ᠮᠠᠰᠢᠨ

ᠴᠢᠯᠦᠭᠡᠲᠦ ᠨᠡᠪᠲᠡᠷᠬᠡᠢ ᠲᠣᠯᠢ — ᠸᠢᠺᠢᠫᠧᠳᠢᠶ᠎ᠠ ᠠᠴᠠ
ᠬᠠᠷᠠᠶᠢᠬᠤ: ᠤᠳᠤᠷᠢᠳᠬᠤ, ᠬᠠᠶᠢᠯᠲᠠ
ᠲᠠᠮᠠᠬᠢ ᠣᠷᠢᠶᠠᠳᠠᠭ ᠮᠠᠰᠢᠨ

ᠮᠠᠰᠢᠨ (ᠠᠩᠭᠯᠢ ᠪᠠᠷ machine, ᠯᠠᠲ᠋ᠢᠨ ᠢᠶᠠᠷ machina ᠪᠠᠭᠠᠵᠢ᠂ ᠬᠡᠷᠡᠭᠰᠡᠯ ᠡᠰᠡᠪᠡᠯ ᠵᠣᠬᠢᠶᠠᠮᠠᠯ ᠲᠥᠬᠦᠭᠡᠷᠦᠮᠵᠢ) ᠭᠡᠳᠡᠭ ᠨᠢ ᠬᠥᠲᠥᠯᠬᠦ ᠰᠢᠰᠲ᠋ᠧᠮᠡᠶᠢᠨ ᠲᠤᠰᠠᠯᠠᠯᠴᠠᠭ᠎ᠠ ᠲᠠᠢ ᠬᠦᠳᠡᠯᠬᠦ ᠡᠳ᠋ ᠠᠩᠭᠢ ᠶᠢ ᠵᠣᠬᠢᠶᠠᠮᠠᠯ ᠲᠥᠬᠦᠭᠡᠷᠦᠮᠵᠢ ᠪᠤᠶᠤ ᠮᠠᠰᠢᠨ ᠭᠡᠨ᠎ᠡ᠃《[1][2] ᠮᠠᠰᠢᠨ ᠨᠢ ᠶᠡᠬᠡᠪᠴᠢᠯᠡᠨ ᠲᠧᠭᠨᠢᠭ ᠦᠨ ᠠᠵᠢᠯ ᠤᠨᠨ ᠬᠡᠷᠡᠭᠰᠡᠯ ᠪᠣᠯᠭᠠᠨ ᠬᠡᠷᠡᠭᠯᠡᠬᠦ ᠪᠠ ᠢᠯᠠᠩᠭᠤᠶ᠎ᠠ ᠮᠧᠬᠠᠨᠢᠭ ᠢᠶᠠᠷ ᠨᠥᠯᠦᠭᠡᠯᠡᠬᠦ ᠡᠭᠦᠳᠡᠨ ᠡᠴᠡ ᠬᠡᠷᠡᠭᠯᠡᠳᠡᠭ᠃ ᠥᠩᠭᠡᠷᠡᠭᠰᠡᠨ ᠵᠠᠭᠤᠨ ᠳᠤ ᠮᠠᠰᠢᠨ ᠲᠧᠭᠨᠢᠭ ᠲᠦ ᠡᠨᠧᠷᠭᠢ ᠪᠣᠯᠤᠨ ᠮᠠᠲ᠋ᠧᠷᠢᠶᠠᠯ ᠤᠨ ᠤᠷᠤᠰᠬᠠᠯ ᠢ ᠴᠢᠬᠤᠯᠠᠴᠢᠯᠠᠨ ᠦᠵᠡᠳᠡᠭ ᠪᠠᠶᠢᠭᠰᠠᠨ ᠪᠣᠯ ᠣᠷᠴᠢᠨ ᠦᠶ᠎ᠡ ᠶᠢᠨ ᠮᠠᠰᠢᠨ ᠲᠧᠭᠨᠢᠭ ᠢ ᠮᠡᠳᠡᠭᠡᠯᠡᠯ ᠦᠨ ᠲᠧᠭᠨᠣᠯᠣᠭᠢ ᠲᠡᠭᠦᠨ ᠦ ᠣᠷᠣᠯᠴᠠᠭ᠎ᠠ ᠦᠭᠡᠢ ᠪᠡᠷ ᠲᠥᠰᠦᠭᠡᠯᠡᠬᠦ ᠶᠢᠨ ᠠᠷᠭ᠎ᠠ ᠦᠭᠡᠢ ᠪᠣᠯᠤᠭᠰᠠᠨ ᠪᠠ ᠪᠠᠷᠤᠭ ᠪᠦᠬᠦ ᠲᠥᠷᠦᠯ ᠦᠨ ᠮᠠᠰᠢᠨ ᠲᠧᠭᠨᠢᠭ ᠲᠦ ᠲᠡᠭᠦᠨ ᠦ ᠭᠦᠢᠴᠡᠳᠭᠡᠬᠦ ᠡᠭᠦᠷᠭᠡ ᠨᠡᠮᠡᠭᠳᠡᠭᠰᠡᠨ ᠪᠠᠶᠢᠨ᠎ᠠ (ᠠᠦ᠋ᠲ᠋ᠣᠮᠠᠲᠵᠢᠭᠤᠯᠤᠯᠲᠠ). ᠮᠠᠰᠢᠨ ᠲᠧᠭᠨᠢᠭ ᠦᠨ ᠨᠡᠭᠡᠭᠡᠯᠲᠡ ᠪᠣᠯᠤᠨ ᠲᠡᠭᠦᠨ ᠢ ᠠᠰᠢᠭᠯᠠᠬᠤ ᠨᠢ ᠬᠦᠮᠦᠨ ᠦ ᠬᠥᠳᠡᠯᠮᠦᠷᠢ ᠶᠢ ᠬᠥᠩᠭᠡᠪᠴᠢᠯᠡᠬᠦ᠂ ᠥᠪᠡᠷ ᠦᠨ ᠢᠶᠡᠨ ᠴᠢᠳᠠᠯ ᠢ ᠲᠣᠳᠣᠷᠬᠠᠢ ᠬᠡᠮᠵᠢᠶ᠎ᠡ ᠪᠡᠷ ᠨᠡᠮᠡᠭᠳᠡᠭᠦᠯᠡx, ᠴᠠᠭ ᠬᠤᠭᠤᠴᠠᠭ᠎ᠠ ᠬᠡᠮᠨᠡᠬᠦ᠂ ᠢᠵᠢᠯ ᠪᠦᠲᠦᠭᠡᠭᠳᠡᠬᠦᠨ ᠢ ᠣᠯᠠᠨ ᠢᠶᠠᠷ ᠦᠢᠯᠡᠳᠪᠦᠷᠢᠯᠡᠬᠦ ᠡᠰᠡᠪᠡᠯ ᠭᠠᠷ ᠢᠶᠠᠷ ᠬᠢᠬᠦ ᠪᠣᠯᠤᠮᠵᠢ ᠦᠭᠡᠢ ᠨᠠᠷᠢᠨ ᠠᠵᠢᠯᠯᠠᠭ᠎ᠠ ᠱᠠᠭᠠᠷᠳᠠᠭᠰᠠᠨ ᠪᠦᠲᠦᠭᠡᠭᠳᠡᠬᠦᠨ ᠦᠢᠯᠡᠳᠪᠦᠷᠢᠯᠡᠬᠦ ᠵᠡᠷᠭᠡ ᠳᠦ ᠣᠷᠣᠰᠢᠨ᠎ᠠ᠃ ᠣᠷᠴᠢᠨ ᠦᠶ᠎ᠡ ᠶᠢᠨ ᠮᠠᠰᠢᠨ ᠲᠧᠭᠨᠢᠭ ᠢ ᠠᠶᠤᠯᠲᠠᠢ ᠠᠵᠢᠯ ᠤᠨᠨ ᠪᠠᠶᠢᠷᠢ᠂ ᠪᠡᠶ᠎ᠡ ᠶᠢᠨ ᠬᠦᠴᠦ ᠪᠣᠯᠤᠨ ᠣᠶᠤᠨ ᠤ ᠴᠢᠳᠠᠪᠤᠷᠢ ᠱᠠᠭᠠᠷᠳᠠᠭᠰᠠᠨ ᠬᠡᠰᠡᠭ ᠲᠦ ᠶᠡᠬᠡ ᠪᠡᠷ ᠠᠰᠢᠭᠯᠠᠳᠠᠭ᠃ ᠮᠠᠰᠢᠨ ᠪᠦᠬᠦᠨ ᠬᠡᠷᠡᠭᠯᠡᠭᠡᠨ ᠡᠴᠡ ᠪᠡᠨ ᠰᠢᠯᠲᠠᠭᠠᠯᠠᠨ ᠥᠪᠡᠷ ᠦᠨ ᠭᠡᠰᠡᠨ ᠥᠪᠡᠷᠮᠢᠴᠡ ᠲᠤᠰᠬᠠᠢ ᠬᠢᠴᠡ ᠲᠡᠢ ᠪᠠᠶᠢᠳᠠᠭ᠃ ᠮᠠᠰᠢᠨ ᠤ ᠪᠦᠷᠢᠯᠳᠦᠬᠦᠨ ᠬᠡᠰᠡᠭ ᠲᠦ ᠶᠡᠬᠡ ᠬᠡᠮᠵᠢᠶ᠎ᠡ ᠪᠡᠷ ᠲᠣᠳᠣᠷᠬᠠᠢ ᠰᠲ᠋ᠠᠨᠳᠠᠷᠲ ᠹᠦᠨᠺᠼ ᠪᠦᠬᠦᠢ (ᠵᠢᠱᠢᠶ᠎ᠡ ᠨᠢ ᠪᠡᠬᠢᠯᠡᠬᠦ ᠪᠤᠶᠤ ᠲᠣᠭᠲᠠᠭᠠᠬᠤ ᠵᠣᠷᠢᠭᠤᠯᠤᠯᠲᠠ ᠪᠦᠬᠦᠢ) ᠵᠢᠵᠢᠭ ᠮᠠᠰᠢᠨ ᠤ ᠡᠳ᠋ ᠬᠡᠰᠡᠭ ᠪᠠᠶᠢᠬᠤ ᠪᠠ ᠡᠭᠦᠨ ᠢ ᠨᠢᠭᠡᠳᠦᠭᠰᠡᠨ ᠲᠧᠭᠨᠢᠭ ᠦᠨ ᠰᠲ᠋ᠠᠨᠳᠠᠷᠲ ᠤᠨ ᠳᠠᠭᠠᠤ ᠪᠠᠶᠢᠩᠭᠤ ᠶᠡᠬᠡ ᠬᠡᠮᠵᠢᠶ᠎ᠡ ᠪᠡᠷ ᠦᠢᠯᠡᠳᠪᠦᠷᠢᠯᠡᠳᠡᠭ᠃ ᠪᠡᠬᠢᠯᠡᠨ ᠲᠣᠭᠲᠠᠭᠠᠬᠤ ᠮᠠᠰᠢᠨ ᠤ ᠡᠳ᠋ ᠠᠩᠭᠢ ᠳᠤ ᠵᠢᠱᠢᠶᠡᠯᠡᠪᠡᠯ ᠡᠷᠭᠢᠱᠤᠷᠠᠭᠪᠣᠭᠣᠯᠲᠠ ᠵᠡᠷᠭᠡ ᠤᠷᠤᠬᠤ ᠪᠠ ᠬᠠᠷᠢᠨ ᠬᠥᠳᠡᠯᠭᠡᠭᠡᠨᠲᠡᠢ ᠮᠠᠰᠢᠨ ᠤ ᠡᠳ᠋ ᠬᠡᠰᠡᠭ ᠲᠦ ᠠᠷᠠᠭ᠎ᠠ ᠪᠣᠯᠤᠨ ᠬᠥᠰᠢᠬᠦ ᠡᠳ᠋ ᠠᠩᠭᠢ ᠨᠤᠭᠤᠳ ᠣᠷᠣᠨ᠎ᠠ᠃

