ᠮᠠᠮᠤᠢ

ᠴᠢᠯᠦᠭᠡᠲᠦ ᠨᠡᠪᠲᠡᠷᠬᠡᠢ ᠲᠣᠯᠢ — ᠸᠢᠺᠢᠫᠧᠳᠢᠶ᠎ᠠ ᠠᠴᠠ
ᠬᠠᠷᠠᠶᠢᠬᠤ: ᠤᠳᠤᠷᠢᠳᠬᠤ, ᠬᠠᠶᠢᠯᠲᠠ

ᠮᠠᠮᠤᠢ 1370 ᠍ ᠊ᠭᠠᠳ ᠣᠨ ᠤ ᠦᠶ᠎ᠡ ᠳᠦ ᠬᠥᠬᠡ ᠣᠷᠳᠣ ᠍ ᠤᠨ ᠴᠡᠷᠢᠭ ᠦᠨ ᠬᠦᠴᠦᠷᠬᠡᠭ ᠵᠠᠩᠵᠤᠨ ᠪᠠᠶᠢᠭᠰᠠᠨ ᠪᠥᠭᠡᠳ ᠡᠨᠡᠬᠦ ᠨᠡᠭᠦᠳᠡᠯᠴᠢᠨ ᠦ ᠤᠯᠤᠰ ᠤᠨ ᠪᠠᠷᠠᠭᠤᠨ ᠬᠡᠰᠡᠭ ᠲᠦ᠂ ᠣᠳᠣ ᠶᠢᠨ ᠬᠢ ᠪᠠᠷ ᠦᠺᠷᠠᠶᠢᠨᠢ ᠲᠠᠯ᠎ᠠ ᠶᠢᠨ ᠡᠮᠦᠨᠡᠲᠦ ᠬᠡᠰᠡᠭ ᠪᠣᠯᠤᠨ ᠺᠷ ᠤᠮ ᠤᠨ ᠬᠣᠶᠢᠭᠡᠶᠢᠭ ᠡᠵᠡᠩᠨᠡᠨ ᠰᠠᠭᠤᠳᠠᠭ ᠪᠠᠶᠢᠴᠠᠢ᠃ ᠲᠡᠷᠡᠪᠡᠷ ᠠᠯᠲᠠᠨ ᠣᠷᠳᠣ ᠶᠢᠨ ᠬᠠᠨ ᠨᠤᠭᠤᠳ ᠠᠴᠠ ᠲᠤᠰᠠᠭᠠᠷ ᠥᠪᠡᠷ ᠦᠨ ᠤᠯᠤᠰ ᠢ ᠪᠠᠶᠢᠭᠤᠯᠬᠤ ᠶᠢ ᠣᠷᠣᠯᠳᠤᠵᠤ ᠪᠠᠶᠢᠪᠠ᠃

