ᠮᠠᠯᠠᠢ᠋ᠰᠢᠶ᠎ᠠ

ᠴᠢᠯᠦᠭᠡᠲᠦ ᠨᠡᠪᠲᠡᠷᠬᠡᠢ ᠲᠣᠯᠢ — ᠸᠢᠺᠢᠫᠧᠳᠢᠶ᠎ᠠ ᠠᠴᠠ
ᠬᠠᠷᠠᠶᠢᠬᠤ: ᠤᠳᠤᠷᠢᠳᠬᠤ, ᠬᠠᠶᠢᠯᠲᠠ
Petronas Towers︵双峰塔︶
ᠮᠠᠯᠠᠢ᠋ᠰᠢᠶ᠎ᠠ ᠶᠢᠨ ᠬᠣᠯᠪᠣᠭᠠᠨ ᠤ ᠤᠯᠤᠰ
Persekutuan Malaysia →
ᠫᠧᠷᠰᠧᠺᠦᠶᠢᠲᠤᠸᠠᠨᠢ ᠮᠠᠯᠧᠢᠰᠢᠶᠠ
ᠲᠥᠷᠥ ᠶᠢᠨ ᠰᠦᠯᠳᠡ
ᠤᠷᠢᠶ᠎ᠠ: "Bersekutu Bertambah Mutu"
(ᠡᠪ ᠨᠢᠭᠡᠳᠦᠯ ᠬᠦᠴᠦ ᠪᠣᠯᠤᠨ᠎ᠠ)
ᠲᠥᠷᠥ ᠶᠢᠨ ᠳᠠᠭᠤᠯᠠᠯ ᠤᠨ ᠨᠡᠷ᠎ᠡ:
"Negaraku" - «ᠨᠸᠭᠠᠷᠠᠺᠦ᠋»
(ᠮᠢᠨᠦ ᠡᠬᠡ ᠣᠷᠣᠨ)

