ᠮᠠᠰ

ᠴᠢᠯᠦᠭᠡᠲᠦ ᠨᠡᠪᠲᠡᠷᠬᠡᠢ ᠲᠣᠯᠢ — ᠸᠢᠺᠢᠫᠧᠳᠢᠶ᠎ᠠ ᠠᠴᠠ
ᠬᠠᠷᠠᠶᠢᠬᠤ: ᠤᠳᠤᠷᠢᠳᠬᠤ, ᠬᠠᠶᠢᠯᠲᠠ

ᠮᠠᠰ (ᠡᠷᠲᠡᠨ ᠦ ᠭᠷᠧᠺ ᠬᠡᠯᠡᠨᠢᠭᠢ μᾶζα ᠭᠡᠬᠦ ᠡᠴᠡ ᠭᠠᠷᠤᠯᠲᠠᠢ) ᠭᠡᠵᠦ ᠹᠢᠽᠢᠺᠡᠶᠢᠨ ᠰᠢᠨᠵᠢᠯᠡᠬᠦ ᠤᠬᠠᠭᠠᠨ ᠳᠤ ᠠᠯᠢᠪᠠ ᠪᠣᠳᠠᠰ ᠤᠨ ᠭᠤᠷᠪᠠᠨ ᠰᠢᠨᠵᠢ ᠴᠢᠨᠠᠷ ᠤᠨ (ᠢᠨᠧᠷᠼᠢᠠᠯ ᠮᠠᠰ᠂ ᠢᠳᠡᠪᠬᠢ ᠲᠡᠢ ᠭᠷᠠᠸᠢᠲ᠋ᠠᠼᠢ ᠶᠢᠨ ᠮᠠᠰ᠂ ᠢᠳᠡᠪᠬᠢ ᠭᠦᠢ ᠭᠷᠠᠸᠢᠲ᠋ᠠᠼᠢ ᠶᠢᠨ ᠮᠠᠰ) ᠠᠯᠢ ᠨᠢᠭᠡ ᠶᠢ ᠲᠣᠳᠣᠷᠬᠠᠶᠢᠯᠠᠳᠠᠭ ᠬᠡᠮᠵᠢᠭᠳᠡᠬᠦᠨ ᠶᠤᠮ᠃ ᠡᠳᠦᠷ ᠲᠤᠲᠤᠮ ᠤᠨ ᠠᠮᠢᠳᠤᠷᠠᠯ ᠳᠤ ᠶᠡᠬᠡᠩᠬᠢ ᠳᠦ ᠪᠡᠨ ᠮᠠᠰ ᠭᠡᠬᠦ ᠶᠢ ᠵᠢᠩ ᠭᠡᠳᠡᠭ ᠲᠡᠢ ᠢᠵᠢᠯ ᠤᠳᠬ᠎ᠠ ᠪᠠᠷ ᠠᠪᠳᠠᠭ ᠴᠤ ᠰᠢᠨᠵᠢᠯᠡᠬᠦ ᠤᠬᠠᠭᠠᠨ ᠳᠤ ᠬᠣᠶᠠᠷ ᠥᠭᠡᠷ᠎ᠡ ᠰᠢᠨᠵᠢ ᠴᠢᠨᠠᠷ ᠪᠣᠯᠤᠨ᠎ᠠ᠃