ᠲᠣᠳᠣᠷᠬᠠᠶᠢᠯᠠᠯᠲᠠ[ᠵᠠᠰᠠᠪᠤᠷᠢᠯᠠᠬᠤ | ᠺᠣᠳ᠋ ᠢᠶᠠᠷ ᠵᠠᠰᠠᠬᠣ]

ᠲᠡᠦᠬᠡ[ᠵᠠᠰᠠᠪᠤᠷᠢᠯᠠᠬᠤ | ᠺᠣᠳ᠋ ᠢᠶᠠᠷ ᠵᠠᠰᠠᠬᠣ]

ᠡᠷᠲᠡᠨ ᠦ ᠷᠤᠮᠠ ᠳᠤ ᠪᠦᠲᠦᠭᠡᠭᠳᠡᠭᠰᠡᠨ ᠨᠠᠰᠣᠰᠢᠰᠫᠠᠨᠢ ᠶᠢᠨ ᠠᠷᠬᠧᠣᠯᠣᠭᠢ ᠶᠢᠨ ᠦᠨᠳᠦᠰᠦᠨ ᠦ ᠮᠦᠽᠧᠢ᠂ ᠮᠠᠳᠷᠢᠳ

ᠮᠠᠰᠢᠨ ᠪᠣᠯ ᠬᠦᠮᠦᠨ ᠦ ᠪᠦᠲᠦᠭᠡᠭᠰᠡᠨ ᠪᠦᠲᠦᠭᠡᠭᠳᠡᠬᠦᠨ᠃ МЭ ᠍ ᠦ ᠡᠬᠢᠨ ᠦᠶ᠎ᠡ ᠳᠦ ᠲᠡᠭᠦᠨ ᠢ ᠬᠦᠮᠦᠨ ᠦ ᠬᠥᠳᠡᠯᠮᠦᠷᠢ ᠶᠢ ᠬᠥᠩᠭᠡᠪᠴᠢᠯᠡᠬᠦ ᠲᠧᠭᠨᠢᠭ ᠭᠡᠬᠦ ᠡᠴᠡ ᠪᠡᠨ ᠢᠯᠡᠭᠦᠦ ᠢᠳᠡ ᠰᠢᠳᠢ ᠲᠡᠢ ᠬᠣᠯᠪᠣᠨ ᠲᠠᠶᠢᠯᠪᠤᠷᠢᠯᠠᠳᠠᠭ ᠪᠠᠶᠢᠪᠠ᠃ ᠰᠡᠭᠦᠯ ᠳᠦ 14 ᠍ ᠳᠦᠭᠡᠷ ᠵᠠᠭᠤᠨ ᠠᠴᠠ ᠡᠬᠢᠯᠡᠨ ᠮᠧᠬᠠᠨᠢᠰᠮ ᠤᠨ ᠲᠠᠯ᠎ᠠ ᠪᠠᠷx ᠠᠩᠬᠠᠨ ᠤ ᠨᠠᠷᠢᠪᠴᠢᠯᠠᠭᠰᠠᠨ ᠲᠥᠰᠥᠯ ᠲᠣᠭᠠᠴᠠᠭ᠎ᠠ ᠪᠤᠢ ᠪᠣᠯᠤᠭᠰᠠᠨ᠃ ᠮᠧᠬᠠᠨᠢᠰᠮ ᠭᠡᠳᠡᠭ ᠨᠢ ᠣᠯᠠᠨ ᠡᠳ᠋ ᠠᠩᠭᠢ ᠶᠢ ᠬᠣᠭᠣᠷᠣᠨᠳᠣ ᠨᠢ ᠲᠣᠳᠣᠷᠬᠠᠢ ᠰᠢᠰᠲ᠋ᠧᠮ ᠦᠨ ᠳᠠᠭᠠᠤ ᠬᠣᠯᠪᠣᠨ ᠨᠢᠭᠡ ᠡᠳ᠋ ᠠᠩᠬᠢ ᠶᠢᠨ ᠨᠢᠭᠡᠳᠦᠯ ᠪᠣᠯᠬᠤ ᠪᠠ ᠡᠨᠡ ᠨᠢᠭᠡᠳᠦᠯ ᠦᠨ ᠠᠯᠢ ᠨᠢᠭᠡ ᠡᠳ᠋ ᠠᠩᠬᠢ ᠶᠢᠨ ᠬᠥᠳᠡᠯᠭᠡᠭᠡᠨ ᠥᠪᠡᠷ ᠡᠳ᠋ ᠠᠩᠭᠢ ᠶᠢ ᠬᠦᠴᠦ ᠪᠡᠷ ᠬᠥᠳᠡᠯᠭᠡᠭᠡᠨ ᠳᠦ ᠣᠷᠣᠭᠤᠯᠳᠠᠭ᠃ ᠲᠡᠶᠢᠮᠦ ᠡᠴᠡ ᠡᠨᠡ ᠨᠢ ᠦᠨᠳᠦᠰᠦᠨ ᠳᠦ ᠪᠡᠨ ᠬᠥᠳᠡᠯᠭᠡᠭᠡᠨ ᠳᠦ ᠡᠳ᠋ ᠠᠩᠭᠢ ᠨᠤᠭᠤᠳ ᠤᠨ ᠨᠢᠭᠡᠳᠦᠯ ᠪᠥᠭᠡᠳ ᠠᠫᠫᠠᠷᠠᠲ ᠪᠣᠯᠤᠨ ᠪᠠᠭᠠᠵᠢ ᠬᠡᠷᠡᠭᠰᠡᠯ ᠢ ᠪᠣᠳᠣᠪᠠᠯ ᠬᠠᠷᠢᠴᠠᠩᠭᠤᠢ ᠨᠠᠷᠢᠨ ᠲᠥᠪᠡᠭᠲᠡᠢ ᠬᠢᠴᠡ ᠲᠡᠢ ᠪᠠᠶᠢᠨ᠎ᠠ᠃ ᠲᠤᠬᠠᠢ ᠶᠢᠨ ᠦᠶ᠎ᠡ ᠳᠦ ᠮᠧᠬᠠᠨᠢᠰᠮ ᠪᠣᠯ ᠦᠨᠳᠦᠰᠦᠨ ᠳᠦ ᠪᠡᠨ ᠠᠵᠢᠯ ᠪᠠᠶᠢᠭᠰᠠᠨ ᠪᠠ ᠡᠨᠡ ᠠᠵᠢᠯ ᠨᠢ ᠲᠣᠳᠣᠷᠬᠠᠢ ᠬᠥᠲᠦᠯᠦᠭᠦᠷ ᠦᠨ ᠬᠡᠯᠪᠡᠷᠢ ᠲᠡᠢ ᠪᠡᠷ ᠬᠦᠴᠦ ᠶᠢ ᠳᠠᠮᠵᠢᠭᠤᠯᠬᠤ ᠡᠭᠦᠷᠭᠡ ᠲᠡᠢ᠃ ᠬᠠᠮᠤᠭ ᠤᠨ ᠨᠠᠷᠢᠨ ᠬᠢᠴᠡᠲᠡᠢ ᠮᠧᠬᠠᠨᠢᠰᠮ ᠳᠤ Grande Komplikation ᠪᠤᠶᠤ ᠮᠧᠬᠠᠨᠢᠭ ᠠᠦ᠋ᠲ᠋ᠣᠮᠠᠲ ᠴᠠᠭᠠᠨ ᠨᠤᠭᠤᠳ ᠣᠷᠣᠳᠠᠭ ᠪᠠᠶᠢᠪᠠ᠃ ᠡᠭᠦᠨ ᠦ ᠲᠣᠳᠣ ᠵᠢᠱᠢᠶ ᠡ ᠳᠦ ᠲᠩᠷᠢ ᠶᠢᠨ ᠣᠳᠣ ᠡᠷᠬᠡᠰ ᠦᠨ ᠬᠥᠳᠡᠯᠭᠡᠭᠡᠨ ᠢ ᠳᠦᠷᠰᠦᠯᠡᠭᠰᠡᠨ ᠵᠠᠭᠪᠤᠷ ᠤᠳ ᠣᠷᠣᠨ᠎ᠠ᠃

