ᠮᠠᠰᠢᠨ ᠦᠢᠯᠡᠳᠪᠦᠷᠢᠯᠡᠯ

ᠴᠢᠯᠦᠭᠡᠲᠦ ᠨᠡᠪᠲᠡᠷᠬᠡᠢ ᠲᠣᠯᠢ — ᠸᠢᠺᠢᠫᠧᠳᠢᠶ᠎ᠠ ᠠᠴᠠ
ᠬᠠᠷᠠᠶᠢᠬᠤ: ᠤᠳᠤᠷᠢᠳᠬᠤ, ᠬᠠᠶᠢᠯᠲᠠ

ᠮᠠᠰᠢᠨ ᠦᠢᠯᠡᠳᠪᠦᠷᠢᠯᠡᠯ ᠨᠢ (ᠮᠥᠨ ᠮᠠᠰᠢᠨ ᠰᠤᠳᠤᠯᠤᠯ ᠴᠤ ᠭᠡᠵᠦ ᠨᠡᠷᠡᠯᠡᠳᠡᠭ) ᠠᠵᠤ ᠦᠢᠯᠡᠳᠪᠦᠷᠢ ᠶᠢᠨ ᠰᠣᠩᠭᠣᠳᠠᠭ ᠰᠠᠯᠪᠤᠷᠢ ᠪᠤᠶᠤ ᠢᠨᠵᠧᠨᠧᠷ ᠦᠨ ᠰᠣᠩᠭᠣᠳᠠᠭ ᠰᠢᠨᠵᠢᠯᠡᠬᠦ ᠤᠬᠠᠭᠠᠨ ᠶᠤᠮ᠃ ᠡᠨᠡ ᠰᠠᠯᠪᠤᠷᠢ ᠨᠢ ᠮᠠᠰᠢᠨ ᠤ ᠬᠥᠭᠵᠢᠯᠬᠢᠴᠡ ᠪᠣᠯᠤᠨ ᠦᠢᠯᠡᠳᠪᠦᠷᠢᠯᠡᠯ ᠢ ᠳᠣᠲᠣᠷ᠎ᠠ ᠪᠠᠨ ᠠᠭᠤᠯᠠᠳᠠᠭ᠃

ᠮᠠᠰᠢᠨ ᠦᠢᠯᠡᠳᠪᠦᠷᠢᠯᠡᠯ ᠨᠢ ᠠᠵᠤ ᠦᠢᠯᠡᠳᠪᠦᠷᠢᠯᠡᠯ ᠦᠨ ᠰᠠᠯᠪᠤᠷᠢ ᠪᠣᠯᠤᠨ ᠬᠥᠭᠵᠢᠬᠦ ᠰᠢᠯᠲᠠᠭᠠᠨ ᠨᠢ ᠭᠠᠷ ᠠᠷᠭ᠎ᠠ ᠪᠠᠷ ᠮᠧᠲ᠋ᠠᠯ ᠪᠣᠯᠪᠠᠰᠤᠷᠠᠭᠤᠯᠬᠤ ᠳᠠᠷᠬᠠᠨ (ᠲᠡᠮᠦᠷ ᠢ ᠬᠠᠶᠢᠯᠠᠭᠤᠯᠤᠨ ᠲᠡᠭᠦᠪᠡᠷ ᠡᠳ᠋ ᠮᠠᠲ᠋ᠧᠷᠢᠶᠠᠯ ᠬᠢᠳᠡᠭ ᠬᠦᠮᠦᠨ) ᠪᠣᠯᠤᠨ ᠮᠤᠵᠢᠶᠠᠩ ᠠᠴᠠ ᠡᠬᠢᠯᠡᠯ ᠲᠡᠢ ᠪᠣᠯ ᠢᠨᠵᠧᠨᠧᠷ ᠦᠨ ᠰᠣᠩᠭᠣᠳᠠᠭ ᠰᠢᠨᠵᠢᠯᠡᠬᠦ ᠤᠬᠠᠭᠠᠨ ᠪᠣᠯᠤᠨ ᠬᠥᠭᠵᠢᠬᠦ ᠨᠢ ᠣᠷᠴᠢᠨ ᠦᠶ᠎ᠡ ᠶᠢᠨ ᠰᠢᠨᠵᠢᠯᠡᠬᠦ ᠤᠬᠠᠭᠠᠨ ᠤ ᠰᠢᠰᠲ᠋ᠧᠮ ᠪᠣᠯᠬᠤ ᠰᠣᠩᠭᠣᠳᠠᠭ ᠹᠢᠽᠢᠺ᠂ ᠢᠯᠠᠩᠭᠤᠶ᠎ᠠ ᠰᠣᠩᠭᠣᠳᠠᠭ ᠮᠧᠬᠠᠨᠢᠭ ᠳᠡᠭᠡᠷ᠎ᠡ ᠲᠤᠯᠭᠠᠭᠤᠷᠢᠯᠠᠨ ᠬᠥᠭᠵᠢᠭᠰᠡᠨ ᠶᠠᠪᠤᠳᠠᠯ ᠶᠤᠮ᠃

ᠣᠶᠣᠳᠠᠯ ᠤᠨ ᠮᠠᠰᠢᠨ᠂ ᠣᠶᠢᠷᠠᠯᠴᠠᠭ᠎ᠠ ᠪᠠᠷ 1900 ᠤᠨ: ᠣᠶᠣᠳᠠᠯ ᠤᠨ ᠮᠠᠰᠢᠨ ᠤ ᠠᠵᠢᠯᠯᠠᠬᠤ ᠶᠡᠷᠦᠩᠬᠡᠢ ᠵᠠᠷᠴᠢᠮ ᠥᠨᠥᠳᠥᠷ ᠢ ᠬᠦᠷᠲᠡᠯ᠎ᠡ ᠬᠡᠪ ᠢᠶᠡᠷ ᠢᠶᠡᠨ ᠦᠯᠡᠳᠡᠭᠰᠡᠨ
ᠬᠤᠪᠠᠨᠴᠠᠷ ᠢ ᠬᠡᠪᠡᠨ ᠳᠦ ᠳᠦᠭᠦᠷᠭᠡᠬᠦ ᠪᠣᠯᠤᠨ ᠴᠢᠳᠭᠤᠬᠤ ᠮᠠᠰᠢᠨ᠂ ᠵᠢᠱᠢᠶ᠎ᠡ: ᠣᠷᠴᠢᠨ ᠦᠶ᠎ᠡ ᠶᠢᠨ ᠳᠠᠷᠠᠭᠠᠯᠠᠨ ᠴᠢᠳᠭᠤᠬᠤ ᠰᠠᠭᠤᠷᠢ ᠮᠠᠰᠢᠨ

ᠮᠠᠰᠢᠨ ᠦᠢᠯᠡᠳᠪᠦᠷᠢᠯᠡᠯ ᠦᠨ ᠬᠠᠮᠤᠷᠬᠤ ᠬᠦᠷᠢᠶᠡᠨ ᠦ ᠲᠣᠶᠢᠮᠣ[ᠵᠠᠰᠠᠪᠤᠷᠢᠯᠠᠬᠤ | ᠺᠣᠳ᠋ ᠢᠶᠠᠷ ᠵᠠᠰᠠᠬᠣ]

 1. ᠮᠧᠬᠠᠨᠢᠭ
  1. ᠬᠥᠳᠡᠯᠭᠡᠭᠦᠷ ᠦᠨ ᠣᠨᠣᠯ
  2. ᠬᠦᠴᠦ ᠪᠣᠯᠤᠨ ᠠᠵᠢᠯ ᠤᠨ ᠮᠠᠰᠢᠨ
 2. ᠦᠢᠯᠡᠳᠪᠦᠷᠢᠯᠡᠬᠦ ᠲᠧᠭᠨᠢᠭ
  1. ᠦᠢᠯᠡᠳᠪᠦᠷᠢᠯᠡᠬᠦ ᠲᠧᠭᠨᠣᠯᠣᠭᠢ
  2. ᠬᠠᠲᠠᠭᠤ᠂ ᠰᠢᠩᠭᠡᠨ ᠪᠣᠳᠠᠰ ᠤᠨ ᠤᠷᠤᠰᠠᠴᠠ ᠰᠤᠳᠤᠯᠤᠯ (ᠠᠩᠭᠯᠢ᠄ Rheology)
  3. ᠬᠡᠮᠵᠢᠬᠦ ᠲᠧᠭᠨᠢᠭ
  4. ᠳᠤᠯᠠᠭᠠᠨ ᠪᠣᠯᠪᠠᠰᠤᠷᠠᠭᠤᠯᠤᠯᠲᠠ
 3. ᠠᠦ᠋ᠲ᠋ᠣᠮᠠᠲᠵᠢᠭᠤᠯᠬᠤ ᠲᠧᠭᠨᠢᠭ
  1. ᠤᠳᠤᠷᠢᠳᠤᠯᠭ᠎ᠠ- ᠪᠣᠯᠤᠨ ᠲᠣᠬᠢᠷᠠᠭᠤᠯᠭ᠎ᠠ ᠶᠢᠨ ᠲᠧᠭᠨᠢᠭ
  2. ᠠᠳᠠᠫᠲ᠋ᠷᠣᠨᠢᠺ
  3. ᠮᠧᠬᠠᠲᠷᠣᠨᠢᠺ
  4. ᠡᠯᠧᠺᠲ᠋ᠷᠣᠨᠢᠺ
  5. ᠷᠣᠪᠣᠲ
  6. ᠮᠡᠳᠡᠭᠡᠯᠡᠯ ᠵᠦᠢ
 4. ᠵᠣᠬᠢᠶᠠᠨ ᠪᠦᠲᠦᠭᠡᠬᠦ ᠲᠧᠭᠨᠢᠭ
  1. ᠮᠠᠲ᠋ᠧᠷᠢᠶᠠᠯ ᠤᠨ ᠪᠠᠲᠤ ᠪᠥᠬᠡ ᠰᠤᠳᠤᠯᠤᠯ
  2. ᠮᠠᠰᠢᠨ- ᠪᠣᠯᠤᠨ ᠰᠲ᠋ᠠᠨᠳᠠᠷᠲ ᠡᠳ᠋ ᠬᠡᠰᠡᠭ
  3. ᠬᠣᠯᠪᠣᠬᠤ ᠲᠧᠭᠨᠢᠭ
  4. ᠰᠲ᠋ᠠᠨᠳᠠᠷᠲ
  5. ᠡᠷᠭᠣᠨᠣᠮᠢᠺ
  6. ᠺᠣᠮᠫᠢᠶᠦ᠋ᠲ᠋ᠧᠷ ᠦᠨ ᠲᠤᠰᠠᠯᠠᠮᠵᠢ ᠲᠠᠢ ᠵᠣᠬᠢᠶᠠᠨ ᠪᠦᠲᠦᠭᠡᠬᠦ
  7. ᠺᠣᠮᠫᠢᠶᠦ᠋ᠲ᠋ᠧᠷ ᠲᠦ ᠨᠢᠭᠡᠳᠬᠡᠭᠰᠡᠨ ᠦᠢᠯᠡᠳᠪᠦᠷᠢᠯᠡᠯ
 5. ᠮᠠᠲ᠋ᠧᠷᠢᠶᠠᠯ ᠰᠤᠳᠤᠯᠤᠯ
  1. ᠲᠡᠮᠦᠷᠯᠢᠭ ᠰᠤᠳᠤᠯᠤᠯ
  2. ᠬᠤᠪᠠᠨᠴᠠᠷ
  3. ᠨᠡᠶᠢᠯᠡᠮᠡᠯ ᠪᠣᠳᠠᠰ ᠤᠳ
  4. ᠲᠣᠰᠣᠯᠠᠬᠤ ᠰᠢᠩᠭᠡᠨ
  5. ᠵᠢᠪᠡᠷᠡᠯᠲᠡ
  6. ᠮᠠᠲ᠋ᠧᠷᠢᠶᠠᠯ ᠤᠨ ᠰᠢᠯᠭᠠᠯᠲᠠ
 6. ᠦᠢᠯᠡᠳᠪᠦᠷᠢᠯᠡᠯ ᠦᠨ ᠡᠳ᠋ ᠍ ᠦᠨ ᠵᠠᠰᠠᠭ
  1. ᠠᠵᠢᠯ ᠤᠨ ᠪᠡᠯᠡᠳᠬᠡᠯ
  2. ᠴᠢᠨᠠᠷ ᠰᠢᠯᠭᠠᠯᠲᠠ ᠶᠢᠨ ᠮᠧᠨᠧᠵᠮᠧᠨᠲ

ᠪᠣᠯᠤᠨ ᠪᠤᠰᠤᠳ ᠬᠠᠮᠢᠶᠠᠷᠤᠯ ᠲᠠᠢ ᠰᠡᠳᠦᠪ ᠦᠳ ᠣᠷᠣᠨ᠎ᠠ᠃

ᠮᠠᠰᠢᠨ ᠦᠢᠯᠡᠳᠪᠦᠷᠢᠯᠡᠯ᠂ ᠢᠨᠵᠧᠨᠧᠷ ᠦᠨ ᠰᠢᠨᠵᠢᠯᠡᠬᠦ ᠤᠬᠠᠭᠠᠨ[ᠵᠠᠰᠠᠪᠤᠷᠢᠯᠠᠬᠤ | ᠺᠣᠳ᠋ ᠢᠶᠠᠷ ᠵᠠᠰᠠᠬᠣ]

ᠬᠠᠮᠢᠶᠠᠷᠤᠯ[ᠵᠠᠰᠠᠪᠤᠷᠢᠯᠠᠬᠤ | ᠺᠣᠳ᠋ ᠢᠶᠠᠷ ᠵᠠᠰᠠᠬᠣ]

