᠨᠢ
ᠢᠨᠵᠧᠨᠧᠷ ᠦᠳ ᠦᠨ ᠵᠥᠪᠯᠡᠯᠳᠦᠭᠡᠨ
ᠡᠬᠡ ᠵᠠᠭᠪᠤᠷ ᠢᠶᠠᠨ ᠰᠢᠯᠭᠠᠵᠤ ᠪᠠᠶᠢᠭ᠎ᠠ ᠮᠧᠬᠠᠨᠢᠭ ᠢᠨᠵᠧᠨᠧᠷ
ᠮᠠᠰᠢᠨ ᠦᠢᠯᠡᠳᠪᠦᠷᠢᠯᠡᠯ ᠦᠨ ᠢᠨᠵᠧᠨᠧᠷ ᠦᠳ ᠲᠤᠷᠰᠢᠯᠲᠠ ᠶᠢᠨ ᠲᠠᠯᠠᠪᠠᠢ ᠳᠤ


ᠮᠠᠰᠢᠨ ᠦᠢᠯᠡᠳᠪᠦᠷᠢᠯᠡᠯ ᠦᠨ ᠢᠨᠵᠧᠨᠧᠷ (ᠠᠨ ᠢ᠃ ᠮechanical engineering) ᠪᠤᠶᠤ ᠮᠧᠬᠠᠨᠢᠭ ᠢᠨᠵᠧᠨᠧᠷ ᠨᠢ ᠮᠠᠰᠢᠨ ᠦᠢᠯᠡᠳᠪᠦᠷᠢᠯᠡᠯ ᠦᠨ ᠢᠨᠵᠧᠨᠧᠷᠡᠶᠢᠨ ᠮᠡᠷᠭᠡᠵᠢᠯ ᠢᠶᠡᠷ ᠰᠤᠷᠴᠤ ᠲᠡᠭᠦᠰᠦᠭᠰᠡᠨ ᠢᠨᠵᠧᠨᠧᠷᠡᠶᠢᠨ ᠮᠡᠷᠭᠡᠵᠢᠯ ᠦᠨ ᠨᠡᠷ᠎ᠡ ᠶᠤᠮ᠃

ᠦᠨᠳᠦᠰᠦᠨ ᠠᠵᠢᠯ[ᠵᠠᠰᠠᠪᠤᠷᠢᠯᠠᠬᠤ | ᠺᠣᠳ᠋ ᠢᠶᠠᠷ ᠵᠠᠰᠠᠬᠣ]