ᠮᠠᠮᠤᠢ ᠲᠦᠮᠡᠲᠦ ᠶᠢᠨ ᠨᠣᠶᠠᠨ ᠪᠤᠶᠤ ᠲᠦᠮᠡᠨᠪᠠᠰ ᠤ (ᠣᠷᠴᠢᠨ ᠦᠶ᠎ᠡ ᠶᠢᠨ ᠭᠧᠨᠧᠷᠠᠯ ᠴᠣᠯᠠ ᠲᠠᠢ ᠳᠦᠢᠴᠡᠬᠦ 10000 ᠴᠡᠷᠢᠭ ᠦᠨ ᠵᠠᠬᠢᠷᠤᠭᠴᠢ᠂ ᠣᠷᠣᠰ ᠢᠶᠠᠷ ᠲᠧᠮᠨᠢᠺ) ᠪᠠᠶᠢᠯ᠎ᠠ᠃ ᠲᠡᠷᠡᠪᠡᠷ ᠨᠣᠭᠠᠢ ᠬᠠᠨ ᠤ ᠠᠴᠢ ᠬᠦ ᠶᠢᠨ ᠤᠳᠤᠮ ᠭᠡᠳᠡᠭ ᠢᠶᠡᠷ ᠢᠶᠡᠨ ᠴᠢᠩᠭᠢᠰ ᠬᠠᠭᠠᠨᠢ ᠤᠳᠤᠮ ᠤᠨ ᠬᠦᠮᠦᠨ ᠭᠡᠵᠦ ᠪᠣᠯᠬᠤ ᠪᠣᠯᠪᠠᠴᠤ᠂ ᠠᠯᠲᠠᠨ ᠣᠷᠳᠣ ᠶᠢᠨ ᠰᠡᠭᠦᠯᠴᠢ ᠶᠢᠨ ᠬᠠᠤᠯᠢ ᠶᠣᠰᠣᠨ ᠤ ᠪᠣᠳᠠᠲᠤ ᠬᠠᠨ ᠪᠧᠷᠳᠢᠪᠧᠭᠡᠶᠢᠨ ᠥᠬᠢᠨ ᠲᠠᠢ ᠰᠠᠭᠤᠭᠰᠠᠨ ᠢᠶᠠᠷ ᠠᠯᠲᠠᠨ ᠣᠷᠳᠣ ᠶᠢᠨ ᠬᠠᠭᠠᠨ ᠰᠢᠷᠡᠭᠡ ᠶᠢ ᠠᠪᠬᠤ ᠡᠷᠬᠡ ᠪᠡᠨ ᠪᠠᠲᠤᠯᠠᠭᠠᠵᠢᠭᠤᠯᠤᠭᠰᠠᠨ ᠪᠣᠯᠤᠯᠲᠠᠢ᠃ 1378-1380 ᠣᠨ ᠳᠤ ᠲᠡᠷᠡᠪᠡᠷ ᠣᠷᠣᠰ ᠤᠳ ᠍ ᠢ ᠠᠯᠲᠠᠨ ᠣᠷᠳᠣ ᠶᠢᠨ ᠬᠠᠩᠭ᠎ᠠ ᠨᠤᠭᠤᠳ ᠤᠨ ᠣᠷᠣᠨ ᠳᠤ ᠥᠪᠡᠷᠲᠡᠭᠡᠨ ᠲᠠᠲᠠᠪᠤᠷᠢ ᠲᠥᠯᠥᠬᠦ ᠶᠢ ᠠᠯᠪᠠᠳᠠᠬᠤ ᠶᠢ ᠣᠷᠣᠯᠳᠤᠵᠤ ᠪᠠᠶᠢᠯ᠎ᠠ (ᠡᠨᠡ ᠦᠶ᠎ᠡ ᠳᠦ ᠴᠢᠩᠭᠢᠰ ᠦᠨ ᠤᠳᠤᠮ ᠤᠨ ᠪᠤᠰᠤ ᠥᠴᠢᠨᠡᠨ ᠣᠯᠠᠨ ᠬᠠᠩᠭ᠎ᠠ ᠨᠤᠭᠤᠳ ᠰᠣᠯᠢᠭᠳᠠᠵᠤ ᠪᠠᠶᠢᠭᠰᠠᠨ).

1378 ᠣᠨ ᠤ ᠸᠣᠵᠠ ᠭᠣᠣᠯ ᠤᠨ ᠲᠤᠯᠤᠯᠳᠤᠭᠠᠨ ᠪᠣᠯᠤᠨ 1380 ᠣᠨ ᠤ ᠺᠦᠶᠢᠯᠢᠺᠣᠸ ᠤᠨ ᠲᠤᠯᠤᠯᠳᠤᠭᠠᠨ ᠳᠤ ᠳᠮᠢᠲ᠋ᠷᠢ ᠳᠣᠩᠰᠺ ᠦᠭᠡᠷ᠎ᠡ ᠤᠳᠤᠷᠢᠳᠤᠭᠤᠯᠤᠭᠰᠠᠨ ᠣᠷᠣᠰ ᠤᠨ ᠴᠡᠷᠢᠭ ᠲᠦ ᠬᠣᠶᠠᠷ ᠤᠳᠠᠭ᠎ᠠ ᠰᠠᠯᠤᠮ ᠴᠣᠬᠢᠭᠤᠯᠤᠭᠰᠠᠨ ᠤ ᠪᠠᠨ ᠳᠠᠷᠠᠭ᠎ᠠ ᠮᠠᠮᠤᠢ ᠣᠷᠣᠰ ᠤᠳ ᠲᠤ ᠭᠧᠨᠤᠶᠠᠭ ᠤᠨ ᠠᠷᠪᠠᠯᠧᠲ ᠴᠡᠷᠢᠭ ᠦᠳ ᠢ ᠲᠣᠯᠣᠭᠠᠢ ᠳᠠᠷᠠᠭᠠᠯᠠᠨ ᠬᠢᠳᠤᠭᠤᠯᠤᠭᠰᠠᠨ ᠢ ᠨᠢ ᠠᠭᠤᠴᠢᠯᠠᠭ᠎ᠠ ᠦᠭᠡᠢ ᠭᠧᠨᠤᠶᠠᠴᠤᠳ ᠲᠤ ᠺᠷ ᠤᠮ ᠤᠨ ᠬᠣᠶᠢᠭ ᠲᠤ ᠠᠯᠠᠭᠤᠯᠵᠠᠢ᠃ ᠮᠠᠮᠤᠢ ᠠᠯᠠᠭᠤᠯᠤᠭᠰᠠᠨ ᠢᠶᠠᠷ ᠶᠡᠬᠡ ᠬᠠᠨ ᠲᠤᠬᠤᠲᠠ ᠤᠰ ᠲᠤ (ᠴᠢᠩᠭᠢᠰ ᠦᠨ ᠤᠳᠤᠮ ᠤᠨ ᠬᠠᠨ) ᠠᠯᠲᠠᠨ ᠣᠷᠳᠣ ᠶᠢ ᠳᠠᠬᠢᠨ ᠨᠢᠭᠡᠳᠬᠡᠬᠦ ᠵᠠᠮ ᠵᠠᠰᠠᠭᠳᠠᠯ᠎ᠠ᠃