ᠹᠣᠯᠺᠰᠪᠠᠭᠧᠨ ᠮᠣᠲ᠋ᠣᠷ᠂ ᠮᠧᠬᠠᠨᠢᠭ ᠢᠨᠵᠧᠨᠧᠷ ᠦᠳ ᠦᠨ ᠪᠦᠲᠦᠭᠡᠭᠰᠡᠨ ᠬᠢᠴᠡ ᠶᠢᠨ ᠵᠢᠱᠢᠶ᠎ᠡ

ᠮᠧᠬᠠᠨᠢᠭ ᠢᠨᠵᠧᠨᠧᠷ ᠦᠨ ᠰᠠᠯᠪᠤᠷᠢ ᠶᠢ ᠢᠨᠵᠧᠨᠧᠷ ᠤᠳ᠂ ᠲᠧᠭᠨᠢᠭᠴᠢ ᠤᠳ ᠪᠣᠯᠤᠨ ᠮᠡᠷᠭᠡᠵᠢᠭᠰᠡᠨ ᠠᠵᠢᠯᠴᠢᠳ ᠪᠦᠷᠢᠯᠳᠦᠭᠦᠯᠳᠡᠭ ᠢᠶᠡᠷ ᠢᠶᠡᠨ ᠣᠨᠴᠠᠯᠢᠭ ᠶᠤᠮ᠃ ᠡᠳᠡᠭᠡᠷ ᠬᠦᠮᠦᠰ ᠨᠢ ᠲᠤᠬᠠᠢ ᠶᠢᠨ ᠺᠣᠮᠫᠠᠨᠢ ᠬᠢᠷᠢ ᠵᠡᠷᠭᠡ ᠥᠷᠭᠡᠨ ᠬᠦᠷᠢᠶ᠎ᠡ ᠲᠡᠢ ᠦᠢᠯᠡᠳᠪᠦᠷᠢᠯᠡᠯ ᠶᠠᠪᠤᠭᠤᠯᠳᠠᠭ ᠠᠴᠠ ᠰᠢᠯᠲᠠᠭᠠᠯᠠᠨ ᠮᠠᠰᠢᠨ ᠪᠣᠯᠤᠨ ᠮᠠᠰᠢᠨ ᠤ ᠡᠳ᠋ ᠬᠡᠰᠡᠭ ᠦᠨ ᠰᠢᠨ᠎ᠡ ᠰᠠᠨᠠᠭ᠎ᠠᠠᠩᠬᠠᠨ ᠤ ᠵᠠᠭᠪᠤᠷᠲᠣᠭᠠᠴᠠᠭ᠎ᠠᠳ᠋ᠢᠽᠠᠢ ᠶᠢᠨᠬᠢᠴᠡ ᠵᠠᠭᠪᠤᠷ᠂ ᠰᠠᠶᠢᠵᠢᠷᠠᠭᠤᠯᠤᠯᠲᠠᠰᠤᠳᠤᠯᠭ᠎ᠠ ᠪᠣᠯᠤᠨ ᠬᠥᠭᠵᠢᠭᠦᠯᠦᠯᠲᠡᠦᠢᠯᠡᠳᠪᠦᠷᠢᠯᠡᠯ ᠳᠦ ᠪᠣᠯᠤᠨ ᠬᠤᠳᠠᠯᠳᠤᠭ᠎ᠠ ᠪᠣᠷᠣᠯᠠᠭᠤᠯᠤᠯᠲᠠᠠᠨᠳᠠ ᠠᠵᠢᠯᠯᠠᠨ᠎ᠠ᠃ ᠡᠨᠡ ᠪᠦᠲᠦᠭᠡᠭᠳᠡᠬᠦᠨ ᠨᠢ ᠵᠢᠵᠢᠭ ᠮᠠᠰᠢᠨ ᠤ ᠡᠳ᠋ ᠬᠡᠰᠡᠭ ᠡᠴᠡ ᠡᠬᠢᠯᠡᠭᠡᠳ ᠲᠣᠨᠣᠭ ᠲᠥᠬᠥᠭᠡᠷᠦᠮᠵᠢ ᠡᠰᠡᠪᠡᠯ ᠮᠠᠰᠢ ᠨᠠᠷᠢᠨ ᠬᠢᠴᠡᠲᠡᠢ ᠦᠢᠯᠡᠳᠪᠦᠷᠢᠯᠡᠯ ᠦᠨ ᠱᠤᠭᠤᠮ ᠪᠦᠷ ᠴᠢᠨᠠᠭᠰᠢᠯᠠᠭᠠᠳ ᠪᠦᠬᠦᠯᠢ ᠪᠦᠲᠦᠨ ᠦᠢᠯᠡᠳᠪᠦᠷᠢ ᠹᠠᠪᠷᠢᠺ ᠶᠢ ᠲᠥᠯᠦᠪᠯᠡᠨ᠂ ᠵᠣᠬᠢᠶᠠᠨ ᠪᠦᠲᠦᠭᠡᠨ᠂ ᠤᠭᠰᠠᠷᠠᠬᠤ ᠪᠣᠯᠤᠨ ᠠᠰᠢᠭᠯᠠᠯᠲᠠᠨ ᠳᠤ ᠣᠷᠣᠭᠤᠯᠳᠠᠭ ᠪᠠᠶᠢᠵᠤ ᠪᠣᠯᠳᠠᠭ᠃ ᠥᠨᠥ ᠦᠶ᠎ᠡ ᠳᠦ ᠲᠧᠭᠨᠢᠭ ᠦᠨ ᠲᠣᠨᠣᠭ ᠲᠥᠬᠦᠭᠡᠷᠦᠮᠵᠢ ᠶᠢ CAD ᠍ ᠫᠷᠣᠭᠷᠠᠮ ᠤᠨ ᠲᠤᠰᠠᠯᠠᠮᠵᠢ ᠲᠠᠢ ᠺᠣᠮᠫᠢᠶᠦ᠋ᠲ᠋ᠧᠷ ᠲᠤ ᠵᠢᠷᠤᠵᠤ ᠲᠣᠭᠠᠴᠠᠭᠠᠯᠠᠵᠤ ᠪᠠᠶᠢᠨ᠎ᠠ᠃ ᠡᠭᠦᠪᠡᠷ ᠪᠤᠢ ᠪᠣᠯᠭᠠᠭᠰᠠᠨ CAD ᠍ ᠹᠠᠶᠢᠯ ᠢ ᠠᠰᠢᠭᠯᠠᠨ ᠲᠡᠭᠦᠨ ᠦ ᠰᠢᠨᠵᠢ ᠴᠢᠨᠠᠷ ᠢ ᠰᠢᠮᠦᠦᠶᠢᠶᠠᠼ ᠬᠡᠢ ᠶᠢᠨ ᠰᠢᠯᠭᠠᠭᠠᠳ (ᠡᠭᠦᠨ ᠳᠦ ᠢᠯᠠᠩᠭᠤᠶ᠎ᠠ ᠲᠡᠭᠦᠰᠬᠡᠯᠯᠢᠭ ᠡᠯᠧᠮᠧᠨᠲ ᠦᠨ ᠠᠷᠭ᠎ᠠ ᠣᠷᠣᠨ᠎ᠠ) CNC-ᠮᠠᠰᠢᠨ  ᠶᠢᠠᠷ ᠦᠢᠯᠡᠳᠪᠦᠷᠢᠯᠡᠵᠦ ᠪᠠᠶᠢᠨ᠎ᠠ᠃ ᠳᠠᠷᠠᠭ᠎ᠠ ᠶᠢᠨ ᠪᠠᠰᠠ ᠨᠢᠭᠡ ᠠᠷᠭ᠎ᠠ ᠨᠢ ᠤᠷᠪᠠᠭᠤᠯᠤᠨ ᠢᠨᠵᠧᠨᠧᠷᠴᠢᠯᠡᠬᠤ ([[ᠠᠩᠭᠯᠢ᠄ Reverse Engineering) ᠪᠥᠭᠡᠳ ᠡᠨᠡᠬᠦᠦ ᠢᠨᠵᠧᠨᠧᠷᠴᠢᠯᠡᠯ ᠨᠢ ᠲᠤᠬᠠᠢ ᠶᠢᠨ ᠪᠠᠶᠢᠭ᠎ᠠ ᠪᠣᠳᠠᠲᠤ ᠪᠡᠶᠡᠲᠦ ᠡᠴᠡ ᠺᠣᠮᠢᠫᠶᠦ᠋ᠲ᠋ᠧᠷ ᠦᠨ ᠮᠣᠳᠧᠯᠯ ᠡᠭᠦᠰᠬᠡᠨ ᠡᠭᠦᠨ ᠢᠶᠡᠨ ᠴᠠᠭᠠᠰᠢ ᠨᠢ ᠪᠣᠯᠪᠠᠰᠤᠷᠠᠭᠤᠯᠬᠤ ᠪᠤᠶᠤ ᠰᠠᠶᠢᠵᠢᠷᠠᠭᠤᠯᠬᠤ ᠠᠵᠢᠯ ᠢ ᠬᠢᠳᠡᠭ᠃ ᠵᠢᠱᠢᠶᠡᠯᠡᠪᠡᠯ ᠠᠦ᠋ᠲ᠋ᠣᠮᠠᠰᠢᠨ ᠤ ᠭᠠᠳᠠᠨᠠᠬᠢ ᠺᠠᠷᠣᠰᠰᠧᠷ ᠤᠨ ᠴᠢᠯᠦᠭᠡᠲᠦ ᠬᠡᠯᠪᠡᠷᠢ ᠶᠢᠨ ᠭᠠᠳᠠᠷᠭᠤ ᠡᠰᠡᠪᠡᠯ ᠲᠦᠷᠪᠢᠨ ᠪᠣᠯᠤᠨ ᠱᠢᠬᠠᠭᠴᠢ ᠰᠡᠩᠰᠡᠨ ᠨᠦᠭᠦᠳ᠃ ᠠᠦ᠋ᠲ᠋ᠣᠮᠠᠲᠵᠢᠭᠤᠯᠤᠯᠲᠠ ᠨᠡᠮᠡᠭᠳᠡᠬᠦ ᠬᠢᠷᠢ ᠪᠡᠷ ᠲᠣᠨᠣᠭ ᠲᠥᠬᠥᠭᠡᠷᠦᠮᠵᠢ ᠶᠢ ᠨᠠᠷᠢᠨ ᠬᠢᠴᠡᠲᠡᠢ ᠬᠡᠮᠵᠢᠬᠤ ᠲᠧᠭᠨᠢᠭ- ᠪᠣᠯᠤᠨ ᠤᠳᠤᠷᠢᠳᠬᠤ- ᠲᠣᠬᠢᠷᠠᠭᠤᠯᠬᠤ ᠲᠧᠭᠨᠢᠭ ᠶᠢᠡᠷ ᠲᠤᠨᠤᠭᠯᠠᠬᠤ ᠪᠣᠯᠤᠭᠰᠠᠨ ᠪᠥᠭᠡᠳ ᠡᠨᠡ ᠲᠣᠨᠣᠭᠯᠠᠯ ᠢ ᠴᠤ ᠮᠥᠨ ᠮᠧᠬᠠᠨᠢᠭ ᠢᠨᠵᠧᠨᠧᠷ ᠤᠳ ᠬᠢᠴᠡ ᠶᠢ ᠨᠢ ᠭᠠᠷᠭᠠᠳᠠᠭ᠃

ᠦᠨᠳᠦᠰᠦᠨ ᠮᠡᠳᠡᠯᠭᠡ[ᠵᠠᠰᠠᠪᠤᠷᠢᠯᠠᠬᠤ | ᠺᠣᠳ᠋ ᠢᠶᠠᠷ ᠵᠠᠰᠠᠬᠣ]

ᠮᠠᠰᠢᠨ ᠦᠢᠯᠡᠳᠪᠦᠷᠢᠯᠡᠯ ᠦᠨ ᠶᠡᠬᠡ ᠰᠤᠷᠭᠠᠭᠤᠯᠢ ᠳᠤ ᠵᠢᠭᠠᠭᠠᠳᠠᠭ ᠦᠨᠳᠦᠰᠦᠨ ᠮᠡᠳᠡᠯᠭᠡ ᠳᠦ ᠪᠠᠶᠢᠭᠠᠯᠢ ᠶᠢᠨ ᠰᠢᠨᠵᠢᠯᠡᠬᠦ ᠤᠬᠠᠭᠠᠨ ᠤ ᠬᠢᠴᠢᠶᠡᠯ ᠦᠳ ᠪᠣᠯᠬᠤ ᠮᠠᠲ᠋ᠧᠮᠠᠲ᠋ᠢᠺ᠂ ᠹᠢᠽᠢᠺ᠂ ᠬᠢᠮᠢ᠂ ᠲᠧᠭᠨᠢᠭ ᠦᠨ ᠮᠧᠬᠠᠨᠢᠭ᠂ ᠮᠠᠲ᠋ᠧᠷᠢᠶᠠᠯ ᠰᠤᠳᠤᠯᠤᠯ᠂ ᠵᠣᠬᠢᠶᠠᠨ ᠪᠦᠲᠦᠭᠡᠬᠦ ᠲᠧᠭᠨᠢᠭ᠂ ᠴᠠᠬᠢᠯᠭᠠᠨ ᠲᠧᠭᠨᠢᠭ᠂ ᠲᠧᠷᠮᠣᠳᠣᠨᠠᠮᠢᠺ᠂ ᠤᠷᠤᠰᠬᠠᠯ ᠰᠤᠳᠤᠯᠤᠯ ᠤᠨ ᠮᠧᠬᠠᠨᠢᠭ ᠪᠣᠯᠤᠨ ᠬᠡᠮᠵᠢᠯᠲᠡ᠂ ᠤᠳᠤᠷᠢᠳᠤᠯᠭ᠎ᠠ ᠪᠣᠯᠤᠨ ᠲᠣᠬᠢᠷᠠᠭᠤᠯᠭ᠎ᠠ ᠶᠢᠨ ᠲᠧᠭᠨᠢᠭ᠂ ᠦᠢᠯᠡᠳᠪᠦᠷᠢᠯᠡᠬᠦ ᠲᠧᠭᠨᠢᠭ᠂ ᠦᠢᠯᠡᠳᠪᠦᠷᠢᠯᠡᠯ ᠦᠨ ᠲᠧᠭᠨᠣᠯᠣᠭᠢ᠂ ᠮᠠᠰᠢᠨ ᠤ ᠡᠳ᠋ ᠬᠡᠰᠡᠭ ᠵᠡᠷᠭᠡ ᠣᠷᠣᠨ᠎ᠠ᠃

ᠮᠠᠲ᠋ᠧᠮᠠᠲ᠋ᠢᠭ[ᠵᠠᠰᠠᠪᠤᠷᠢᠯᠠᠬᠤ | ᠺᠣᠳ᠋ ᠢᠶᠠᠷ ᠵᠠᠰᠠᠬᠣ]