ᠮᠥᠨ ᠲᠤᠬᠠᠢ ᠶᠢᠨ ᠦᠶ᠎ᠡ ᠳᠦ ᠢᠨᠵᠧᠨᠧᠷ ᠦᠨ ᠰᠢᠨᠵᠢᠯᠡᠬᠦ ᠤᠬᠠᠭᠠᠨ ᠢ ᠤᠷᠠᠯᠢᠭ ᠬᠡᠮᠡᠨ ᠨᠡᠷᠡᠯᠡᠳᠡᠭ ᠪᠠᠶᠢᠭᠰᠠᠨ ᠪᠠ ᠡᠭᠦᠨ ᠦ ᠪᠠᠲᠤᠯᠠᠭ᠎ᠠ ᠨᠢ 19 ᠍ ᠳᠤᠭᠠᠷ ᠵᠠᠭᠤᠨ ᠳᠤ ᠠᠭᠤᠯᠠ ᠠᠭᠤᠷᠬᠠᠢ ᠳᠤ ᠮᠣᠷᠢᠨ ᠤ ᠬᠦᠴᠦ ᠪᠡᠷ ᠤᠰᠤ ᠲᠠᠲᠠᠬᠤ ᠵᠣᠷᠢᠭᠤᠯᠤᠯᠲᠠ ᠲᠠᠢ ᠮᠠᠰᠢᠨ ᠢ ᠠᠭᠤᠷᠬᠠᠢ ᠶᠢᠨ ᠬᠦᠮᠦᠨ ᠦ ᠤᠷᠠᠯᠢᠭ ᠭᠡᠵᠦ ᠨᠡᠷᠡᠯᠡᠵᠦ ᠪᠠᠶᠢᠭᠰᠠᠨ ᠢᠶᠠᠷ ᠢᠯᠡᠷᠡᠨ᠎ᠡ᠃

ᠮᠧᠬᠠᠨᠢᠭ ᠤᠨ ᠦᠨᠳᠦᠰᠦ: ᠡᠩ ᠦᠨ ᠮᠠᠰᠢᠨ ᠪᠣᠯᠤᠨ ᠠᠦ᠋ᠲ᠋ᠣᠮᠠᠲ[ᠵᠠᠰᠠᠪᠤᠷᠢᠯᠠᠬᠤ | ᠺᠣᠳ᠋ ᠢᠶᠠᠷ ᠵᠠᠰᠠᠬᠣ]