ᠮᠠᠮᠤᠶᠢᠨ ᠲᠤᠬᠠᠢ ᠳᠣᠮᠣᠭ ᠶᠠᠷᠢᠶ᠎ᠠ ᠣᠯᠠᠨ ᠵᠠᠭᠤᠨ ᠵᠢᠯ ᠦᠨ ᠲᠤᠷᠰᠢ ᠠᠮᠠ ᠳᠠᠮᠵᠢᠨ ᠬᠦᠯᠴᠡᠭᠳᠡᠭᠰᠡᠭᠡᠷ ᠢᠷᠡᠵᠡᠢ᠃ ᠣᠷᠴᠢᠨ ᠦᠶ᠎ᠡ ᠶᠢᠨ ᠣᠷᠣᠰ ᠬᠡᠯᠡᠡᠨᠳᠡ 《ᠺᠠᠺ ᠮᠠᠮᠤᠢ ᠫᠷᠣᠱᠧᠯ》 ᠬᠡᠮᠡᠬᠦ ᠦᠭᠡ ᠪᠠᠶᠢᠳᠠᠭ ᠨᠢ ᠡᠮᠬᠢ ᠴᠡᠭᠴᠡ ᠦᠭᠡᠢ ᠪᠠᠶᠢᠳᠠᠯ ᠢ ᠢᠯᠡᠷᠬᠡᠶᠢᠯᠡᠳᠡᠭ ᠮᠢᠬᠠᠴᠢᠯᠠᠨ ᠣᠷᠴᠢᠭᠤᠯᠪᠠᠯ 《ᠶᠠᠭ ᠮᠠᠮᠤᠢ ᠲᠤᠶᠢᠯᠠᠭᠠᠳ ᠥᠩᠭᠡᠷᠡᠭᠰᠡᠨ ᠮᠡᠲᠦ》 ᠬᠡᠮᠡᠬᠦ ᠬᠡᠯᠡᠴᠡ ᠦᠭᠡ ᠣᠷᠣᠭᠰᠠᠨ ᠪᠠᠶᠢᠳᠠᠭ᠃

ᠮᠠᠮᠤᠶᠢᠨ ᠦᠷ᠎ᠡ ᠤᠳᠤᠮ[ᠵᠠᠰᠠᠪᠤᠷᠢᠯᠠᠬᠤ | ᠺᠣᠳ᠋ ᠢᠶᠠᠷ ᠵᠠᠰᠠᠬᠣ]