ᠲᠣᠭᠠᠨ ᠤ ᠣᠬᠠᠭᠠᠨ ᠪᠣᠯ ᠮᠠᠰᠢᠨ ᠦᠢᠯᠡᠳᠪᠦᠷᠢᠯᠡᠯ ᠦᠨ ᠰᠢᠨᠵᠢᠯᠡᠬᠦ ᠤᠬᠠᠭᠠᠨ ᠳᠤ ᠴᠢᠬᠤᠯᠠ ᠡᠭᠦᠷᠭᠡ ᠲᠡᠢ᠃ ᠲᠣᠭᠠᠨ ᠤ ᠣᠬᠠᠭᠠᠨ ᠤ ᠵᠠᠭᠪᠤᠷ ᠤᠳ ᠢ ᠠᠯᠭᠧᠪᠷᠠ ᠪᠣᠯᠤᠨ ᠠᠨᠠᠯᠢᠽᠢ (ᠨᠢᠶᠦ᠋ᠲ᠋ᠣᠨ ᠪᠣᠯᠤᠨ ᠯᠠᠶᠢᠪᠨᠢᠲ᠋ᠰ ᠢᠶᠠᠷ ᠡᠬᠢᠯᠡᠭᠡᠳ ᠭᠠᠦ᠋ᠰ ᠤᠨ ᠺᠣᠮᠫᠯᠧᠺᠰ ᠲᠣᠭ᠎ᠠ ᠪᠠᠷ ᠥᠷᠭᠡᠰᠦᠨ᠎ᠡ)᠂ ᠳ᠋ᠢᠹᠹᠧᠷᠧᠨᠼᠢᠠᠯ ᠲᠡᠭᠰᠢᠳᠬᠡᠯ ᠪᠣᠯᠤᠨ ᠸᠧᠺᠲ᠋ᠣᠷ ᠤᠨ ᠠᠨᠠᠯᠢᠽᠢ (ᠴᠢᠬᠤᠯᠠ ᠮᠡᠳᠡᠯᠭᠡ ᠪᠣᠯᠬᠤ ᠯᠠᠫᠯᠠᠰ᠂ ᠪᠧᠷᠨᠠᠦ᠋ᠯ᠂ ᠰᠲ᠋ᠣᠺᠧᠰ ᠤᠨ ᠬᠠᠤᠯᠢ ᠨᠤᠭᠤᠳ) ᠡᠰᠡᠪᠡᠯ ᠲᠣᠭᠠᠴᠠᠭᠠᠯᠠᠨ ᠪᠣᠳᠣᠬᠤ ᠠᠷᠭ᠎ᠠ ᠪᠠᠷ ᠪᠡᠯᠡᠳᠬᠡᠨ᠎ᠡ᠃

ᠮᠠᠲ᠋ᠧᠷᠢᠶᠠᠯ ᠰᠤᠳᠤᠯᠤᠯ[ᠵᠠᠰᠠᠪᠤᠷᠢᠯᠠᠬᠤ | ᠺᠣᠳ᠋ ᠢᠶᠠᠷ ᠵᠠᠰᠠᠬᠣ]

ᠮᠠᠲ᠋ᠧᠷᠢᠶᠠᠯ ᠰᠤᠳᠤᠯᠤᠯ ᠤᠨ ᠰᠢᠨᠵᠢᠯᠡᠬᠦ ᠤᠬᠠᠭᠠᠨ ᠨᠢ ᠢᠨᠵᠧᠨᠧᠷ ᠦᠨ ᠰᠢᠨᠵᠢᠯᠡᠬᠦ ᠤᠬᠠᠭᠠᠨ ᠤ ᠰᠠᠯᠪᠤᠷᠢ ᠪᠥᠭᠡᠳ ᠮᠠᠲ᠋ᠧᠷᠢᠶᠠᠯ ᠤᠨ ᠪᠦᠲᠦᠴᠡ᠂ ᠰᠢᠨᠵᠢ ᠴᠢᠨᠠᠷ ᠤᠨ ᠬᠣᠭᠣᠷᠣᠨᠳᠣ ᠶᠢᠨ ᠬᠠᠮᠢᠶᠠᠷᠤᠯ ᠢ ᠬᠡᠷᠡᠭᠯᠡᠭᠡᠨ ᠳᠦ ᠪᠡᠨ ᠲᠣᠬᠢᠷᠠᠭᠤᠯᠬᠤ ᠠᠷᠭ᠎ᠠ ᠲᠧᠭᠨᠣᠯᠣᠭᠢ ᠶᠢ ᠰᠤᠳᠤᠯᠳᠠᠭ ᠶᠤᠮ᠃ ᠡᠭᠦᠨ ᠦ ᠦᠨᠳᠦᠰᠦᠨ ᠳᠡᠭᠡᠷ᠎ᠡ ᠲᠤᠬᠠᠢ ᠶᠢᠨ ᠮᠠᠲ᠋ᠧᠷᠢᠶᠠᠯ ᠤᠨ ᠪᠦᠲᠦᠴᠡ ᠶᠢ ᠵᠣᠷᠢᠯᠭ᠎ᠠ ᠲᠠᠢ ᠪᠠᠷ ᠥᠭᠡᠷᠡᠴᠢᠯᠡᠳᠡᠭ᠃ ᠵᠢᠱᠢᠶᠡᠯᠡᠪᠡᠯ ᠲᠡᠮᠦᠷ ᠨᠡᠭᠦᠷᠡᠰᠦᠲᠥ᠋ᠷᠥᠭᠴᠢ ᠶᠢᠨ ᠬᠣᠯᠢᠮᠠᠭ ᠬᠠᠶᠢᠯᠤᠰᠢ ᠶᠢ ᠬᠠᠲᠠᠭᠠᠬᠤ᠂ ᠬᠠᠲᠠᠭᠤᠯᠢᠭ ᠢ ᠨᠡᠮᠡᠭᠳᠡᠭᠦᠯᠬᠦ ᠪᠣᠯᠤᠨ ᠨᠡᠮᠡᠯᠲᠡ ᠬᠠᠶᠢᠯᠤᠰᠢ ᠬᠡᠢ ᠶᠢᠨ ᠬᠦᠰᠡᠭᠰᠡᠨ ᠭᠠᠩ ᠪᠣᠯᠤᠨ ᠪᠣᠯᠣᠳ ᠢ ᠭᠠᠷᠭᠠᠵᠤ ᠠᠪᠬᠤ᠃ ᠮᠠᠰᠢᠨ ᠦᠢᠯᠡᠳᠪᠦᠷᠢᠯᠡᠯ ᠳᠦ ᠬᠠᠮᠤᠭ ᠤᠨ ᠶᠡᠬᠡ ᠪᠡᠷ ᠬᠡᠷᠡᠭᠯᠡᠳᠡᠭ ᠬᠠᠶᠢᠯᠤᠰᠢ ᠨᠤᠭᠤᠳ ᠢ ᠭᠠᠩᠨᠠᠬᠤ ᠪᠣᠯᠤᠮᠵᠢ ᠠᠴᠠ ᠡᠬᠢᠯᠡᠨ ᠠᠮᠠᠷᠬᠠᠨ ᠬᠡᠯᠪᠡᠷᠢ ᠳᠦ ᠣᠷᠣᠬᠤ ᠭᠡᠬᠦ ᠮᠡᠲᠦ ᠪᠡᠷ ᠲᠡᠭᠦᠨ ᠦ ᠨᠡᠭᠦᠷᠡᠰᠦᠨ ᠦ ᠠᠭᠤᠯᠭ᠎ᠠ ᠪᠠᠷ ᠲᠣᠬᠢᠷᠠᠭᠤᠯᠤᠨ ᠭᠠᠷᠭᠠᠵᠤ ᠠᠪᠤᠨ᠎ᠠ᠃ ᠮᠥᠨ ᠴᠢᠨᠠᠭᠰᠢᠯᠠᠭᠠᠳ ᠵᠢᠪᠡᠷᠡᠯᠲᠡ ᠶᠢ ᠪᠠᠭᠠᠰᠬᠠᠬᠤ ᠶᠢᠨ ᠲᠤᠯᠠᠳᠠ ᠨᠡᠮᠡᠯᠲᠡ ᠪᠡᠷ ᠬᠠᠶᠢᠯᠤᠰᠢ ᠬᠣᠯᠢᠵᠤ ᠥᠭᠳᠡᠭ᠃ ᠵᠢᠩ ᠴᠢᠬᠤᠯᠠ ᠵᠠᠷᠢᠮ ᠰᠠᠯᠪᠤᠷᠢ ᠳᠤ (ᠡᠶᠢᠮᠦ ᠰᠠᠯᠪᠤᠷᠢ ᠳᠤ ᠵᠢᠱᠢᠶ᠎ᠡ ᠨᠢ: ᠠᠭᠠᠷ ᠤᠨ ᠪᠣᠯᠤᠨ ᠰᠠᠨᠰᠠᠷ ᠤᠨ ᠲᠡᠭᠡᠭᠡᠪᠦᠷᠢ) ᠲᠡᠮᠦᠷ ᠦᠨ ᠬᠠᠶᠢᠯᠤᠰᠢᠨ ᠤ ᠣᠷᠣᠨ ᠳᠤ ᠬᠥᠩᠭᠡᠨᠴᠠᠭᠠᠨ ᠤ ᠬᠠᠶᠢᠯᠤᠰᠢ ᠪᠣᠯᠤᠨ ᠨᠡᠶᠢᠯᠡᠮᠡᠯ ᠪᠣᠳᠠᠰ ᠤᠳ ᠢ ᠰᠣᠩᠭᠣᠨ ᠬᠡᠷᠡᠭᠯᠡᠳᠡᠭ᠃ ᠮᠠᠲ᠋ᠧᠷᠢᠶᠠᠯ ᠤᠨ ᠴᠢᠬᠤᠯᠠ ᠦᠵᠡᠭᠦᠯᠦᠯᠲᠡᠨ ᠳᠦ ᠲᠡᠭᠦᠨ ᠦ ᠰᠤᠨᠠᠯᠲᠠ ᠶᠢᠨ ᠬᠢᠵᠠᠭᠠᠷ᠂ ᠰᠤᠨᠠᠯᠲᠠ ᠶᠢᠨ ᠪᠠᠲᠤ ᠪᠡᠬᠢ ᠪᠣᠯ ᠤᠶᠠᠨ ᠨᠠᠯᠠᠷᠬᠠᠢ ᠶᠢᠨ ᠺᠣᠧᠹᠹᠢᠼᠢᠶᠸᠨᠲ ᠶᠢᠨ ᠮᠣᠳᠣᠯ ᠣᠷᠣᠨ᠎ᠠ᠃

ᠲᠧᠭᠨᠢᠭ ᠦᠨ ᠲᠧᠷᠮᠣᠳᠣᠨᠠᠮᠢᠺ[ᠵᠠᠰᠠᠪᠤᠷᠢᠯᠠᠬᠤ | ᠺᠣᠳ᠋ ᠢᠶᠠᠷ ᠵᠠᠰᠠᠬᠣ]

ᠲᠧᠷᠮᠣᠳᠣᠨᠠᠮᠢᠺ ᠤᠨ ᠡᠯᠪᠡᠭ ᠲᠣᠬᠢᠶᠠᠯᠳᠣᠬᠤ ᠫᠷᠣᠼᠧᠰᠰ᠂ ᠠᠭᠤᠷ ᠤᠨ ᠮᠠᠰᠢᠨ ᠤ ᠶᠡᠷᠦᠩᠬᠡᠢ ᠵᠠᠷᠴᠢᠮ (ᠤᠯᠠᠭᠠᠨ = ᠥᠨᠳᠥᠷ ᠲᠧᠮᠫᠧᠷᠠᠲᠦ᠋ᠷ᠂ ᠰᠢᠷ᠎ᠠ= ᠨᠠᠮ ᠲᠧᠮᠫᠧᠷᠠᠲᠦ᠋ᠷ᠂ ᠬᠥᠬᠡ= ᠠᠭᠤᠷ ᠤᠨ ᠲᠡᠭᠦᠰᠬᠡᠯ ᠦᠨ ᠲᠣᠯᠠᠭᠠᠨ ᠤ ᠬᠡᠮᠵᠢᠶ᠎ᠡ)