ᠶᠠᠮᠠᠷ ᠴᠢᠭᠯᠡᠯ ᠢᠶᠡᠷ ᠭᠦᠨᠵᠡᠭᠡᠶᠢᠷᠡᠭᠦᠯᠦᠨ ᠰᠤᠷᠰᠤᠨ ᠠᠴᠠ ᠰᠢᠯᠲᠠᠭᠠᠯᠠᠭᠠᠳ ᠮᠠᠰᠢᠨ ᠦᠢᠯᠡᠳᠪᠦᠷᠢᠯᠡᠯ ᠦᠨ ᠢᠨᠵᠧᠨᠧᠷ ᠦᠨ ᠭᠦᠢᠴᠡᠳᠭᠡᠬᠦ ᠠᠵᠢᠯ ᠤᠨᠨ ᠬᠦᠷᠢᠶ᠎ᠡ ᠰᠣᠩᠭᠣᠳᠠᠭ ᠮᠧᠬᠠᠨᠢᠭ ᠢᠨᠵᠧᠨᠧᠷ ᠦᠨ ᠰᠢᠨᠵᠢᠯᠡᠬᠦ ᠤᠬᠠᠭᠠᠨ ᠠᠴᠠ ᠭᠠᠳᠠᠨ᠎ᠠ ᠵᠣᠬᠢᠶᠠᠨ ᠪᠦᠲᠦᠭᠡᠬᠦ ᠲᠧᠭᠨᠢᠭ᠂ ᠮᠠᠰᠢᠨ ᠲᠧᠭᠨᠢᠭ ᠦᠨ ᠬᠥᠭᠵᠢᠯ᠂ ᠠᠵᠤ ᠦᠢᠯᠡᠳᠪᠦᠷᠢᠯᠡᠯ ᠪᠣᠯᠤᠨ ᠠᠦ᠋ᠲ᠋ᠣᠮᠠᠰᠢᠨ ᠲᠧᠭᠨᠢᠭ᠂ ᠨᠠᠷᠢᠨ ᠪᠠᠭᠠᠵᠢ ᠬᠡᠷᠡᠭᠰᠡᠯ ᠦᠨ ᠲᠧᠭᠨᠢᠭ᠂ ᠮᠠᠲ᠋ᠧᠷᠢᠶᠠᠯ ᠰᠤᠳᠤᠯᠤᠯ᠂ ᠤᠷᠤᠰᠬᠠᠯ ᠰᠤᠳᠤᠯᠤᠯ ᠤᠨ ᠮᠧᠬᠠᠨᠢᠭ᠂ ᠲᠧᠷᠮᠣᠳᠣᠨᠠᠮᠢᠺ᠂ ᠮᠧᠬᠠᠨᠢᠭ᠂ ᠤᠳᠤᠷᠢᠳᠤᠯᠭ᠎ᠠ- ᠪᠣᠯᠤᠨ ᠲᠣᠬᠢᠷᠠᠭᠤᠯᠭ᠎ᠠ ᠶᠢᠨ ᠲᠧᠭᠨᠢᠭ ᠭᠡx ᠮᠡᠲᠦ ᠪᠣᠯᠤᠨ ᠪᠤᠰᠤᠳ ᠰᠠᠯᠪᠠᠷ ᠤᠳ ᠣᠷᠣᠨ᠎ᠠ᠃

ᠮᠠᠰᠢᠨ ᠦᠢᠯᠡᠳᠪᠦᠷᠢᠯᠡᠯ ᠦᠨ ᠢᠨᠵᠧᠨᠧᠷ ᠦᠨ (ᠮᠧᠬᠠᠨᠢᠭ ᠢᠨᠵᠧᠨᠧᠷ) ᠡᠭᠦᠷᠭᠡ ᠨᠢ ᠰᠤᠷᠠᠭᠰᠠᠨ ᠮᠡᠷᠭᠡᠵᠢᠯ ᠦᠨ ᠢᠶᠡᠨ ᠳᠠᠭᠠᠤ ᠮᠡᠳᠡᠭᠳᠡᠵᠦ ᠪᠠᠶᠢᠭ᠎ᠠ ᠪᠣᠯᠤᠨ ᠮᠡᠳᠡᠭᠳᠡᠬᠦ ᠦᠭᠡᠢ ᠪᠠᠶᠢᠭ᠎ᠠ ᠠᠰᠠᠭᠤᠳᠠᠯ ᠤᠳ ᠢ ᠰᠢᠰᠲ᠋ᠧᠮ ᠲᠡᠢ ᠪᠡᠷ ᠰᠢᠢᠳᠦᠨ ᠲᠣᠳᠣᠷᠬᠠᠢ ᠰᠢᠢᠳᠦᠯ ᠳᠦ ᠬᠦᠷᠬᠦ ᠠᠷᠭ᠎ᠠ ᠵᠠᠮ ᠢ ᠣᠯᠬᠤ᠂ ᠲᠡᠭᠦᠨ ᠦ ᠴᠢᠨᠠᠭᠰᠢᠳᠠ ᠶᠢᠨ ᠪᠠᠶᠢᠯᠳᠣᠬᠣ ᠪᠣᠳᠣᠯᠭ᠎ᠠ ᠶᠢ ᠲᠣᠳᠣᠷᠬᠠᠶᠢᠯᠠᠨ ᠮᠥᠨ ᠣᠯᠤᠭᠰᠠᠨ ᠰᠢᠢᠳᠦᠯ ᠢᠶᠡᠨ ᠪᠠᠷᠢᠮᠲᠠᠵᠢᠭᠤᠯᠬᠤ ᠶᠠᠪᠤᠳᠠᠯ ᠶᠤᠮ᠃

