ᠮᠠᠭᠰᠠᠷ ᠤᠨ ᠳᠤᠭᠠᠷᠵᠠᠪ

ᠴᠢᠯᠦᠭᠡᠲᠦ ᠨᠡᠪᠲᠡᠷᠬᠡᠢ ᠲᠣᠯᠢ — ᠸᠢᠺᠢᠫᠧᠳᠢᠶ᠎ᠠ ᠠᠴᠠ
ᠬᠠᠷᠠᠶᠢᠬᠤ: ᠤᠳᠤᠷᠢᠳᠬᠤ, ᠬᠠᠶᠢᠯᠲᠠ

ᠮᠠᠭᠰᠤᠷᠵᠠᠪ ᠬᠤᠷᠴᠠ ᠶᠢᠨ ᠤᠤᠭᠠᠨ ᠬᠦᠦ ᠳᠤᠭᠠᠷᠵᠠᠪ (1893-1946) ᠡᠴᠢᠭᠡ ᠶᠢᠨ 24 ᠨᠠᠰᠤᠲᠠᠢ ᠳᠤ ᠰᠡᠴᠡᠨ ᠬᠠᠨ ᠠᠶᠢᠮᠠᠭ ᠤᠨ ᠳᠠᠯᠠᠢ ᠸᠠᠩ ᠤᠨ ᠬᠣᠰᠢᠭᠤ ᠣᠳᠣ ᠶᠢᠨ ᠰᠦᠬᠡᠪᠠᠭᠠᠲᠤᠷ ᠠᠶᠢᠮᠠᠭ ᠤᠨ ᠮᠥᠩᠬᠡᠬᠠᠨ ᠰᠤᠮᠤᠨ ᠳᠤ ᠲᠦᠷᠦᠭᠰᠡᠨ᠃ ᠡᠴᠢᠭᠡ ᠨ᠃ᠮᠠᠭᠰᠤᠷᠵᠠᠪ (1869-1935) ᠪᠤᠶᠤ ᠨᠠᠸᠠᠩᠯᠤᠪᠰᠠᠨᠼᠡᠳᠡᠩ ᠦᠨ ᠮᠠᠭᠰᠤᠷᠵᠠᠪ ᠣᠯᠠᠨ᠎ᠠ ᠮᠠᠭᠰᠠᠷ ᠬᠤᠷᠴᠠ ᠬᠡᠮᠡᠨ ᠠᠯᠳᠠᠷᠰᠢᠭᠰᠠᠨ᠂ ᠲᠡᠷᠡ ᠪᠡᠷ ᠪᠢᠴᠢᠭ ᠦᠨ ᠲᠦᠰᠢᠮᠡᠯ᠂ ᠰᠢᠭᠦᠬᠦ ᠶᠠᠮᠤᠨ ᠤ ᠰᠠᠶᠢᠳ᠂ ᠨᠡᠷᠡᠲᠡᠢ ᠡᠷᠳᠡᠮᠲᠡᠨ ᠪᠥᠭᠡᠳ ᠮᠣᠩᠭᠣᠯ ᠤᠨ ᠠᠯᠳᠠᠷᠲᠤ ᠳᠠᠭᠤᠴᠢᠨ ᠮᠠᠭᠰᠠᠷ ᠬᠤᠷᠴᠠ ᠶᠢᠨ ᠳᠤᠭᠠᠷᠵᠠᠪ ᠤᠨ ᠠᠪᠤ ᠪᠢᠯᠡ᠃

1910 ᠠᠭ᠎ᠠ ᠳᠤ ᠣᠨ (17 ᠨᠠᠰᠤ) ᠣᠨ ᠠᠴᠠ ᠡᠬᠢᠯᠡᠨ ᠮᠣᠩᠭᠣᠯ ᠤᠨ ᠴᠡᠷᠢᠭ ᠦᠨ ᠶᠠᠮᠤ (1917-1918) ᠪᠠ ᠶᠡᠬᠡ ᠱᠠᠪᠢ ᠳᠤ ᠪᠢᠴᠢᠭ ᠦᠨ ᠠᠯᠪᠠ ᠬᠠᠰᠢᠵᠤ ᠶᠠᠪᠤᠭᠰᠠᠨ᠃ ᠮᠣᠩᠭᠣᠯ ᠤᠨ ᠲᠤᠰᠠᠭᠠᠷ ᠲᠣᠭᠲᠠᠨᠢᠯ ᠤᠨ ᠲᠥᠯᠥᠭᠡ ᠰ᠃ᠳᠠᠨᠽᠠᠨ᠂ ᠳᠣᠭᠰᠣᠮ᠃ ᠰᠤᠬᠤᠪᠠᠭᠠᠲᠤᠷ ᠨᠠᠷ ᠤᠨ ᠬᠠᠮᠲᠤ ᠮᠣᠩᠭᠣᠯ ᠠᠷᠠᠳ ᠤᠨ ᠨᠠᠮ ᠤᠨ ᠡᠬᠢ ᠡᠭᠦᠰᠪᠦᠷᠢ ᠶᠢ ᠲᠠᠯᠪᠢᠵᠤ᠂ ᠨᠡᠶᠢᠰᠯᠡᠯ ᠬᠦᠷᠢᠶᠡᠨ ᠳ᠋ᠡᠬᠢ ᠨᠢᠭᠤᠴᠠ ᠪᠠᠶᠢᠭᠤᠯᠤᠯᠭ᠎ᠠ ᠶᠢᠨ ᠠᠵᠢᠯ ᠢ ᠲᠥᠯᠥᠭᠡᠯᠡᠭᠴᠢᠳ ᠢ ЗХО ᠍ ᠳᠦ ᠣᠳᠣᠰᠤᠨ ᠠᠴᠠ ᠬᠣᠶᠢᠰᠢ ᠤᠳᠤᠷᠢᠳᠤᠨ ᠶᠠᠪᠤᠭᠤᠯᠵᠤ ᠪᠠᠶᠢᠭᠰᠠᠨ᠃