automatos humanoides ᠪᠤᠶᠤ ᠬᠦᠮᠦᠨ ᠠᠦ᠋ᠲ᠋ᠣᠮᠠᠲ

ᠰᠣᠩᠭᠣᠳᠠᠭ ᠮᠧᠬᠠᠨᠢᠭ ᠬᠥᠭᠵᠢᠨ ᠰᠢᠨᠵᠢᠯᠡᠬᠦ ᠤᠬᠠᠭᠠᠨ ᠪᠣᠯᠤᠨ ᠬᠥᠭᠵᠢᠬᠦ ᠶᠢᠨ ᠬᠢᠷᠢ ᠪᠡᠷ ᠮᠧᠬᠠᠨᠢᠭ ᠰᠢᠰᠲ᠋ᠧᠮ ᠢ ᠪᠦᠷᠢᠯᠳᠦᠭᠦᠯᠵᠦ ᠪᠠᠶᠢᠭ᠎ᠠ ᠦᠨᠳᠦᠰᠦᠨ ᠡᠳ᠋ ᠠᠩᠭᠢ ᠶᠢ ᠬᠠᠶᠢᠵᠤ ᠡᠬᠢᠯᠡᠭᠰᠡᠨ ᠪᠠ ᠡᠭᠦᠨ ᠢ ᠪᠡᠨ ᠠᠲ᠋ᠣᠮ ᠍ ᠤᠨ ᠵᠠᠭᠪᠤᠷ ᠲᠠᠢ ᠠᠳᠠᠯᠢᠳᠬᠠᠨ ᠡᠭᠦᠨ ᠡᠴᠡ ᠴᠠᠰᠢ ᠵᠠᠳᠠᠷᠠᠬᠤ ᠦᠭᠡᠢ ᠡᠳ᠋ ᠠᠩᠭᠢ ᠶᠢ ᠮᠠᠰᠢᠨ ᠤ ᠨᠢᠭᠡᠴᠡ ᠡᠳ᠋ ᠠᠩᠭᠢ ᠭᠵᠢ ᠨᠡᠷᠡᠯᠡᠬᠦ ᠤᠳᠬ᠎ᠠ ᠰᠠᠨᠠᠭ᠎ᠠ ᠶᠢ ᠡᠷᠲᠡᠨ ᠦ ᠭᠷᠧᠺ ᠦᠨ ᠢᠨᠵᠧᠨᠧᠷ (ᠠᠷᠢᠰᠲ᠋ᠣᠲ᠋ᠧᠯ) ᠭᠠᠷᠭᠠᠵᠤ ᠢᠷᠡᠭᠰᠡᠨ᠃ ᠡᠨᠳᠡ ᠡᠴᠡ ᠡᠩ ᠦᠨ ᠮᠠᠰᠢᠨᠢ ᠲᠣᠳᠣᠷᠬᠠᠶᠢᠯᠠᠯᠲᠠ ᠨᠤᠭᠤᠳ ᠨᠢ ᠭᠠᠷᠤᠭᠰᠠᠨ ᠪᠠ ᠡᠭᠦᠨ ᠳᠦ ᠲᠠᠲᠠᠬᠤ ᠣᠯᠣᠰᠣ᠂ ᠱᠲ᠋ᠠᠩᠭ᠎ᠠ/ᠰᠠᠪᠠ ᠪᠠᠨ ᠬᠡᠯᠪᠡᠷᠢ ᠶᠢᠨ ᠲᠡᠮᠦᠷ᠂ ᠡᠷᠭᠢᠪᠡᠴᠦ᠂ ᠬᠥᠰᠢᠭᠦᠷᠭᠡ ᠪᠣᠯᠤᠨ ᠨᠠᠯᠠᠤ ᠬᠠᠪᠲᠠᠭᠠᠢ ᠣᠷᠣᠨ᠎ᠠ᠃ ᠬᠢᠴᠡ ᠶᠢᠨ ᠬᠤᠪᠢ ᠳᠤ ᠡᠩ ᠦᠨ ᠪᠣᠯᠤᠨ ᠮᠠᠰᠢ ᠨᠠᠷᠢᠨ ᠬᠢᠴᠡᠲᠡᠢ ᠮᠧᠬᠠᠨᠢᠰᠮ ᠤᠳ ᠢᠨᠵᠧᠨᠧᠷ ᠦᠨ ᠰᠠᠯᠪᠤᠷᠢ ᠳᠤ ᠡᠯᠪᠡᠭ ᠪᠠᠶᠢᠳᠠᠭ᠃ ᠲᠡᠶᠢᠮᠦ ᠡᠴᠡ ᠮᠠᠰᠢᠨ ᠭᠡᠳᠡᠭ ᠨᠡᠷᠡᠰᠢᠯ ᠦᠨ ᠳᠣᠣᠷ᠎ᠠ ᠬᠠᠮᠤᠭ ᠤᠨ ᠡᠩ ᠦᠨ ᠬᠢᠴᠡ ᠲᠡᠢ ᠭᠠᠷ ᠪᠠᠭᠠᠵᠢᠨ ᠠᠴᠠ ᠡᠬᠢᠯᠡᠭᠡᠳ ᠬᠣᠭᠣᠷᠣᠨᠳᠣ ᠪᠠᠨ ᠬᠥᠳᠡᠯᠭᠡᠭᠡᠨ ᠪᠦᠬᠦᠢ ᠡᠳ᠋ ᠠᠩᠭᠢ ᠪᠠᠷ (ᠮᠧᠬᠠᠨᠢᠰᠮ) ᠬᠣᠯᠪᠣᠭᠳᠠᠨ km ᠬᠦᠷᠲᠡᠯ᠎ᠡ ᠰᠤᠨᠤᠭᠰᠠᠨ ᠲᠣᠮᠣ ᠦᠢᠯᠡᠳᠪᠦᠷᠢ ᠶᠢᠨ ᠲᠣᠨᠣᠭ ᠲᠥᠬᠥᠭᠡᠷᠦᠮᠵᠢ ᠨᠦᠭᠦᠳ ᠴᠤ ᠣᠷᠣᠨ᠎ᠠ᠃ ᠲᠧᠭᠨᠢᠭ ᠦᠨ ᠬᠡᠷᠡᠭᠯᠡᠭᠡᠨ ᠳᠦ ᠵᠣᠷᠢᠭᠤᠯᠤᠭᠰᠠᠨ ᠮᠠᠰᠢᠨ ᠨᠤᠭᠤᠳ ᠶᠡᠬᠡᠩᠬᠢ ᠳ᠋ᠡ ᠬᠥᠲᠥᠯᠥᠭᠴᠢᠲᠡᠢ (ᠵᠢᠱᠢᠶ᠎ᠡ ᠨᠢ ᠮᠣᠲ᠋ᠣᠷ) ᠪᠠᠶᠢᠬᠤ ᠪᠥᠭᠡᠳ ᠡᠨᠡ ᠨᠢ ᠶᠡᠬᠡ ᠪᠣᠯᠤᠨ ᠪᠠᠭ᠎ᠠ ᠬᠡᠮᠵᠢᠶ᠎ᠡ ᠪᠡᠷ ᠲᠠᠰᠤᠷᠠᠯᠲᠠ ᠦᠭᠡᠢ ᠡᠨᠧᠷᠭᠢ ᠨᠡᠶᠢᠯᠡᠭᠦᠯᠵᠦ ᠪᠠᠶᠢᠳᠠᠭ᠃ ᠡᠨᠡ ᠡᠨᠧᠺᠭ ᠢᠶᠡᠷ ᠠᠵᠢᠯᠯᠠᠳᠠᠭ ᠮᠠᠰᠢᠨ ᠢ ᠠᠵᠢᠯ ᠤᠨᠨ ᠮᠠᠰᠢᠨ ᠭᠡᠵᠦ ᠨᠡᠷᠡᠯᠡᠳᠡᠭ᠃ ᠲᠥᠷᠥᠯ ᠪᠦᠷᠢ ᠶᠢᠨ ᠡᠨᠧᠷᠭᠢ ᠶᠢᠨ ᠬᠡᠯᠪᠡᠷᠢ ᠶᠢ ᠶᠡᠬᠡᠩᠬᠢ ᠲᠣᠬᠢᠶᠠᠯᠳᠤᠯ ᠳᠤ ᠡᠷᠭᠢᠬᠦ ᠬᠥᠳᠡᠯᠭᠡᠭᠡᠨ ᠦ ᠡᠨᠧᠷᠭᠢ ᠪᠣᠯᠭᠠᠨ ᠬᠤᠪᠢᠷᠠᠭᠠᠳᠠᠭ ᠮᠣᠲ᠋ᠣᠷ ᠪᠣᠯᠤᠨ ᠪᠤᠰᠤᠳ ᠮᠠᠰᠢᠨ ᠢ ᠬᠦᠴᠦᠨ ᠦ ᠮᠠᠰᠢᠨ ᠭᠡᠵᠦ ᠨᠡᠷᠡᠯᠡᠳᠡᠭ᠃ ᠮᠠᠰᠢᠨ ᠨᠢ ᠲᠠᠰᠤᠷᠠᠯᠲᠠ ᠦᠭᠡᠢ ᠠᠵᠢᠯᠯᠠᠬᠤ ᠬᠥᠲᠥᠯᠥᠭᠴᠢ ᠲᠡᠢ ᠪᠥᠭᠡᠳ ᠬᠡᠰᠡᠭᠴᠢᠯᠡᠨ ᠬᠤᠪᠢᠶᠠᠵᠤ ᠪᠣᠯᠬᠤ ᠲᠣᠳᠣᠷᠬᠠᠢ ᠠᠵᠢᠯ ᠤᠨᠨ ᠶᠠᠪᠤᠴᠠ ᠢ ᠳᠠᠬᠢᠨ ᠳᠠᠪᠲᠠᠨ ᠭᠦᠢᠴᠡᠳᠭᠡᠵᠦ ᠪᠠᠶᠢᠭ᠎ᠠ ᠤᠴᠢᠷ ᠠᠦ᠋ᠲ᠋ᠣᠮᠠᠲᠲᠠᠢ ᠤᠳᠬ᠎ᠠ ᠢᠵᠢᠯᠢ ᠪᠣᠯᠤᠨ᠎ᠠ᠃ ᠠᠦ᠋ᠲ᠋ᠣᠮᠠᠲ ᠨᠢ ᠬᠦᠮᠦᠨ ᠡᠰᠡᠪᠡᠯ ᠠᠮᠢᠲᠠᠨ ᠤ (ᠤᠷᠢᠳᠴᠢᠯᠠᠨ ᠲᠣᠭᠠᠴᠠᠬᠤ ᠪᠣᠯᠤᠮᠵᠢ ᠦᠭᠡᠢ) ᠦᠢᠯᠡᠳᠦᠯ ᠢ ᠲᠥᠯᠥᠪᠯᠡᠵᠦ ᠪᠣᠯᠬᠤ ᠦᠢᠯᠡ ᠠᠵᠢᠯᠯᠠᠭ᠎ᠠ (ᠠᠯᠭᠣᠷᠢᠲ᠋ᠮ) ᠪᠣᠯᠭᠠᠨ ᠥᠭᠡᠷᠡᠴᠢᠯᠡᠳᠡᠭ[3]᠃ ᠠᠦ᠋ᠲ᠋ᠣᠮᠠᠲ ᠭᠡᠳᠡᠭ ᠦᠭᠡ ᠨᠢ (ᠭᠷᠧᠺ᠃: αὐτόματος ᠍ ᠠᠦ᠋ᠲ᠋ᠣᠮᠠᠲᠠᠰ " ᠍ ᠥᠭᠡᠷ᠎ᠡ ᠶᠢᠨ ᠬᠦᠰᠡᠯ ᠲᠡᠮᠡᠦᠯᠦᠯ ᠢᠶᠡᠷ ᠬᠦᠳᠡᠯᠬᠦ") ᠠᠩᠬ᠎ᠠ ᠵᠢᠵᠢᠭ ᠲᠡᠷᠭᠡᠨᠴᠢᠷ ᠳᠡᠭᠡᠷ᠎ᠡ ᠤᠭᠰᠠᠷᠠᠭᠰᠠᠨ ᠲᠣᠭᠯᠠᠭᠠᠮᠠᠨ ᠬᠦᠮᠦᠨ ᠡᠴᠡ ᠭᠠᠷᠤᠯ ᠲᠠᠢ ᠪᠥᠭᠡᠳ ᠪᠠᠶᠢᠭᠠᠯᠢ ᠶᠢᠨ ᠵᠠᠶᠢᠯᠠᠰᠢ ᠦᠭᠡᠢ ᠳᠠᠷᠠᠭᠠᠯᠠᠬᠤ ᠬᠠᠤᠯᠢ ᠶᠢ ᠮᠧᠬᠠᠨᠢᠭ ᠢᠶᠠᠷ ᠲᠠᠶᠢᠯᠪᠤᠷᠢᠯᠠᠬᠤ ᠭᠡᠰᠡᠨ ᠣᠷᠣᠯᠳᠤᠯᠭ᠎ᠠ ᠬᠡᠮᠡᠨ ᠦᠵᠡᠳᠡᠭ᠃