ᠰᠤᠷᠭᠠᠯᠲᠠ[ᠵᠠᠰᠠᠪᠤᠷᠢᠯᠠᠬᠤ | ᠺᠣᠳ᠋ ᠢᠶᠠᠷ ᠵᠠᠰᠠᠬᠣ]

ᠮᠧᠬᠠᠨᠢᠭ ᠢᠨᠵᠧᠨᠧᠷ ᠦᠨ ᠶᠡᠬᠡ ᠳᠡᠭᠡᠳᠦ ᠰᠤᠷᠭᠠᠭᠤᠯᠢ ᠶᠢᠨ ᠰᠤᠷᠭᠠᠯᠲᠠ ᠶᠡᠬᠡᠩᠬᠢ ᠳᠦ ᠪᠡᠨ 3,5 - 4 ᠵᠢᠯ ᠦᠷᠭᠦᠯᠵᠢᠯᠡᠬᠦ ᠪᠥᠭᠡᠳ ᠣᠶᠣᠳᠠᠨ ᠢᠨᠵᠧᠨᠧᠷ ᠭᠡᠰᠡᠨ ᠠᠺᠠᠳᠧᠮᠢ ᠶᠢᠨ ᠴᠣᠯᠠ ᠲᠠᠢ ᠲᠡᠭᠦᠰᠬᠦ ᠪᠠ ᠡᠭᠦᠨ ᠦ ᠳᠠᠷᠠᠭ᠎ᠠ ᠮᠠᠭᠢᠰᠲ᠋ᠷ ᠢᠨᠵᠧᠨᠧᠷ ᠴᠣᠯᠠ ᠶᠢ 1,5 - 2 ᠵᠢᠯ ᠦᠨ ᠬᠤᠭᠤᠴᠠᠭ᠎ᠠ ᠲᠠᠢ ᠰᠤᠷᠴᠤ ᠪᠠᠶᠢᠵᠤ ᠠᠪᠳᠠᠭ᠃ ᠰᠤᠷᠭᠠᠯᠲᠠ ᠶᠢᠨ ᠠᠭᠤᠯᠭ᠎ᠠ ᠦᠨᠳᠦᠰᠦᠨ ᠳᠦ ᠪᠡᠨ ᠮᠠᠲ᠋ᠧᠮᠠᠲ᠋ᠢᠺ᠂ ᠪᠠᠶᠢᠭᠠᠯᠢ ᠶᠢᠨ ᠰᠢᠨᠵᠢᠯᠡᠬᠦ ᠤᠬᠠᠭᠠᠨ ᠪᠣᠯᠤᠨ ᠢᠨᠵᠧᠨᠧᠷ ᠦᠨ ᠰᠢᠨᠵᠢᠯᠡᠬᠦ ᠤᠬᠠᠭᠠᠨ ᠤ ᠦᠨᠳᠦᠰᠦ ᠰᠠᠭᠤᠷᠢ ᠠᠴᠠ ᠪᠦᠷᠢᠳᠦᠨ᠎ᠡ᠃ ᠲᠣᠭᠠᠨ ᠤ ᠣᠬᠠᠭᠠᠨ ᠨᠢ ᠦᠨᠳᠦᠰᠦᠨ ᠳᠦ ᠪᠡᠨ ᠶᠠᠮᠠᠷ ᠨᠢᠭᠡ ᠠᠰᠠᠭᠤᠳᠠᠯ ᠢ ᠳᠦᠷᠰᠦᠯᠡᠬᠦ ᠪᠣᠯᠤᠨ ᠰᠢᠢᠳᠦᠯ ᠳᠦ ᠬᠦᠷᠬᠦ ᠳᠦ ᠲᠤᠰᠠᠯᠠᠯᠴᠠᠭ᠎ᠠ ᠦᠵᠡᠭᠦᠯᠬᠦ ᠡᠭᠦᠷᠭᠡ ᠲᠡᠢ ᠪᠣᠯ ᠹᠢᠽᠢᠺ ᠪᠣᠯᠤᠨ ᠬᠢᠮᠢ ᠍ ᠶᠢᠨ ᠦᠨᠳᠦᠰᠦ ᠨᠢ ᠬᠣᠭᠣᠷᠣᠨᠳᠣ ᠶᠢᠨ ᠶᠡᠷᠦᠩᠬᠡᠢ ᠬᠠᠮᠢᠶᠠᠷᠤᠯ ᠢ ᠣᠶᠢᠯᠠᠭᠠᠬᠤ ᠳᠤ ᠲᠤᠰᠠᠯᠠᠳᠠᠭ᠃ ᠮᠥᠨ ᠮᠡᠳᠡᠭᠡᠯᠡᠯ ᠵᠦᠢ ᠰᠡᠭᠦᠯ ᠦᠨ ᠵᠢᠯ ᠤᠨᠳ ᠲᠤ ᠰᠤᠷᠭᠠᠯᠲᠠ ᠶᠢᠨ ᠴᠢᠬᠤᠯᠠ ᠬᠡᠰᠡᠭ ᠦᠨ ᠨᠢᠭᠡ ᠪᠣᠯᠤᠭᠠᠳ ᠪᠠᠶᠢᠭ᠎ᠠ ᠨᠢ ᠲᠡᠭᠦᠨ ᠦ ᠬᠡᠷᠡᠭᠯᠡᠭᠡ ᠮᠠᠰᠢᠨ ᠦᠢᠯᠡᠳᠪᠦᠷᠢᠯᠡᠯ ᠦᠨ ᠢᠨᠵᠧᠨᠧᠷ ᠦᠨ ᠣᠯᠠᠨ ᠪᠦᠷᠢᠯᠳᠦᠬᠦᠨ ᠬᠡᠰᠡᠭ ᠪᠣᠯᠬᠤ CAD, FEM (ᠲᠡᠭᠦᠰᠬᠡᠯᠯᠢᠭ ᠡᠯᠧᠮᠧᠨᠲ ᠦᠨ ᠠᠷᠭ᠎ᠠ) ᠪᠣᠯᠤᠨ CFD ᠍ ᠢ ᠲᠡᠭᠦᠨ ᠦᠭᠡᠢ ᠪᠡᠷ ᠲᠥᠰᠥᠭᠡᠯᠡᠬᠦ ᠳᠦ ᠪᠡᠷᠬᠡ ᠪᠣᠯᠤᠭᠰᠠᠨ᠃

