ᠮᠠᠮᠢᠺᠣᠨᠢᠩ

ᠴᠢᠯᠦᠭᠡᠲᠦ ᠨᠡᠪᠲᠡᠷᠬᠡᠢ ᠲᠣᠯᠢ — ᠸᠢᠺᠢᠫᠧᠳᠢᠶ᠎ᠠ ᠠᠴᠠ
ᠬᠠᠷᠠᠶᠢᠬᠤ: ᠤᠳᠤᠷᠢᠳᠬᠤ, ᠬᠠᠶᠢᠯᠲᠠ
ᠸᠠᠷᠲᠤᠨ ᠮᠠᠮᠢᠺᠣᠨᠢᠩ ᠸᠠᠷᠲᠠᠨᠠᠨᠼ ᠤᠨ ᠲᠤᠯᠤᠯᠳᠤᠭᠠᠨ ᠳᠤ ᠠᠷᠮᠧᠨᠴᠤᠳ ᠢ ᠤᠳᠤᠷᠢᠳᠤᠨ ᠲᠤᠯᠤᠯᠳᠤᠵᠤ ᠪᠤᠢ ᠨᠢ᠃

ᠮᠠᠮᠢᠺᠣᠨᠢᠩ (ᠠᠷᠮᠧᠨ ᠪᠡᠷ Մամիկոնեան) ᠨᠢ IV-VIII ᠵᠠᠭᠤᠨ ᠤ ᠬᠣᠭᠣᠷᠣᠨᠳᠣ ᠠᠷᠮᠧᠨ ᠳᠤ ᠤᠯᠤᠰ ᠲᠥᠷᠥ ᠶᠢᠨ ᠪᠣᠳᠣᠯᠭ᠎ᠠ ᠶᠢ ᠲᠣᠳᠣᠷᠬᠠᠶᠢᠯᠠᠵᠤ ᠪᠠᠶᠢᠭᠰᠠᠨ ᠢᠵᠠᠭᠤᠷᠲᠠᠨ ᠤ ᠭᠡᠷ ᠪᠦᠯᠢ ᠶᠢᠨ ᠨᠡᠷ᠎ᠡ ᠶᠤᠮ᠃ ᠲᠡᠳᠡᠨ ᠦ ᠤᠳᠤᠮ ᠠᠷᠮᠧᠨᠢ ᠶᠢᠨ ᠲᠠᠷᠠᠨ᠂ ᠰᠠᠰᠤᠩ᠂ ᠪᠠᠭᠷᠧᠸᠠᠩ ᠳᠤ ᠮᠤᠵᠢ ᠳᠤ ᠲᠥᠪᠯᠡᠷᠡᠨ᠂ ᠪᠠᠷᠤᠭ ᠪᠦᠬᠦ ᠠᠷᠮᠧᠨ ᠢ ᠵᠠᠬᠢᠷᠴᠢ ᠪᠠᠶᠢᠴᠠᠢ᠃

393 ᠣᠨ ᠳᠤ ᠲᠤᠰ ᠤᠭᠰᠠᠭ᠎ᠠ ᠶᠢ ᠬᠠᠮᠠᠵᠠᠰᠫ ᠮᠠᠮᠢᠺᠣᠨᠢᠩ ᠲᠡᠷᠢᠭᠦᠯᠡᠬᠦ ᠪᠣᠯᠤᠭᠰᠠᠨ ᠪᠠᠶᠢᠨ᠎ᠠ᠃ ᠲᠡᠭᠦᠨ ᠦ ᠭᠡᠷᠭᠡᠢ ᠫᠧᠷᠰ ᠢᠵᠠᠭᠤᠷᠲᠤ ᠠᠷᠰᠠᠬᠢᠳ ᠤᠨ ᠬᠠᠭᠠᠨᠲᠤ ᠤᠯᠤᠰ ᠤᠨ ᠭᠦᠨᠵᠡ ᠰᠠᠬᠠᠺᠠᠨᠤᠱᠢ ᠠᠴᠠ ᠲᠦᠷᠦᠭᠰᠡᠨ ᠬᠦᠦ ᠸᠠᠷᠲᠤᠨ ᠨᠢ ᠬᠣᠵᠢᠮ ᠨᠡᠷ᠎ᠡ ᠠᠯᠳᠠᠷ ᠢᠶᠠᠨ ᠳᠠᠭᠤᠷᠢᠰᠬᠠᠵᠠᠢ᠃ ᠲᠡᠭᠦᠨ ᠢ ᠠᠷᠮᠧᠨᠴᠤᠳ ᠥᠪᠡᠷᠰᠡᠳ ᠦᠨ ᠲᠡᠦᠬᠡᠨ ᠳ᠋ᠡᠬᠢ ᠬᠠᠮᠤᠭ ᠤᠨ ᠠᠤᠭ᠎ᠠ ᠵᠠᠩᠵᠤᠨ᠂ ᠱᠠᠰᠢᠨ ᠤ ᠭᠡᠭᠡᠭᠡᠨᠲᠡᠨ ᠪᠠᠶᠢᠭᠰᠠᠨ ᠬᠡᠮᠡᠨ ᠬᠦᠨᠳᠦᠳᠬᠡᠨ ᠳᠡᠭᠡᠳᠦᠯᠡᠳᠡᠭ ᠪᠠᠶᠢᠨ᠎ᠠ᠃