1921 ᠣᠨ ᠳᠤ (28 ᠨᠠᠰᠤ) ᠠᠷᠠᠳ ᠤᠨ ᠬᠤᠪᠢᠰᠬᠠᠯ ᠢᠯᠠᠮᠠᠭᠴᠠ ᠮᠠᠭᠰᠠᠷ ᠬᠤᠷᠴᠠ ᠶᠢᠨ ᠳᠤᠭᠠᠷᠵᠠᠪ ᠰᠡᠴᠡᠨᠭᠤᠨ ᠠᠶᠢᠮᠠᠭ ᠢ ᠬᠠᠮᠠᠭᠠᠯᠠᠨ ᠲᠣᠬᠣᠨᠢᠭᠤᠯᠬᠤ ᠰᠠᠶᠢᠳ᠂ ᠵᠡᠭᠦᠨ ᠬᠢᠵᠠᠭᠠᠷ ᠢ ᠪᠠᠲᠤᠯᠠᠨ ᠲᠣᠬᠣᠨᠢᠭᠤᠯᠬᠤ ᠰᠠᠶᠢᠳ᠂ ᠰᠢᠨ᠎ᠡ ᠳᠤᠲᠠᠮ᠎ᠠ ᠪᠠᠶᠢᠭᠤᠯᠤᠭᠰᠠᠨ 2 ᠍ ᠳᠦᠭᠡᠷ ᠮᠣᠷᠢᠨ ᠪᠠᠷᠢᠭᠠᠳᠠ ᠶᠢᠨ ᠵᠠᠬᠢᠷᠤᠭᠴᠢ ᠭᠤᠷᠪᠠᠨ ᠳᠠᠪᠬᠤᠷ ᠲᠤᠰᠢᠶᠠᠯ ᠳᠤ ᠲᠣᠬᠣᠭᠠᠭᠳᠠᠨ ᠡᠭᠦᠷᠭᠡ ᠪᠡᠨ ᠨᠡᠷ᠎ᠡ ᠲᠥᠷᠥ ᠲᠡᠢ ᠪᠡᠶᠡᠯᠡᠭᠦᠯᠵᠦ

1922 ᠣᠨ ᠳᠤ (29 ᠨᠠᠰᠤ) ᠪᠣᠭᠳᠠ ᠬᠠᠭᠠᠨ ᠤ ᠵᠠᠷᠯᠢᠭ ᠢᠶᠠᠷ ᠮᠣᠩᠭᠣᠯ ᠤᠯᠤᠰ ᠤᠨ ᠬᠤᠷᠴᠠ ᠪᠠᠭᠠᠲᠤᠷ ᠴᠣᠯᠠ ᠱᠠᠩᠨᠠᠭᠤᠯᠵᠤ ᠪᠠᠶᠢᠴᠠᠢ᠃ ᠮ᠃ᠳᠤᠭᠠᠷᠵᠠᠪ ᠬᠡᠨ ᠬᠦᠨᠳᠦ ᠬᠣᠪᠣᠷᠬᠠᠨ ᠵᠠᠶᠠᠳᠠᠭ ᠵᠢᠷᠤᠬᠤ᠂ ᠰᠡᠶᠢᠯᠬᠦ᠂ ᠤᠷᠠᠯᠠᠬᠤ ᠴᠢᠳᠠᠪᠤᠷᠢ ᠲᠡᠭᠦᠰ᠂ ᠳᠠᠭᠤᠯᠠᠬᠤ ᠬᠤᠭᠤᠷᠳᠠᠬᠤ ᠳᠤ ᠪᠠᠨ ᠦᠨᠡᠬᠡᠷ ᠭᠠᠶᠢᠬᠠᠮ᠎ᠠ ᠠᠸᠶᠠᠰ ᠲᠠᠢ ᠨᠢᠭᠡᠨ ᠪᠠᠶᠢᠯ᠎ᠠ᠃ ᠲᠡᠷᠡ ᠪᠡᠷ ᠪᠦᠭᠦᠳᠡ ᠨᠠᠶᠢᠷᠠᠮᠳᠠᠬᠤ ᠮᠣᠩᠭᠣᠯ ᠠᠷᠠᠳ ᠤᠯᠤᠰ ᠍ ᠤᠨ ᠤᠯᠤᠰ ᠤᠨ ᠠᠯᠳᠠᠷᠲᠤ ᠭᠠᠪᠢᠶ᠎ᠠ ᠳᠤ ᠳᠠᠭᠤᠴᠢᠨ ᠴᠣᠯᠠ ᠬᠦᠷᠲᠡᠭᠰᠡᠨ (1936).

