ᠮᠠᠯᠠᠶᠢᠽᠢ ᠶᠢᠨ ᠲᠤᠰᠠᠭᠠᠷ ᠲᠣᠭᠲᠠᠨᠢᠯ ᠤᠨ ᠲᠠᠯᠠᠪᠠᠢ

ᠴᠢᠯᠦᠭᠡᠲᠦ ᠨᠡᠪᠲᠡᠷᠬᠡᠢ ᠲᠣᠯᠢ — ᠸᠢᠺᠢᠫᠧᠳᠢᠶ᠎ᠠ ᠠᠴᠠ
ᠬᠠᠷᠠᠶᠢᠬᠤ: ᠤᠳᠤᠷᠢᠳᠬᠤ, ᠬᠠᠶᠢᠯᠲᠠ
ᠺᠦ᠋ᠯᠠ-ᠯᠤᠩᠫᠦᠷ ᠬᠣᠲᠠ ᠶᠢᠨ ᠲᠥᠪ ᠲᠦ ᠮᠧᠷᠳᠧᠺᠠ ᠲᠠᠯᠠᠪᠠᠢ᠂ ᠲᠡᠭᠦᠨ ᠦ ᠵᠠᠬ᠎ᠠ ᠳᠤ ᠮᠠᠯᠠᠢ᠋ᠰᠢᠶ᠎ᠠ ᠤᠯᠤᠰ ᠤᠨ ᠲᠥᠷᠦ ᠶᠢᠨ ᠳᠠᠯᠪᠠᠭ᠎ᠠ ᠳᠤ 95 ᠮ ᠥᠨᠳᠦᠷ ᠱᠣᠩ ᠪᠤᠢ᠃

ᠮᠠᠯᠠᠢ᠋ᠰᠢᠶ᠎ᠠ ᠍ ᠤᠨ ᠨᠡᠶᠢᠰᠯᠡᠯ ᠺᠦ᠋ᠯᠠ-ᠯᠤᠩᠫᠦᠷ ᠲᠤ ᠮᠧᠷᠳᠧᠺᠠ ᠪᠤᠶᠤ ᠲᠤᠰᠠᠭᠠᠷ ᠲᠣᠭᠲᠠᠨᠢᠯ ᠤᠨ ᠲᠠᠯᠠᠪᠠᠢ (ᠮᠠᠯᠠᠢ ᠪᠡᠷ Dataran Merdeka, داترن مرديک) ᠪᠤᠢ᠃

ᠠᠩᠬ᠎ᠠ ᠰᠧᠯᠤᠩ ᠢᠶᠠᠷ ᠨᠤᠲᠤᠭ ᠤᠨ ᠺᠷᠢᠺᠧᠲ ᠤᠨ ᠪᠠᠭ ᠲᠣᠭᠯᠠᠳᠠᠭ ᠪᠠᠶᠢᠭᠰᠠᠨ ᠲᠠᠯᠠᠪᠠᠢ ᠶᠢ ᠵᠠᠰᠠᠴᠢ ᠶᠠᠩᠵᠤᠯᠠᠨ ᠲᠥᠪ ᠲᠠᠯᠠᠪᠠᠢ ᠪᠣᠯᠭᠠᠵᠤ᠂ 1957 ᠣᠨ ᠤ 8 ᠰᠠᠷ᠎ᠠ ᠶᠢᠨ 31 ᠍ ᠳᠤ ᠮᠠᠯᠠᠢ᠋ᠰᠢᠶ᠎ᠠ ᠤᠯᠤᠰ ᠲᠤᠰᠠᠭᠠᠷ ᠲᠣᠭᠲᠠᠨᠢᠬᠤ ᠳᠤ ᠲᠥᠷᠦ ᠶᠢᠨ ᠳᠠᠯᠪᠠᠭ᠎ᠠ ᠶᠢ ᠥᠷᠭᠡᠨ ᠮᠠᠨᠳᠤᠭᠤᠯᠵᠠᠢ᠃ ᠲᠡᠭᠦᠨ ᠡᠴᠡ ᠬᠣᠶᠢᠰᠢ ᠵᠢᠯ ᠪᠦᠷᠢ ᠶᠢᠨ ᠮᠥᠨ ᠡᠳᠦᠷ ᠡᠨᠡ ᠲᠠᠯᠠᠪᠠᠢ ᠳᠤ ᠪᠠᠨ ᠣᠯᠠᠨ ᠢᠶᠠᠷ ᠴᠤᠭᠯᠠᠨ ᠵᠢᠭ᠌ᠰᠠᠴᠢ᠂ ᠲᠤᠰᠠᠭᠠᠷ ᠲᠣᠭᠲᠠᠨᠢᠭᠰᠠᠨ ᠤ ᠣᠢ ᠶᠢᠨ ᠪᠠᠶᠠᠷ ᠢ ᠲᠡᠮᠳᠡᠭᠯᠡᠳᠡᠭ᠃ ᠶᠡᠬᠡᠩᠬᠢ ᠪᠡᠶ᠎ᠡ ᠨᠢ ᠵᠦᠯᠭᠡ᠂ ᠬᠠᠷᠢᠨ 95 ᠮ ᠥᠨᠳᠦᠷ ᠳᠠᠯᠪᠠᠭᠠᠲᠤ ᠱᠣᠩ ᠪᠦᠬᠦᠢ ᠬᠡᠰᠡᠭ ᠨᠢ ᠴᠠᠷᠳᠠᠭᠳᠠᠭᠰᠠᠨ᠃

ᠲᠠᠯᠠᠪᠠᠢ ᠶᠢ ᠲᠣᠭᠣᠷᠢᠭᠠᠳ 1897 ᠣᠨ ᠳᠤ ᠪᠠᠷᠢᠭᠳᠠᠭᠰᠠᠨ ᠠᠪᠳᠤᠯ ᠰᠠᠮ ᠳᠤ ᠰᠤᠯᠲᠠᠨ ᠤ ᠣᠷᠳᠣᠨ᠂ ᠮᠠᠯᠠᠢ᠋ᠰᠢᠶ᠎ᠠ ᠤᠯᠤᠰ ᠤᠨ ᠣᠳᠣ ᠶᠢᠨ ᠮᠡᠳᠡᠭᠡᠯᠡᠯ᠂ ᠬᠠᠷᠢᠯᠴᠠᠭ᠎ᠠ ᠬᠣᠯᠪᠣᠭ᠎ᠠ᠂ ᠰᠤᠶᠤᠯ ᠤᠨ ᠶᠠᠮᠤᠨ ᠤ ᠪᠠᠶᠢᠷᠢ᠂ 1894 ᠣᠨ ᠤ ᠭᠡᠭᠡᠨ ᠮᠠᠷ ᠤᠨ ᠰᠦᠮ᠎ᠡ ᠪᠤᠢ᠃ ᠪᠠᠰᠠ ᠬᠣᠯᠠ ᠦᠭᠡᠢ ᠺᠦ᠋ᠢᠯᠤ-ᠯᠤᠩᠫᠦᠷ ᠤᠨ ᠲᠡᠮᠦᠷ ᠵᠠᠮ ᠤᠨ ᠬᠠᠭᠤᠴᠢᠨ ᠲᠥᠪ ᠥᠷᠲᠡᠭᠡ ᠠᠵᠢᠯᠯᠠᠵᠤ ᠪᠠᠶᠢᠭ᠎ᠠ᠃

ᠪᠢᠴᠢᠭᠡᠰᠦ