432 ᠣᠨ ᠳᠤ ᠸᠠᠷᠲᠤᠨ ᠤᠭᠰᠠᠭ᠎ᠠ ᠵᠠᠯᠭᠠᠮᠵᠢᠯᠠᠨ ᠠᠷᠮᠧᠨ ᠤ ᠴᠡᠷᠢᠭ ᠦᠨ ᠵᠠᠩᠵᠤᠨ᠂ ᠰᠫᠠᠷᠠᠫᠧᠲ ᠪᠣᠯᠬᠤ ᠳᠤ ᠫᠧᠷᠰ ᠦᠨ ᠬᠠᠭᠠᠨ ᠺᠲ᠋ᠧᠰᠢᠹᠣᠨ ᠥᠪᠡᠷ ᠦᠨ ᠱᠠᠰᠢᠨ ᠵᠣᠷᠣᠰᠲᠷᠶᠠᠨᠢᠰᠮ ᠳᠤ ᠣᠷᠣᠬᠤ ᠶᠢ ᠲᠤᠯᠭᠠᠨ ᠱᠠᠭᠠᠷᠳᠠᠵᠤ᠂ ᠢᠷᠡᠬᠦ ᠶᠢ ᠲᠤᠰᠢᠶᠠᠭᠰᠠᠨ ᠪᠠᠶᠢᠨ᠎ᠠ᠃ ᠸᠠᠷᠲᠤᠨ 450 ᠣᠨ ᠬᠦᠷᠲᠡᠯ᠎ᠡ ᠫᠧᠷᠰ ᠲᠦ ᠪᠠᠶᠢᠭᠰᠠᠨ ᠪᠥᠭᠡᠳ ᠪᠤᠴᠠᠵᠤ ᠢᠷᠡᠮᠡᠭᠴᠡ ᠪᠡᠨ ᠫᠧᠷᠰ ᠦᠨ ᠱᠠᠰᠢᠨ ᠠᠴᠠ ᠪᠠᠨ ᠲᠠᠲᠠᠭᠠᠯᠵᠠᠨ᠂ ᠾᠷᠢᠰᠤᠰ ᠤᠨ ᠱᠠᠰᠢᠨᠲᠠᠨ ᠪᠣᠯᠵᠤ᠂ ᠥᠪᠡᠷ ᠦᠨ ᠠᠬ᠎ᠠ ᠶᠢᠨ ᠬᠦᠦ ᠸᠠᠬᠠᠨ ᠲᠠᠢ ᠨᠢᠭᠡᠳᠦᠨ᠂ ᠰᠠᠰᠰᠠᠨᠢᠳ ᠫᠧᠷᠰ ᠦᠨ ᠳᠠᠷᠤᠩᠭᠤᠶᠢᠯᠠᠯ ᠤᠨ ᠡᠰᠡᠷᠬᠦ ᠶᠡᠬᠡ ᠠᠷᠮᠧᠨ ᠤ ᠪᠣᠰᠤᠯᠭ᠎ᠠ ᠭᠠᠷᠭᠠᠭᠰᠠᠨ ᠪᠠᠶᠢᠨ᠎ᠠ᠃ 451 ᠣᠨ ᠳᠤ ᠪᠣᠯᠤᠭᠰᠠᠨ ᠠᠪᠤᠷᠢᠶᠠᠷ ᠤᠨ ᠲᠤᠯᠤᠭᠠᠨ ᠳᠤ ᠲᠡᠷᠡ ᠪᠡᠷ ᠠᠮᠢ ᠡᠷᠡᠰᠳᠡᠭᠰᠡᠨ ᠪᠣᠯᠪᠠᠴᠤ᠂ ᠲᠡᠭᠦᠨ ᠦ ᠡᠬᠢᠯᠡᠭᠦᠯᠦᠭᠰᠡᠨ ᠦᠢᠯᠡ ᠬᠡᠷᠡᠭ ᠢ ᠸᠠᠬᠠᠨ ᠠᠮᠵᠢᠯᠲᠠ ᠲᠠᠢ ᠦᠷᠭᠦᠯᠵᠢᠯᠡᠭᠦᠯᠦᠨ᠂ 484 