ᠲᠧᠷᠮᠣᠳᠣᠨᠠᠮᠢᠺ᠂ ᠮᠥᠨ ᠳᠤᠯᠠᠭᠠᠨ ᠰᠤᠳᠤᠯᠤᠯ ᠴᠤ ᠭᠡᠵᠦ ᠨᠡᠷᠡᠯᠡᠳᠡᠭ᠂ ᠡᠨᠡ ᠨᠢ ᠰᠣᠩᠭᠣᠳᠠᠭ ᠹᠢᠽᠢᠺ ᠦᠨ ᠨᠢᠭᠡ ᠰᠠᠯᠪᠤᠷᠢ ᠬᠡᠰᠡᠭ ᠶᠤᠮ᠃ ᠡᠨᠡ ᠰᠠᠯᠪᠤᠷᠢ ᠨᠢ 19 ᠳ᠋ᠤᠭᠠᠷ ᠵᠠᠭᠤᠨ ᠳᠤ ᠵᠡᠮᠰ ᠫᠷᠧᠰᠺᠣᠲ᠋ᠲ ᠵᠢᠤᠯᠨᠢᠺᠣᠯᠠᠰ ᠯᠧᠣᠨᠠᠷ ᠲᠤ ᠰᠠᠳᠢ ᠺᠠᠷᠠᠨ᠎ᠠ ᠳᠤᠵᠢᠯᠢᠤᠰ ᠷᠣᠪᠧᠷᠲ ᠸᠣᠨ ᠮᠠᠶᠡᠷ ᠪᠣᠯᠤᠨ ᠬᠧᠷᠮᠠᠨ ᠸᠣᠨ ᠬᠧᠯᠮᠬᠠᠯ ᠳᠤᠴᠠ ᠨᠠᠷ ᠤᠨ ᠬᠢᠭᠰᠡᠨ ᠠᠵᠢᠯ ᠤᠨ ᠰᠠᠭᠤᠷᠢ ᠳᠡᠭᠡᠷ᠎ᠡ ᠦᠨᠳᠦᠰᠦᠯᠡᠭᠳᠡᠨ ᠪᠤᠢ ᠪᠣᠯᠤᠭᠰᠠᠨ᠃ ᠲᠡᠭᠦᠨ ᠦ ᠰᠤᠳᠤᠯᠬᠤ ᠵᠦᠢᠯ ᠨᠢ ᠡᠨᠧᠷᠭᠢ ᠪᠣᠯᠤᠨ ᠡᠨᠧᠷᠭᠢ ᠶᠢᠨ ᠬᠡᠯᠪᠡᠷᠢ ᠡᠴᠡ ᠠᠵᠢᠯ(ᠹᠢᠽᠢᠺ) ᠪᠣᠯᠤᠨ ᠬᠤᠪᠢᠷᠠᠭᠠᠬᠤ ᠴᠢᠳᠠᠪᠤᠷᠢ᠂ ᠶᠠᠪᠤᠴᠠ ᠢ ᠰᠤᠳᠤᠯᠤᠨ᠎ᠠ᠃ ᠮᠥᠨ ᠬᠢᠮᠢ᠂ ᠪᠢᠣᠯᠣᠭᠢ ᠪᠣᠯᠤᠨ ᠲᠧᠭᠨᠢᠭ ᠦᠨ ᠬᠡᠷᠡᠭᠯᠡᠭᠡᠨ ᠦ ᠰᠠᠯᠪᠠᠷ ᠤᠳ ᠲᠤ ᠲᠡᠭᠦᠨ ᠢ ᠦᠷᠭᠡᠨ ᠬᠦᠷᠢᠶ᠎ᠡ ᠲᠡᠢ ᠪᠡᠷ ᠠᠰᠢᠭᠯᠠᠬᠤ ᠪᠣᠯᠤᠮᠵᠢ ᠲᠠᠢ ᠨᠣᠲᠠᠯᠠᠭᠳᠠᠭᠰᠠᠨ᠃ ᠲᠧᠷᠮᠣᠳᠣᠨᠠᠮᠢᠺ ᠤᠨ ᠲᠤᠰᠠᠯᠠᠮᠵᠢ ᠲᠠᠢ ᠪᠠᠷ ᠵᠢᠱᠢᠶᠡᠯᠡᠪᠡᠯ ᠵᠠᠷᠢᠮ ᠨᠢᠭᠡ ᠬᠢᠮᠢ ᠶᠢᠨ ᠤᠷᠪᠠᠯ ᠬᠡᠪ ᠦᠨ ᠨᠥᠬᠥᠴᠡᠯ ᠳᠦ ᠶᠠᠪᠤᠭᠳᠠᠳᠠᠭ ᠶᠢᠡᠷ ᠢᠶᠡᠨ ᠵᠠᠷᠢᠮ ᠨᠢ ᠶᠠᠭᠠᠬᠢᠭᠠᠳ ᠶᠠᠪᠤᠭᠳᠠᠳᠠᠭ ᠦᠭᠡᠢ ᠲᠠᠯ᠎ᠠ ᠪᠠᠷ ᠬᠢ ᠲᠠᠶᠢᠯᠪᠤᠷᠢ ᠶᠢ ᠮᠡᠳᠡᠵᠦ ᠪᠣᠯᠤᠨ᠎ᠠ᠃ ᠲᠧᠭᠨᠢᠭ ᠦᠨ ᠲᠧᠷᠮᠣᠳᠣᠨᠠᠮᠢᠺ ᠨᠢ ᠲᠤᠬᠠᠢ ᠶᠢᠨ ᠰᠢᠰᠲ᠋ᠧᠮ ᠦᠨ ᠹᠢᠽᠢᠺ ᠰᠢᠨᠵᠢ ᠴᠢᠨᠠᠷ ᠤᠨ ᠵᠥᠪᠬᠡᠨ ᠮᠠᠺᠷᠣ ᠲᠥᠯᠥᠪ ᠪᠠᠶᠢᠳᠠᠯ ᠢ ᠯᠠ ᠠᠪᠴᠤ ᠦᠵᠡᠳᠡᠭ᠃ ᠲᠡᠶᠢᠮᠦ ᠡᠴᠡ ᠨᠢ ᠡᠨᠡ ᠨᠢ ᠮᠠᠰᠢ ᠬᠡᠮᠨᠡᠯᠲᠡ ᠲᠡᠢ ᠣᠨᠣᠯ ᠪᠥᠭᠡᠳ ᠤᠴᠢᠷ ᠨᠢ ᠲᠡᠭᠦᠨ ᠦ ᠵᠢᠵᠢᠭ ᠬᠡᠰᠡᠭ ᠦᠳ ᠪᠣᠯᠬᠤ ᠠᠲ᠋ᠣᠮ᠂ ᠮᠣᠯᠧᠺᠤᠯ ᠤᠨ ᠬᠥᠳᠡᠯᠭᠡᠭᠡᠨ ᠢ ᠲᠣᠭᠠᠴᠠᠯ ᠦᠭᠡᠢ ᠪᠡᠷ ᠵᠥᠪᠬᠡᠨ ᠲᠡᠭᠦᠨ ᠦ ᠳᠤᠮᠳᠠᠴᠢ ᠬᠡᠮᠵᠢᠶᠡᠰᠦ ᠪᠣᠯᠬᠤ ᠳᠠᠷᠤᠯᠲᠠᠲᠣᠯᠠᠭᠠᠨ ᠤ ᠬᠡᠮᠵᠢᠶ᠎ᠡ ᠢ ᠠᠪᠴᠤ ᠦᠵᠡᠳᠡᠭ᠃

ᠲ᠋ᠧᠭᠨᠢᠭ ᠤᠨ ᠮᠧᠬᠠᠨᠢᠭ[ᠵᠠᠰᠠᠪᠤᠷᠢᠯᠠᠬᠤ | ᠺᠣᠳ᠋ ᠢᠶᠠᠷ ᠵᠠᠰᠠᠬᠣ]

ᠲᠧᠭᠨᠢᠭ ᠦᠨ ᠮᠧᠬᠠᠨᠢᠭ ᠤᠨ ᠬᠢᠯᠪᠠᠷᠴᠢᠯᠠᠭᠰᠠᠨ ᠬᠦᠴᠦᠨ ᠦ ᠲᠣᠭᠠᠴᠠᠭᠠᠨ ᠤ ᠪᠦᠳᠦᠭᠦᠪᠴᠢ ᠵᠢᠷᠤᠭ

ᠲᠧᠭᠨᠢᠭ ᠦᠨ ᠮᠧᠬᠠᠨᠢᠭ ᠨᠢ ᠢᠨᠵᠧᠨᠧᠷ ᠦᠨ ᠰᠢᠨᠵᠢᠯᠡᠬᠦ ᠤᠬᠠᠭᠠᠨ ᠤ ᠨᠢᠭᠡ ᠰᠠᠯᠪᠤᠷᠢ ᠬᠡᠰᠡᠭ ᠶᠤᠮ᠃ ᠲᠡᠭᠦᠨ ᠦ ᠪᠠᠶᠢᠭᠠᠯᠢ ᠶᠢᠨ ᠰᠢᠨᠵᠢᠯᠡᠬᠦ ᠤᠬᠠᠭᠠᠨ ᠤ ᠦᠨᠳᠦᠰᠦ ᠨᠢ ᠰᠣᠩᠭᠣᠳᠠᠭ ᠮᠧᠬᠠᠨᠢᠭ ᠶᠤᠮ᠃ ᠰᠣᠩᠭᠣᠳᠠᠭ ᠮᠧᠬᠠᠨᠢᠭ ᠨᠢ ᠥᠪᠡᠷ ᠢᠶᠡᠨ ᠹᠢᠽᠢᠺ ᠦᠨ ᠨᠢᠭᠡ ᠰᠠᠯᠪᠤᠷᠢ ᠬᠡᠰᠡᠭ ᠶᠤᠮ᠎᠃ ᠲᠧᠭᠨᠢᠭ ᠦᠨ ᠮᠧᠬᠠᠨᠢᠭ ᠤᠨ ᠰᠤᠳᠤᠯᠬᠤ ᠵᠦᠢᠯ ᠦᠨ ᠵᠢᠱᠢᠶ ᠡ ᠳᠦ ᠰᠲ᠋ᠠᠲ᠋ᠢᠭ᠂ ᠪᠠᠲᠤ ᠪᠥᠬᠡ ᠶᠢᠨ ᠣᠨᠣᠯ᠂ ᠺᠢᠨᠧᠮᠠᠲ᠋ᠢᠭ᠂ ᠬᠡᠪ ᠭᠠᠵᠢᠯᠲᠠ ᠶᠢᠨ ᠮᠧᠬᠠᠨᠢᠭ ᠪᠣᠯᠤᠨ ᠮᠠᠰᠢᠨ ᠤ ᠳ᠋ᠢᠨᠠᠮᠢᠺ ᠤᠨ ᠠᠴᠢᠶᠠᠯᠠᠯ ᠤᠨ ᠲᠠᠯ᠎ᠠ ᠪᠠᠷ ᠰᠤᠳᠤᠯᠳᠠᠭ᠃ ᠲᠧᠭᠨᠢᠭ ᠦᠨ ᠮᠧᠬᠠᠨᠢᠭ ᠤᠨ ᠭᠦᠢᠴᠡᠳᠭᠡᠬᠦ ᠦᠨᠳᠦᠰᠦᠨ ᠡᠭᠦᠷᠭᠡ ᠳᠦ ᠬᠦᠴᠦᠨ ᠦ ᠦᠢᠯᠡᠴᠢᠯᠡᠯ᠂ ᠲᠡᠳᠡᠭᠡᠷ ᠦᠨ ᠮᠣᠮᠧᠨᠲ ᠪᠣᠯᠤᠨ ᠪᠤᠰᠤᠳ ᠠᠴᠢᠶᠠᠯᠠᠯ ᠤᠨ (ᠵᠢᠱᠢᠶ᠎ᠡ ᠨᠢ ᠮᠠᠲ᠋ᠧᠷᠢᠶᠠᠯ ᠤᠨ ᠰᠢᠨᠵᠢᠯᠡᠬᠦ ᠤᠬᠠᠭᠠᠨ ᠪᠣᠯᠤᠨ ᠪᠠᠷᠢᠯᠭ᠎ᠠ᠂ ᠮᠧᠬᠠᠨᠢᠭ ᠢᠨᠵᠧᠨᠧᠷ ᠦᠨ ᠰᠠᠯᠪᠤᠷᠢ ᠳᠤ ᠬᠡᠷᠡᠭᠯᠡᠬᠦ ᠮᠠᠲ᠋ᠧᠷᠢᠶᠠᠯ ᠤᠨ ᠠᠴᠢᠶᠠᠯᠠᠯ) ᠲᠣᠭᠠᠴᠠᠭᠠᠨ ᠤ ᠣᠨᠣᠯ ᠪᠣᠯᠤᠨ ᠭᠠᠷᠭᠠᠯᠭᠠᠨ ᠤ ᠠᠷᠭ᠎ᠠ ᠤᠬᠠᠭᠠᠨ ᠢ ᠪᠡᠯᠡᠳᠬᠡᠵᠦ ᠥᠭᠬᠦ᠃ ᠢᠩᠭᠢᠵᠦ ᠲᠣᠭᠠᠴᠠᠭᠠᠯᠠᠭᠰᠠᠨ ᠤ ᠳᠠᠷᠠᠭ᠎ᠠ ᠲᠤᠬᠠᠢ ᠶᠢᠨ ᠬᠢᠴᠡ ᠶᠢᠨ ᠡᠳ᠋ ᠮᠠᠲ᠋ᠧᠷᠢᠶᠠᠯ ᠬᠡᠮᠵᠢᠶ᠎ᠡ ᠶᠢ ᠰᠤᠩᠭᠤᠬᠤ ᠪᠣᠯᠤᠮᠵᠢ ᠶᠢ ᠣᠯᠭᠤᠳᠠᠭ ᠤᠴᠢᠷ ᠲᠧᠭᠨᠢᠭ ᠦᠨ ᠮᠧᠬᠠᠨᠢᠭ ᠨᠢ ᠬᠡᠷᠡᠭᠯᠡᠭᠡᠨ ᠳᠦ ᠶᠡᠬᠡ ᠣᠶᠢᠷ᠎ᠠ ᠲᠤᠰᠯᠠᠬᠤ ᠰᠢᠨᠵᠢᠯᠡᠬᠦ ᠤᠬᠠᠭᠠᠨ ᠶᠤᠮ᠃

ᠵᠣᠬᠢᠶᠠᠨ ᠪᠦᠲᠦᠭᠡᠬᠦ ᠲᠧᠭᠨᠢᠭ[ᠵᠠᠰᠠᠪᠤᠷᠢᠯᠠᠬᠤ | ᠺᠣᠳ᠋ ᠢᠶᠠᠷ ᠵᠠᠰᠠᠬᠣ]