ᠨᠡᠶᠢᠰᠯᠡᠯᠺᠦ᠋ᠯᠠ-ᠯᠤᠩᠫᠦᠷ (1.6 ᠰᠠᠶ᠎ᠠ)
ᠲᠣᠮᠣ ᠬᠣᠲᠠ 1. ᠺᠦ᠋ᠯᠠ-ᠯᠤᠩᠫᠦᠷ
2. ᠵᠣᠬᠣᠷ-ᠪᠠᠷᠤ
ᠠᠯᠪᠠᠨ ᠬᠡᠯᠡ ᠮᠠᠯᠠᠢ ᠬᠡᠯᠡ
ᠠᠷᠠᠳ ᠲᠦᠮᠡᠨ 
(2010[1] ᠤᠨ)
ᠮᠠᠯᠠᠢ᠋ᠰᠢᠶ᠎ᠠ ᠶᠢᠨ ᠠᠷᠠᠳ ᠲᠦᠮᠡᠨ →
50.4% – ᠮᠠᠯᠠᠢ ᠦᠨᠳᠦᠰᠦᠲᠡᠨ
23.7% – ᠬᠢᠲᠠᠳ ᠦᠨᠳᠦᠰᠦᠲᠡᠨ
11.0% – ᠨᠤᠲᠤᠭ ᠤᠨ ᠶᠠᠰᠤᠲᠤ ᠳᠤ
7.1% – ᠡᠨᠡᠳᠬᠡᠭ ᠦᠨ ᠴᠠᠭᠠᠴᠢ
7.8% – ᠪᠤᠰᠤᠳ ᠠᠷᠠᠳ ᠲᠦᠮᠡᠨ
 -  ᠨᠤᠲᠤᠭ ᠤᠨ ᠣᠯᠠᠨ ᠮᠠᠯᠠᠶᠢᠽᠢ ᠶᠢᠨ ᠬᠢᠨ
(ᠮᠠᠯᠠᠢ᠋ᠰᠢᠶ᠎ᠠ ᠤᠯᠤᠰ ᠤᠨ ᠬᠢᠨ)
ᠲᠥᠷᠥ ᠵᠠᠰᠠᠭ ᠠᠷᠠᠳᠴᠢᠯᠠᠭᠰᠠᠨ ᠳᠢᠭᠯᠢᠮᠬᠣᠯᠪᠣᠭᠠᠨ ᠤ
ᠪᠠᠶᠢᠭᠤᠯᠤᠮᠵᠢ
᠂ ᠡᠭᠡᠯᠵᠢᠯᠡᠳᠡᠭ
ᠬᠠᠭᠠᠨᠲᠤ ᠵᠠᠰᠠᠭ ᠲᠠᠢ
 -  ᠬᠠᠭᠠᠨ ᠠᠪᠳᠤᠯ ᠬᠠᠯᠢᠮᠤ (2011)
 -  ᠶᠡᠷᠦᠩᠬᠡᠢ ᠰᠠᠶᠢᠳ ᠨᠠᠵᠢᠪ ᠲᠤᠩ ᠷᠠᠽᠠᠺ (2009)
ᠤᠯᠤᠰ ᠤᠨ ᠬᠤᠷᠠᠯ «ᠫᠠᠷᠯᠢᠮᠧᠨ» (ᠤᠯᠤᠰ ᠤᠨ ᠬᠤᠷᠠᠯ)
 -  ᠳᠡᠭᠡᠳᠦ ᠲᠠᠩᠬᠢᠮ «ᠳᠧᠸᠠᠩ ᠨᠸᠭᠠᠷᠠ»
(ᠤᠯᠤᠰ ᠤᠨ ᠲᠠᠩᠬᠢᠮ)
 -  ᠳᠣᠣᠷᠠᠳᠣ ᠲᠠᠩᠬᠢᠮ «ᠳᠧᠸᠠᠩ ᠷᠠᠺᠢᠲ»
(ᠠᠷᠠᠳ ᠤᠨ ᠲᠠᠩᠬᠢᠮ)
ᠶᠡᠬᠡ ᠪᠷᠢᠲ᠋ᠠᠨ(ᠠᠩᠭᠯᠢ) ᠡᠴᠡ ᠲᠤᠰᠠᠭᠠᠷ ᠲᠣᠭᠲᠠᠨᠢᠵᠤ᠂ ᠨᠢᠭᠡᠳᠦᠭᠰᠡᠨ ᠲᠡᠦᠬᠡ