ᠠᠷᠠᠳ ᠤᠨ ᠵᠠᠰᠠᠭ ᠤᠨ ᠦᠶ᠎ᠡ ᠳᠦ ᠪᠦᠭᠦᠳᠡ ᠨᠠᠶᠢᠷᠠᠮᠳᠠᠬᠤ ᠮᠣᠩᠭᠣᠯ ᠠᠷᠠᠳ ᠤᠯᠤᠰ ᠍ ᠦᠨ ᠭᠠᠳᠠᠭᠠᠳᠤ ᠶᠠᠮᠤᠨ ᠤ ᠳᠡᠳ᠋ ᠰᠠᠶᠢᠳ᠂ ᠮᠣᠩᠭᠣᠯ ᠤᠯᠤᠰ ᠠᠴᠠ ᠲᠤᠸᠠ ᠤᠯᠤᠰ ᠲᠤ (1937-1941) ᠰᠠᠭᠤᠬᠤ ᠪᠦᠷᠢᠨ ᠡᠷᠬᠡᠲᠦ ᠡᠯᠴᠢᠨ ᠲᠥᠯᠥᠭᠡᠯᠡᠭᠴᠢ ᠪᠡᠷ 2 ᠤᠳᠠᠭ᠎ᠠ ᠲᠣᠮᠢᠯᠠᠭᠳᠠᠵᠤ᠂ ᠤᠯᠤᠰ ᠤᠨ ᠲᠥᠪ ᠲᠢᠶᠠᠲ᠋ᠷ ᠲᠤ ᠳᠠᠭᠤᠨ ᠤ ᠪᠠᠭᠰᠢ ᠪᠠᠷ ᠠᠵᠢᠯᠯᠠᠵᠤ ᠪᠠᠶᠢᠭᠰᠠᠨ᠃ 1930 ᠠᠭ᠎ᠠ ᠳᠤ ᠣᠨ ᠤ (37 ᠨᠠᠰᠤ) ᠶᠡᠬᠡ ᠬᠡᠯᠮᠡᠭᠳᠡᠭᠦᠯᠦᠯᠲᠡ ᠳᠦ ᠥᠷᠲᠥᠵᠦ 1941 ᠣᠨ ᠳᠤ ᠬᠦᠨᠳᠦ ᠶᠠᠯ᠎ᠠ ᠵᠢᠭᠠᠭᠳᠠᠨ ᠱᠣᠷᠣᠩ ᠬᠣᠷᠢᠭᠳᠠᠵᠤ ᠠᠬᠤᠢ ᠳᠤ ᠪᠠᠨ 1946 oᠨᠳ ᠱᠣᠷᠣᠨ ᠳᠤ ᠪᠠᠨ ᠠᠮᠢ ᠡᠷᠦᠰᠳᠡᠭᠰᠡᠨ᠃

  • ᠮ᠃ᠳᠤᠭᠠᠷᠵᠠᠪ᠃ 《ᠰᠢᠪᠡᠭᠡ ᠬᠢᠶᠠᠭᠲᠤ᠂ ᠤᠯᠠᠭᠠᠨ ᠲᠤᠭ》 1921
  • ᠮ᠃ᠳᠤᠭᠠᠷᠵᠠᠪ᠃ 《ᠵᠢᠪᠬᠤᠯᠠᠩᠲᠤ ᠰᠦᠷᠦᠭ》 1934, (ᠪ᠃ᠳᠣᠷᠵᠢᠰᠦ᠋ᠷᠦᠩ)
  • ᠮ᠃ᠳᠤᠭᠠᠷᠵᠠᠪ᠃ 《ᠢᠳᠡᠷ ᠵᠢᠩᠴᠢᠨ 1934》 (ᠪᠠᠭ᠎ᠠ ᠨᠠᠴᠤᠭ ᠢᠶᠠᠨ ᠪᠤᠶᠤ ᠲᠡᠮᠦᠷ ᠦᠨ ᠨᠠᠴᠤᠭᠳᠣᠷᠵᠢ)
  • ᠮ᠃ᠳᠤᠭᠠᠷᠵᠠᠪ᠃ 《ᠪᠠᠶᠠᠨ ᠮᠣᠩᠭᠣᠯ》,1934 《ᠦᠬᠡᠷᠴᠢᠨ ᠬᠦᠦ 1934》 (ᠨ᠃ᠨᠠᠸᠠᠩ-ᠶᠦᠩᠳᠦᠩ), ᠵᠡᠷᠭᠡ ᠠᠯᠳᠠᠷᠲᠤ ᠳᠠᠭᠤᠨ ᠤ ᠠᠶ᠎ᠠ ᠵᠣᠬᠢᠶᠠᠭᠴᠢ

ᠪᠢᠴᠢᠭᠡᠰᠦ