ᠵᠣᠬᠢᠶᠠᠨ ᠪᠦᠲᠦᠭᠡᠬᠦ ᠣᠨᠣᠯ ᠪᠤᠶᠤ ᠲᠧᠭᠨᠢᠭ ᠨᠢ ᠵᠣᠬᠢᠶᠠᠨ ᠪᠦᠲᠦᠭᠡᠴᠡ ᠶᠢᠨ ᠦᠨᠳᠦᠰᠦ ᠶᠢ ᠠᠭᠤᠯᠬᠤ ᠪᠠ ᠡᠭᠦᠨ ᠳᠦ ᠠᠨᠠᠯᠢᠽᠢ᠂ ᠰᠢᠨᠲ᠋ᠧᠽ᠂ ᠦᠨᠡᠯᠡᠭᠡ ᠪᠣᠯᠤᠨ ᠰᠣᠩᠭᠣᠨ ᠰᠢᠯᠭᠠᠷᠠᠭᠤᠯᠬᠤ ᠠᠵᠢᠯ ᠢ ᠱᠠᠭᠠᠷᠳᠠᠬᠤ ᠪᠥᠭᠡᠳ ᠲᠣᠳᠣᠷᠬᠠᠢ ᠲᠧᠭᠨᠢᠭ ᠦᠨ ᠳᠠᠭᠠᠭᠠᠯᠭᠠᠪᠤᠷᠢ ᠶᠢ ᠲᠣᠳᠣᠷᠬᠠᠢ ᠴᠠᠭ ᠬᠤᠭᠤᠴᠠᠭᠠᠨ ᠳᠤ ᠬᠠᠮᠤᠭ ᠤᠨ ᠵᠥᠪ ᠰᠢᠢᠳᠦᠯ ᠭᠠᠷᠭᠠᠬᠤ ᠠᠷᠭ᠎ᠠ ᠶᠤᠮ᠃[1]
ᠵᠣᠬᠢᠶᠠᠨ ᠪᠦᠲᠦᠭᠡᠬᠦ ᠠᠷᠭ᠎ᠠ ᠪᠠᠷᠢᠯ ᠤᠨ ᠬᠦᠷᠢᠶᠡᠨ ᠳᠦ ᠢᠯᠠᠩᠭᠤᠶ᠎ᠠ ᠰᠢᠰᠲ᠋ᠧᠮ ᠲᠡᠢ ᠪᠡᠷ ᠰᠢᠨ᠎ᠡ ᠰᠠᠨᠠᠭ᠎ᠠ ᠤᠯᠬᠤ᠂ ᠨᠢᠭᠡᠳᠦᠭᠰᠡᠨ ᠰᠢᠢᠳᠦᠯ ᠪᠣᠯᠤᠨ ᠬᠤᠪᠢᠯᠪᠤᠷᠢ ᠶᠢᠨ ᠦᠨᠡᠯᠡᠮᠵᠢ ᠭᠠᠷᠭᠠᠬᠤ ᠠᠷᠭ᠎ᠠ ᠨᠤᠭᠤᠳ ᠢ ᠰᠤᠷᠴᠤ ᠠᠪᠳᠠᠭ᠃ ᠵᠢᠱᠢᠶ᠎ᠡ ᠨᠢ: ᠵᠣᠬᠢᠶᠠᠨ ᠪᠦᠲᠦᠭᠡᠬᠦ ᠬᠥᠭᠵᠢᠯ ᠦᠨ ᠫᠷᠣᠼᠧᠰᠰ᠂ ᠪᠦᠲᠦᠭᠡᠭᠳᠡᠬᠦᠨ ᠦ ᠠᠮᠢᠳᠤᠷᠠᠯ ᠤᠨ ᠲᠣᠭᠣᠷᠢᠭ ᠤᠨ ᠮᠧᠨᠧᠵᠮᠧᠨᠲ (ᠠᠩᠭᠯᠢ᠄ Product-Lifecycle-Management)᠂ ᠡᠰᠡᠪᠡᠯ ᠺᠣᠮᠫᠢᠶᠦ᠋ᠲ᠋ᠧᠷ ᠦᠨ ᠲᠤᠰᠠᠯᠠᠮᠵᠢ ᠲᠠᠢ ᠢᠨᠵᠧᠨᠧᠷᠴᠢᠯᠡᠯ (ᠠᠩᠭᠯᠢ᠄ Computer-aided-engineering = CAE)᠂ ᠡᠳᠡᠭᠡᠷ ᠨᠢ ᠬᠠᠮᠤᠭ ᠤᠨ ᠣᠨᠣᠪᠴᠢᠲᠠᠢ ᠣᠯᠠᠨ ᠲᠥᠷᠥᠯ ᠦᠨ ᠰᠢᠢᠳᠦᠯ ᠦᠨ ᠰᠣᠩᠭᠣᠯᠲᠠ ᠣᠯᠬᠤ ᠳᠤ ᠲᠤᠰᠠᠯᠠᠳᠠᠭ᠃

ᠡᠳᠡᠭᠡᠷ ᠰᠢᠢᠳᠦᠯ ᠡᠴᠡ ᠵᠥᠪ ᠵᠦᠢ ᠲᠡᠢ ᠶᠢ ᠰᠣᠩᠭᠣᠬᠤ ᠶᠢᠨ ᠲᠤᠯᠠᠳᠠ ᠵᠣᠬᠢᠶᠠᠨ ᠪᠦᠲᠦᠭᠡᠭᠴᠢ ᠢᠨᠵᠧᠨᠧᠷ ᠲᠦ ᠪᠠᠶᠢᠬᠤ ᠶᠣᠰᠣᠲᠠᠢ ᠦᠨᠳᠦᠰᠦᠨ ᠮᠡᠳᠡᠯᠭᠡ ᠳᠦ ᠪᠣᠯᠬᠤ ᠮᠧᠬᠠᠨᠢᠭ ᠬᠢᠴᠡ ᠥᠭᠡᠷ᠎ᠡ ᠪᠡᠷ ᠬᠡᠯᠡᠪᠡᠯ ᠮᠠᠰᠢᠨ ᠤ ᠡᠳ᠋ ᠬᠡᠰᠡᠭ᠂ ᠲᠡᠭᠦᠨ ᠦ ᠬᠡᠮᠵᠢᠯᠲᠡ ᠤᠭᠰᠠᠷᠠᠯᠲᠠ ᠰᠠᠭᠤᠷᠢᠯᠠᠭᠤᠯᠤᠯᠲᠠ ᠮᠥᠨ ᠦᠢᠯᠡᠳᠪᠦᠷᠢᠯᠡᠬᠦ ᠦᠢᠯᠡᠳᠪᠦᠷᠢᠯᠡᠯ ᠦᠨ ᠲᠠᠯ᠎ᠠ ᠪᠠᠷ ᠬᠢ ᠮᠡᠳᠡᠯᠭᠡ ᠴᠢᠳᠠᠪᠤᠷᠢ ᠵᠠᠶᠢᠯᠠᠰᠢ ᠦᠭᠡᠢ ᠴᠢᠬᠤᠯᠠ᠃ ᠡᠭᠦᠨ ᠡᠴᠡ ᠭᠠᠳᠠᠨ᠎ᠠ ᠡᠨᠡ ᠬᠢᠴᠡ ᠶᠢᠨ ᠰᠢᠢᠳᠦᠯ ᠢᠶᠡᠨ ᠵᠥᠪ ᠵᠣᠬᠢᠰᠲᠠᠢ ᠪᠠᠷᠢᠮᠲᠠᠵᠢᠭᠤᠯᠬᠤ ᠶᠠᠪᠤᠳᠠᠯ ᠨᠢ ᠳᠠᠷᠠᠭ᠎ᠠ ᠳᠠᠷᠠᠭ᠎ᠠ ᠶᠢᠨ ᠰᠢᠢᠳᠦᠯ ᠭᠠᠷᠭᠠᠬᠤ ᠠᠵᠢᠯ ᠢ ᠶᠡᠬᠡᠳᠡ ᠬᠥᠩᠭᠡᠪᠴᠢᠯᠡᠬᠦ ᠰᠠᠶᠢᠨ ᠲᠠᠯ᠎ᠠ ᠲᠠᠢ᠃ ᠪᠠᠷᠢᠮᠲᠠᠵᠢᠭᠤᠯᠤᠯᠲᠠᠨ ᠳᠤ ᠮᠥᠨ ᠲᠧᠭᠨᠢᠭ ᠦᠨ ᠵᠢᠷᠤᠭ ᠵᠦᠢ ᠣᠷᠣᠬᠤ ᠪᠥᠭᠡᠳ ᠲᠡᠭᠦᠨ ᠳᠦ ᠵᠣᠷᠢᠭᠤᠯᠤᠭᠰᠠᠨ ᠣᠯᠠᠨ ᠣᠯᠠᠨ ᠲᠧᠭᠨᠢᠭ ᠦᠨ ᠪᠠᠷᠢᠮᠵᠢᠶ᠎ᠠ ᠤᠳ ᠪᠠᠶᠢᠳᠠᠭ ᠢ ᠮᠥᠨ ᠯᠠ ᠵᠣᠬᠢᠶᠠᠨ ᠪᠦᠲᠦᠭᠡᠬᠦ ᠲᠧᠭᠨᠢᠭ ᠦᠨ ᠬᠦᠷᠢᠶᠡᠨ ᠳᠦ ᠪᠤᠶᠤ ᠲᠡᠭᠦᠨ ᠦ ᠨᠢᠭᠡ ᠬᠡᠰᠡᠭ ᠪᠣᠯᠬᠤ ᠳᠦᠷᠰᠦᠯᠡᠬᠦ ᠭ᠍ᠸᠣᠮᠧᠲ᠋ᠷᠢ ᠶᠢᠡᠷ (ᠲᠤᠰᠠᠯᠠᠬᠤ ᠪᠠᠭᠠᠵᠢ ᠬᠡᠷᠡᠭᠰᠡᠯ ᠨᠢ CAD) ᠣᠯᠵᠤ ᠠᠪᠳᠠᠭ᠃

ᠦᠢᠯᠡᠳᠪᠦᠷᠢᠯᠡᠬᠦ ᠲᠧᠭᠨᠢᠭ[ᠵᠠᠰᠠᠪᠤᠷᠢᠯᠠᠬᠤ | ᠺᠣᠳ᠋ ᠢᠶᠠᠷ ᠵᠠᠰᠠᠬᠣ]

ᠦᠢᠯᠡᠳᠪᠦᠷᠢᠯᠡᠬᠦ ᠲᠧᠭᠨᠢᠭ ᠨᠢ ᠮᠧᠬᠠᠨᠢᠭ ᠢᠨᠵᠧᠨᠧᠷ ᠦᠨ ᠴᠢᠬᠤᠯᠠ ᠬᠡᠰᠡᠭ ᠪᠥᠭᠡᠳ ᠡᠨᠳᠡ ᠡᠳ᠋ ᠠᠩᠭᠢ ᠶᠢᠨ ᠦᠢᠯᠡᠳᠪᠦᠷᠢᠯᠡᠬᠦ ᠠᠷᠭ᠎ᠠ ᠲᠧᠭᠨᠢᠭ ᠦᠨ ᠲᠠᠯ᠎ᠠ ᠪᠠᠷ ᠰᠤᠳᠤᠯᠬᠤ ᠪᠠ ᠢᠯᠠᠩᠭᠤᠶ᠎ᠠ ᠡᠳ᠋ ᠬᠡᠰᠡᠭ ᠦᠨ ᠬᠦᠯᠢᠴᠡᠯ ᠢ ᠶᠠᠭᠠᠬᠢᠵᠤ ᠲᠡᠩᠴᠡᠪᠦᠷᠢ ᠲᠡᠢ ᠪᠡᠷ ᠦᠢᠯᠡᠳᠪᠦᠷᠢᠯᠡᠬᠦ ᠲᠡᠭᠦᠨ ᠢ ᠦᠢᠯᠡᠳᠪᠦᠷᠢᠯᠡᠬᠦ ᠶᠠᠪᠤᠴᠠ ᠢ ᠶᠠᠭᠠᠬᠢᠵᠤ ᠬᠢᠮᠳᠠ ᠲᠥᠰᠦᠷ ᠰᠣᠩᠭᠣᠬᠤ ᠲᠠᠯ᠎ᠠ ᠪᠠᠷ ᠰᠤᠳᠤᠯᠤᠨ᠎ᠠ᠃ ᠦᠢᠯᠡᠳᠪᠦᠷᠢᠯᠡᠯ ᠦᠨ ᠲᠧᠭᠨᠣᠯᠣᠭᠢ ᠶᠢ ᠭᠧᠷᠮᠠᠨ ᠳᠤ DIN 8580 (ᠭᠧᠷᠮᠠᠨ᠄ Deutsche Industrie Normung᠂ ᠮᠣᠩᠭᠣᠯ᠄ ᠭᠧᠷᠮᠠᠨ ᠤ ᠠᠵᠤ ᠦᠷᠢᠯᠡᠳᠪᠦᠷᠢᠯᠡᠯᠲᠡ ᠶᠢᠨ ᠰᠲ᠋ᠠᠨᠳᠠᠷᠲ) ᠰᠲ᠋ᠠᠨᠳᠠᠷᠲ ᠢᠶᠠᠷ ᠰᠲ᠋ᠠᠨᠳᠠᠷᠠᠳᠴᠢᠯᠠᠭᠰᠠᠨ ᠪᠠᠶᠢᠳᠠᠭ᠃ ᠡᠭᠦᠨ ᠳᠦ:

ᠴᠠᠬᠢᠯᠭᠠᠨ ᠲᠧᠭᠨᠢᠭ[ᠵᠠᠰᠠᠪᠤᠷᠢᠯᠠᠬᠤ | ᠺᠣᠳ᠋ ᠢᠶᠠᠷ ᠵᠠᠰᠠᠬᠣ]

ᠴᠠᠬᠢᠯᠭᠠᠨ ᠲᠧᠭᠨᠢᠭ ᠢ ᠰᠢᠰᠲ᠋ᠧᠮ ᠲᠡᠢ ᠪᠡᠷ ᠲᠧᠭᠨᠢᠭ ᠬᠡᠷᠡᠭᠯᠡᠬᠦ᠂ ᠮᠥᠨ ᠭᠦᠶᠦᠳᠡᠯ ᠪᠣᠯᠤᠨ ᠬᠦᠴᠦᠳᠡᠯ ᠤᠨ ᠤᠴᠢᠷ ᠰᠢᠯᠲᠠᠭᠠᠨ ᠲᠡᠭᠦᠨ ᠦ ᠨᠥᠯᠥᠭᠡ ᠨᠥᠯᠥᠭᠡᠯᠡᠯ᠂ ᠳᠠᠩ ᠢᠯᠠᠩᠭᠤᠶ᠎ᠠ ᠲᠧᠭᠨᠢᠭ ᠲᠦ ᠲᠡᠭᠦᠨ ᠦ ᠬᠡᠷᠡᠭᠯᠡᠭᠡ᠃ ᠭᠠᠯᠪᠠᠨᠢᠸᠣᠯᠲᠠ ᠪᠣᠯᠤᠨ ᠠᠮᠫᠧᠷ ᠨᠠᠷ ᠴᠠᠬᠢᠯᠭᠠᠨ ᠭᠦᠶᠦᠳᠡᠯ᠂ ᠬᠦᠴᠦᠳᠡᠯ ᠦᠨ ᠲᠠᠯ᠎ᠠ ᠪᠠᠷ ᠣᠨᠣᠯ ᠢ ᠨᠡᠭᠡᠭᠡᠭᠰᠡᠨ ᠦ ᠳᠠᠷᠠᠭ᠎ᠠ ᠣᠮ ᠲᠡᠳᠡᠭᠡᠷ ᠦᠨ ᠬᠣᠭᠣᠷᠣᠨᠳᠣ ᠶᠢᠨ ᠴᠢᠬᠤᠯᠠ ᠫᠷᠣᠫᠤᠷᠼᠢᠶᠣᠨᠠᠯ ᠬᠣᠯᠪᠣᠭᠳᠠᠯ ᠢ ᠨᠡᠭᠡᠭᠡᠨ᠂ ᠣᠮ ᠤᠨ ᠬᠠᠤᠯᠢ  ᠪᠠᠷ ᠲᠡᠷᠡᠬᠦᠦ ᠬᠣᠯᠪᠣᠭᠳᠠᠯ ᠢ ᠬᠠᠷᠠᠭᠤᠯᠳᠠᠭ᠃ ᠡᠭᠦᠨ ᠦ ᠳᠠᠷᠠᠭ᠎ᠠ ᠨᠡᠭᠡᠭᠡᠯᠲᠡ᠂ ᠵᠢᠱᠢᠶ᠎ᠡ ᠨᠢ ᠰᠣᠷᠢᠨᠵᠢᠨ ᠣᠷᠣᠨ ᠪᠣᠯᠤᠨ ᠪᠣᠭᠣᠨᠢ ᠳᠣᠯᠭᠢᠶᠠᠨ ᠨᠢ ᠭᠡᠷ ᠠᠬᠤᠢ ᠶᠢᠨ ᠴᠠᠬᠢᠯᠭᠠᠨ ᠬᠡᠷᠡᠭᠰᠡᠯ ᠳᠦ ᠶᠡᠬᠡ ᠪᠡᠷ ᠬᠡᠷᠡᠭᠯᠡᠨ᠂ ᠡᠳᠦᠷ ᠲᠤᠲᠤᠮ ᠤᠨ ᠠᠮᠢᠳᠤᠷᠠᠯ ᠢ ᠡᠨᠡ ᠲᠥᠷᠥᠯ ᠦᠨ ᠪᠠᠭᠠᠵᠢ ᠬᠡᠷᠡᠭᠰᠡᠯ ᠦᠭᠡᠢ ᠪᠡᠷ ᠲᠥᠰᠥᠭᠡᠯᠡᠬᠦ ᠳᠦ ᠪᠡᠷᠬᠡ ᠪᠣᠯᠤᠭᠰᠠᠨ᠃