 -  1957-08-31 ᠮᠠᠯᠠᠶᠢᠨ ᠬᠣᠯᠪᠣᠭ᠎ᠠ ᠲᠤᠰᠠᠭᠠᠷᠯᠠᠪᠠ 
 -  1963 ᠣᠨ ᠤ ᠵᠤᠨ ᠰᠠᠷᠪᠠᠺᠤᠮᠠᠷ᠎ᠠ ᠪᠣᠷᠣᠨᠧᠣ 
 -  1963-09-16 ᠨᠢᠭᠡᠳᠴᠦ ᠮᠠᠯᠠᠢ᠋ᠰᠢᠶ᠎ᠠ ᠤᠯᠤᠰ ᠪᠣᠯᠤᠭᠰᠠᠨ 
ᠨᠤᠲᠤᠭ ᠳᠡᠪᠢᠰᠬᠡᠷ
 -  ᠪᠦᠬᠦ ᠲᠠᠯᠠᠪᠠᠢ 329,847 km2 (66)
 -  ᠭᠠᠳᠠᠷᠭᠤ ᠶᠢᠨ ᠤᠰᠤ (%) 0.3%
ᠬᠦᠮᠦᠨ ᠠᠮᠠ
 -  ᠲᠣᠭᠠᠯᠠᠯᠭ᠎ᠠ (2010) 28,334,135 ᠬᠦᠮᠦᠨ [2] 
 -  ᠨᠢᠭᠲᠠᠴᠠ ᠰᠡᠶᠢᠷᠡᠭ 86 ᠬᠦᠮᠦᠨ/km2 
GDP (ХАЧТ) 2012 ᠣᠨ ᠤ ᠲᠣᠭᠠᠴᠠᠭ᠎ᠠ
 -  ᠨᠡᠶᠢᠲᠡ ᠳ᠋ᠦᠩ $5219.63ᠳ᠋ᠤᠩᠰᠢᠭᠤᠷ[3] 
GDP (ᠨᠡᠷᠡᠯᠡᠭᠰᠡᠨ) 2012 ᠣᠨ ᠤ ᠲᠣᠭᠠᠴᠠᠭ᠎ᠠ
 -  ᠨᠡᠶᠢᠲᠡ ᠳ᠋ᠦᠩ $3400.02 ᠳ᠋ᠤᠩᠰᠢᠭᠤᠷ [3] 
Gini (2009 [4]) 46.2 (36)
ᠬᠡᠦᠬᠡᠳ ᠦᠨ ᠬᠥᠭᠵᠢᠯ ᠦᠨ ᠢᠨᠳᠧᠺᠰ (2010) 0.769[5] (ᠰᠠᠶᠢᠨ) (64)
ᠮᠥᠩᠭᠥᠨ ᠦ ᠨᠢᠭᠡᠴᠡ ᠮᠠᠯᠠᠶᠢᠽᠢ ᠶᠢᠨ ᠷᠢᠩᠭᠢᠳᠤ (RM) (MYR)
ᠴᠠᠭ ᠤᠨ ᠪᠥᠰᠡ ᠮᠠᠯᠠᠶᠢᠽᠢ ᠶᠢᠨ ᠴᠠᠭ (GMT+8)
ᠤᠲᠠᠰᠤ᠂ ᠳᠣᠮᠡᠢ ᠶᠢᠨ +60 / .my مليسيا᠃
ᠨᠡᠷ᠎ᠡ ᠲᠣᠮᠢᠶ᠎ᠠ MY, MYS / ᠮᠠᠯᠬᠤ