ᠣᠨ ᠳᠤ ᠨᠸᠷ ᠰᠠᠺ ᠤᠨ ᠭᠡᠷ᠎ᠡ ᠪᠡᠷ ᠠᠷᠮᠧᠨᠳ ᠠᠦ᠋ᠲ᠋ᠣᠨᠣᠮᠢᠲᠤ ᠡᠷᠬᠡ ᠶᠢ ᠣᠯᠵᠤ ᠠᠪᠤᠭᠰᠠᠨ ᠪᠠᠶᠢᠨ᠎ᠠ᠃ ᠡᠨᠡ ᠣᠯᠤᠯᠲᠠ ᠨᠢ ᠳᠠᠷᠤᠭ᠎ᠠ ᠶᠢᠨ ᠣᠯᠠᠨ ᠵᠠᠭᠤᠨ ᠤ ᠲᠤᠷᠰᠢ ᠠᠷᠮᠧᠨ ᠬᠡᠮᠡᠬᠦ ᠦᠨᠳᠦᠰᠦᠲᠡᠨ ᠤᠯᠤᠰ ᠬᠡᠯᠪᠡᠷᠢ ᠪᠡᠷ ᠣᠷᠣᠰᠢᠨ ᠲᠣᠭᠲᠠᠨᠢᠬᠤ ᠶᠢᠨ ᠦᠨᠳᠦᠰᠦ ᠪᠣᠯᠤᠭᠰᠠᠨ ᠭᠡᠳᠡᠭ᠃ ᠠᠷᠮᠧᠨᠴᠤᠳ ᠭᠡᠭᠡᠨ ᠸᠠᠷᠲᠤᠨ ᠮᠠᠮᠢᠺᠣᠨᠢᠨ ᠤ ᠳᠤᠷᠠᠰᠬᠠᠯ ᠳᠤ ᠵᠣᠷᠢᠭᠤᠯᠤᠨ ᠨᠡᠶᠢᠰᠯᠡᠯ ᠶᠡᠷᠸᠠᠩ ᠳᠤ ᠰᠦᠷᠯᠢᠭ ᠮᠣᠷᠢᠲᠤ ᠬᠥᠰᠢᠶ᠎ᠡ ᠶᠢ ᠰᠦᠨᠳᠡᠷᠯᠡᠭᠦᠯᠦᠭᠰᠡᠨ ᠪᠠᠶᠢᠳᠠᠭ᠃ ᠮᠠᠮᠢᠺᠣᠨᠢᠨ ᠤ ᠤᠳᠤᠮ ᠤᠨ ᠬᠢᠨ ᠸᠠᠷᠲᠤᠨ᠂ ᠸᠠᠬᠠᠨ ᠨᠠᠷ ᠤᠨ ᠪᠣᠰᠤᠯᠭ᠎ᠠ ᠶᠢᠨ ᠦᠷ᠎ᠡ ᠳ᠋ᠦᠩ ᠪᠡᠷ ᠫᠧᠷᠰ ᠦᠨ ᠳᠠᠷᠤᠩᠭᠤᠶᠢᠯᠠᠯ ᠠᠴᠠ ᠴᠢᠯᠦᠭᠡᠯᠡᠭᠳᠡᠭᠰᠡᠨ ᠴᠤ᠂ ᠷᠤᠮᠠ ᠍ ᠤᠨ ᠬᠠᠷᠠᠭᠠᠲᠤ ᠤᠯᠤᠰ ᠪᠣᠯᠤᠭᠰᠠᠨ ᠪᠠᠶᠢᠨ᠎ᠠ᠃ ᠠᠷᠮᠧᠨᠴᠤᠳ ᠸᠢᠽᠠᠨᠲ᠋ᠢ ᠍ ᠶᠢᠨ ᠡᠵᠡᠨᠲᠦ ᠤᠯᠤᠰ ᠤᠨ ᠲᠦᠰᠢᠮᠡᠭ ᠤᠯᠤᠰ ᠬᠡᠯᠪᠡᠷᠢ ᠪᠡᠷ ᠣᠷᠣᠰᠢᠨ ᠲᠣᠭᠲᠠᠨᠢᠬᠤ ᠪᠣᠯᠵᠠᠢ᠃

ᠪᠢᠴᠢᠭᠡᠰᠦ