ᠮᠠᠯᠧ

ᠴᠢᠯᠦᠭᠡᠲᠦ ᠨᠡᠪᠲᠡᠷᠬᠡᠢ ᠲᠣᠯᠢ — ᠸᠢᠺᠢᠫᠧᠳᠢᠶ᠎ᠠ ᠠᠴᠠ
ᠬᠠᠷᠠᠶᠢᠬᠤ: ᠤᠳᠤᠷᠢᠳᠬᠤ, ᠬᠠᠶᠢᠯᠲᠠ
ᠮᠠᠯᠧ ᠬᠣᠲᠠ

ᠮᠠᠯᠧ (Malé, ᠳ᠋ᠢᠸᠧᠬᠢ ᠬᠡᠯᠡ ᠪᠡᠷ މާލެ) ᠨᠢ ᠡᠨᠡᠳᠬᠡᠭ ᠦᠨ ᠳᠠᠯᠠᠢ ᠳᠤ ᠤᠷᠤᠰᠢᠬᠤ ᠠᠷᠠᠯ ᠤᠯᠠᠰ ᠮᠠᠯᠳᠢᠪ ᠍ ᠤᠨ ᠨᠡᠶᠢᠰᠯᠡᠯ ᠪᠥᠭᠡᠳ ᠮᠠᠯᠧ ᠠᠷᠠᠯ ᠪᠣᠯᠤᠨ ᠸᠢᠯᠢᠩᠭᠢᠷᠢ ᠠᠷᠠᠯ ᠢ ᠡᠵᠡᠯᠡᠨ ᠤᠷᠤᠰᠢᠬᠤ ᠬᠣᠲᠠ ᠶᠤᠮ᠃

ᠲᠤᠰ ᠤᠯᠤᠰ ᠤᠨ ᠤᠯᠤᠰ ᠲᠥᠷᠥᠡᠳ᠋ ᠍ ᠦᠨ ᠵᠠᠰᠠᠭ ᠤᠨ ᠲᠥᠪ᠂ ᠭᠠᠳᠠᠭᠠᠳᠤ ᠬᠤᠳᠠᠯᠳᠤᠭ᠎ᠠᠨ ᠤ ᠪᠣᠭᠣᠮᠲᠠ᠃ ᠰᠡᠭᠦᠯ ᠦᠨ ᠵᠢᠯ ᠤᠨᠳ ᠲᠤ ᠡᠷᠡᠰ ᠬᠥᠭᠵᠢᠵᠦ ᠪᠠᠶᠢᠭ᠎ᠠ ᠠᠶᠠᠯᠠᠯ ᠵᠢᠭᠤᠯᠴᠢᠯᠠᠯ ᠪᠣᠯᠤᠨ ᠵᠢᠭᠠᠰᠤ ᠠᠩᠨᠠᠭᠤᠷ ᠍ ᠤᠨ ᠰᠠᠯᠪᠤᠷᠢ ᠶᠡᠬᠡᠳᠡ ᠬᠥᠭᠵᠢᠭᠰᠡᠨ᠃ ᠬᠦᠮᠦᠨ ᠠᠮᠠ ᠨᠢ 2004 ᠣᠨ ᠤ ᠪᠠᠶᠢᠳᠠᠯ ᠢᠶᠠᠷ 81,600. ᠮᠠᠯᠧ ᠶᠢᠨ ᠣᠯᠠᠨ ᠤᠯᠤᠰ ᠤᠨ ᠨᠢᠰᠬᠦ ᠣᠩᠭᠣᠴᠠᠨ ᠤ ᠪᠠᠭᠤᠳᠠᠯ ᠨᠢ ᠬᠤᠯᠬᠦᠯᠧ ᠬᠡᠮᠡᠬᠦ ᠵᠡᠷᠭᠡᠯᠡᠳᠡᠭᠡ ᠠᠷᠠᠯ ᠳᠡᠭᠡᠷ᠎ᠡ ᠣᠷᠣᠰᠢᠳᠠᠭ᠃