ᠰᠤᠷᠭᠠᠯᠲᠠ ᠶᠢᠨ ᠦᠨᠳᠦᠰᠦᠨ ᠴᠥᠮ ᠢ ᠮᠡᠳᠡᠭᠡᠵᠢ ᠬᠡᠷᠡᠭ ᠢᠨᠵᠧᠨᠧᠷ ᠦᠨ ᠰᠢᠨᠵᠢᠯᠡᠬᠦ ᠤᠬᠠᠭᠠᠨ ᠤ ᠬᠢᠴᠢᠶᠡᠯ ᠦᠳ ᠪᠣᠯᠬᠤ ᠮᠧᠬᠠᠨᠢᠭᠮᠠᠲ᠋ᠧᠷᠢᠶᠠᠯ ᠰᠤᠳᠤᠯᠤᠯᠵᠣᠬᠢᠶᠠᠨ ᠪᠦᠲᠦᠭᠡᠬᠦ ᠣᠨᠣᠯᠴᠠᠬᠢᠯᠭᠠᠨ ᠲᠧᠭᠨᠢᠭᠲᠧᠷᠮᠣᠳᠣᠨᠠᠮᠢᠺᠤᠷᠤᠰᠬᠠᠯ ᠰᠤᠳᠤᠯᠤᠯ ᠤᠨ ᠮᠧᠬᠠᠨᠢᠭ ᠪᠣᠯᠤᠨ ᠬᠡᠮᠵᠢᠯᠲᠡ-, ᠤᠳᠤᠷᠢᠳᠤᠯᠭ᠎ᠠ- ᠪᠣᠯᠤᠨ ᠲᠣᠬᠢᠷᠠᠭᠤᠯᠭ᠎ᠠ ᠶᠢᠨ ᠲᠧᠭᠨᠢᠭᠡ ᠡᠴᠡ ᠪᠦᠷᠢᠳᠳᠡᠭ᠃ ᠡᠳᠡᠭᠡᠷ ᠲᠦ ᠪᠦᠬᠦ ᠳᠠᠷᠤᠭ᠎ᠠ ᠶᠢᠨ ᠨᠠᠷᠢᠨ ᠮᠡᠷᠭᠡᠰᠢᠯ ᠰᠠᠭᠤᠷᠢᠯᠠᠬᠤ ᠪᠠ ᠡᠭᠦᠨ ᠳᠡᠭᠡᠷ᠎ᠡ ᠬᠡᠷᠡᠭᠯᠡᠭᠳᠡᠬᠦ ᠠᠷᠭ᠎ᠠ ᠪᠠᠷᠢᠯ ᠪᠣᠯᠤᠨ ᠵᠢᠷᠤᠮ ᠨᠢ ᠲᠡᠭᠦᠨ ᠢ ᠰᠡᠭᠦᠯ ᠳᠦ ᠠᠰᠢᠭᠯᠠᠵᠤ ᠰᠤᠷᠬᠤ ᠦᠨᠳᠦᠰᠦ ᠰᠠᠭᠤᠷᠢ ᠪᠣᠯᠳᠠᠭ᠃