ᠲᠡᠭᠦᠨ ᠦ ᠨᠢᠭᠡᠨ ᠬᠦᠦ ᠮᠠᠩᠵᠤᠷ ᠺᠢᠶ᠎ᠠ ᠳᠤ ᠯᠢᠲ᠋ᠤᠠᠨᠢᠶ ᠠ ᠷᠤ ᠵᠢᠭᠤᠳᠠᠵᠤ᠂ ᠶᠡᠬᠡ ᠸᠠᠩ ᠠᠭᠤᠤ ᠸᠢᠲ᠋ᠠᠦ᠋ᠲᠠᠰ ᠲᠤ ᠬᠦᠴᠦᠨ ᠵᠢᠳᠬᠦᠵᠦ᠂ ᠣᠳᠣ ᠶᠢᠨ ᠦᠺᠷᠠᠶᠢᠨᠫᠣᠯᠲᠠᠸᠠ ᠬᠣᠲᠠ ᠶᠢᠨ ᠣᠷᠴᠢᠮ ᠭᠠᠵᠠᠷ ᠢᠶᠠᠷ ᠱᠠᠩᠨᠠᠭᠤᠯᠵᠤ᠂ ᠬᠯᠢᠨᠰᠺᠡᠶᠢᠨ ᠸᠠᠩ ᠴᠣᠯᠠ ᠪᠠᠷ ᠱᠠᠩᠨᠠᠭᠤᠯᠵᠤ ᠪᠠᠶᠢᠭᠰᠠᠨ ᠭᠡᠳᠡᠭ᠃ ᠡᠨᠡᠬᠦ ᠳᠣᠮᠣᠭ ᠲᠤ ᠭᠠᠷᠳᠠᠭ ᠦᠢᠯᠡ ᠶᠠᠪᠤᠳᠠᠯ ᠤᠳ 1400 ᠍ ᠊ᠭᠠᠳ ᠣᠨ ᠤ ᠦᠶ᠎ᠡ ᠳᠦ ᠪᠣᠯᠤᠭᠰᠠᠨ ᠪᠠᠶᠢᠵᠤ ᠪᠣᠯᠬᠤ ᠴᠤ ᠭᠯᠢᠨᠰᠺᠢ ᠸᠠᠩ ᠤᠨ ᠲᠤᠬᠠᠢ ᠠᠩᠬᠠᠨ ᠤ ᠪᠠᠷᠢᠮᠲᠠ 1437 ᠣᠨ ᠳᠤ ᠦᠢᠯᠡᠳᠦᠭᠳᠡᠭᠰᠡᠨ ᠪᠠᠶᠢᠳᠠᠭ᠃ ᠮᠬᠤᠢᠯ ᠭᠯᠢᠨᠰᠺᠢ ᠡᠨᠡ ᠣᠪᠤᠭ ᠤᠨ ᠬᠠᠮᠤᠭ ᠤᠨ ᠶᠡᠬᠡ ᠠᠯᠳᠠᠷᠰᠢᠭᠰᠠᠨ ᠬᠦᠮᠦᠨ ᠶᠤᠮ᠃ ᠲᠡᠷᠡᠪᠡᠷ ᠭᠧᠷᠮᠠᠨ ᠤ ᠶᠡᠬᠡ ᠰᠤᠷᠭᠠᠭᠤᠯᠢ ᠳᠤ ᠰᠤᠷᠤᠯᠴᠠᠵᠤ᠂ ᠢᠲ᠋ᠠᠯᠢ ᠶᠢᠨ ᠳᠠᠶᠢᠨ ᠳᠤ ᠬᠥᠯᠥᠭ ᠪᠠᠭᠠᠲᠤᠷ ᠢᠶᠠᠷ ᠣᠷᠣᠯᠴᠠᠵᠤ ᠪᠠᠶᠢᠭᠰᠠᠨ ᠪᠥᠭᠡᠳ 1500 ᠍ ᠊ᠭᠠᠳ ᠣᠨ ᠤ ᠦᠶ᠎ᠡ ᠳᠦ ᠯᠢᠲᠠᠪᠠᠭ ᠤᠨ ᠬᠠᠮᠤᠭ ᠤᠨ ᠬᠦᠴᠦᠷᠬᠡᠭ ᠬᠦᠮᠦᠨ ᠪᠠᠶᠢᠪᠠ᠃ ᠭᠡᠪᠡᠴᠦ ᠰᠡᠭᠦᠯ ᠳᠦ ᠪᠡᠨ ᠪᠣᠰᠤᠯᠭ᠎ᠠ ᠭᠠᠷᠭᠠᠵᠤ᠂ ᠠᠬ᠎ᠠ ᠨᠠᠷ ᠤᠨ ᠬᠠᠮᠲᠤ ᠮᠣᠰᠺᠸᠠᠭᠡᠶᠢᠨ ᠸᠠᠩᠲᠤ ᠤᠯᠤᠰ ᠷᠤ ᠵᠢᠭᠤᠳᠠᠨ᠂ ᠰᠮᠠᠯᠧᠨᠰᠺ ᠬᠣᠲᠠ ᠶᠢ ᠠᠪᠬᠤ ᠳᠤ ᠨᠢ ᠣᠷᠣᠰ ᠤᠳ ᠲᠤ ᠲᠤᠰᠠᠯᠠᠵᠠᠢ᠃ ᠲᠡᠭᠦᠨ ᠦ ᠠᠴᠢ ᠳᠡᠭᠦᠦ ᠶᠡᠯᠠᠨ᠎ᠠ ᠭᠯᠢᠨᠰᠺᠠᠶ᠎ᠠ ᠮᠣᠰᠺᠸᠠ ᠶᠢᠨ ᠶᠡᠬᠡ ᠸᠠᠩ III ᠸᠠᠰᠢᠯᠢᠢᠲᠠᠢ ᠭᠡᠷᠯᠡᠭᠰᠡᠨ ᠪᠥᠭᠡᠳ ᠲᠡᠭᠦᠨ ᠦ ᠬᠦᠦ ᠳᠣᠭᠰᠢᠨ ᠢᠸᠠᠩ ᠪᠥᠯᠦᠭᠡ᠃

http://wiki.uhaan.com/index.php?title=ᠮᠠᠮᠤᠢ&oldid=393245》 ᠍  ᠡᠴᠡ ᠠᠪᠤᠭᠰᠠᠨ

ᠪᠢᠴᠢᠭᠡᠰᠦ