ᠮᠠᠰᠢᠨ ᠦᠢᠯᠡᠳᠪᠦᠷᠢᠯᠡᠯ᠂ ᠠᠵᠤ ᠦᠢᠯᠡᠳᠪᠦᠷᠢᠯᠡᠯ ᠦᠨ ᠰᠠᠯᠪᠤᠷᠢ ᠳᠤ[ᠵᠠᠰᠠᠪᠤᠷᠢᠯᠠᠬᠤ | ᠺᠣᠳ᠋ ᠢᠶᠠᠷ ᠵᠠᠰᠠᠬᠣ]

ᠭᠧᠷᠮᠠᠨ[ᠵᠠᠰᠠᠪᠤᠷᠢᠯᠠᠬᠤ | ᠺᠣᠳ᠋ ᠢᠶᠠᠷ ᠵᠠᠰᠠᠬᠣ]

ᠭᠧᠷᠮᠠᠨ ᠮᠠᠰᠢᠨ ᠦᠢᠯᠡᠳᠪᠦᠷᠢᠯᠡᠯ ᠦᠨ ᠰᠠᠯᠪᠤᠷᠢ ᠶᠢᠨ ᠦᠨᠳᠦᠰᠦ ᠨᠢ ᠢᠣᠬᠣᠨ ᠸᠣᠨ ᠴᠢᠮᠮᠧᠷᠮᠠᠨᠠᠨ ᠢᠶᠠᠷ ᠡᠬᠢᠯᠡᠨ᠎ᠡ᠃ ᠲᠡᠭᠦᠨ ᠢ ᠭᠧᠷᠮᠠᠨ ᠤ ᠪᠠᠭᠠᠵᠢ ᠬᠡᠷᠡᠭᠰᠡᠯ ᠦᠨ ᠦᠢᠯᠡᠳᠪᠦᠷᠢᠯᠡᠯ ᠦᠨ ᠦᠨᠳᠦᠰᠦᠯᠡᠭᠴᠢ ᠶᠤᠮ᠃ ᠲᠡᠭᠦᠨ ᠦ 1848 ᠤᠨ ᠳᠤ ᠬᠧᠮᠨᠢᠲ᠋ᠴ ᠬᠣᠳᠠ ᠳᠤ ᠡᠭᠦᠰᠬᠡᠨ ᠪᠠᠶᠢᠭᠤᠯᠤᠭᠰᠠᠨ ᠪᠠᠭᠠᠵᠢ ᠬᠡᠷᠡᠭᠰᠡᠯ ᠦᠨ ᠦᠢᠯᠡᠳᠪᠦᠷᠢ ᠨᠢ ᠭᠧᠷᠮᠠᠨ ᠳᠠᠬᠢ ᠠᠩᠬᠠᠨ ᠤ ᠪᠠᠭᠠᠵᠢ ᠬᠡᠷᠡᠭᠰᠡᠯ ᠦᠨ ᠦᠢᠯᠡᠳᠪᠦᠷᠢ ᠪᠠᠶᠢᠭᠰᠠᠨ᠃

ᠮᠠᠰᠢᠨ ᠦᠢᠯᠡᠳᠪᠦᠷᠢᠯᠡᠯ ᠨᠢ ᠥᠨᠥᠳᠥᠷ ᠭᠧᠷᠮᠠᠨ ᠤ ᠲᠡᠷᠢᠭᠦᠯᠡᠬᠦ ᠠᠵᠤ ᠦᠢᠯᠡᠳᠪᠦᠷᠢ ᠶᠢᠨ ᠰᠠᠯᠪᠤᠷᠢ ᠪᠥᠭᠡᠳ ᠶᠡᠬᠡ ᠬᠡᠮᠵᠢᠶ᠎ᠡ ᠪᠡᠷ ᠡᠺᠰᠫᠣᠷᠲᠣᠩ ᠳᠤ ᠭᠠᠷᠭᠠᠳᠠᠭ᠃

ᠭᠧᠷᠮᠠᠨ ᠳᠤ 900.000 ᠭᠠᠷᠤᠨ ᠠᠵᠢᠯᠴᠢᠨ᠂ ᠭᠠᠳᠠᠭᠠᠳᠤ ᠳᠤ 300.000 ᠭᠠᠷᠤᠨ ᠠᠵᠢᠯᠴᠢᠨ ᠲᠠᠢ ᠪᠠᠷ 130 ᠲᠡᠷᠪᠤᠮ(10 ᠳ᠋ᠦᠩᠰᠢᠭᠤᠷ) (ᠡᠭᠦᠨ ᠦ 60% ᠡᠺᠰᠫᠣᠷᠲ ᠠᠴᠠ) ᠡᠷᠭᠢᠯᠲᠡ ᠶᠢᠨ ᠬᠥᠷᠥᠩᠭᠡ ᠶᠢ ᠵᠢᠯ ᠳᠤ ᠪᠡᠨ ᠬᠢᠵᠦ ᠪᠠᠶᠢᠨ᠎ᠠ᠃ ᠡᠨᠡ ᠰᠠᠯᠪᠤᠷᠢ ᠳᠤ ᠣᠶᠢᠷᠠᠯᠴᠠᠭ᠎ᠠ ᠪᠠᠷ 6.600 ᠠᠵᠤ ᠠᠬᠤᠢ ᠶᠢᠨ ᠨᠢᠭᠡᠴᠡ᠂ ᠡᠭᠦᠨ ᠦ 95% ᠨᠢ 500 ᠍ᠢᠯᠡᠭᠦᠦ ᠦᠭᠡᠢ ᠠᠵᠢᠯᠴᠢᠨ ᠲᠠᠢ ᠵᠢᠵᠢᠭ ᠳᠤᠮᠳᠠ ᠦᠢᠯᠡᠳᠪᠦᠷᠢᠯᠡᠭᠴᠢ ᠡᠵᠡᠯᠡᠳᠡᠭ᠃ ᠮᠠᠰᠢᠨ ᠦᠢᠯᠡᠳᠪᠦᠷᠢᠯᠡᠯ ᠡᠴᠡ ᠣᠯᠵᠤ ᠪᠠᠶᠢᠭ᠎ᠠ ᠡᠷᠭᠢᠯᠲᠡ ᠶᠢᠨ ᠬᠥᠷᠦᠩᠭᠡ ᠶᠢ ᠨᠢᠭᠡ ᠬᠦᠨᠳᠦ ᠣᠨᠣᠭ ᠲᠤ ᠬᠢ ᠬᠡᠮᠵᠢᠶᠡᠨ ᠳᠦ ᠬᠤᠪᠢᠶᠠᠵᠤ ᠲᠣᠭᠠᠴᠠᠪᠠᠯ 148.000 ᠧᠦ᠋ᠷᠣ᠃

ᠰᠸᠢᠰ[ᠵᠠᠰᠠᠪᠤᠷᠢᠯᠠᠬᠤ | ᠺᠣᠳ᠋ ᠢᠶᠠᠷ ᠵᠠᠰᠠᠬᠣ]

ᠥᠩᠭᠡᠷᠡᠭᠰᠡᠨ ᠵᠠᠭᠤᠨ ᠤ ᠰᠡᠭᠦᠯ ᠬᠦᠷᠲᠡᠯ᠎ᠡ ᠮᠧᠬᠠᠨᠢᠭ ᠢᠨᠵᠧᠨᠧᠷ ᠦᠨ ᠰᠠᠯᠪᠤᠷᠢ ᠨᠢ ᠱᠸᠧᠢᠴᠠᠷ ᠤᠨ ᠡᠺᠰᠫᠣᠷᠲ ᠤᠨ ᠲᠡᠷᠢᠭᠦᠯᠡᠬᠦ ᠰᠠᠯᠪᠤᠷᠢ ᠪᠠᠶᠢᠭᠰᠠᠨ᠃ ᠥᠨᠥᠳᠥᠷ 14,9 ᠬᠤᠪᠢᠶᠠᠷᠢ ᠬᠣᠶᠠᠳᠤᠭᠠᠷ ᠪᠠᠶᠢᠷᠢ ᠳᠤ᠂ ᠬᠢᠮᠢ ᠶᠢᠨ ᠪᠣᠯᠤᠨ ᠡᠮ ᠦᠨ ᠦᠢᠯᠡᠳᠪᠦᠷᠢᠯᠡᠯ᠂ ᠮᠥᠨ ᠴᠠᠭᠠᠨ ᠤ ᠦᠢᠯᠡᠳᠪᠦᠷᠢᠯᠡᠯ ᠦᠨ ᠳᠠᠷᠠᠭ᠎ᠠ ᠣᠷᠣᠵᠤ ᠪᠠᠶᠢᠨ᠎ᠠ᠃ ᠪᠦᠲᠦᠴᠡ ᠶᠢᠨ ᠬᠤᠪᠢ ᠳᠤ ᠣᠯᠠᠨ ᠵᠢᠵᠢᠭ ᠳᠤᠮᠳᠠ ᠦᠢᠯᠡᠳᠪᠦᠷᠢᠯᠡᠯ ᠦᠨ ᠺᠣᠮᠫᠠᠨᠢ ᠨᠤᠭᠤᠳ ᠮᠧᠬᠠᠨᠢᠭ ᠢᠨᠵᠧᠨᠧᠷ ᠦᠨ ᠰᠠᠯᠪᠤᠷᠢ ᠶᠢ ᠪᠦᠷᠢᠳᠦᠭᠦᠯᠬᠦ ᠪᠥᠭᠡᠳ ᠴᠥᠭᠡᠨ ᠲᠣᠭᠠᠨ ᠤ ᠲᠣᠮᠣ ᠦᠢᠯᠡᠳᠪᠦᠷᠢ ᠨᠦᠭᠦᠳ ᠴᠤ ᠪᠤᠢ᠃

ᠧᠦ᠋ᠷᠣᠫᠠ[ᠵᠠᠰᠠᠪᠤᠷᠢᠯᠠᠬᠤ | ᠺᠣᠳ᠋ ᠢᠶᠠᠷ ᠵᠠᠰᠠᠬᠣ]