ᠮᠠᠰᠢᠨ᠂ ᠲᠡᠭᠦᠨ ᠦ ᠡᠳ᠋ ᠠᠩᠭᠢ ᠪᠣᠯᠤᠨ ᠮᠠᠲ᠋ᠧᠷᠢᠶᠠᠯ ᠤᠨ ᠲᠤᠬᠠᠢ ᠨᠠᠷᠢᠪᠴᠢᠯᠠᠨ ᠰᠤᠷᠠᠬᠤ ᠠᠴᠠ ᠭᠠᠳᠠᠨ᠎ᠠ ᠲᠡᠳᠡᠭᠡᠷ ᠦᠨ ᠬᠣᠭᠣᠷᠣᠨᠳᠣ ᠶᠢᠨ ᠬᠠᠮᠢᠶᠠᠷᠤᠯ ᠪᠣᠯᠤᠨ ᠠᠰᠠᠭᠤᠳᠠᠯ ᠢ ᠰᠢᠢᠳᠬᠦ ᠠᠷᠭ᠎ᠠ ᠵᠠᠮ ᠢ ᠤᠯᠬᠤ ᠠᠷᠭᠠᠴᠢᠯᠠᠯ ᠢ ᠰᠤᠷᠤᠯᠴᠠᠨ᠎ᠠ᠃ ᠢᠷᠡᠭᠡᠳᠦᠢ ᠶᠢᠨ ᠢᠨᠵᠧᠨᠧᠷ ᠦᠳ ᠲᠦ ᠰᠢᠰᠲ᠋ᠧᠮ ᠢᠶᠡᠷ ᠨᠢ ᠪᠣᠳᠣᠵᠤ ᠲᠤᠩᠭᠠᠬᠤ᠂ ᠡᠨᠡ ᠰᠢᠰᠲ᠋ᠧᠮ ᠢ ᠲᠠᠨᠢᠵᠤ ᠮᠡᠳᠡᠬᠦ ᠲᠡᠭᠦᠨ ᠢᠶᠡᠨ ᠵᠠᠳᠠᠯᠤᠨ ᠣᠶᠢᠯᠠᠭᠠᠵᠤ ᠰᠤᠷᠬᠤ ᠠᠷᠭ᠎ᠠ ᠪᠠᠷᠢᠯ ᠢ ᠴᠢᠬᠤᠯᠠᠴᠢᠯᠠᠨ ᠵᠢᠭᠠᠭᠠᠳᠠᠭ᠃ ᠢᠩᠭᠢᠭᠰᠡᠨ ᠢᠶᠡᠷ ᠨᠠᠷᠢᠨ ᠲᠥᠪᠡᠭᠲᠡᠢ ᠰᠢᠰᠲ᠋ᠧᠮ ᠪᠣᠯᠬᠤ ᠴᠠᠬᠢᠯᠭᠠᠨ ᠰᠲ᠋ᠠᠨᠼᠠᠦ᠋ᠲ᠋ᠣᠮᠠᠰᠢᠨ᠂ ᠡᠰᠡᠪᠡᠯ ᠣᠩᠭᠣᠴᠠ ᠍ ᠢ ᠲᠡᠭᠦᠨ ᠦ ᠵᠠᠳᠠᠷᠠᠬᠤ ᠪᠦᠬᠦ ᠵᠢᠵᠢᠭ ᠬᠡᠰᠡᠭ ᠲᠦ ᠨᠢ ᠵᠠᠳᠠᠯᠤᠨ᠂ ᠲᠡᠭᠦᠨ ᠳᠦ ᠪᠡᠨ ᠣᠨᠣᠪᠴᠢᠲᠠᠢ ᠰᠢᠢᠳᠦᠯ ᠣᠯᠣᠰᠣᠨ ᠤ ᠳᠠᠷᠠᠭ᠎ᠠ ᠲᠡᠭᠦᠨ ᠢᠶᠡᠨ ᠪᠤᠴᠠᠭᠠᠨ ᠪᠦᠲᠦᠨ ᠰᠢᠰᠲ᠋ᠧᠮ ᠪᠣᠯᠭᠠᠨ ᠦᠢᠯᠡᠳᠪᠦᠷᠢᠯᠡᠬᠦ ᠤᠷ᠎ᠠ ᠴᠢᠳᠠᠪᠤᠷᠢ ᠳᠤ ᠰᠤᠷᠤᠯᠴᠠᠳᠠᠭ᠃