ᠠᠯᠢᠪᠠ ᠪᠡᠶ᠎ᠡ ᠶᠢᠨ ᠢᠨᠧᠷᠼᠢᠠᠯ ᠮᠠᠰ ᠨᠢ ᠬᠦᠴᠦᠨ ᠦ ᠦᠢᠯᠡᠴᠢᠯᠡᠯ ᠳᠣᠣᠷᠠᠬᠢ ᠲᠡᠭᠦᠨ ᠦ ᠬᠤᠷᠳᠤᠳᠬᠠᠯ ᠶᠤᠮ᠃ ᠨᠢᠶᠦ᠋ᠲ᠋ᠣᠨ ᠤ ᠬᠣᠶᠠᠳᠤᠭᠠᠷ ᠬᠠᠤᠯᠢ ᠶᠣᠰᠣᠭᠠᠷ m ᠮᠠᠰ ᠲᠠᠢ ᠪᠡᠶ᠎ᠡ ᠶᠢ F ᠬᠦᠴᠦᠨ ᠦ ᠦᠢᠯᠡᠴᠢᠯᠡᠯ ᠳᠣᠣᠷ᠎ᠠ ᠣᠷᠣᠭᠤᠯᠪᠠᠯ a ᠬᠤᠷᠳᠤᠳᠬᠠᠯ ᠢ F/m ᠲᠣᠮᠢᠶ᠎ᠠ ᠪᠠᠷ ᠥᠭᠭᠦᠨ᠎ᠡ᠃

ᠡᠭᠦᠨ ᠡᠴᠡ ᠭᠠᠳᠠᠨ᠎ᠠ ᠪᠡᠶ᠎ᠡ ᠶᠢᠨ ᠮᠠᠰ ᠨᠢ ᠲᠡᠭᠦᠨ ᠦ ᠡᠭᠦᠰᠬᠡᠭᠰᠡᠨ ᠪᠤᠶᠤ ᠦᠢᠯᠡᠴᠢᠯᠡᠯ ᠳᠣᠣᠷ᠎ᠠ ᠣᠷᠣᠭᠰᠠᠨ ᠲᠠᠲᠠᠬᠤ ᠬᠦᠴᠦᠨᠢᠭᠢ ᠬᠡᠮᠵᠢᠶ᠎ᠡ ᠶᠤᠮ᠃ m1 ᠮᠠᠰ ᠲᠠᠢ ᠡᠬᠢᠨ ᠦ ᠪᠡᠶ᠎ᠡ ᠶᠢ m2 ᠬᠣᠶᠠᠳᠤᠭᠠᠷ ᠪᠡᠶᠡᠰ r ᠵᠠᠢ ᠳᠤ ᠪᠠᠶᠢᠷᠢᠯᠠᠭᠤᠯᠪᠠᠯ ᠡᠬᠢᠨ ᠦ ᠪᠡᠶ᠎ᠡ ᠨᠢ ᠳᠠᠷᠠᠭᠠᠬᠢ ᠬᠡᠮᠵᠢᠶ᠎ᠡ ᠲᠡᠢ F ᠲᠠᠲᠠᠯᠴᠠᠬᠤ ᠬᠦᠴᠦᠨ ᠦ ᠦᠢᠯᠡᠴᠢᠯᠡᠯ ᠳᠣᠣᠷ᠎ᠠ ᠣᠷᠣᠳᠠᠭ