ᠮᠧᠬᠠᠨᠢᠭ ᠢᠨᠵᠧᠨᠧᠷ ᠦᠨ ᠰᠠᠯᠪᠤᠷᠢ ᠨᠢ ᠧᠦ᠋ᠷᠣᠫᠠ ᠶᠢᠨ ᠨᠢᠭᠡᠳᠦᠭᠰᠡᠨ ᠪᠣᠳᠣᠯᠭ᠎ᠠ ᠶᠢᠨ ᠬᠦᠴᠦ ᠪᠡᠷ ᠥᠨᠥᠳᠥᠷ ᠨᠡᠯᠢᠶᠡᠳ ᠠᠮᠠᠷ ᠪᠣᠯᠤᠭᠰᠠᠨ᠃ ᠤᠷᠢᠳᠤ ᠨᠢ ᠤᠯᠤᠰ ᠣᠷᠣᠨ ᠪᠦᠬᠦᠨ ᠥᠪᠡᠷ ᠦᠨ ᠭᠡᠰᠡᠨ ᠦᠨᠳᠦᠰᠦᠨ ᠦ ᠲᠧᠭᠨᠢᠭ ᠦᠨ ᠰᠲ᠋ᠠᠨᠳᠠᠷᠲ ᠤᠨ ᠳᠠᠭᠠᠤ ᠦᠢᠯᠡᠳᠪᠦᠷᠢᠯᠡᠨ ᠨᠥᠭᠥᠭᠡ ᠤᠯᠤᠰ ᠲᠤ ᠬᠤᠳᠠᠯᠳᠤᠬᠤ ᠲᠣᠬᠢᠶᠠᠯᠳᠤᠯ ᠳᠤ ᠲᠡᠷᠡ ᠤᠯᠤᠰ ᠤᠨ ᠰᠲ᠋ᠠᠨᠳᠠᠷᠲ ᠢ ᠪᠠᠰᠠ ᠬᠠᠩᠭᠠᠬᠤ ᠱᠠᠭᠠᠷᠳᠠᠯᠭ᠎ᠠ ᠲᠠᠢ ᠪᠠᠶᠢᠳᠠᠭ ᠪᠠᠶᠢᠪᠠ᠃ ᠲᠡᠶᠢᠮᠦ ᠡᠴᠡ 2009 ᠤᠨ ᠤ 12 ᠍ ᠳ᠋ᠦᠭᠡᠷ ᠰᠠᠷ᠎ᠠ ᠶᠢᠨ 29 ᠍ ᠳᠦ ᠧᠦ᠋ᠷᠣᠫᠠ ᠶᠢᠨ ᠬᠣᠯᠪᠣᠭᠠᠨ ᠠᠴᠠ ᠭᠠᠷᠭᠠᠭᠰᠠᠨ ᠮᠠᠰᠢᠨ ᠦᠢᠯᠡᠳᠪᠦᠷᠢᠯᠡᠯ ᠦᠨ ᠳᠦᠷᠢᠮ 2006/42 ЕГ ᠳᠦᠷᠢᠮ ᠦᠨ ᠳᠠᠭᠠᠤ ᠦᠢᠯᠡᠳᠪᠦᠷᠢᠯᠡᠭᠳᠡᠭᠰᠡᠨ ᠪᠦᠬᠦ ᠰᠠᠭᠤᠷᠢ ᠮᠠᠰᠢᠨ ᠢ ᠧᠦ᠋ᠷᠣᠫᠠ ᠶᠢᠨ ᠬᠣᠯᠪᠣᠭᠠᠨ ᠳᠤ ᠴᠢᠯᠦᠭᠡᠲᠡᠢ ᠡᠺᠰᠫᠣᠷᠲᠯᠠᠬᠤ ᠪᠣᠯᠤᠮᠵᠢ ᠲᠠᠢ ᠪᠣᠯᠤᠭᠰᠠᠨ᠃ ᠡᠨᠡ ᠵᠢᠷᠤᠮ ᠳᠤ ᠲᠣᠳᠣᠷᠬᠠᠶᠢᠯᠠᠭᠰᠠᠨ᠎ᠠ ᠪᠠᠷ: ᠮᠠᠰᠢᠨ ᠭᠡᠳᠡᠭ ᠨᠢ ᠬᠣᠭᠣᠷᠣᠨᠳᠣ ᠪᠠᠨ ᠬᠣᠯᠪᠣᠭᠳᠠᠭᠰᠠᠨ ᠡᠳ᠋ ᠠᠩᠬᠢ ᠶᠢᠨ ᠨᠡᠶᠢᠯᠡᠪᠦᠷᠢ ᠪᠥᠭᠡᠳ ᠡᠭᠦᠨ ᠦ ᠬᠠᠮᠤᠭ ᠤᠨ ᠪᠠᠭ᠎ᠠ ᠳᠤ ᠪᠠᠨ ᠨᠢᠭᠡ ᠡᠳ᠋ ᠬᠡᠰᠡᠭ ᠬᠥᠳᠡᠯᠭᠡᠭᠡᠨ ᠲᠡᠢ᠂ ᠬᠥᠳᠡᠯᠭᠡᠬᠦ ᠬᠦᠴᠦ ᠨᠢ ᠬᠦᠮᠦᠨ ᠪᠣᠯᠤᠨ ᠠᠮᠢᠲᠠᠨ ᠤ ᠣᠷᠣᠯᠴᠠᠭ᠎ᠠ ᠦᠭᠡᠢ ᠪᠠᠶᠢᠬᠤ ᠶᠣᠰᠣᠲᠠᠢ[2]᠃ ᠡᠷᠭᠦᠬᠦ ᠪᠣᠯᠤᠨ ᠪᠠᠭᠤᠯᠭᠠᠬᠤ ᠵᠣᠷᠢᠭᠤᠯᠤᠯᠲᠠ ᠲᠠᠢ ᠮᠠᠰᠢᠨ ᠡᠨᠡ ᠲᠣᠳᠣᠷᠬᠠᠶᠢᠯᠠᠯᠲᠠᠨ ᠳᠤ ᠪᠠᠭᠠᠳᠬᠤ ᠦᠭᠡᠢ ᠲᠤᠰ ᠲᠤ ᠪᠠᠨ ᠣᠨᠴᠠᠭᠠᠢ ᠲᠣᠬᠢᠶᠠᠯᠳᠤᠯ ᠪᠣᠯᠤᠨ᠎ᠠ᠃ ᠳᠡᠭᠡᠷᠡᠬᠢ ᠲᠣᠳᠣᠷᠬᠠᠶᠢᠯᠠᠯᠲᠠ ᠶᠢ ᠲᠠᠭᠠᠷᠴᠢ ᠪᠠᠶᠢᠭ᠎ᠠ ᠪᠦᠬᠦ ᠮᠠᠰᠢᠨ CE ᠍ ᠲᠡᠮᠳᠡᠭᠯᠡᠭᠡᠭᠡᠷ᠎ᠡ ᠲᠡᠮᠳᠡᠭᠯᠡᠭᠳᠡᠭᠰᠡᠨ ᠪᠠᠶᠢᠬᠤ ᠱᠠᠭᠠᠷᠳᠠᠯᠭ᠎ᠠ ᠲᠠᠢ᠃ ᠮᠥᠨ ᠡᠨᠡ ᠲᠣᠳᠣᠷᠬᠠᠶᠢᠯᠠᠯᠲᠠ ᠶᠢᠨ ᠳᠠᠭᠠᠤ ᠪᠣᠯ ᠬᠣᠯᠣᠭᠠᠨ᠎ᠠ ᠤ ᠬᠠᠪᠬ᠎ᠠ ᠬᠦᠷᠲᠡᠯ᠎ᠡ ᠮᠠᠰᠢᠨ ᠲᠣᠭᠠᠴᠠᠭᠳᠠᠬᠤ ᠪᠥᠭᠡᠳ ᠤᠴᠢᠷ ᠨᠢ ᠬᠠᠪᠬ᠎ᠠ ᠶᠢ ᠴᠡᠨᠡᠭᠯᠡᠨ ᠲᠠᠯᠪᠢᠬᠤ ᠱᠠᠭᠠᠷᠳᠠᠭᠳᠠᠬᠤ ᠬᠦᠴᠦ ᠨᠢ ᠰᠢᠭᠤᠳ ᠠᠰᠢᠭᠯᠠᠭᠳᠠᠬᠤ ᠦᠭᠡᠢ ᠬᠠᠷᠢᠨ ᠫᠦᠷᠱᠠᠩᠳᠠ ᠬᠠᠳᠠᠭᠠᠯᠠᠭᠳᠠᠨ ᠦᠢᠯᠡᠳᠴᠦ ᠪᠠᠶᠢᠭ᠎ᠠ ᠪᠣᠯᠬᠣᠷ᠃

ᠮᠠᠰᠢᠨ ᠦᠢᠯᠡᠳᠪᠦᠷᠢᠯᠡᠯ ᠦᠨ ᠲᠡᠦᠬᠡ[ᠵᠠᠰᠠᠪᠤᠷᠢᠯᠠᠬᠤ | ᠺᠣᠳ᠋ ᠢᠶᠠᠷ ᠵᠠᠰᠠᠬᠣ]

ᠮᠧᠬᠠᠨᠢᠭ ᠢᠨᠵᠧᠨᠧᠷ ᠨᠢ ᠬᠠᠮᠤᠭ ᠤᠨ ᠡᠷᠲᠡᠨ ᠦ ᠰᠢᠨᠵᠢᠯᠡᠬᠦ ᠤᠬᠠᠭᠠᠨ ᠪᠥᠭᠡᠳ ᠲᠡᠭᠦᠨ ᠦ ᠰᠠᠭᠤᠷᠢ ᠰᠢᠨᠵᠢᠯᠡᠬᠦ ᠤᠬᠠᠭᠠᠨ ᠨᠢ ᠰᠣᠩᠭᠣᠳᠠᠭ ᠹᠢᠽᠢᠺ (ᠢᠯᠠᠩᠭᠤᠶ᠎ᠠ ᠰᠣᠩᠭᠣᠳᠠᠭ ᠮᠧᠬᠠᠨᠢᠭ) ᠶᠤᠮ᠃ 18 ᠍ᠳ᠋ᠤᠭᠠᠷ ᠵᠠᠭᠤᠨ ᠠᠴᠠ ᠡᠬᠢᠯᠡᠨ ᠢᠨᠵᠧᠨᠧᠷ ᠦᠨ ᠪᠡᠶ᠎ᠡ ᠳᠠᠭᠠᠭᠰᠠᠨ ᠮᠡᠷᠭᠡᠵᠢᠯ ᠪᠣᠯᠤᠨ ᠬᠥᠭᠵᠢᠭᠰᠡᠨ᠃ ᠪᠠᠶᠢᠭᠠᠯᠢ ᠶᠢᠨ ᠰᠢᠨᠵᠢᠯᠡᠬᠦ ᠤᠬᠠᠭᠠᠨ ᠤ ᠣᠯᠤᠯᠲᠠ ᠨᠡᠭᠡᠭᠡᠯᠲᠡ ᠨᠦᠭᠦᠳ ᠨᠢ ᠮᠧᠬᠠᠨᠢᠭ ᠢᠨᠵᠧᠨᠧᠷ ᠦᠨ ᠰᠠᠯᠪᠤᠷᠢ ᠳᠤ ᠬᠡᠷᠡᠭᠯᠡᠭᠡ ᠪᠡᠨ ᠣᠯᠳᠠᠭ ᠪᠠᠶᠢᠯ᠎ᠠ᠃ ᠠᠵᠤ ᠦᠢᠯᠡᠳᠪᠦᠷᠢ ᠶᠢᠨ ᠬᠤᠪᠢᠰᠬᠠᠯ ᠤᠨ ᠴᠠᠭ ᠦᠶ᠎ᠡ ᠡᠴᠡ ᠡᠬᠢᠯᠡᠨ ᠳᠡᠯᠡᠬᠡᠢ ᠶᠢ ᠪᠣᠭᠣᠨᠢ ᠬᠤᠭᠤᠴᠠᠭᠠᠨ ᠳᠤ ᠠᠰᠤᠷᠤ ᠬᠤᠷᠳᠤᠴᠠ ᠲᠠᠢ ᠪᠠᠷ ᠥᠭᠡᠷᠡᠴᠢᠯᠡᠭᠰᠡᠨ᠃

ᠮᠠᠨ ᠤ ᠡᠷᠡᠨ ᠦ ᠡᠮᠦᠨ᠎ᠡ ᠮᠠᠰᠢᠨ ᠦᠢᠯᠡᠳᠪᠦᠷᠢᠯᠡᠯ[ᠵᠠᠰᠠᠪᠤᠷᠢᠯᠠᠬᠤ | ᠺᠣᠳ᠋ ᠢᠶᠠᠷ ᠵᠠᠰᠠᠬᠣ]

 • ᠣᠶᠢᠷᠠᠯᠴᠠᠭ᠎ᠠ ᠪᠠᠷ ᠮᠠᠨ ᠤ ᠡᠷᠡᠨ ᠦ ᠡᠮᠦᠨ᠎ᠡ 700 ᠤᠨ: ᠪᠠᠪᠢᠯᠠᠨᠤᠰᠤᠨ ᠲᠡᠭᠡᠷᠮ᠎ᠡ᠂ ᠮᠧᠬᠠᠨᠢᠭ ᠢᠨᠵᠧᠨᠧᠷ ᠦᠨ ᠬᠢᠴᠡ
 • ᠣᠶᠢᠷᠠᠯᠴᠠᠭ᠎ᠠ ᠪᠠᠷ ᠮᠠᠨ ᠤ ᠡᠷᠡᠨ ᠦ ᠡᠮᠦᠨ᠎ᠡ 550 ᠤᠨ: ᠡᠷᠭᠢᠬᠦ ᠮᠠᠰᠢᠨ᠂ ᠠᠩᠬᠠᠨ ᠤ ᠹᠷᠧᠽᠧᠷ ᠤᠨ ᠡᠷᠭᠢᠬᠦ ᠰᠠᠭᠤᠷᠢ ᠮᠠᠰᠢᠨ
 • ᠣᠶᠢᠷᠠᠯᠴᠠᠭ᠎ᠠ ᠪᠠᠷ ᠮᠠᠨ ᠤ ᠡᠷᠡᠨ ᠦ ᠡᠮᠦᠨ᠎ᠡ 340 ᠤᠨ: ᠠᠷᠢᠰᠲ᠋ᠣᠲ᠋ᠧᠯ ᠦᠨ ᠲᠣᠳᠣᠷᠬᠠᠶᠢᠯᠠᠯᠲᠠ: ᠬᠥᠰᠢᠭᠦᠷᠭᠡ᠂ ᠰᠢᠷᠤᠭ ᠢ ᠮᠠᠰᠢᠨ ᠬᠡᠮᠡᠨ ᠨᠡᠷᠡᠯᠡᠵᠦ ᠡᠬᠢᠯᠡᠭᠰᠡᠨ
 • ᠣᠶᠢᠷᠠᠯᠴᠠᠭ᠎ᠠ ᠪᠠᠷ ᠮᠠᠨ ᠤ ᠡᠷᠡᠨ ᠦ ᠡᠮᠦᠨ᠎ᠡ 200 ᠤᠨ: ᠠᠯᠧᠺᠰᠳᠠᠷᠢᠭ᠎ᠠ ᠶᠢᠨ ᠭᠧᠷᠣᠨ ᠠᠩᠬᠠᠨ ᠤ ᠳᠤᠯᠠᠭᠠᠨ ᠤ ᠬᠦᠴᠦᠨ ᠦ ᠮᠠᠰᠢᠨ

ᠰᠤᠷᠭᠠᠭᠤᠯᠢ᠂ ᠰᠤᠷᠭᠠᠯᠲᠠ[ᠵᠠᠰᠠᠪᠤᠷᠢᠯᠠᠬᠤ | ᠺᠣᠳ᠋ ᠢᠶᠠᠷ ᠵᠠᠰᠠᠬᠣ]