ᠮᠠᠯᠠᠢ᠋ᠰᠢᠶ᠎ᠠ (ᠮᠠᠯᠠᠢ ᠬᠡᠯᠡ: Malaysia) ᠨᠢ 13 ᠮᠤᠵᠢ᠂ 3 ᠬᠣᠯᠪᠣᠭᠠᠨ ᠤ ᠨᠤᠲᠤᠭ ᠠᠴᠠ ᠪᠥᠷᠢᠳᠬᠦ ᠵᠡᠭᠦᠨ ᠡᠮᠦᠨᠡᠲᠦ ᠠᠽᠢᠶ᠎ᠠ ᠍ ᠶᠢᠨ ᠣᠷᠣᠨ ᠶᠤᠮ᠃ ᠨᠡᠶᠢᠲᠡ ᠭᠠᠵᠠᠷ ᠨᠤᠲᠤᠭ ᠤᠨ ᠬᠡᠮᠵᠢᠶ᠎ᠡ ᠨᠢ 329,847 ᠲᠡᠭᠰᠢ ᠳᠦᠷᠪᠡᠯᠵᠢᠨ ᠺᠢᠯᠤᠮᠸᠲᠷ[6][7]ᠨᠡᠶᠢᠰᠯᠡᠯ ᠬᠣᠲᠠ ᠨᠢ ᠺᠦ᠋ᠯᠠ ᠯᠤᠩᠫᠦᠷ᠂ ᠬᠣᠯᠪᠣᠭᠠᠨ ᠤ ᠵᠠᠰᠠᠭ ᠤᠨ ᠭᠠᠵᠠᠷ ᠫᠦ᠋ᠲ᠋ᠷᠠᠵᠠᠶᠠ ᠬᠣᠳᠠ ᠳᠤ ᠪᠠᠶᠢᠷᠢᠯᠠᠨ᠎ᠠ᠃ 2010 ᠣᠨ ᠤ ᠪᠠᠶᠢᠳᠠᠯ ᠢᠶᠠᠷ ᠤᠯᠤᠰ ᠤᠨ ᠨᠡᠶᠢᠲᠡ ᠬᠦᠮᠦᠨ ᠠᠮᠠ 25 ᠰᠠᠶ᠎ᠠ᠃ ᠮᠠᠯᠠᠢ᠋ᠰᠢᠶ᠎ᠠ ᠶᠢᠨ ᠭᠠᠵᠠᠷ ᠨᠤᠲᠤᠭ ᠨᠢ ᠳᠤᠮᠳᠠᠳᠤ ᠤᠯᠤᠰ ᠤᠨ ᠡᠮᠦᠨᠡᠲᠦ ᠲᠡᠩᠭᠢᠰ ᠢᠶᠡᠷ ᠵᠠᠭᠠᠭᠯᠠᠭᠳᠠᠭᠰᠠᠨ ᠬᠣᠶᠠᠷ ᠰᠠᠯᠤᠩᠭᠢᠳᠠ ᠬᠡᠰᠡᠭ ᠪᠤᠢ᠃ ᠲᠤᠬᠠᠢᠯᠠᠪᠠᠯ ᠡᠨᠡᠳᠬᠡᠭ-ᠳᠤᠮᠳᠠᠳᠤ ᠶᠢᠨ ᠬᠣᠶᠢᠭ ᠳ᠋ᠠᠬᠢ ᠪᠠᠷᠠᠭᠤᠨ ᠮᠠᠯᠠᠢ᠋ᠰᠢᠶ᠎ᠠ ᠪᠤᠯᠤᠨ ᠺᠠᠯᠢᠮᠠᠨᠲ᠋ᠠᠨ ᠠᠷᠠᠯ ᠳᠠᠬᠢ ᠵᠡᠭᠦᠨ ᠮᠠᠯᠠᠢ᠋ᠰᠢᠶ᠎ᠠ ᠬᠤᠶᠠᠷ ᠡᠴᠡ ᠪᠦᠲᠦᠨ᠎ᠡ᠃ ᠮᠠᠯᠠᠢ᠋ᠰᠢᠶ᠎ᠠ ᠨᠢ ᠲᠠᠶᠢᠯᠠᠨᠳ᠋ , ᠢᠨᠳᠦ᠋ᠨᠢᠱᠢᠶ ᠠᠰᠢᠩᠭᠠᠫᠦᠷᠪᠷᠦᠨᠧᠢᠹᠢᠯᠢᠫᠫᠢᠨ ᠲᠡᠢ ᠬᠢᠯᠢᠯᠡᠨ᠎ᠡ[7]᠃ ᠲᠤᠰ ᠤᠯᠤᠰ ᠨᠢ ᠳᠡᠯᠡᠬᠡᠢ ᠶᠢᠨ ᠪᠦᠰᠡᠯᠡᠭᠦᠷ ᠲᠤ ᠣᠶᠢᠷᠠᠬᠠᠨ ᠤᠴᠢᠷ ᠠᠴᠠ ᠬᠠᠯᠠᠭᠤᠨ ᠪᠦᠰᠡᠨ ᠤ ᠠᠭᠤᠷ ᠠᠮᠢᠰᠬᠤᠯ ᠲᠠᠢ᠃