ᠦᠢᠯᠡᠳᠪᠦᠷᠢᠵᠢᠯᠲᠡ ᠶᠢᠨ ᠦᠶ᠎ᠡ ᠶᠢᠨ ᠲᠣᠳᠣᠷᠬᠠᠶᠢᠯᠠᠯᠲᠠ[ᠵᠠᠰᠠᠪᠤᠷᠢᠯᠠᠬᠤ | ᠺᠣᠳ᠋ ᠢᠶᠠᠷ ᠵᠠᠰᠠᠬᠣ]

ᠪᠣᠰᠤᠭ᠎ᠠ ᠥᠷᠥᠮᠡᠨ ᠦ ᠰᠠᠭᠤᠷᠢ ᠮᠠᠰᠢᠨ
 • 19 ᠍ ᠳᠤᠭᠠᠷ ᠵᠠᠭᠤᠨ ᠳᠤ:
  ᠡᠰᠡᠷᠭᠦᠴᠡᠬᠦ ᠴᠢᠳᠠᠪᠤᠷᠢ ᠪᠦᠬᠦᠢ ᠪᠡᠶᠡᠲᠦ ᠶᠢᠨ ᠬᠣᠯᠪᠣᠭᠠᠰᠤ ᠬᠣᠭᠣᠷᠣᠨᠳᠣ ᠪᠠᠨ ᠬᠣᠯᠪᠣᠭᠣᠳᠠᠬᠤ ᠳᠤ ᠪᠠᠨ ᠮᠧᠬᠠᠨᠢᠭ ᠤᠨ ᠬᠦᠴᠦᠨ ᠦ ᠬᠠᠤᠯᠢ ᠶᠢᠨ ᠳᠠᠭᠠᠤ ᠲᠣᠳᠣᠷᠬᠠᠢ ᠬᠥᠳᠡᠯᠭᠡᠭᠡᠨ ᠢᠶᠡᠷ ᠨᠢᠭᠡ ᠨᠢᠭᠡᠨ ᠳᠦ ᠪᠡᠨ ᠨᠥᠯᠦᠭᠡᠯᠡᠬᠦ (Reuleaux).
  ᠪᠡᠶᠡᠲᠦ ᠶᠢᠨ ᠬᠣᠭᠣᠷᠣᠨᠳᠣ ᠶᠢᠨ ᠬᠣᠯᠪᠣᠯᠲᠠ ᠨᠢᠭᠡ ᠨᠢᠭᠡ ᠶᠢᠨ ᠢᠶᠡᠨ ᠬᠥᠳᠡᠯᠭᠡᠭᠡᠨ ᠢ ᠬᠣᠷᠢᠬᠤ ᠪᠢᠰᠢ ᠬᠠᠷᠢᠨ ᠲᠤᠬᠠᠢ ᠶᠢᠨ ᠮᠠᠰᠢᠨ ᠤ ᠡᠭᠦᠷᠭᠡ ᠡᠴᠡ ᠬᠠᠮᠢᠶᠠᠷᠤᠨ ᠬᠡᠷᠡᠭ ᠦᠭᠡᠢ ᠡᠰᠡᠪᠡᠯ ᠰᠠᠭᠠᠳ ᠪᠣᠯᠵᠤ ᠪᠤᠢ ᠬᠥᠳᠡᠯᠭᠡᠭᠡᠨ ᠢ ᠬᠢᠵᠠᠭᠠᠷᠯᠠᠬᠤ ᠪᠤᠶᠤ ᠵᠥᠪᠬᠡᠨ ᠬᠡᠷᠡᠭᠲᠡᠢ ᠬᠥᠳᠡᠯᠭᠡᠭᠡᠨ ᠬᠢᠬᠦ ᠬᠣᠯᠪᠣᠯᠲᠠ ᠨᠤᠭᠤᠳ ᠪᠠᠶᠢᠬᠤ᠃[4]
 • 20 ᠍ ᠳᠤᠭᠠᠷ ᠵᠠᠭᠤᠨ ᠳᠤ:
  ᠠᠫᠫᠠᠷᠠᠲ᠂ ᠲᠥᠬᠥᠭᠡᠷᠦᠮᠵᠢ᠂ ᠪᠠᠭᠠᠵᠢ ᠬᠡᠷᠡᠭᠰᠡᠯ᠂ ᠬᠢᠨᠠᠯᠲᠠ ᠶᠢᠨ ᠲᠥᠬᠥᠭᠡᠷᠦᠮᠵᠢ᠂ ᠦᠢᠯᠡᠳᠪᠦᠷᠢ ᠶᠢᠨ ᠲᠣᠨᠣᠭ ᠲᠥᠬᠥᠭᠡᠷᠦᠮᠵᠢ ᠭᠡᠬᠦ ᠮᠡᠲᠦ ᠪᠡᠷ ᠰᠲ᠋ᠠᠨᠳᠠᠷᠲᠴᠢᠯᠠᠭᠰᠠᠨ ᠢᠯᠭᠠᠭ᠎ᠠ:
  ᠠᠫᠫᠠᠷᠠᠲ ᠨᠢ ᠪᠣᠳᠠᠰ ᠪᠤᠶᠤ ᠮᠠᠲ᠋ᠧᠷᠢ ᠍ ᠶᠢ ᠬᠤᠪᠢᠷᠠᠭᠠᠭᠴᠢ ᠲᠧᠭᠨᠢᠭ ᠦᠨ ᠳᠦᠷᠰᠦ ᠨᠦᠭᠦᠳ᠂
  ᠲᠥᠬᠥᠭᠡᠷᠦᠮᠵᠢ ᠳᠣᠬᠢᠭ᠎ᠠ ᠶᠢ ᠬᠤᠪᠢᠷᠠᠭᠠᠭᠴᠢ ᠲᠧᠭᠨᠢᠭ ᠦᠨ ᠳᠦᠷᠰᠦ ᠨᠦᠭᠦᠳ
  ᠪᠠᠭᠠᠵᠢ ᠬᠡᠷᠡᠭᠰᠡᠯ ᠨᠢ ᠮᠥᠨ ᠯᠠ ᠲᠥᠬᠥᠭᠡᠷᠦᠮᠵᠢ ᠳᠦ ᠤᠷᠤᠬᠤ ᠪᠥᠭᠡᠳ ᠢᠯᠭᠠᠭ᠎ᠠ ᠨᠢ ᠪᠡᠶ᠎ᠡ ᠳᠠᠩ ᠠᠵᠢᠯᠯᠠᠳᠠᠭ ᠦᠭᠡᠢ (ᠬᠦᠮᠦᠨ ᠦ ᠣᠷᠣᠯᠴᠠᠭ᠎ᠠ ᠦᠭᠡᠢ)
  Xᠢᠨᠠᠯᠲᠠ ᠶᠢᠨ ᠲᠥᠬᠥᠭᠡᠷᠦᠮᠵᠢᠡᠭᠦᠳᠡ ᠨᠢ ᠠᠵᠢᠯ ᠬᠤᠪᠢᠷᠠᠭᠠᠬᠤ ᠳᠤ ᠪᠢᠰᠢ ᠬᠠᠷᠢᠨ ᠵᠢᠭᠠᠬᠤ ᠪᠤᠶᠤ ᠬᠢᠨᠠᠬᠤ ᠡᠭᠦᠷᠭᠡ ᠲᠡᠢ
  ᠦᠢᠯᠡᠳᠪᠦᠷᠢ ᠶᠢᠨ ᠲᠣᠨᠣᠭ ᠲᠥᠬᠥᠭᠡᠷᠦᠮᠵᠢ ᠨᠢ ᠮᠠᠰᠢᠨ᠂ ᠠᠫᠫᠠᠷᠠᠲ᠂ ᠲᠥᠬᠥᠭᠡᠷᠦᠮᠵᠢ᠂ ᠪᠠᠭᠠᠵᠢ ᠬᠡᠷᠡᠭᠰᠡᠯ᠂ ᠬᠢᠨᠠᠯᠲᠠ ᠶᠢᠨ ᠲᠥᠬᠥᠭᠡᠷᠦᠮᠵᠢ ᠨᠦᠭᠦᠳ ᠢ ᠪᠠᠭᠲᠠᠭᠠᠭᠰᠠᠨ ᠴᠣᠭᠴᠠ ᠰᠢᠰᠲ᠋ᠧᠮ