=== ᠶᠡᠬᠡ᠂ ᠳᠡᠭᠡᠳᠦ ᠰᠤᠷᠭᠠᠭᠤᠯᠢ ===  ᠶᠡᠬᠡ ᠳᠡᠭᠡᠳᠦ ᠰᠤᠷᠭᠠᠭᠤᠯᠢ (ᠮᠥᠨ ᠲᠧᠭᠨᠢᠭ ᠦᠨ ᠶᠡᠬᠡ ᠳᠡᠭᠡᠳᠦ ᠰᠤᠷᠭᠠᠭᠤᠯᠢ) ᠢᠷᠡᠭᠡᠳᠦᠢ ᠶᠢᠨ ᠢᠨᠵᠧᠨᠧᠷ ᠪᠣᠯᠬᠤ ᠶᠢᠨ ᠲᠤᠯᠠᠳᠠ ᠮᠠᠰᠢᠨ ᠦᠢᠯᠡᠳᠪᠦᠷᠢᠯᠡᠯ ᠢᠶᠡᠷ ᠰᠤᠷᠬᠤ ᠨᠢ ᠭᠤᠷᠪᠠᠨ ᠰᠣᠩᠭᠣᠳᠠᠭ ᠢᠨᠵᠧᠨᠧᠷ ᠦᠨ ᠰᠤᠷᠭᠠᠯᠲᠠ ᠶᠢᠨ ᠨᠢᠭᠡ (ᠨᠥᠭᠥᠭᠡ ᠬᠣᠶᠠᠷ ᠨᠢ ᠴᠠᠬᠢᠯᠭᠠᠨ ᠤ ᠢᠨᠵᠧᠨᠧᠷ ᠪᠣᠯᠤᠨ ᠪᠠᠷᠢᠯᠭ᠎ᠠ ᠶᠢᠨ ᠢᠨᠵᠧᠨᠧᠷ) ᠶᠤᠮ᠃

ᠮᠠᠰᠢᠨ᠂ ᠲᠡᠭᠦᠨ ᠦ ᠡᠳ᠋ ᠠᠩᠭᠢ ᠪᠣᠯᠤᠨ ᠮᠠᠲ᠋ᠧᠷᠢᠶᠠᠯ ᠤᠨ ᠲᠤᠬᠠᠢ ᠨᠠᠷᠢᠪᠴᠢᠯᠠᠨ ᠰᠤᠷᠠᠬᠤ ᠠᠴᠠ ᠭᠠᠳᠠᠨ᠎ᠠ ᠲᠡᠳᠡᠭᠡᠷ ᠦᠨ ᠬᠣᠭᠣᠷᠣᠨᠳᠣ ᠶᠢᠨ ᠬᠠᠮᠢᠶᠠᠷᠤᠯ ᠪᠣᠯᠤᠨ ᠠᠰᠠᠭᠤᠳᠠᠯ ᠢ ᠰᠢᠢᠳᠬᠦ ᠠᠷᠭ᠎ᠠ ᠵᠠᠮ ᠢ ᠣᠯᠬᠤ ᠠᠷᠭᠠᠴᠢᠯᠠᠯ ᠢ ᠰᠤᠷᠤᠯᠴᠠᠨ᠎ᠠ᠃ ᠢᠷᠡᠭᠡᠳᠦᠢ ᠶᠢᠨ ᠢᠨᠵᠧᠨᠧᠷ ᠦᠳ ᠲᠦ ᠰᠢᠰᠲ᠋ᠧᠮ ᠢᠶᠡᠷ ᠨᠢ ᠪᠣᠳᠣᠵᠤ ᠲᠤᠩᠭᠠᠬᠤ᠂ ᠡᠨᠡ ᠰᠢᠰᠲ᠋ᠧᠮ ᠢ ᠲᠠᠨᠢᠵᠤ ᠮᠡᠳᠡᠬᠦ ᠲᠡᠭᠦᠨ ᠢᠶᠡᠨ ᠵᠠᠳᠠᠯᠤᠨ ᠣᠶᠢᠯᠠᠭᠠᠵᠤ ᠰᠤᠷᠬᠤ ᠠᠷᠭ᠎ᠠ ᠪᠠᠷᠢᠯ ᠢ ᠴᠢᠬᠤᠯᠠᠴᠢᠯᠠᠨ ᠵᠢᠭᠠᠭᠠᠳᠠᠭ᠃ ᠢᠩᠭᠢᠭᠰᠡᠨ ᠢᠶᠡᠷ ᠨᠠᠷᠢᠨ ᠲᠥᠪᠡᠭᠲᠡᠢ ᠰᠢᠰᠲ᠋ᠧᠮ ᠪᠣᠯᠬᠤ ᠴᠠᠬᠢᠯᠭᠠᠨ ᠰᠲ᠋ᠠᠨᠼ᠂ ᠠᠦ᠋ᠲ᠋ᠣᠮᠠᠰᠢᠨ᠂ ᠡᠰᠡᠪᠡᠯ ᠣᠩᠭᠣᠴᠠ ᠶᠢ ᠲᠡᠭᠦᠨ ᠦ ᠵᠠᠳᠠᠷᠠᠬᠤ ᠪᠦᠬᠦ ᠵᠢᠵᠢᠭ ᠬᠡᠰᠡᠭ ᠲᠦ ᠨᠢ ᠵᠠᠳᠠᠯᠤᠨ᠂ ᠲᠡᠭᠦᠨᠳᠡᠭᠡ ᠣᠨᠣᠪᠴᠢᠲᠠᠢ ᠰᠢᠢᠳᠦᠯ ᠣᠯᠣᠰᠣᠨ ᠤ ᠳᠠᠷᠠᠭ᠎ᠠ ᠲᠡᠭᠦᠨ ᠢᠶᠡᠨ ᠪᠤᠴᠠᠭᠠᠨ ᠪᠦᠲᠦᠨ ᠰᠢᠰᠲ᠋ᠧᠮ ᠪᠣᠯᠭᠠᠨ ᠦᠢᠯᠡᠳᠪᠦᠷᠢᠯᠡᠬᠦ ᠤᠷ᠎ᠠ ᠴᠢᠳᠠᠪᠤᠷᠢ ᠰᠤᠷᠤᠯᠴᠠᠳᠠᠭ᠃ ᠰᠤᠷᠤᠯᠴᠠᠵᠤ ᠳᠠᠭᠤᠰᠤᠭᠠᠳ Bachelor of Science / Master of Science ᠡᠰᠡᠪᠡᠯ Bachelor of Engineering / Master of Engineering (ᠮᠣᠩᠭᠤᠯ᠄ ᠣᠶᠣᠳᠠᠨ ᠢᠨᠵᠧᠨᠧᠷ / ᠮᠠᠭᠢᠰᠲ᠋ᠷ ᠢᠨᠵᠧᠨᠧᠷ) ᠢᠨᠵᠧᠨᠧᠷ ᠦᠨ ᠳ᠋ᠢᠫᠯᠣᠮ ᠠᠪᠬᠤ ᠪᠠ ᠡᠭᠦᠨ ᠦ ᠳᠠᠷᠠᠭ᠎ᠠ ᠠᠺᠠᠳᠧᠮᠢ ᠶᠢᠨ Bachelor / Master of Science (B.Sc. / M.Sc.) ᠡᠰᠡᠪᠡᠯ Bachelor / Master of Engineering (B.Eng. / M.Eng.) ᠴᠣᠯᠠ ᠶᠢ ᠨᠡᠷ᠎ᠡ ᠶᠢᠨ ᠢᠶᠡᠨ ᠡᠮᠦᠨ᠎ᠡ ᠴᠣᠯᠠᠯᠠᠭᠤᠯᠬᠤ ᠡᠷᠬᠡ ᠶᠢ ᠠᠯᠪᠠᠨ ᠶᠣᠰᠣᠭᠠᠷ ᠬᠦᠯᠢᠶᠡᠵᠦ ᠠᠪᠤᠨ᠎ᠠ᠃

ᠲᠧᠭᠨᠢᠭ ᠦᠨ ᠳᠤᠮᠳᠠ ᠰᠤᠷᠭᠠᠭᠤᠯᠢ[ᠵᠠᠰᠠᠪᠤᠷᠢᠯᠠᠬᠤ | ᠺᠣᠳ᠋ ᠢᠶᠠᠷ ᠵᠠᠰᠠᠬᠣ]

ᠭᠧᠷᠮᠠᠨ ᠬᠡᠯᠡ ᠲᠡᠢ ᠤᠯᠤᠰ ᠣᠷᠣᠨ ᠳᠤ ᠶᠡᠬᠡ ᠳᠡᠭᠡᠳᠦ ᠰᠤᠷᠭᠠᠭᠤᠯᠢ ᠶᠢᠨ ᠢᠨᠵᠧᠨᠧᠷ ᠦᠨ ᠰᠤᠷᠭᠠᠯᠲᠠ ᠠᠴᠠ ᠭᠠᠳᠠᠨ᠎ᠠ ᠮᠧᠬᠠᠨᠢᠭ ᠢᠨᠵᠧᠨᠧᠷ ᠦᠨ ᠲᠧᠭᠨᠢᠭᠴᠢ ᠶᠢ ᠪᠡᠯᠡᠳᠬᠡᠬᠦ ᠮᠡᠷᠭᠡᠵᠢᠯ ᠦᠨ ᠰᠤᠷᠭᠠᠭᠤᠯᠢ ᠨᠤᠭᠤᠳ ᠨᠢ ᠡᠷᠲᠡᠨ ᠦ ᠤᠯᠠᠮᠵᠢᠯᠠᠯᠲᠤ ᠰᠤᠷᠭᠠᠯᠲᠠ ᠶᠢᠨ ᠬᠡᠯᠪᠡᠷᠢ ᠨᠦᠭᠦᠳ ᠦᠨ ᠨᠢᠭᠡ ᠶᠤᠮ᠃ ᠡᠨᠡ ᠲᠥᠷᠥᠯ ᠦᠨ ᠰᠤᠷᠭᠠᠯᠲᠠᠨ ᠳᠤ ᠬᠣᠶᠠᠷ ᠵᠢᠯ ᠵᠥᠪᠬᠡᠨ ᠮᠡᠷᠭᠡᠵᠢᠯ ᠦᠨ ᠬᠢᠴᠢᠶᠡᠯ ᠦᠵᠡx ᠪᠥᠭᠡᠳ ᠲᠡᠭᠦᠰᠬᠦ ᠳᠦ ᠪᠡᠨ ᠤᠯᠤᠰ ᠠᠴᠠ ᠰᠢᠯᠭᠠᠭᠳᠠᠭᠰᠠᠨ ᠲᠧᠭᠨᠢᠭᠴᠢ ᠪᠣᠯᠬᠤ ᠪᠥᠭᠡᠳ ᠬᠦᠰᠡᠪᠡᠯ ᠶᠡᠬᠡ ᠳᠡᠭᠡᠳᠦ ᠰᠤᠷᠭᠠᠭᠤᠯᠢ ᠳᠤ ᠢᠨᠵᠧᠨᠧᠷ ᠦᠨ ᠮᠡᠷᠭᠡᠵᠢᠯ ᠢᠶᠡᠷ ᠰᠤᠷᠬᠤ ᠡᠷᠬᠡ ᠲᠡᠢ ᠪᠣᠯᠳᠠᠭ᠃ ᠠᠦᠢᠰᠲᠷᠶ᠎ᠠ ᠪᠣᠯᠤᠨ ᠰᠸᠢᠰ ᠳᠤ ᠴᠤ ᠮᠥᠨ ᠡᠶᠢᠮᠦ ᠲᠥᠷᠥᠯ ᠦᠨ ᠮᠡᠷᠭᠡᠵᠢᠯ ᠦᠨ ᠰᠤᠷᠭᠠᠯᠲᠠ ᠨᠤᠭᠤᠳ ᠪᠠᠶᠢᠳᠠᠭ᠃

 ᠨᠣᠮ ᠰᠤᠷᠬᠤ ᠪᠢᠴᠢᠭ[ᠵᠠᠰᠠᠪᠤᠷᠢᠯᠠᠬᠤ | ᠺᠣᠳ᠋ ᠢᠶᠠᠷ ᠵᠠᠰᠠᠬᠣ]

 • Karl-Heinrich Grote, Jörg Feldhusen (Hrsg.): Dubbel - Taschenbuch für den Maschinenbau. 23. Auflage. Springer, Berlin 2012, ISBN 978-3642173059. (Standardwerk)
 • Alfred Böge (Hrsg.): Handbuch Maschinenbau: Grundlagen und Anwendungen der Maschinenbau-Technik. 19., überarb. und. erw. Auflage. Vieweg, Braunschweig 2009, ISBN 978-3-8348-0487-7.
 • Ekbert Hering, Karl-Heinz Modler (Hrsg.): Grundwissen des Ingenieurs. 14., aktualisierte, Auflage. Fachbuchverlag Leipzig, Leipzig 2007, ISBN 978-3-446-22814-6.
 • Horst Czichos, Manfred Hennecke: Hütte. Das Ingenieurswissen. 33. Auflage. Springer, Berlin 2007, ISBN 978-3-540-20325-4.

ᠭᠠᠳᠠᠭᠠᠳᠤ ᠬᠣᠯᠪᠣᠭᠠᠰᠤ[ᠵᠠᠰᠠᠪᠤᠷᠢᠯᠠᠬᠤ | ᠺᠣᠳ᠋ ᠢᠶᠠᠷ ᠵᠠᠰᠠᠬᠣ]

ᠵᠡᠭᠦᠯᠲᠡ ᠲᠠᠶᠢᠯᠪᠤᠷᠢ[ᠵᠠᠰᠠᠪᠤᠷᠢᠯᠠᠬᠤ | ᠺᠣᠳ᠋ ᠢᠶᠠᠷ ᠵᠠᠰᠠᠬᠣ]

 1. Rudolf Koller, Konstruktionslehre für den Maschinenbau 3. Springer-Verlag Berlin 1994. ISBN 3-540-57928-1 ᠬᠠᠭᠤᠳᠠᠰᠤ XVIII
 2. ᠮᠠᠰᠢᠨ ᠤ ᠨᠡᠷ᠎ᠡ ᠲᠣᠮᠢᠶᠠᠨ ᠤ ᠲᠣᠳᠣᠷᠬᠠᠶᠢᠯᠠᠯᠲᠠ: 2 ᠍ᠳ᠋ᠤᠭᠠᠷ ᠭᠠᠷᠴᠠᠭ ᠢ ᠦᠵᠡᠨ᠎ᠡ ᠦᠦ (PDF; 1,4 MB)

ᠮᠥᠨ ᠦᠵᠡᠬᠦ[ᠵᠠᠰᠠᠪᠤᠷᠢᠯᠠᠬᠤ | ᠺᠣᠳ᠋ ᠢᠶᠠᠷ ᠵᠠᠰᠠᠬᠣ]

Portal.svg: ᠮᠧᠬᠠᠨᠢᠭ ᠢᠨᠵᠧᠨᠧᠷ

ᠪᠢᠴᠢᠭᠡᠰᠦ