<math> F = G\,\frac{m_1 m_2}{r^2} \,</math>

ᠡᠭᠦᠨ ᠳᠦ G ᠨᠢ 6.67 × 10−11 ᠺᠭ−13−2 ᠬᠡᠮᠵᠢᠶ᠎ᠡ ᠲᠡᠢ ᠭᠷᠠᠸᠢᠲ᠋ᠠᠼᠢ ᠶᠢᠨ ᠲᠣᠭᠲᠠᠮᠠᠯ. ᠡᠨᠡ ᠬᠡᠮᠵᠢᠶ᠎ᠡ ᠶᠢ ᠵᠠᠷᠢᠮ ᠳᠤ ᠪᠠᠨ ᠭᠷᠠᠸᠢᠲ᠋ᠠᠼᠢ ᠶᠢᠨ ᠮᠠᠰ ᠭᠡᠬᠦ ᠪᠥᠭᠡᠳ ᠢᠯᠭᠠᠬᠤ ᠱᠠᠭᠠᠷᠳᠠᠯᠭ᠎ᠠ ᠲᠠᠢ ᠦᠶ᠎ᠡ ᠳᠦ M ᠍ ᠳᠦᠭᠡᠷ ᠢᠳᠡᠪᠬᠢ ᠲᠡᠢ ᠭᠷᠠᠸᠢᠲ᠋ᠠᠼᠢ ᠶᠢᠨ ᠮᠠᠰ ᠢ᠂ m ᠍ ᠳᠦᠭᠡᠷ ᠢᠳᠡᠪᠬᠢ ᠭᠦᠢ ᠭᠷᠠᠸᠢᠲ᠋ᠠᠼᠢ ᠶᠢᠨ ᠮᠠᠰ ᠢ ᠲᠡᠮᠳᠡᠭᠯᠡᠨ᠎ᠡ᠃ 17 ᠍ ᠳᠦᠭᠡᠷ ᠵᠠᠭᠤᠨ ᠠᠴᠠ ᠬᠣᠶᠢᠰᠢ ᠬᠢᠭᠰᠡᠨ ᠣᠯᠠᠨ ᠲᠤᠷᠰᠢᠯᠲᠠ ᠨᠤᠭᠤᠳ ᠤᠨ ᠦᠷ᠎ᠡ ᠳ᠋ᠦᠩ ᠳᠦ ᠢᠨᠧᠷᠼᠢᠠᠯ ᠪᠠ ᠭᠷᠠᠸᠢᠲ᠋ᠠᠼᠢ ᠶᠢᠨ ᠮᠠᠰ ᠨᠢ ᠢᠵᠢᠯ ᠪᠣᠯᠬᠤ ᠨᠢ ᠲᠣᠭᠲᠠᠭᠠᠭᠳᠠᠭᠰᠠᠨ ᠪᠥᠭᠡᠳ ᠡᠨᠡ ᠬᠠᠷᠢᠴᠠᠩᠭᠤᠢ ᠶᠢᠨ ᠶᠡᠷᠦᠩᠬᠡᠢ ᠣᠨᠣᠯ ᠍ ᠤᠨ ᠡᠺᠸᠢᠸᠠᠯᠧᠨᠲ ᠤᠨ ᠵᠠᠷᠴᠢᠮ ᠳᠤ ᠲᠤᠰᠬᠠᠭᠳᠠᠨ᠎ᠠ᠃

ᠬᠠᠷᠢᠴᠠᠩᠭᠤᠢ ᠶᠢᠨ ᠲᠤᠰᠬᠠᠢ ᠣᠨᠣᠯᠣᠣᠷ ᠲᠤᠬᠠᠢ ᠶᠢᠨ ᠪᠡᠶ᠎ᠡ ᠶᠢᠨ ᠮᠠᠰ ᠪᠠ ᠡᠨᠧᠷᠭᠢ ᠶᠢᠨ ᠬᠣᠯᠪᠣᠭ᠎ᠠ ᠶᠢ ᠦᠵᠡᠭᠦᠯᠳᠡᠭ (E = mc2). ᠡᠨᠡ ᠬᠣᠯᠪᠣᠭᠠᠨ ᠤ ᠦᠷ᠎ᠡ ᠳ᠋ᠦᠩ ᠳᠦ ᠠᠯᠢᠪᠠ ᠪᠥᠭᠡᠮᠡᠰ ᠦᠳ ᠦᠨ ᠨᠡᠶᠢᠲᠡ ᠮᠠᠰ ᠨᠢ ᠲᠤᠰ ᠲᠤᠰ ᠤᠨ ᠪᠥᠭᠡᠮᠡᠰ ᠦᠨ ᠮᠠᠰ ᠤᠳ ᠤᠨ ᠨᠡᠶᠢᠯᠡᠪᠦᠷᠢ ᠮᠠᠰ ᠠᠴᠠ ᠶᠡᠬᠡ ᠪᠤᠶᠤ ᠪᠠᠭ᠎ᠠ ᠪᠠᠶᠢᠵᠤ ᠪᠣᠯᠳᠠᠭ᠃