ᠰᠤᠷᠤᠯᠴᠠᠵᠤ ᠳᠠᠭᠤᠰᠤᠭᠠᠳ Bachelor of Science / Master of Science ᠡᠰᠡᠪᠡᠯ Bachelor of Engineering / Master of Engineering (ᠮᠣᠩ ᠢ᠃ ᠣᠶᠣᠳᠠᠨ ᠢᠨᠵᠧᠨᠧᠷ / ᠮᠠᠭᠢᠰᠲ᠋ᠷ ᠢᠨᠵᠧᠨᠧᠷ) ᠢᠨᠵᠧᠨᠧᠷ ᠦᠨ ᠳ᠋ᠢᠫᠯᠣᠮ ᠠᠪᠬᠤ ᠪᠠ ᠡᠭᠦᠨ ᠦ ᠳᠠᠷᠠᠭ᠎ᠠ ᠠᠺᠠᠳᠧᠮᠢ ᠶᠢᠨ Bachelor / Master of Science (B.Sc. / M.Sc.) ᠡᠰᠡᠪᠡᠯ Bachelor / Master of Engineering (B.Eng. / M.Eng.) ᠴᠣᠯᠠ ᠶᠢ ᠨᠡᠷ᠎ᠡ ᠶᠢᠨ ᠢᠶᠡᠨ ᠡᠮᠦᠨ᠎ᠡ ᠴᠣᠯᠠᠯᠠᠭᠤᠯᠬᠤ ᠡᠷᠬᠡ ᠶᠢ ᠠᠯᠪᠠᠨ ᠶᠣᠰᠣᠭᠠᠷ ᠬᠦᠯᠢᠶᠡᠵᠦ ᠠᠪᠤᠨ᠎ᠠ᠃

ᠠᠵᠢᠯ ᠣᠯᠭᠤᠭᠴᠢ[ᠵᠠᠰᠠᠪᠤᠷᠢᠯᠠᠬᠤ | ᠺᠣᠳ᠋ ᠢᠶᠠᠷ ᠵᠠᠰᠠᠬᠣ]