ᠭᠠᠵᠠᠷ ᠵᠦᠢ[ᠵᠠᠰᠠᠪᠤᠷᠢᠯᠠᠬᠤ | ᠺᠣᠳ᠋ ᠢᠶᠠᠷ ᠵᠠᠰᠠᠬᠣ]

ᠣᠯᠠᠨ ᠠᠷᠠᠯ ᠤᠨ ᠨᠢᠭᠡ ᠷᠧᠳᠠᠨ ᠠᠷᠠᠯ
ᠺᠠᠯᠢᠮᠠᠨᠲ᠋ᠠᠨ ᠠᠷᠠᠯ ᠤᠨ ᠭᠠᠵᠠᠷ ᠵᠦᠢ ᠶᠢᠨ ᠵᠢᠷᠤᠭ

ᠮᠠᠯᠠᠢ᠋ᠰᠢᠶ᠎ᠠ ᠣᠷᠣᠨ ᠨᠢ 329,847 ᠲᠡᠭᠰᠢ ᠳᠦᠷᠪᠡᠯᠵᠢᠨ ᠺᠢᠯᠣᠮᠧᠲ᠋ᠷ ᠭᠠᠵᠠᠷ ᠨᠤᠲᠤᠭ ᠡᠵᠡᠯᠡᠭᠰᠡᠨ ᠳᠡᠯᠡᠬᠡᠢ ᠶᠢᠨ 67 ᠍ ᠳᠦᠭᠡᠷ ᠲᠣᠮᠣ ᠣᠷᠣᠨ᠃ ᠬᠣᠶᠢᠭ ᠤᠨ ᠥᠷᠥᠨᠠᠲᠤ ᠮᠠᠯᠠᠢ᠋ᠰᠢᠶ᠎ᠠ ᠨᠢ ᠲᠠᠶᠢᠯᠠᠨᠳ᠋ ᠲᠠᠢ᠂ ᠠᠷᠠᠯ ᠤᠨ ᠳᠣᠷᠣᠨᠠᠲᠤ ᠮᠠᠯᠠᠢ᠋ᠰᠢᠶ᠎ᠠ ᠨᠢ ᠢᠨᠳᠦ᠋ᠨᠢᠱᠢᠶ ᠠᠪᠷᠦᠨᠧᠢ ᠲᠡᠢ ᠡᠬᠡ ᠭᠠᠵᠠᠷ ᠢᠶᠠᠷ ᠬᠢᠯᠢᠯᠡᠳᠡᠭ᠃ ᠰᠢᠩᠭᠠᠫᠦᠷ ᠲᠠᠢ ᠪᠠᠭᠠᠬᠠᠨ ᠬᠣᠭᠣᠯᠠᠢ ᠳᠡᠭᠡᠭᠦᠷᠬᠢ ᠭᠦᠭᠦᠷᠭᠡ ᠪᠡᠷ ᠬᠣᠯᠪᠣᠭᠳᠠᠳᠠᠭ᠃ ᠲᠡᠩᠭᠢᠰ ᠦᠨ ᠬᠢᠨᠠᠬᠤ ᠮᠤᠵᠢ ᠪᠠᠷ ᠸᠢᠶᠧᠲ᠋ᠨᠠᠮᠹᠢᠯᠢᠫᠫᠢᠨ ᠳᠤ ᠲᠤᠯᠤᠨ᠎ᠠ᠃ ᠮᠠᠯᠠᠶᠢᠽᠢᠢ ᠠ ᠶᠢᠨ ᠬᠣᠶᠠᠷ ᠬᠡᠰᠡᠭ ᠨᠢ ᠬᠢᠲᠠᠳ ᠤᠨ ᠡᠮᠦᠨᠡᠲᠦ ᠲᠡᠩᠭᠢᠰ ᠶᠢᠡᠷ ᠵᠠᠭᠠᠭᠯᠠᠭᠳᠠᠭᠰᠠᠨ ᠪᠠᠶᠢᠳᠠᠭ᠃

ᠡᠨᠡᠳᠬᠡᠭ ᠬᠢᠲᠠᠳ ᠤᠨ ᠬᠣᠶᠢᠭ ᠳᠠᠬᠢ ᠥᠷᠥᠨᠡᠲᠤ ᠮᠠᠯᠠᠢ᠋ᠰᠢᠶ᠎ᠠ 740 ᠺᠢᠯᠣᠮᠧᠲ᠋ᠷ ᠤᠷᠲᠤ᠂ 322 ᠺᠢᠯᠣᠮᠧᠲ᠋ᠷ ᠥᠷᠭᠡᠨ᠃ ᠬᠣᠶᠠᠷ ᠲᠠᠯ᠎ᠠ ᠶᠢᠨ ᠨᠠᠮ ᠳᠣᠣᠷ᠎ᠠ ᠭᠠᠵᠠᠷ ᠢ ᠵᠠᠭᠠᠭᠯᠠᠨ ᠭᠣᠣᠯ ᠢᠶᠠᠷ ᠨᠢ ᠲᠢᠲᠢᠢᠪᠠᠨᠰᠠ ᠨᠢᠷᠤᠭᠤ ᠲᠣᠭᠲᠠᠵᠠᠢ᠃ ᠠᠭᠤᠯᠠ ᠨᠢᠷᠤᠭᠤᠳ ᠰᠢᠷᠢᠩᠭᠢᠨ ᠣᠢᠪᠣᠷᠵᠢᠨ ᠭᠡᠬᠦ ᠮᠡᠲᠦ ᠮᠠᠭᠮᠠ ᠶᠢᠨ ᠭᠠᠷᠤᠯᠲᠠ ᠴᠢᠯᠠᠭᠤᠯᠢᠭ ᠲᠠᠢ᠃ ᠵᠣᠬᠣᠷ ᠮᠤᠵᠢ ᠶᠢᠨ ᠡᠮᠦᠨᠡᠲᠦ ᠦᠵᠦᠭᠦᠷ ᠦᠨ ᠫᠢᠶ᠎ᠠ ᠬᠣᠰᠢᠭᠤ ᠨᠢ ᠧᠦ᠋ᠷᠤᠫᠡ ᠠᠽᠢᠢ ᠠ ᠶᠢᠨ ᠡᠬᠡ ᠭᠠᠵᠠᠷ ᠤᠨ ᠡᠮᠦᠨᠡᠲᠦ ᠴᠡᠭ ᠶᠤᠮ᠃ ᠮᠠᠯᠠᠺᠺ ᠤᠨ ᠬᠣᠭᠣᠯᠠᠢ  ᠢᠶᠠᠷ ᠰᠤᠮᠤᠲᠷᠠ ᠠᠷᠠᠯ ᠠᠴᠠ ᠵᠠᠭᠠᠭᠯᠠᠭᠳᠠᠨ᠎ᠠ᠃ ᠡᠷᠭᠢ ᠶᠢᠨ ᠤᠷᠲᠤ 1931 ᠺᠢᠯᠣᠮᠧᠲ᠋ᠷ᠃

ᠺᠠᠯᠢᠮᠠᠨᠲ᠋ᠠᠨ ᠠᠷᠠᠯ ᠳᠡᠭᠡᠷᠡᠬᠢ ᠳᠣᠷᠣᠨᠠᠲᠤ ᠮᠠᠯᠠᠢ᠋ᠰᠢᠶ᠎ᠠ ᠠᠷᠠᠯ ᠤᠨ ᠲᠥᠪ ᠤᠷᠤᠭᠤ᠂ ᠢᠨᠳᠦ᠋ᠨᠢᠱᠢᠶ ᠠ-ᠮᠠᠯᠠᠶᠢᠽᠢᠢ ᠠ ᠶᠢᠨ ᠬᠢᠯᠢ ᠳᠠᠭᠠᠤ ᠠᠭᠤᠯᠠ ᠨᠢᠷᠤᠭᠤᠳ ᠲᠠᠢ᠃ ᠺᠷᠣᠺᠧᠷ ᠨᠢᠷᠤᠭᠤ ᠰᠠᠷᠪᠠᠺ᠂ ᠰᠠᠪᠠᠬᠤ ᠬᠣᠶᠠᠷ ᠮᠤᠵᠢ ᠶᠢ ᠲᠤᠰᠠᠭᠠᠷᠯᠠᠨ᠎ᠠ᠃ ᠡᠨᠳᠡ ᠮᠠᠯᠠᠶᠢᠽᠢᠢ ᠠ ᠶᠢᠨ ᠬᠠᠮᠤᠭ ᠤᠨ ᠥᠨᠳᠥᠷ ᠺᠢᠨᠠᠪᠠᠯᠤ ᠠᠭᠤᠯᠠ (4095 ᠮᠸᠲᠷ) ᠪᠤᠢ᠃ ᠰᠠᠷᠪᠠᠺᠲ ᠮᠤᠯᠤ ᠠᠭᠤᠢ ᠭᠡᠬᠦ ᠣᠨᠴᠠᠭᠠᠢ ᠲᠣᠭᠲᠠᠴᠠ ᠲᠠᠢ ᠭᠠᠵᠠᠷ ᠪᠠᠶᠢᠳᠠᠭ᠃