ᠳᠡᠯᠡᠬᠡᠢ ᠶᠢᠨ ᠭᠠᠳᠠᠷᠭᠤ ᠳᠡᠭᠡᠷ᠎ᠡ ᠪᠡᠶ᠎ᠡ ᠶᠢᠨ W ᠵᠢᠩ ᠨᠢ ᠮᠠᠰ ᠲᠠᠢ ᠳᠠᠷᠠᠭᠠᠬᠢ ᠬᠣᠯᠪᠣᠭ᠎ᠠ ᠲᠠᠢ

<math>W = mg \,</math>

ᠡᠭᠦᠨ ᠳᠦ g ᠨᠢ 9.81 ᠮ ᠰ2 ᠬᠡᠮᠵᠢᠶ᠎ᠡ ᠲᠡᠢ ᠳᠡᠯᠡᠬᠡᠢ ᠶᠢᠨ ᠲᠠᠲᠠᠬᠤ ᠬᠦᠴᠦᠨ ᠦ ᠤᠯᠠᠮ ᠢᠶᠠᠷ ᠡᠭᠦᠰᠬᠦ ᠬᠦᠨᠳᠦ ᠶᠢᠨ ᠬᠦᠴᠦᠨ ᠦ ᠬᠤᠷᠳᠤᠳᠬᠠᠯ᠃ ᠪᠡᠶ᠎ᠡ ᠶᠢᠨ ᠵᠢᠩ ᠨᠢ ᠲᠡᠭᠦᠨ ᠦ ᠣᠷᠴᠢᠨ ᠠᠴᠠ ᠬᠠᠮᠢᠶᠠᠷᠳᠠᠭ ᠪᠣᠯ ᠮᠠᠰ ᠨᠢ ᠦᠭᠡᠢ᠃ ᠵᠢᠱᠢᠶᠡᠯᠡᠪᠡᠯ 50 ᠺᠢᠯᠣᠭ᠍ᠷᠠᠮ ᠮᠠᠰ ᠲᠠᠢ ᠪᠡᠶ᠎ᠡ ᠳᠡᠯᠡᠬᠡᠢ ᠳᠡᠭᠡᠷ᠎ᠡ 491 ᠨᠢᠶᠦ᠋ᠲ᠋ᠣᠨ ᠵᠢᠩ ᠲᠡᠢ ᠪᠣᠯ ᠰᠠᠷᠠ ᠳᠡᠭᠡᠷ᠎ᠡ ᠡᠨᠡ ᠪᠡᠶ᠎ᠡ ᠶᠡᠷᠦ ᠳᠡᠭᠡᠨ ᠯᠠ 81.5 ᠨᠢᠶᠦ᠋ᠲ᠋ᠣᠨ ᠵᠢᠩ ᠲᠡᠢ᠂ ᠬᠠᠷᠢᠨ ᠮᠠᠰ ᠨᠢ ᠥᠭᠡᠷᠡᠴᠢᠯᠡᠭᠳᠡᠭᠡ ᠦᠭᠡᠢ ᠪᠠᠶᠢᠨ᠎ᠠ᠃

ᠭᠠᠳᠠᠨ᠎ᠠ ᠶᠢᠨ ᠬᠣᠯᠪᠣᠭᠠᠰᠤ[ᠵᠠᠰᠠᠪᠤᠷᠢᠯᠠᠬᠤ | ᠺᠣᠳ᠋ ᠢᠶᠠᠷ ᠵᠠᠰᠠᠬᠣ]

http://wiki.uhaan.com/index.php?title=ᠮᠠᠰ&oldid=330687》 ᠍  ᠡᠴᠡ ᠠᠪᠤᠭᠰᠠᠨ

ᠪᠢᠴᠢᠭᠡᠰᠦ