2004 ᠣᠨ ᠤ 12 ᠰᠠᠷ᠎ᠠ ᠶᠢᠨ 26 ᠍ ᠳᠦ ᠢᠨᠳᠦ᠋ᠨᠢᠱᠢᠶ ᠠᠡᠶᠢᠨ ᠰᠤᠮᠤᠲᠷᠠ ᠠᠷᠠᠯ ᠤᠨ ᠣᠷᠴᠢᠮ ᠳᠤ ᠪᠣᠯᠴᠢᠨ ᠭᠠᠵᠠᠷ ᠬᠥᠳᠡᠯᠦᠯᠲᠡ ᠶᠢᠨ ᠤᠯᠠᠮ ᠠᠴᠠ ᠡᠭᠦᠰᠦᠭᠰᠡᠨ ᠽᠸᠨᠠᠮᠢ ᠳᠤ ᠬᠣᠲᠠ ᠶᠢᠨ 2/3 ᠨᠢ ᠨᠡᠷᠪᠡᠭᠳᠡᠭᠰᠡᠨ ᠴᠤ ᠳᠡᠯᠡᠬᠡᠢ ᠶᠢᠨ ᠳᠤᠯᠠᠭᠠᠷᠠᠯ ᠠᠴᠠ ᠡᠭᠦᠳᠦᠯᠲᠡᠢ ᠳᠠᠯᠠᠢ ᠶᠢᠨ ᠤᠰᠤᠨ ᠤ ᠲᠦᠪᠰᠢᠨ ᠨᠡᠮᠡᠭᠳᠡᠵᠦ᠂ ᠮᠠᠯᠳᠢᠪ ᠤᠨ ᠠᠷᠠᠯ ᠤᠳ ᠵᠢᠪᠬᠦ ᠠᠶᠤᠯ ᠳᠤ ᠲᠤᠯᠭᠠᠷᠠᠭᠠᠳ ᠪᠠᠶᠢᠭ᠎ᠠ ᠠᠴᠠ ᠬᠠᠮᠠᠭᠠᠯᠠᠵᠤ᠂ ᠳᠠᠯᠠᠨ ᠪᠣᠰᠬᠠᠭᠰᠠᠨ ᠪᠠᠶᠢᠭᠰᠠᠨ ᠲᠤᠯᠠ ᠴᠤᠨᠠᠮᠤᠭ ᠤᠨ ᠡᠷᠴᠢ ᠶᠢ ᠰᠠᠭᠠᠷᠠᠭᠤᠯᠵᠤ᠂ ᠨᠢᠭᠡ ᠴᠤ ᠬᠦᠮᠦᠨ ᠦ ᠠᠮᠢ ᠦᠷᠡᠭᠳᠡᠭᠡ ᠦᠭᠡᠢ ᠶᠤᠮ᠃

ᠮᠠᠯᠧ ᠬᠣᠲᠠ ᠨᠢ ᠬᠦᠮᠦᠨ ᠠᠮᠠ ᠶᠢᠨ ᠲᠥᠪᠯᠡᠷᠡᠯ ᠢᠶᠡᠷ ᠳᠡᠯᠡᠬᠡᠢ ᠳᠦ ᠳᠡᠭᠡᠭᠦᠷ ᠣᠷᠣᠳᠠᠭ ᠪᠥᠭᠡᠳ ᠨᠢᠭᠲᠠᠰᠢᠯ ᠢ ᠰᠠᠭᠠᠷᠮᠠᠭᠵᠢᠭᠤᠯᠬᠤ ᠵᠣᠷᠢᠯᠭ᠎ᠠ ᠪᠠᠷ ᠠᠷᠠᠯ ᠤᠨ ᠵᠡᠭᠦᠨ ᠬᠣᠶᠢᠳᠤ ᠲᠠᠯ᠎ᠠ ᠳᠤ ᠬᠢᠮᠡᠯ ᠠᠷᠠᠯ ᠪᠠᠷᠢᠵᠤ᠂ ᠢᠷᠭᠡᠳ ᠢᠶᠡᠨ ᠨᠡᠭᠦᠯᠭᠡᠨ ᠰᠢᠯᠵᠢᠭᠦᠯᠵᠦ ᠪᠠᠶᠢᠭ᠎ᠠ ᠪᠣᠯᠪᠠᠴᠤ ᠰᠢᠨ᠎ᠡ ᠠᠷᠠᠯ ᠳᠡᠭᠡᠷ᠎ᠡ ᠳᠡᠳ᠋ ᠪᠦᠲᠦᠴᠡ ᠬᠥᠭᠵᠢᠭᠡ ᠦᠭᠡᠢ ᠶᠢᠨ ᠤᠯᠠᠮ ᠠᠴᠠ ᠣᠳᠣ ᠪᠠᠷ ᠵᠥᠪᠬᠡᠨ ᠴᠤᠨᠠᠮᠢᠳ ᠨᠡᠷᠪᠡᠭᠳᠡᠵᠦ ᠣᠷᠣᠨ ᠭᠡᠷ ᠦᠭᠡᠢ ᠪᠣᠯᠤᠭᠰᠠᠨ ᠬᠦᠮᠦᠰ ᠯᠠ ᠬᠢᠮᠡᠯ ᠠᠷᠠᠯ ᠷᠤ ᠰᠢᠯᠵᠢᠨ ᠰᠠᠭᠤᠷᠢᠰᠢᠭᠠᠳ ᠪᠠᠶᠢᠭ᠎ᠠ ᠠᠵᠢ᠃

http://wiki.uhaan.com/index.php?title=ᠮᠠᠯᠧ&oldid=368991》 ᠍  ᠡᠴᠡ ᠠᠪᠤᠭᠰᠠᠨ

ᠪᠢᠴᠢᠭᠡᠰᠦ