ᠮᠠᠰᠢᠨ ᠦᠢᠯᠡᠳᠪᠦᠷᠢᠯᠡᠯ ᠦᠨ ᠢᠨᠵᠧᠨᠧᠷ ᠦᠳ ᠶᠡᠬᠡᠪᠴᠢᠯᠡᠨ ᠮᠠᠰᠢᠨ-, ᠠᠵᠤ ᠦᠢᠯᠡᠳᠪᠦᠷᠢᠯᠡᠯ ᠦᠨ ᠦᠢᠯᠡᠳᠪᠦᠷᠢᠯᠡᠯ᠂ ᠦᠢᠯᠡᠳᠪᠦᠷᠢᠯᠡᠯ ᠦᠨ ᠲᠧᠭᠨᠢᠭ ᠪᠣᠯᠤᠨ ᠠᠦ᠋ᠲ᠋ᠣᠮᠠᠰᠢᠨ ᠤ ᠦᠢᠯᠡᠳᠪᠦᠷᠢ ᠨᠦᠭᠦᠳ᠂ ᠲᠡᠳᠡᠭᠡᠷ ᠦᠨ ᠬᠠᠩᠭᠠᠨ ᠨᠡᠶᠢᠯᠡᠭᠦᠯᠦᠭᠴᠢ ᠺᠣᠮᠫᠠᠨᠢ ᠨᠤᠭᠤᠳ ᠡᠰᠡᠪᠡᠯ ᠡᠨᠡ ᠲᠥᠷᠦᠯ ᠦᠨ ᠦᠢᠯᠡᠴᠢᠯᠡᠭᠡ ᠦᠵᠡᠭᠦᠯᠳᠡᠭ ᠪᠠᠶᠢᠭᠤᠯᠤᠯᠭ᠎ᠠ ᠳᠤ (ᠵᠢᠱᠢᠶ᠎ᠡ ᠨᠢ: ᠢᠨᠵᠧᠨᠧᠷ ᠦᠨ ᠲᠧᠭᠨᠢᠭ ᠡᠳ᠋ ᠍ ᠦᠨ ᠵᠠᠰᠠᠭ ᠤᠨ ᠲᠣᠭᠠᠴᠠᠭ᠎ᠠ ᠬᠢᠳᠡᠭ ᠺᠣᠮᠫᠠᠨᠢ) ᠠᠵᠢᠯᠯᠠᠳᠠᠭ᠃ ᠮᠥᠨ ᠲᠡᠭᠦᠨᠴᠢᠯᠡᠨ ᠶᠡᠬᠡ ᠳᠡᠭᠡᠳᠦ ᠰᠤᠷᠭᠠᠭᠤᠯᠢ ᠳᠤ ᠰᠤᠳᠤᠯᠭᠠᠨ ᠤ ᠠᠵᠢᠯᠲᠠᠨ ᠪᠣᠯᠤᠨ ᠢᠨᠵᠧᠨᠧᠷ ᠲᠧᠭᠨᠢᠭ ᠦᠨ ᠪᠠᠭᠰᠢ ᠪᠠᠷ ᠠᠵᠢᠯᠯᠠᠬᠤ ᠪᠠ ᠡᠭᠦᠪᠡᠷ ᠵᠣᠭᠰᠣᠬᠤ ᠦᠭᠡᠢ ᠴᠢᠨᠠᠭᠰᠢᠯᠠᠭᠠᠳ ᠣᠯᠠᠨ ᠢᠨᠵᠧᠨᠧᠷ ᠦᠳ ᠬᠤᠪᠢ ᠤᠨ ᠲᠧᠭᠨᠢᠭ ᠦᠨ ᠵᠥᠪᠯᠡᠭᠡ ᠪᠣᠯᠤᠨ ᠦᠢᠯᠡᠴᠢᠯᠡᠭᠡᠨ ᠦ ᠬᠥᠳᠡᠯᠮᠦᠷᠢ ᠡᠷᠬᠢᠯᠡᠬᠦ ᠨᠢ ᠪᠤᠢ᠃

ᠮᠡᠷᠭᠡᠵᠢᠯ ᠦᠨ ᠲᠠᠯᠠᠪᠤᠷ[ᠵᠠᠰᠠᠪᠤᠷᠢᠯᠠᠬᠤ | ᠺᠣᠳ᠋ ᠢᠶᠠᠷ ᠵᠠᠰᠠᠬᠣ]