ᠮᠠᠯᠠᠢᠢᠽᠢᠶ ᠠᠤᠷᠤᠨ ᠤ ᠡᠷᠭᠢ ᠳᠠᠭᠠᠤ ᠣᠯᠠᠨ ᠠᠷᠠᠯ ᠲᠠᠢ ᠃ ᠪᠠᠩᠭᠢ ᠠᠷᠠᠯ ᠨᠢ ᠬᠠᠮᠤᠭ ᠤᠨ ᠲᠣᠮᠣ᠃ ᠮᠠᠯᠠᠢ᠋ᠰᠢᠶ᠎ᠠ ᠡᠺᠸᠠᠲ᠋ᠣᠷ ᠤᠨ ᠠᠭᠤᠷ ᠠᠮᠢᠰᠬᠤᠯ ᠲᠠᠢ᠂ ᠶᠡᠬᠡ ᠴᠢᠭᠢᠭᠯᠢᠭ᠂ ᠪᠠᠰᠠ ᠠᠭᠤᠯᠠ ᠶᠢᠨ᠂ ᠨᠠᠮ ᠳᠣᠣᠷ᠎ᠠ ᠭᠠᠵᠠᠷ ᠤᠨ᠂ ᠡᠷᠭᠢ ᠶᠢᠨ᠂ ᠮᠥᠨ ᠴᠤ ᠮᠥᠰᠰᠥᠨ ᠰᠠᠯᠬᠢᠨ ᠤ ᠨᠥᠯᠥᠭᠡ ᠪᠡᠷ ᠭᠡᠳ ᠭᠠᠵᠠᠷ ᠭᠠᠵᠠᠷ ᠲᠤ ᠥᠭᠡᠷ᠎ᠡ ᠪᠠᠶᠢᠳᠠᠭ᠃ ᠵᠢᠯ ᠳᠤ ᠳᠤᠮᠳᠠᠴᠢ ᠪᠠᠷ 250 ᠰᠠᠨᠲ᠋ᠢᠮᠧᠲ᠋ᠷ ᠬᠤᠷ᠎ᠠ ᠲᠤᠨᠳᠠᠰᠤ ᠪᠠᠭᠤᠳᠠᠭ᠃

ᠭᠠᠳᠠᠭᠠᠳᠤ ᠬᠣᠯᠪᠣᠭᠠᠰᠤ[ᠵᠠᠰᠠᠪᠤᠷᠢᠯᠠᠬᠤ | ᠺᠣᠳ᠋ ᠢᠶᠠᠷ ᠵᠠᠰᠠᠬᠣ]

ᠡᠰᠢᠯᠡᠯ[ᠵᠠᠰᠠᠪᠤᠷᠢᠯᠠᠬᠤ | ᠺᠣᠳ᠋ ᠢᠶᠠᠷ ᠵᠠᠰᠠᠬᠣ]

  1. "Malaysia".
  2. Taburan Penduduk dan Ciri-ciri Asas Demografi. Jabatan Perangkaan Malaysia.
  3. 3.0 3.1 Malaysia. International Monetary Fund.
  4. Gini Index. World Bank.
  5. National Human Development Reports for Malaysia. United Nations.
  6. Article 1. Constitution of Malaysia.
  7. 7.0 7.1 CIA. The World Fact Book. Malaysia. Retrieved December 9 2006.

ᠪᠢᠴᠢᠭᠡᠰᠦ