ᠲᠤᠰᠬᠠᠢ ᠲᠣᠳᠣᠷᠬᠠᠶᠢᠯᠠᠯᠲᠠ[ᠵᠠᠰᠠᠪᠤᠷᠢᠯᠠᠬᠤ | ᠺᠣᠳ᠋ ᠢᠶᠠᠷ ᠵᠠᠰᠠᠬᠣ]

ᠮᠥᠨ ᠦᠵᠡᠬᠦ[ᠵᠠᠰᠠᠪᠤᠷᠢᠯᠠᠬᠤ | ᠺᠣᠳ᠋ ᠢᠶᠠᠷ ᠵᠠᠰᠠᠬᠣ]

ᠨᠣᠮ ᠰᠤᠷᠬᠤ ᠪᠢᠴᠢᠭ[ᠵᠠᠰᠠᠪᠤᠷᠢᠯᠠᠬᠤ | ᠺᠣᠳ᠋ ᠢᠶᠠᠷ ᠵᠠᠰᠠᠬᠣ]

 • ᠦᠵᠡᠰᠬᠦᠯᠡᠩ ᠳᠦ ᠵᠣᠷᠢᠭᠤᠯᠤᠭᠰᠠᠨ ᠺᠠᠲ᠋ᠠᠯᠣᠭ: Maschinenphantasien - zur Kulturgeschichte des Mensch-Maschinen-Verhältnisses. Technische Sammlungen der Stadt Dresden vom 11. Juli bis 24. September 1994
 • Sybille Krämer: Symbolische Maschinen. Die Idee der Formalisierung in geschichtlichem Abriss. Wissenschaftliche Buchgesellschaft, Darmstadt 1988, ISBN 3-534-03207-1
 • Hans-Dieter Bahr: Über den Umgang mit Maschinen. Konkursbuchverlag, Tübingen 1983, ISBN 3-88769-011-7
 • Martin Burckhardt: Vom Geist der Maschine. Eine Geschichte kultureller Umbrüche. Campus Verlag, Frankfurt/M./New York 1999, ISBN 3-593-36275-9
 • Jürgen Dahl (Hrsg.): Jugend der Maschinen. Bilder aus der Enzyklopädie von Diderot und d’Alembert (1751–1772). Ebenhausen b. München 1965, o.ISBN (Aufnahmen der Abbildungen: Bayerische Staatsbibliothek München)
 • Marshall McLuhan: Die mechanische Braut - Volkskultur des industriellen Menschen. Verlag der Kunst, Amsterdam 1996, ISBN 90-5705-021-8
 • Werner Stein: Kulturfahrplan. F.A. Herbig, München/Berlin/Wien 1974
 • Karl v. Meyenn (Hrsg.): Triumph und Krise der Mechanik. Piper Verlag, München/Zürich 1990
 • Sigvard Strandh: Die Maschine, Geschichte – Elemente – Funktion. Herder, Freiburg im Breisgau 1980, ISBN 3-451-18873-2
 • Thomas Klindt, Thomas Kraus, Dirk von Locquenghien, Hans-J. Ostermann: Die neue Maschinenrichtlinie 2006 . Beuth Verlag, Berlin, ISBN 978-3-410-16518-7

ᠯᠠᠪᠯᠠᠬᠤ ᠨᠤᠭᠤᠳ[ᠵᠠᠰᠠᠪᠤᠷᠢᠯᠠᠬᠤ | ᠺᠣᠳ᠋ ᠢᠶᠠᠷ ᠵᠠᠰᠠᠬᠣ]

 1. Kluge 1999 S. 542
 2. "μηχανή" (von "μῆχος" „Mittel, Hilfsmittel, Ausweg《), Henry George Liddell, Robert Scott, A Greek-English Lexicon (Perseus Digital Library)
 3. Sybille Krämer: Symbolische Maschinen. Die Idee der Formalisierung in geschichtlichem Abriss. Wissenschaftliche Buchgesellschaft, Darmstadt 1988, ISBN 3-534-03207-1
 4. Meyers Konversations-Lexikon 1885-1890
http://wiki.uhaan.com/index.php?title=ᠮᠠᠰᠢᠨ&oldid=459101》 ᠍  ᠡᠴᠡ ᠠᠪᠤᠭᠰᠠᠨ

ᠪᠢᠴᠢᠭᠡᠰᠦ