ᠮᠧᠬᠠᠨᠢᠭ ᠢᠨᠵᠧᠨᠧᠷ ᠦᠳ ᠨᠢ ᠺᠣᠮᠫᠠᠨ ᠤ ᠲᠥᠷᠦᠯ ᠪᠦᠷᠢ ᠶᠢᠨ ᠬᠡᠰᠡᠭ ᠲᠦ ᠠᠵᠢᠯᠯᠠᠳᠠᠭ᠃ ᠡᠭᠦᠨ ᠳᠦ: ᠪᠣᠷᠣᠯᠠᠭᠤᠯᠤᠯᠲᠠ᠂ ᠬᠤᠳᠠᠯᠳᠤᠭ᠎ᠠ᠂ ᠵᠣᠬᠢᠶᠠᠨ ᠪᠦᠲᠦᠭᠡᠬᠦ ᠬᠡᠯᠲᠡᠰ᠂ ᠦᠢᠯᠡᠳᠪᠦᠷᠢᠯᠡᠯ᠂ ᠰᠧᠷᠠᠸᠢᠰ ᠦᠢᠯᠡᠴᠢᠯᠡᠭᠡ ᠴᠢᠨᠠᠭᠰᠢᠯᠠᠭᠠᠳ ᠯᠣᠭᠢᠰᠲ᠋ᠢᠭ ᠪᠦᠷ ᠮᠠᠷᠺᠲ᠋ᠢᠩ ᠤᠨ ᠬᠡᠯᠲᠡᠰ ᠴᠤ ᠠᠵᠢᠯᠯᠠx ᠨᠢ ᠪᠤᠢ᠃ ᠡᠳᠡᠭᠡᠷ ᠬᠡᠯᠲᠦᠰ ᠲᠦ ᠪᠡᠨ ᠵᠣᠬᠢᠶᠠᠨ ᠪᠦᠲᠦᠭᠡᠬᠦ ᠢᠨᠵᠧᠨᠧᠷ ᠡᠴᠡ ᠭᠠᠳᠠᠨ᠎ᠠ᠂ ᠺᠣᠮᠫᠠᠨ ᠤ ᠡᠵᠡᠮᠰᠢᠭᠴᠢ᠂ ᠬᠡᠯᠲᠡᠰ ᠦᠨ-, ᠰᠠᠯᠪᠤᠷᠢ ᠶᠢᠨ-, ᠪᠦᠯᠦᠭ ᠦᠨ-, ᠪᠠᠭ᠎ᠠ ᠶᠢᠨ ᠡᠰᠡᠪᠡᠯ ᠲᠥᠰᠦᠯ ᠦᠨ ᠤᠳᠤᠷᠢᠳᠤᠭᠴᠢ ᠶᠢᠨ ᠠᠯᠪᠠᠨ ᠲᠤᠰᠢᠶᠠᠯ ᠡᠷᠬᠢᠯᠡᠳᠡᠭ᠃

ᠮᠧᠬᠠᠨᠢᠭ ᠢᠨᠵᠧᠨᠧᠷ ᠦᠳ ᠦᠨ ᠰᠣᠩᠭᠣᠳᠠᠭ ᠮᠡᠷᠭᠡᠵᠢᠯ ᠦᠨ ᠬᠡᠰᠡᠭ ᠲᠦ:

ᠮᠥᠨ ᠦᠵᠡᠬᠦ[ᠵᠠᠰᠠᠪᠤᠷᠢᠯᠠᠬᠤ | ᠺᠣᠳ᠋ ᠢᠶᠠᠷ ᠵᠠᠰᠠᠬᠣ]

ᠮᠧᠬᠠᠨᠢᠭ ᠢᠨᠵᠧᠨᠧᠷ

ᠭᠠᠳᠠᠭᠠᠳᠤ ᠯᠢᠨ᠋ᠺ[ᠵᠠᠰᠠᠪᠤᠷᠢᠯᠠᠬᠤ | ᠺᠣᠳ᠋ ᠢᠶᠠᠷ ᠵᠠᠰᠠᠬᠣ]

ᠪᠢᠴᠢᠭᠡᠰᠦ